ᠰᠠᠨᠠᠭ᠎ᠠ ᠵᠠᠶᠠᠭ᠎ᠠ ᠪᠠᠨ ᠬᠤᠯᠪᠤᠬᠰᠠᠨ ᠰᠠᠬᠢᠨ ᠪᠠᠷᠠᠯᠠᠯ
2023-09-20 13:15:37
ᠵᠣᠬᠢᠶᠠᠭ᠍ᠴᠢ᠄
ᠯᠢ ᠰᠠᠷᠠᠭᠤᠯ ᠬᠤᠸᠠᠩ ᠹᠦ ᠮᠸᠢ ᠰᠢᠶᠠᠨ ᠰᠢᠶᠠᠩ ᠲᠤᠤ ᠦᠢᠯᠡᠰ ᠬ᠍ᠦ ᠰᠠᠷᠠᠨ᠎ᠠ ᠬᠠᠢ ᠵᠢᠶᠦ᠋ᠨ ᠬᠦᠸᠸ ᠴᠢ ᠨᠠᠨ
ᠣᠩᠱᠢᠭ᠍ᠰᠠᠨ ᠣᠳᠠᠭ᠎ᠠ᠄
★★★☆☆

ᠬᠤᠯᠪᠤᠭᠠᠰᠦ ᠄


ᠵᠢᠨᠢᠩ ᠲᠤᠭᠤᠷᠢᠭ ᠦᠨᠳᠦᠰᠦᠲᠡᠨ᠎ᠦ ᠪᠦᠯᠬᠦᠮᠳᠡᠯ᠎ᠦᠨ 8 ᠭᠣᠣᠯ ᠰᠡᠳᠦᠪᠲᠦ ᠠᠭᠤᠳᠠᠮ ᠲᠠᠯᠠᠪᠠᠢ᠂ ᠦᠵᠡᠭᠦᠯᠭᠡ᠎ᠶ᠋ᠢᠨ ᠣᠷᠳᠣᠨ ᠬᠢᠭᠡᠳ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢᠨ 21 ᠵᠢᠱ᠌ᠢᠢ᠎ᠡ ᠦᠵᠡᠭᠦᠯᠬᠦ᠌ ᠴᠡᠭ᠎ᠢ ᠪᠠᠢᠭᠤᠯᠵᠦ᠂ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠦᠵᠡᠭᠦᠯᠭᠡ᠎ᠶ᠋ᠢᠨ ᠣᠷᠳᠣᠨ᠎ᠢ ᠲᠦᠷᠭᠡᠳᠭᠡᠨ ᠪᠠᠢᠭᠤᠯᠪᠠ᠃

● ᠵᠢᠨᠢᠩ ᠲᠤᠭᠤᠷᠢᠭ ᠨᠡᠷᠡᠨ ᠭᠡᠷᠡᠯᠲᠦ ᠬᠦᠯᠡᠮᠵᠢ᠂ ᠵᠤᠭ᠎ᠠ ᠴᠡᠩᠭᠡᠯ᠎ᠦᠨ ᠬᠤᠸᠠᠷᠠᠨ ᠵᠡᠷᠭᠡ ᠲᠣᠰᠭᠣᠨ᠎ᠤ ᠬᠠᠮᠲᠤ᠎ᠶ᠋ᠢᠨ ᠠᠵᠤ ᠠᠬᠤᠶ᠎ᠶ᠋ᠢᠨ ᠲᠥᠷᠥᠯ ᠵᠦᠶ᠋ᠯ ᠎ᠤᠳ ᠎ᠢ ᠬᠡᠷᠡᠭ᠌ᠵᠢᠭᠦᠯᠵᠦ᠍᠂ ᠬᠥᠳᠡᠭᠡ ᠲᠣᠰᠭᠣᠨ ᠎ᠢ ᠬᠥᠭ᠌ᠵᠢᠭᠦᠯᠦᠨ ᠮᠠᠨᠳᠤᠭᠤᠯᠬᠤ᠎ᠪᠠᠷ ᠦᠨᠳᠦᠰᠦᠲᠡᠨ ᠎ᠦ ᠪᠦᠯᠬᠦᠮᠳᠡᠯ ᠎ᠢ ᠠᠬᠢᠭᠤᠯᠪᠠ᠃

ᠲᠦᠷᠪᠡᠳ ᠬᠤᠰᠢᠭᠤ 2022 ᠣᠨ᠎ᠳᠤ ᠤᠯᠠᠭᠠᠨᠴᠠᠪ ᠬᠣᠲᠠ᠎ᠶ᠋ᠢᠨ ᠲᠠᠰ᠎ᠤᠨ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢᠨ ᠵᠢᠱ᠌ᠢᠶ᠎ᠡ ᠦᠵᠡᠭᠦᠯᠬᠦ᠌ ᠬᠣᠱᠢᠭᠤ ᠪᠣᠯᠵᠠᠢ᠃

ᠲᠦᠷᠪᠡᠳ ᠬᠤᠱᠢᠭᠤᠨ᠎ᠳᠤ ᠤᠲᠤ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢᠨ ᠵᠢᠱ᠌ᠢᠶ᠎ᠡ ᠦᠵᠡᠭᠦᠯᠬᠦ᠌ ᠨᠢᠬᠡᠴᠢ 7᠂ ᠬᠣᠲᠠ᠎ᠶ᠋ᠢᠨ ᠲᠠᠰ᠎ᠤᠨ 36᠂ ᠬᠣᠱᠢᠭᠤ ᠲᠠᠰ᠎ᠤᠨ 93 ᠪᠠᠢᠵᠤ᠂ ᠬᠣᠱᠢᠭᠤ ᠲᠠᠰ᠎ᠤᠨ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢᠨ ᠬᠥᠮᠦᠵᠢᠯ᠎ᠦᠨ ᠰᠠᠭᠤᠷᠢᠨ 5  ᠪᠠᠢᠨ᠎ᠠ᠃





ᠲᠡᠯᠭᠡᠷ ᠵᠤᠨ᠎ᠤ ᠲᠤᠯᠤᠭᠠᠨ ᠰᠠᠷ᠎ᠠ ᠵᠢᠨ ᠰᠡᠭᠦᠯᠴᠢ ᠪᠡᠷ᠂《ᠳᠤᠮᠳᠠᠳᠤ ᠤᠯᠤᠰ᠎ᠤᠨ ᠲᠠᠯ᠎ᠠ ᠨᠤᠲᠤᠭ᠎ᠤᠨ ᠵᠤᠰᠠᠯᠠᠩ᠎ᠤᠨ ᠬᠤᠲᠠ》 ᠤᠯᠠᠭᠠᠨᠴᠠᠪ ᠵᠢᠷᠤᠭ ᠰᠢᠯᠦᠭ᠎ᠤᠨ ᠦᠩᠭᠡ ᠦᠵᠡᠮᠵᠢ ᠪᠡᠷ ᠵᠢᠡᠨ ᠴᠡᠴᠡᠷᠯᠢᠭᠳᠦ ᠬᠤᠳᠠ ᠵᠢᠨ ᠭᠠᠯᠪᠢᠷ ᠲᠦᠷᠭᠦ ᠪᠡᠨ ᠭᠠᠢᠬᠠᠭᠤᠯᠵᠦ᠂ ᠬᠢᠯᠢ ᠵᠢᠨ ᠨᠤᠳᠤᠭ ᠵᠢᠡᠷ ᠨᠢ ᠬᠤᠷ᠎ᠠ ᠪᠤᠷᠤᠭᠠᠨ ᠱᠠᠬᠢᠨ ᠰᠡᠳᠬᠢᠯ ᠰᠡᠷᠭᠦᠭᠡᠮ᠎ᠡ ᠰᠡᠷᠢᠭᠦᠨ ᠲᠠᠭᠠᠯᠠᠮᠵᠢᠳᠠᠢ ᠪᠠᠢᠯ᠎ᠠ᠃ ᠡᠨᠡ ᠰᠠᠢᠬᠠᠨ ᠨᠤᠳᠤᠭ᠎ᠤᠨ ᠲᠤᠯᠠᠭᠠᠨ ᠦᠷᠦᠴᠡᠨ᠎ᠳᠦ᠂ ᠴᠢᠡᠭ ᠰᠡᠳᠬᠢᠯ᠎ᠤᠨ ᠲᠦᠰᠢᠯᠴᠡᠭᠡ ᠲᠠᠢ ᠴᠡᠷᠢᠭ ᠠᠷᠠᠳ᠎ᠤᠨ ᠵᠢᠭᠠᠰᠤ ᠤᠰᠤᠨ᠎ᠤ ᠬᠠᠷᠢᠴᠠᠭ᠎ᠠ᠂ ᠡᠪ ᠪᠦᠯᠬᠦᠮᠳᠡᠯ ᠵᠢᠨᠷ ᠡᠷᠴᠢᠮᠯᠡᠭᠰᠡᠨ ᠦᠨᠳᠦᠰᠦᠳᠡᠨ ᠨᠤᠬᠦᠳ᠎ᠤᠨ ᠤᠯᠠᠨ ᠲᠦᠮᠡᠨ᠎ᠤ ᠵᠢᠷᠭᠠᠯᠳᠦ ᠠᠮᠢᠳᠤᠷᠡᠯ᠎ᠤᠨ ᠪᠤᠷᠤ ᠵᠢᠷᠤᠭ ᠲᠡᠯᠭᠡᠭᠳᠡᠨ᠎ᠠ᠃

ᠲᠤᠷᠭᠠᠨ  ᠬᠢᠯᠢ  ᠵᠢᠨ ᠮᠠᠯᠴᠢᠨ ᠴᠠᠬᠳᠠᠬᠴᠢ

ᠭᠤᠤᠯ ᠦᠳᠡ ᠵᠢᠨ ᠦᠶ᠎ᠡ ᠪᠡᠷ᠂ ᠦᠪᠴᠢ ᠪᠡᠶ᠎ᠠ ᠬᠦᠷᠡᠡᠭ ᠬᠠᠷ᠎ᠠ ᠬᠤᠪᠴᠠᠰᠦ ᠡᠮᠦᠰᠦᠭᠰᠡᠨ ᠬᠢᠵᠢᠶᠡᠯᠢ ᠨᠠᠰᠦᠨ᠎ᠤ ᠨᠢᠬᠡᠨ ᠡᠷ᠎ᠡ ᠬᠢᠯᠢ᠎ᠶᠢᠨ  ᠱᠤᠭᠤᠮ ᠎ᠢ ᠲᠠᠭᠠᠨ ᠬᠠᠶᠠ ᠬᠤᠯᠠ᠎ᠶᠢ ᠲᠤᠷᠠᠨᠲᠠᠵᠦ᠂ ᠬᠠᠶᠠ ᠲᠤᠷᠤᠭᠰᠢ ᠪᠦᠬᠦᠢᠨ ᠬᠢᠯᠢ ᠵᠢᠨ ᠲᠤᠤᠷ᠎ᠢ ᠪᠠᠢᠴᠠᠭᠠᠨ᠎ᠠ᠃ ᠡᠨᠡ ᠬᠦᠮᠦᠨ᠎ᠢ ᠦᠯᠵᠡᠢᠪᠠᠲᠦ ᠭᠡᠳᠡᠭ᠂ ᠤᠯᠠᠭᠠᠨᠴᠠᠪ ᠬᠤᠲᠠ᠎ᠶᠢᠨ ᠲᠦᠷᠪᠡᠳ ᠬᠤᠰᠢᠭᠤᠨ᠎ᠤ ᠪᠠᠶᠠᠠᠠᠤᠪᠤᠭ᠎ᠠ ᠰᠤᠮᠤ᠎ᠶᠢᠨ ᠲᠠᠯᠠᠢ ᠭᠠᠴᠠᠭᠠᠨ᠎ᠤ ᠮᠠᠯᠴᠢᠨ᠂ ᠬᠢᠯᠢ᠎ᠰᠠᠬᠢᠭᠠᠳ 30 ᠵᠢᠯ᠎ᠤᠨ ᠨᠢᠭᠤᠷ᠎ᠢ  ᠦᠵᠡᠵᠦ ᠪᠤᠢ᠃


4787151_nrf_1694682721724_m.jpg


  ᠦᠯᠵᠡᠢᠪᠠᠳᠤ 


ᠪᠠᠶᠠᠠᠠᠤᠪᠤᠭ᠎ᠠ ᠰᠤᠮᠤ ᠲᠦᠷᠪᠡᠳ ᠬᠤᠰᠢᠭᠤᠨ᠎ᠤ ᠲᠦᠪ ᠤᠯᠠᠭᠠᠨᠬᠤᠸᠠ ᠪᠠᠯᠭᠠᠰᠦ ᠡᠴᠡ 200 ᠭᠠᠷᠤᠢ ᠺᠢᠯᠤᠮᠸᠲᠷ ᠵᠠᠢᠳᠠᠢ ᠪᠠᠢᠷᠢᠯᠠᠵᠤ᠂ ᠠᠷᠤ ᠪᠡᠷ ᠵᠢᠡᠨ ᠮᠤᠨᠭᠭᠤᠯ ᠤᠯᠤᠰ ᠲᠠᠢ ᠬᠢᠯᠢᠯᠡᠨ᠂ ᠪᠠᠷᠠᠭᠤᠨᠰᠢ ᠪᠤᠭᠤᠲᠤ ᠬᠤᠲᠠ᠎ᠶᠢᠨ ᠲᠠᠷᠬᠠᠨ ᠮᠤᠤᠮᠢᠨᠭᠭᠠᠨ ᠬᠤᠯᠪᠤᠭᠠᠲᠦ ᠬᠤᠰᠢᠭᠤ ᠲᠠᠢ ᠵᠠᠯᠭᠠᠯᠲᠤᠵᠤ ᠪᠠᠢᠳᠠᠭ᠃ ᠬᠦᠮᠦᠨ ᠬᠠᠷ᠎ᠠ ᠴᠦᠭᠡᠨ᠂ ᠬᠡᠭᠡᠷ᠎ᠡ ᠵᠢᠨ ᠠᠮᠢᠳᠠᠨ ᠤᠷᠤᠩᠨᠠᠳᠠᠭ ᠡᠨᠡ ᠬᠦ᠌ ᠬᠢᠯᠢ ᠶ᠋ᠢᠨ ᠨᠤᠲᠤᠭ ᠲᠡᠭᠡᠷ᠎ᠡ ᠦᠰᠴᠦ ᠦᠨᠳᠡᠢᠭᠰᠡᠨ ᠦᠯᠵᠡᠢᠪᠠᠲᠦ᠂ ᠨᠤᠳᠤᠭ᠎ᠤᠨ᠎ᠢ᠋ᠢᠡᠨ ᠭᠠᠵᠠᠷ ᠤ᠋ᠨ ᠪᠠᠢᠷᠢᠰᠢᠯ᠎ᠢ ᠠᠯᠠᠭᠠᠨ ᠵᠢᠷᠤᠭᠠᠰᠦ ᠪᠠᠨ ᠰᠢᠬ ᠲᠤᠲᠤᠷᠬᠠᠢ ᠮᠡᠳᠡᠳᠡᠭ᠂ ᠡᠢᠮᠦ ᠪᠤᠯᠬᠤᠷ 18 ᠨᠠᠰᠦᠨ ᠡᠴᠡ ᠪᠠᠨ ᠬᠢᠯᠢ᠎ᠶᠢᠨ ᠴᠡᠷᠢᠭ ᠠᠨᠭᠬᠢ᠎ᠳᠤ ᠬᠠᠮᠵᠢᠨ ᠬᠢᠯᠢ ᠴᠠᠭᠲᠠᠬᠤ ᠠᠵᠢᠯ᠎ᠢ ᠲᠠᠭᠠᠭᠠᠵᠦ ᠠᠪᠤᠭᠰᠠᠨ ᠪᠢᠯᠡ᠃  《 ᠪᠢ 1993 ᠤᠨ᠎ᠳᠤ ᠬᠢᠯᠢ ᠰᠠᠬᠢᠬᠤ ᠡᠬᠦᠷᠬᠡ᠎ᠶᠢ ᠬᠦᠯᠢᠶᠡᠵᠦ ᠠᠪᠤᠯ᠎ᠠ᠂ ᠮᠤᠲ᠋ᠤᠷ ᠤᠨᠤᠵᠦ ᠬᠢᠯᠢ ᠴᠠᠭᠲᠠᠨ᠎ᠠ ᠬᠡᠬᠦᠯᠡᠷ ᠶᠤᠰᠤᠲᠠᠢ ᠲᠤᠷᠠᠲᠠᠢ ᠪᠠᠢᠭᠰᠠᠨ᠃ ᠲᠤᠬᠠᠢ ᠵᠢᠨ ᠦᠶ᠎ᠠ ᠳ᠋ᠦ᠍ ᠬᠢᠯᠢ ᠶ᠋ᠢᠨ ᠴᠡᠷᠢᠭ ᠠᠨᠭᠬᠢ ᠵᠢᠨ ᠤᠰᠤᠨ ᠬᠤᠳᠲᠤᠭ ᠦᠬᠡᠢ ᠪᠤᠯᠬᠤᠷ ᠪᠢ ᠮᠤᠲ᠋ᠤᠷ ᠲᠠᠭᠠᠨ ᠰᠠᠭᠤᠯᠠᠭ᠎ᠠ ᠵᠠᠢᠳᠠᠯᠠᠨ ᠲᠡᠳᠡᠨ ᠳ᠋ᠤ ᠤᠰᠤ ᠬᠦᠷᠭᠡᠳᠡᠭ》 ᠭᠡᠵᠦ ᠦᠯᠵᠡᠢᠪᠡᠲᠦ ᠡᠷᠬᠢᠴᠡᠭᠦᠯᠦᠨ ᠶᠠᠷᠢᠨ᠎ᠠ᠃ ᠪᠦᠲᠦᠨ ᠵᠢᠯ ᠵᠢᠡᠷ ᠬᠢᠯᠢ ᠰᠠᠬᠢᠬᠰᠠᠨ᠎ᠤ ᠬᠢᠨᠢ ᠬᠠᠷᠢᠭᠤ ᠳ᠋ᠦ᠍ ᠴᠡᠷᠢᠭ ᠠᠨᠭᠬᠢ ᠡᠴᠡ ᠲᠡᠭᠦᠨ ᠳ᠋ᠤ 《ᠬᠢᠯᠢ ᠬᠠᠮᠠᠭᠠᠯᠠᠬᠴᠢ》ᠭᠡᠰᠡᠨ ᠦᠰᠦᠭᠳᠦ ᠲᠠᠩ ᠬᠠᠭᠤᠳᠠᠰᠦᠳᠦ ᠬᠦᠬᠢᠭᠦᠯᠦᠯ ᠦᠭᠳᠡᠭ ᠪᠦᠭᠡᠳ ᠬᠠᠶᠠ ᠮᠤᠲ᠋ᠤᠷ ᠲᠤᠨᠢ ᠲᠤᠰᠤ ᠨᠡᠮᠡᠵᠦ ᠦᠭᠳᠡᠭ ᠪᠠᠢᠵᠠᠢ᠃

2008 ᠤᠨ᠎ᠤ ᠨᠢᠭᠡᠨ ᠡᠳᠦᠷ ᠪᠠᠢᠵᠤ ᠪᠢᠯᠡ᠃ ᠦᠯᠵᠡᠢᠪᠠᠳᠤ ᠵᠢ ᠬᠢᠯᠢ ᠴᠠᠬᠳᠠᠭᠠᠳ ᠢᠷᠡᠭᠦ ᠳ᠋ᠤᠨᠢ ᠨᠢᠬᠡ ᠦᠬᠡᠷ ᠨᠢ ᠬᠤᠳᠠᠯᠠᠵᠦ ᠢᠷᠡᠭᠰᠡᠨ ᠦᠭᠡᠢ ᠪᠠᠢᠯ᠎ᠠ᠃ ᠲᠡᠭᠡᠭᠡᠳ ᠲᠡᠷᠡ ᠬᠢᠯᠢ ᠲᠡᠭᠡᠭᠦᠷ ᠲᠤᠷᠠᠨᠲᠠᠵᠦ ᠦᠵᠡᠭᠰᠡᠨ ᠴᠢᠨᠢ ᠴᠢᠨᠦ᠎ᠠ ᠳ᠋ᠤ ᠪᠠᠷᠢᠬᠳᠠᠴᠢᠬᠠᠭᠠᠳ ᠪᠠᠢᠪᠠ᠃ ᠮᠤᠲ᠋ᠤᠷ᠎ᠢ᠋ᠢᠡᠨ ᠮᠤᠰᠬᠢᠨ ᠭᠠᠯᠬᠢᠭᠤᠯᠤᠭᠠᠳ ᠬᠦᠷᠬᠦ᠎ᠳᠦ ᠴᠠᠭᠠᠨ᠎ᠠ ᠡᠴᠡ ᠨᠢ ᠠᠷᠪᠠᠭᠠᠳ ᠴᠢᠨᠦ᠎ᠠ ᠭᠠᠷᠤᠭᠠᠳ ᠢᠷᠡᠯ᠎ᠡ᠃ 《ᠪᠢ ᠶᠡᠭᠡ ᠰᠠᠨᠳᠤᠷᠴᠤ ᠤᠷᠢᠯᠠᠵᠦ ᠬᠠᠰᠬᠢᠷᠦᠨ ᠮᠤᠲ᠋ᠤᠷ ᠶ᠋ᠢᠡᠨ ᠭᠠᠯᠯᠠᠭᠠᠳ ᠰᠠᠶᠢ ᠦᠨᠦ ᠰᠦᠷᠦᠭ ᠴᠢᠨᠦ᠎ᠠ ᠶ᠋ᠢ ᠦᠯᠳᠡᠡ ᠶᠠᠪᠤᠭᠤᠯᠵᠠᠢ》 ᠬᠡᠵᠤ ᠦᠯᠵᠡᠢᠪᠠᠳᠤ ᠲᠤᠬᠠᠢ ᠵᠢᠨ ᠤᠴᠠᠷᠠᠯ ᠵᠢᠡᠨ ᠲᠡᠯᠭᠡᠨ᠎ᠡ᠃ ᠬᠦᠯᠦᠰᠦ ᠬᠠᠷᠠᠮᠵᠢ ᠬᠡᠵᠤ ᠦᠬᠡᠢ᠂ ᠵᠠᠮ ᠬᠠᠷᠢᠯᠴᠠᠭ᠎ᠠ ᠲᠦᠬᠦᠮ ᠦᠬᠡᠢ ᠪᠠᠢᠬᠰᠠᠨ ᠲᠡᠷᠡ ᠦᠶ᠎ᠡ ᠡᠴᠡ ᠦᠯᠵᠡᠢᠪᠠᠲᠦ ᠬᠢᠯᠢ ᠴᠠᠬᠲᠠᠬᠤ ᠠᠵᠢᠯ᠎ᠢ ᠦᠪᠡᠷ᠎ᠤᠨ ᠲᠠᠷᠬᠠᠨ ᠡᠬᠦᠷᠬᠡ ᠪᠡᠷ ᠦᠵᠡᠵᠦ᠂ ᠬᠡᠴᠢᠨᠡᠨ ᠬᠦᠴᠢᠷᠳᠡᠯᠳᠡᠢ᠂ ᠬᠡᠲᠦᠢ ᠠᠶᠤᠯᠲᠠᠢ ᠪᠠᠢᠬᠰᠠᠨ ᠴᠦ᠍  ᠭᠤᠴᠢᠨ ᠵᠢᠯ᠎ᠤᠨ ᠲᠤᠷᠰᠢ ᠪᠠᠳᠤ ᠪᠠᠷᠢᠮᠳᠠᠯᠠᠨ᠂ ᠡᠳᠦᠷ ᠪᠤᠯᠭᠠᠨ ᠬᠢᠯᠢ ᠵᠢᠨ ᠱᠤᠭᠤᠮ ᠲᠠᠭᠠᠤ ᠮᠤᠲ᠋ᠤᠷ ᠪᠤᠶᠤ ᠮᠠᠰᠢᠨ ᠵᠢᠡᠷ 50  ᠭᠠᠷᠤᠢ ᠭᠠᠵᠠᠷ ᠴᠠᠭᠲᠠᠨ ᠶᠠᠪᠤᠬᠰᠠᠭᠠᠷ ᠡᠩᠭᠦᠯ ᠲᠤᠩᠬᠤᠯ ᠬᠠᠳᠠ ᠴᠢᠯᠠᠭᠤᠳ᠎ᠤᠨ ᠲᠤᠮᠳᠠ ᠲᠡᠷᠡ ᠨᠢᠭᠡᠨ ᠨᠠᠷᠢᠨ ᠵᠦᠷᠢᠭ ᠵᠤᠷᠠᠢᠬᠰᠠᠨ ᠪᠠᠢᠯ᠎ᠠ᠃


4787152_nrf_1694682685441_m.jpg


ᠭᠤᠸᠠᠨ ᠬᠤᠢ ᠮᠢᠩ 


ᠬᠢᠯᠢ᠎ᠶᠢᠨ ᠱᠤᠭᠤᠮ ᠲᠡᠭᠡᠷ᠎ᠡ ᠦᠯᠵᠡᠢᠪᠠᠲᠦ ᠤᠯᠠ ᠮᠦᠷ᠎ᠶ᠋ᠢᠡᠨ ᠦᠯᠡᠳᠡᠭᠡᠭᠰᠡᠨ ᠪᠦᠭᠡᠳ ᠦᠪᠡᠷ᠎ᠤᠨ ᠠᠮᠢᠲᠤᠷᠠᠯ᠎ᠤᠨ ᠵᠠᠮ ᠵᠢᠡᠨ ᠎ᠴᠤ ᠲᠤᠷᠠᠢᠯᠭᠠᠵᠠᠢ᠃ 1996 ᠤᠨ ᠳ᠋ᠦ᠍᠂ ᠦᠯᠵᠡᠢᠪᠠᠲᠦ ᠨᠤᠲᠤᠭ ᠤ᠋ᠨ ᠶ᠋ᠢᠡᠨ ᠬᠢᠲᠠᠳ ᠬᠡᠦᠬᠡᠨ᠎ᠳ᠋ᠦᠩ ᠰᠢ ᠲᠤᠤ ᠲᠠᠢ ᠠᠢᠯ ᠭᠡᠷ ᠪᠤᠰᠬᠠᠵᠤ᠂ ᠬᠦᠦ ᠬᠡᠦᠬᠡᠨ ᠲᠡᠭᠰᠢ ᠪᠡᠷ ᠵᠠᠶᠠᠭᠠᠵᠤ᠂ ᠪᠠᠶᠠᠠᠠᠤᠪᠤᠭ᠎ᠠ ᠰᠤᠮᠤ ᠶ᠋ᠢᠨ ᠬᠢᠯᠢ ᠲᠡᠭᠡᠷ᠎ᠡ ᠦᠯᠵᠡᠢᠪᠠᠲᠦ ᠶ᠋ᠢᠨ ᠬᠢ ᠭᠡᠳᠡᠭ ᠡᠯᠢᠬᠡ ᠪᠦᠲᠦᠨ ᠭᠡᠷ ᠪᠦᠯᠢ ᠨᠡᠮᠡᠭᠳᠡᠭᠰᠡᠨ ᠪᠠᠢᠨ᠎ᠠ᠃ ᠡᠨᠡ ᠬᠤᠭᠤᠴᠠᠭᠠᠨ᠎ᠳᠤ ᠦᠯᠵᠡᠢᠪᠠᠲᠦ ᠴᠡᠷᠢᠭ ᠠᠩᠬᠢ ᠎ᠶᠢᠨ ᠲᠠᠷᠤᠭ᠎ᠠ ᠪᠠᠢᠯᠲᠤᠭᠴᠢᠳ ᠲᠠᠢ ᠬᠦᠨ ᠵᠤᠵᠠᠭᠠᠨ ᠨᠦᠬᠦᠷᠯᠡᠯ ᠪᠠᠢᠭᠤᠯᠵᠠᠢ᠃ 《ᠴᠡᠷᠢᠭ᠎ᠠᠩᠬᠢ ᠵᠢᠨ ᠬᠢᠨ ᠰᠠᠷ᠎ᠠ ᠪᠦᠷᠢ 5 ᠴᠡᠷᠢᠭ ᠲᠤᠮᠢᠯᠠᠵᠦ ᠬᠠᠷᠠᠭᠤᠯ᠎ᠤᠨ ᠭᠠᠵᠠᠷ᠎ᠲᠤ ᠡᠭᠡᠯᠵᠢᠯᠡᠨ ᠰᠠᠭᠤᠯᠭᠠᠨ᠎ᠠ᠂ ᠬᠢᠲᠠᠳ ᠴᠡᠷᠢᠭ ᠪᠠᠢᠨ᠎ᠠ᠂ ᠮᠤᠨᠭᠭᠤᠯ ᠴᠡᠷᠢᠭ ᠴᠦ᠍ ᠪᠠᠢᠨ᠎ᠠ᠂ ᠡᠮᠦᠨᠡᠲᠦ ᠤᠷᠤᠨ᠎ᠤ ᠴᠡᠷᠢᠭ ᠪᠠᠢᠯᠲᠤᠬᠴᠢ ᠪᠠᠢᠨ᠎ᠠ᠂ ᠤᠮᠠᠷᠠᠲᠦ ᠤᠷᠤᠨ᠎ᠤ ᠬᠢ ᠴᠦ᠍ ᠪᠤᠢ᠃ ᠲᠡᠲᠡ ᠮᠠᠨ᠎ᠤ ᠬᠢᠨ᠎ᠳᠤ ᠢᠳᠡᠰᠢᠨ ᠨᠤᠭᠤᠭ᠎ᠠ ᠦᠭᠪᠡᠯ ᠪᠢ ᠨᠤᠲᠤᠭ᠎ᠤᠨ᠎ᠶ᠋ᠢᠡᠨ ᠬᠤᠨᠢ ᠦᠬᠡᠷ᠎ᠤᠨ ᠮᠢᠬ᠎ᠠ᠎ᠶᠢ ᠲᠡᠲᠡᠨ᠎ᠳᠤ ᠬᠦᠷᠭᠡᠭᠡᠳ ᠤᠴᠢᠨ᠎ᠠ᠃ ᠲᠡᠭᠡᠭᠡᠳ ᠪᠢᠳᠠ ᠴᠢᠨᠢ ᠡᠨᠡ ᠬᠦᠮᠦᠨ ᠬᠠᠷ᠎ᠠ ᠴᠦᠭᠡᠨ ᠬᠢᠯᠢ ᠵᠢᠨ ᠨᠤᠳᠤᠭ᠎ᠲᠤ 〈ᠬᠦᠷᠰᠢ ᠰᠠᠭᠠᠬᠠᠯᠳᠠ᠌〉 ᠪᠤᠯᠵᠤ ᠪᠡᠶ᠎ᠡ ᠪᠡᠶ᠎ᠡ ᠳ᠋ᠡᠭᠡᠨ ᠲᠦᠰᠢᠯᠴᠡᠨ ᠨᠢᠭᠡ ᠬᠡᠷ᠎ᠤᠨ ᠬᠦᠮᠦᠨ ᠮᠡᠳᠦ ᠲᠤᠳᠤᠨᠤ ᠪᠤᠯᠵᠠᠢ᠃ ᠲᠡᠭᠡᠭᠡᠳ ᠪᠢᠳᠡᠬᠦᠨ ᠪᠤᠯᠤᠬᠰᠠᠭᠠᠷ ᠯᠡ ᠪᠢ ᠮᠢᠬ᠎ᠠ ᠰᠠᠬ᠎ᠠ ᠪᠠᠨ ᠴᠢᠨᠠᠭᠠᠳ᠂ ᠴᠡᠷᠢᠭ ᠪᠠᠢᠯᠲᠤᠭᠴᠢ ᠨᠤᠭᠤᠭ᠎ᠠ ᠵᠠᠭᠤᠰᠢ ᠪᠠᠯᠡᠳᠤᠨ ᠮᠠᠨ᠎ᠤ ᠳ᠋ᠤ ᠬᠠᠮᠲᠦ᠎ᠳᠠᠭᠠᠨ ᠪᠢᠳᠡᠬᠦᠯᠡᠳᠡᠭ ᠪᠠᠢᠬᠰᠠᠨ》 ᠭᠡᠵᠦ ᠦᠯᠵᠡᠢᠪᠠᠲᠦ ᠰᠡᠳᠬᠢᠯ ᠪᠠᠬᠠᠳᠤᠮ᠎ᠠ ᠶᠠᠷᠢᠵᠤ ᠪᠢᠯᠡ᠃ ᠲᠡᠷᠡ ᠤᠲᠤ ᠴᠦ᠍ ᠭᠡᠰᠡᠨ ᠠᠵᠢᠯ᠎ᠤᠨ ᠰᠢᠯᠲᠠᠭᠠᠨ᠎ᠶ᠋ᠢᠡᠷ ᠡᠲᠦᠷᠵᠢᠨ ᠬᠢᠯᠢ᠎ᠶᠢᠨ ᠴᠡᠷᠢᠭ ᠠᠩᠬᠢ ᠲᠠᠢ ᠬᠠᠷᠢᠯᠴᠠᠲᠠᠭ ᠪᠠᠢᠨ᠎ᠠ᠃

《ᠴᠡᠷᠢᠭ ᠠᠩᠬᠢ ᠨᠠᠮᠢ᠋ᠢ ᠢᠳᠡᠬᠡᠵᠦ  ᠪᠠᠢᠬᠤ᠎ᠶᠢᠨ ᠬᠠᠷᠢᠭᠤ᠎ᠳᠤ ᠪᠢ ᠲᠠᠭᠠᠭᠠᠵᠦ ᠠᠪᠤᠭᠰᠠᠨ ᠠᠵᠢᠯ᠎ᠶ᠋ᠢᠡᠨ ᠶᠠᠭᠠᠬᠢᠬᠰᠠᠨ ᠴᠦ᠍ ᠰᠠᠢᠨ ᠪᠡᠶᠡᠯᠡᠬᠦᠯᠦᠶ᠎ᠡ ᠭᠡᠵᠦ ᠴᠢᠷᠮᠠᠢᠬᠰᠠᠭᠠᠷ ᠢᠷᠡᠭᠰᠡᠨ᠂ ᠬᠡᠪᠡᠴᠦ ᠡᠨᠡ ᠵᠢᠯ᠎ᠤᠨ ᠠᠵᠢᠯ᠎ᠶ᠋ᠢᠡᠨ ᠲᠠᠭᠤᠰᠬᠠᠪᠠᠯ ᠲᠠᠷᠠᠭ᠎ᠠ ᠵᠢᠯ ᠡᠴᠡ ᠬᠦᠦ ᠪᠠᠷ᠎ᠶ᠋ᠢᠡᠨ ᠬᠢᠯᠢ ᠴᠠᠭᠲᠠᠭᠤᠯᠤᠶ᠎ᠠ ᠭᠡᠵᠦ ᠪᠤᠲᠤᠵᠦ ᠪᠠᠢᠨ᠎ᠠ》᠃ ᠤᠤᠯ ᠨᠢ ᠦᠯᠵᠡᠢᠪᠠᠲᠦ ᠨᠢᠲᠤᠨᠤᠨ ᠲᠡᠷᠭᠡᠨ ᠡᠨᠳᠡᠯ ᠭᠠᠷᠴᠤ ᠲᠠᠷᠢᠬᠢᠨ᠎ᠳᠤᠨᠢ ᠴᠢᠰᠦ ᠬᠠᠷᠪᠤᠭᠠᠳ ᠡᠮᠨᠡᠯᠬᠡ᠎ᠳᠤ 17 ᠡᠲᠦᠷ ᠬᠡᠪᠳᠡᠭᠡᠳ ᠰᠠᠶᠢ ᠢᠯᠠᠷᠢᠰᠢᠬᠰᠠᠨ ᠪᠠᠢᠪᠠ᠃  《ᠵᠤᠯ᠎ᠶ᠋ᠢᠡᠷ ᠡᠷᠡᠬᠦᠯ ᠬᠦᠮᠦᠨ ᠰᠢᠭ ᠶᠠᠪᠤᠵᠦ ᠰᠠᠭᠤᠵᠦ ᠲᠡᠢᠯᠬᠦ ᠪᠤᠯᠤᠬᠰᠠᠨ ᠪᠤᠯᠪᠠᠴᠦ ᠤᠲᠤ ᠴᠡᠬᠡᠵᠢᠯᠡᠬᠦ ᠴᠢᠲᠠᠪᠦᠷᠢ ᠲᠤᠷᠤᠢᠲᠠᠭᠠᠳ ᠬᠢᠯᠢ ᠴᠠᠬᠲᠠᠬᠤ ᠠᠵᠢᠯ᠎ᠢ ᠬᠢᠬᠦ᠎ᠳᠤ ᠬᠦᠴᠢᠷᠳᠡᠬᠦ ᠪᠤᠯᠵᠠᠢ》 ᠭᠡᠵᠦ ᠦᠯᠵᠡᠢᠪᠠᠲᠦ ᠶᠠᠷᠢᠨ᠎ᠠ᠃ ᠡᠮᠨᠡᠯᠬᠡ᠎ᠳᠤ 8 ᠡᠲᠦᠷ ᠡᠮᠨᠡᠭᠡᠳ ᠦᠯᠵᠡᠢᠪᠠᠲᠦ ᠰᠠᠶ᠍ᠢ ᠤᠬᠠᠭ᠎ᠠ ᠰᠡᠭᠡᠭᠡ ᠤᠷᠤᠬᠰᠠᠨ᠂ ᠲᠡᠭᠡᠭᠡᠳ ᠮᠡᠳᠡᠭᠡ ᠰᠡᠭᠡᠭᠡ ᠤᠷᠤᠩᠭᠤᠳᠠ ᠬᠦᠦ ᠳ᠋ᠡᠭᠡᠨ᠄ 《ᠬᠤᠷᠲᠤᠬᠠᠨ ᠶᠠᠪᠤᠭᠠᠳ ᠬᠢᠯᠢ ᠪᠠᠨ ᠴᠠᠬᠳᠠᠭᠠᠴᠢ》ᠭᠡᠵᠦ ᠵᠠᠬᠢᠬᠰᠡᠨ ᠬᠡᠳᠡᠭ᠃ 《ᠲᠠᠨ᠎ᠤ ᠬᠦᠦ ᠬᠢᠯᠢ ᠰᠠᠬᠢᠭᠠᠳ ᠤᠢᠲᠤᠭᠠᠳ ᠰᠠᠭᠤᠬᠤ ᠲᠤᠷ᠎ᠠ ᠦᠬᠡᠢ ᠪᠤᠯ ᠶᠠᠭᠠᠬᠢᠬᠤ ᠪᠤᠢ?》 ᠭᠡᠵᠦ ᠠᠰᠠᠭᠤᠬᠤ᠎ᠳᠤ ᠦᠯᠵᠡᠢᠪᠠᠲᠦ᠄《ᠲᠡᠬᠡᠪᠡᠯ ᠪᠢ ᠠᠯᠪᠠᠲᠠᠵᠦ ᠪᠠᠢᠭᠠᠳ ᠴᠦ᠍ ᠬᠢᠯᠬᠡᠨ᠎ᠡ》 ᠭᠡᠵᠦ ᠰᠢᠢᠳᠮᠡᠭ ᠶᠠᠷᠢᠯ᠎ᠠ᠃ ᠡᠨᠡ ᠵᠢᠯ ᠴᠡᠷᠢᠭ ᠠᠩᠬᠢ ᠡᠴᠡ 6 ᠬᠢᠯᠢ ᠬᠠᠮᠠᠭᠠᠯᠠᠬᠴᠢ ᠨᠡᠮᠡᠵᠦ ᠦᠭᠬᠦᠭᠰᠡᠨ ᠪᠦᠬᠡᠳ ᠰᠠᠷ᠎ᠠ ᠵᠢᠨ 600 ᠲᠦᠬᠦᠷᠢᠭ᠎ᠤᠨ ᠴᠠᠯᠢᠩ ᠦᠭᠬᠦ ᠪᠤᠯᠵᠠᠢ᠃ ᠬᠦᠮᠦᠨ ᠨᠡᠮᠡᠭᠳᠡᠵᠦ ᠠᠵᠢᠯ ᠬᠦᠨᠭᠭᠡᠷᠡᠭᠰᠡᠨ ᠬᠡᠳᠡᠭ ᠪᠤᠯᠪᠠᠴᠦ ᠦᠯᠵᠡᠢᠪᠠᠲᠦ ᠮᠦᠨ ᠯᠡ ᠵᠤᠷᠰᠢᠯ ᠶᠤᠰᠤᠭᠠᠷ ᠡᠲᠦᠷ ᠪᠤᠯᠭᠠᠨ ᠨᠢᠬᠡ ᠤᠲᠠᠭ᠎ᠠ ᠬᠢᠯᠢ ᠪᠡᠷ ᠴᠠᠬᠳᠠᠨ ᠶᠠᠪᠤᠳᠠᠭ᠃ 《ᠬᠢᠯᠢ ᠲᠡᠭᠡᠷ᠎ᠠ ᠨᠤᠳᠤᠬᠰᠢᠭ᠎ᠠ ᠠᠷᠠᠳ ᠪᠤᠯᠬᠤᠷ ᠬᠡᠵᠢᠶᠡᠳᠡ ᠬᠢᠯᠢ ᠵᠢᠨ ᠨᠤᠳᠤᠭ ᠵᠢᠡᠨ ᠰᠠᠢᠬᠠᠨ ᠬᠠᠮᠠᠭᠠᠯᠠᠶ᠎ᠠ ᠭᠡᠵᠦ ᠪᠤᠲᠤᠨ᠎ᠠ; ᠪᠢ ᠴᠦ᠍ ᠵᠤᠭᠤᠰ ᠮᠦᠩᠭᠦ ᠤᠯᠬᠤ᠎ᠶᠢᠨ ᠲᠦᠯᠦᠬᠡ ᠬᠢᠯᠢ ᠴᠠᠭᠲᠠᠭᠰᠠᠨ ᠪᠢᠰᠢ ᠳ᠋ᠠ;ᠡᠭᠡ ᠤᠯᠤᠰ᠎ᠤᠨ ᠤᠮᠠᠷᠠᠳᠦ ᠬᠢᠯᠢ ᠠᠮᠤᠷ ᠲᠠᠢᠪᠤᠩ ᠪᠠᠢᠪᠠᠯ ᠪᠤᠯᠴᠢᠬᠠᠨ᠎ᠠ》 ᠭᠡᠵᠦ ᠦᠯᠵᠡᠢᠪᠠᠲᠦ ᠶᠠᠷᠢᠯ᠎ᠠ᠃ ᠭᠤᠴᠢᠨ ᠵᠢᠯ᠎ᠤᠨ ᠵᠢᠳᠭᠦᠯ ᠴᠢᠷᠮᠠᠢᠯᠭ᠎ᠠ ᠪᠡᠨ ᠭᠤᠷᠪᠠᠬᠠᠨ ᠦᠬᠦᠯᠡᠪᠦᠷᠢ ᠪᠡᠷ ᠬᠤᠷᠢᠶᠠᠨᠭᠭᠤᠢᠯᠠᠬᠰᠠᠨ ᠪᠤᠯᠪᠠᠴᠦ ᠡᠭᠦᠨ᠎ᠤ ᠴᠠᠭᠠᠨ᠎ᠠ ᠲᠡᠭᠦᠨ᠎ᠤ ᠭᠤᠴᠢᠨ ᠵᠢᠯ᠎ᠤᠨ ᠵᠤᠷᠢᠮᠠᠭ ᠪᠠᠷᠢᠮᠲᠠᠯᠠᠯ ᠨᠢᠭᠤᠬᠲᠠᠵᠦ ᠪᠠᠢᠭ᠎ᠠ ᠶᠤᠮ᠃

《ᠬᠢᠯᠢ᠎ᠶᠢᠨ ᠰᠢᠯᠢᠳᠡᠭ ᠠᠷᠠᠳ》᠂ 《ᠰᠢᠯᠢᠳᠡᠭ ᠬᠢᠯᠢ ᠬᠠᠮᠠᠭᠠᠯᠠᠬᠴᠢ》 ᠵᠡᠷᠭᠡ ᠱᠠᠨᠭᠨᠠᠯ ᠬᠦᠬᠢᠬᠦᠯᠦᠯ ᠨᠢ ᠦᠯᠵᠡᠢᠪᠠᠲᠦ᠎ᠶᠢᠨ ᠦᠩᠭᠡᠷᠡᠭᠰᠡᠨ ᠤᠲᠤ᠎ᠶᠢᠨ ᠠᠵᠢᠯ᠎ᠤᠨ ᠨᠤᠲᠠᠯᠠᠯ ᠪᠠᠢᠵᠦ᠂ ᠬᠦᠦ ᠪᠡᠷ ᠵᠢᠡᠨ ᠦᠷᠭᠦᠯᠵᠢᠯᠡᠨ ᠬᠢᠯᠢ ᠰᠠᠬᠢᠭᠤᠯᠤᠨ᠎ᠠ ᠭᠡᠳᠡᠭ ᠨᠢ ᠲᠡᠬᠦᠨ᠎ᠤ ᠲᠠᠷᠬᠠᠨ ᠬᠢᠯᠢ ᠪᠠᠨ ᠦᠷᠬᠦᠯᠵᠢᠯᠡᠨ ᠪᠠᠲᠦ ᠰᠠᠬᠢᠬᠤ ᠵᠤᠷᠢᠭ ᠰᠠᠨᠠᠭᠠᠨ᠎ᠤ ᠬᠢᠨᠢ ᠲᠠᠩᠭᠠᠷᠢᠭ ᠪᠤᠯᠤᠬᠰᠠᠨ ᠪᠢᠯᠡ᠃

ᠡᠪᠡᠰᠦᠨ ᠮᠠᠯᠠᠭᠠᠢᠲᠦ ᠡᠪᠦᠬᠡᠨ ᠰᠤᠲᠤᠯᠤᠭᠠᠴᠢ

《ᠲᠠᠷᠢᠶᠠᠴᠢᠨ ᠨᠠᠢᠵᠠ ᠨᠠᠷ ᠮᠢᠨᠢ ᠰᠠᠢᠨ ᠪᠠᠢᠨ᠎ᠠ᠎ᠤᠤ? ᠮᠠᠨ ᠤ᠋ ᠡᠨᠡ ᠲᠠᠷᠪᠤᠰ ᠤ᠋ᠨ ᠲᠠᠷᠢᠶᠠᠨ ᠳ᠋ᠦ᠍ ᠲᠠᠷᠪᠤᠰ ᠡᠴᠡ ᠭᠠᠲᠠᠨ᠎ᠠ ᠪᠠᠰᠠ ᠡᠷᠳᠡᠨᠢ ᠰᠢᠰᠢ ᠲᠠᠷᠢᠬᠰᠠᠨ ᠪᠠᠢᠨ᠎ᠠ᠃ ᠲᠡᠭᠡᠪᠡᠯ ᠶᠠᠭᠠᠭᠢᠭᠠᠳ ᠡᠨᠡ ᠬᠤᠶᠠᠷ᠎ᠢ ᠬᠠᠮᠲᠦ᠎ᠳᠤᠨᠢ ᠲᠠᠷᠢᠲᠠᠭ ᠪᠤᠢ ᠁》 ᠴᠤᠤᠷᠢᠶ᠎ᠠ ᠲᠡᠭᠡᠷ᠎ᠠ ᠭᠤᠸᠠ ᠵᠢᠮᠢᠰ ᠲᠠᠷᠢᠵᠦ ᠠᠷᠠᠴᠢᠯᠠᠬᠤ ᠮᠡᠳᠡᠯᠬᠡ ᠤᠯᠠᠮᠵᠢᠯᠠᠲᠠᠭ ᠡᠨᠡ  ᠬᠦᠮᠦᠨ  ᠢ᠋ ᠭᠤᠸᠠᠨ ᠬᠤᠢ ᠮᠢᠩ ᠬᠡᠳᠡᠭ᠂ ᠪᠢᠳᠡᠨ᠎ᠤ ᠵᠤᠷᠢᠵᠤ ᠢᠷᠡᠭᠰᠡᠨ ᠢᠳᠡᠰᠢᠨ ᠨᠤᠭᠤᠭ᠎ᠠ ᠵᠢᠨ ᠲᠤᠰᠬᠠᠢ ᠮᠡᠷᠭᠡᠵᠢᠯᠳᠡᠨ ᠪᠤᠯᠤᠨ᠎ᠠ᠂ ᠬᠠᠷᠠᠬᠤ ᠳ᠋ᠤ ᠨᠠᠷᠠ ᠰᠠᠯᠬᠢᠨ ᠳ᠋ᠤ ᠪᠤᠷᠤᠯᠠᠬᠰᠠᠨ ᠲᠠᠷᠢᠶᠠᠴᠢᠨ ᠡᠪᠦᠭᠡᠨ ᠯᠡ ᠮᠡᠳᠦ᠃

7 ᠰᠠᠷ᠎ᠠ ᠶ᠋ᠢᠨ 24 ᠤ᠋ ᠡᠲᠦᠷ ᠪᠢᠳᠡ ᠴᠠᠬᠠᠷ ᠪᠠᠷᠠᠭᠤᠨ ᠭᠠᠷᠤᠨ ᠡᠮᠦᠨᠡᠲᠦ ᠬᠤᠰᠢᠭᠤᠨ ᠤ᠋ ᠬᠢᠬᠢᠷᠢ ᠶ᠋ᠢᠨ ᠨᠠᠭᠤᠷ ᠪᠠᠯᠭᠠᠰᠦᠨ ᠳ᠋ᠦ᠍ ᠪᠠᠢᠷᠢᠯᠠᠭ᠎ᠠ ᠬᠦᠢᠳᠡᠨ ᠰᠡᠷᠢᠬᠦᠨ ᠢᠳᠡᠰᠢᠨ ᠨᠤᠭᠤᠭ᠎ᠠ ᠶ᠋ᠢᠨ ᠠᠺᠠᠳ᠋ᠸᠮᠢᠴᠢ ᠶ᠋ᠢᠨ ᠠᠵᠢᠯᠯᠠᠬᠤ ᠦᠷᠳᠡᠭᠡ ᠳ᠋ᠤ ᠬᠦᠷᠪᠡ᠃ ᠬᠦᠷᠢᠶᠡᠨ ᠡᠭᠦᠳᠡ ᠪᠡᠷ ᠨᠢ ᠲᠤᠳᠤᠬᠰᠢᠯᠠᠪᠠᠯ ᠬᠤᠯᠤᠤᠪᠠᠩ᠂ ᠴᠠᠭᠠᠨ ᠨᠤᠭᠤᠭ᠎ᠠ᠂ ᠤᠷᠤᠰ ᠰᠤᠩᠬᠢᠨ᠎ᠠ᠂ ᠪᠦᠬᠡᠷᠡᠩᠭᠡᠢ ᠡᠰᠢᠲᠦ ᠨᠤᠭᠤᠭ᠎ᠠ ᠵᠡᠷᠭᠡ ᠨᠢ ᠲᠠᠯᠠᠩ ᠲᠠᠲᠠᠨ ᠬᠦᠭᠡᠷᠡᠨ ᠬᠠᠷᠠᠬᠳᠠᠵᠤ᠂ ᠶᠠᠭ ᠯᠡ ᠬᠠᠳᠬᠤᠭᠠᠳ ᠲᠠᠯᠪᠢᠬᠰᠠᠨ ᠵᠤᠬᠢᠶᠠᠮᠠᠯ ᠨᠤᠭᠤᠭ᠎ᠠ᠎ᠰᠢᠭ᠋ ᠶᠡᠭᠡ ᠪᠠᠭ᠎ᠠ ᠨᠢ ᠬᠦᠷᠳᠡᠯ᠎ᠠ ᠠᠳᠠᠯᠢᠬᠠᠨ ᠵᠢᠭᠳᠡ ᠰᠠᠢᠬᠠᠨ ᠤᠷᠭᠤᠨ᠎ᠠ᠃ ᠴᠠᠭᠠᠳᠤᠬᠢ ᠬᠦᠯᠡᠮᠵᠢ ᠵᠢᠨ ᠲᠤᠳᠤᠷᠠᠬᠢ ᠭᠤᠸᠨ᠎ᠶᠢᠨ ᠲᠠᠷᠢᠶᠠᠨ ᠲᠤᠮᠳᠠ ᠡᠪᠡᠰᠦᠨ ᠮᠠᠯᠠᠭᠠᠢ ᠵᠡᠬᠦᠭᠰᠡᠨ ᠭᠤᠸᠠᠨ ᠬᠤᠢ ᠮᠢᠩ ᠡᠮ ᠰᠦᠷᠴᠢᠬᠡᠳ ᠶᠠᠭᠠᠷᠠᠤ ᠪᠠᠢᠯ᠎ᠠ᠃

ᠭᠤᠸᠠᠨ ᠬᠤᠢ ᠮᠢᠩ᠎ᠤᠨ ᠤᠤᠯ ᠨᠤᠳᠤᠭ ᠪᠤᠯ ᠬᠢᠩᠭᠠᠨ ᠠᠢᠮᠠᠭ᠎ᠤᠨ ᠷᠠᠰᠢᠶᠠᠨ ᠬᠤᠳᠠ ᠪᠤᠯᠤᠨ᠎ᠠ᠂ ᠬᠡᠪᠡᠴᠤ ᠲᠡᠷᠡ ᠬᠤᠶᠠᠳᠠᠬᠢ ᠨᠤᠳᠤᠭ ᠵᠢᠨᠢᠩ ᠲᠤᠭᠤᠷᠢᠭ ᠲᠠᠭᠠᠨ ᠨᠤᠳᠤᠬᠰᠢᠭᠠᠳ ᠨᠢᠭᠡᠨᠳᠡ ᠲᠦᠴᠢ ᠰᠢᠬᠠᠮ ᠵᠢᠯ᠎ᠤᠨ ᠨᠢᠭᠤᠷ᠎ᠢ ᠦᠵᠡᠴᠢᠭᠡᠵᠡᠢ᠃ 1985 ᠤᠨ᠎ᠳᠤ᠂ ᠬᠢᠨᠭᠭᠠᠨ ᠨᠤᠲᠤᠭᠲᠠᠢ ᠲᠠᠭᠤᠷ ᠵᠠᠯᠠᠭᠤ ᠭᠤᠸᠠᠨ ᠬᠤᠢ ᠮᠢᠩ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭᠠᠭᠤᠯᠢ᠎ᠶᠢᠨ ᠢᠳᠡᠰᠢᠨ ᠨᠣᠭᠣᠭᠠᠨ᠎ᠤ ᠲᠤᠰᠬᠠᠢ ᠮᠡᠷᠭᠡᠵᠢᠯ᠎ᠡᠴᠡ ᠲᠡᠬᠦᠰᠦᠭᠡᠳ ᠤᠯᠠᠭᠠᠨᠴᠠᠪ᠎ᠤᠨ ᠰᠢᠨᠵᠢᠯᠡᠬᠦ ᠤᠬᠠᠭᠠᠨ ᠮᠡᠷᠭᠡᠵᠢᠯ᠎ᠦᠨ ᠲᠣᠪᠴᠢᠶ᠎ᠠ᠎ᠳᠤ ᠬᠤᠪᠢᠶᠠᠭᠳᠠᠨ ᠠᠵᠢᠯᠯᠠᠪᠠ᠃ 《ᠮᠠᠨ ᠤ᠋ ᠡᠨᠡ ᠵᠤᠬᠰᠤᠵᠦ ᠪᠠᠢᠭ᠎ᠠ ᠭᠠᠵᠠᠷ ᠤᠤᠯ ᠳ᠋ᠠᠭᠠᠨ ᠬᠤᠭ᠎ᠤᠨ ᠲᠠᠯᠠᠪᠠᠢ ᠪᠠᠢᠬᠰᠠᠨ᠂ ᠲᠡᠷᠡ ᠦᠶ᠎ᠠ᠎ᠳᠤ ᠵᠢᠨᠢᠩ ᠬᠤᠲᠠ ᠶ᠋ᠢᠨ ᠲᠡᠬᠦᠷᠭᠡ ᠳ᠋ᠦ᠍ ᠨᠤᠭᠤᠭ᠎ᠠ ᠲᠠᠷᠢᠲᠠᠭ ᠲᠠᠷᠢᠶᠠᠴᠢᠨ ᠡᠷᠦᠬᠡ ᠪᠠᠢᠬᠰᠠᠨ ᠦᠬᠡᠢ》 ᠭᠡᠵᠦ ᠭᠤᠸᠠᠨ ᠬᠤᠢ ᠮᠢᠩ ᠲᠤᠬᠠᠢ ᠵᠢᠨ ᠦᠶ᠎ᠡ ᠶ᠋ᠢᠨ ᠪᠠᠢᠲᠠᠯ᠎ᠢ ᠡᠷᠬᠢᠴᠡᠬᠦᠯᠦᠨ᠎ᠡ᠃

ᠤᠯᠠᠭᠠᠨᠴᠠᠪ᠎ᠲᠤ ᠦᠨᠳᠦᠰᠦ ᠬᠠᠳᠬᠤᠭᠰᠠᠨ ᠠᠩᠬᠠᠳᠠᠭ᠍ᠴᠢ ᠪᠦᠯᠦᠭ᠎ᠤᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠣᠨᠴᠠ ᠲᠣᠮᠢᠯᠠᠭᠳᠠᠭ᠍ᠴᠢ ᠪᠣᠯᠤᠭᠰᠠᠨ᠎ᠤ ᠬᠤᠪᠢ᠎ᠳᠤ᠂ ᠭᠤᠸᠠᠨ ᠬᠤᠢ ᠮᠢᠩ ᠤᠳᠠᠭᠠᠨ ᠡᠳᠦᠷ ᠵᠤᠵᠠᠭᠠᠨ ᠬᠤᠨᠤᠭ ᠵᠢᠡᠷ ᠲᠠᠷᠢᠶᠠᠨ ᠭᠠᠵᠠᠷ᠂ ᠬᠦᠯᠡᠮᠵᠢ ᠫᠸᠡᠭ᠎ᠳᠦ ᠰᠠᠭᠤᠷᠢᠰᠢᠨ᠂ ᠢᠳᠡᠰᠢᠨ ᠨᠤᠭᠤᠭᠠᠨ᠎ᠤ ᠦᠷ᠎ᠠ ᠴᠢᠬᠢ᠂ ᠦᠰᠤᠨ ᠪᠤᠢᠵᠢᠯᠳᠠ᠂ ᠤᠨᠠᠯᠳᠠ ᠭᠠᠷᠤᠯᠳᠠ᠂ ᠦᠷ᠎ᠠ ᠠᠰᠢᠭ᠂ ᠬᠤᠷᠤᠬᠠᠢ᠎ᠵᠢᠨ ᠬᠦᠨᠦᠭᠡᠯ᠎ᠢ ᠰᠡᠷᠬᠡᠢᠯᠡᠨ ᠵᠠᠰᠠᠬᠤ ᠭᠡᠳ ᠦᠰᠤᠨ ᠡᠴᠠ ᠪᠠᠨ ᠤᠯᠡᠨ ᠠᠵᠢᠯ᠎ᠳᠤ ᠮᠤᠡᠭᠭᠠᠨᠢᠬᠰᠠᠭᠠᠷ ᠢᠷᠡᠯ᠎ᠠ᠃ ᠤᠤᠯ᠎ᠳᠠᠭᠠᠨ ᠶᠠᠫᠦᠨ᠎ᠤ ᠬᠤᠯᠤᠤᠪᠠᠩ ᠪᠦᠬᠦ ᠲᠡᠯᠡᠭᠡᠢ᠎ᠳᠤ ᠬᠤᠰᠢᠭᠤᠷᠠᠵᠦ᠂ ᠮᠠᠨ᠎ᠤ ᠤᠯᠤᠰ ᠶᠠᠫᠦᠨ᠎ᠤ ᠦᠷ᠎ᠡ᠎ᠶᠢ ᠬᠤᠲᠠᠯᠲᠤᠨ ᠠᠪᠴᠤ ᠲᠠᠷᠢᠵᠦ ᠪᠠᠢᠵᠠᠢ᠃ 《ᠨᠢᠬᠡ ᠮᠦ᠍ ᠬᠤᠯᠤᠤᠪᠠᠩ ᠲᠠᠷᠢᠬᠤ᠎ᠳᠤ ᠬᠡᠲᠦᠨ ᠵᠠᠭᠤᠨ ᠲᠦᠬᠦᠷᠢᠭ᠎ᠤᠨ ᠦᠷ᠎ᠠ ᠠᠪᠤᠨ᠎ᠠ᠂ ᠡᠨᠡ ᠴᠢᠨᠢ ᠪᠠᠭ᠎ᠠ ᠪᠤᠰᠤ ᠵᠤᠭᠤᠰ ᠰᠢᠦ᠃ ᠡᠢᠮᠦ ᠡᠴᠡ ᠪᠢᠳᠡ ᠵᠠᠪᠠᠯ ᠢᠳᠡᠰᠢᠨ ᠨᠤᠭᠤᠭᠠᠨ᠎ᠤ ᠦᠷ᠎ᠡ᠎ᠶᠢ ᠲᠤᠮᠲᠠᠲᠦ ᠤᠯᠤᠰᠴᠢᠯᠠᠬᠤ ᠪᠡᠷ ᠰᠢᠢᠳᠦᠭᠰᠡᠨ》 ᠬᠡᠯ᠎ᠠ᠃ ᠲᠡᠭᠡᠭᠡᠳ ᠭᠤᠸᠠᠨ ᠬᠤᠢ ᠮᠢᠩ ᠨᠠᠷ ᠠᠵᠢᠯ᠎ᠤᠨ ᠭᠤᠤᠯᠲᠠᠯᠭ᠎ᠠ ᠪᠠᠨ ᠢᠳᠡᠰᠢᠨ ᠨᠤᠭᠤᠭᠠᠨ᠎ᠤ ᠦᠷ᠎ᠡ᠎ᠶᠢ ᠲᠤᠮᠲᠠᠲᠦ ᠤᠯᠤᠰᠴᠢᠯᠠᠬᠤ ᠲᠡᠭᠡᠷ᠎ᠡ ᠲᠠᠯᠪᠢᠪᠠ᠃

ᠭᠤᠸᠠᠨ ᠬᠤᠢ ᠮᠢᠩ ᠪᠢᠳᠡᠨ ᠎ᠢ ᠲᠠᠭᠠᠭᠤᠯᠦᠨ ᠲᠤᠷᠰᠢᠯᠳᠠ ᠵᠢᠨ ᠲᠠᠷᠢᠶᠠᠨ ᠳ᠋ᠡᠬᠢ ᠢᠳᠡᠰᠢᠨ ᠨᠤᠭᠤᠭ᠎ᠠ ᠪᠠᠨ ᠨᠢᠬᠡᠳ ᠨᠢᠬᠡ ᠪᠡᠷ ᠨᠠᠷᠢᠯᠢᠭ ᠲᠠᠨᠢᠯᠴᠠᠭᠤᠯᠤᠯ᠎ᠠ᠃ 38 ᠵᠢᠯ᠎ᠤᠨ ᠲᠤᠷᠰᠢ ᠲᠡᠷᠡ ᠪᠡᠷ ᠲᠤᠭ᠎ᠠ ᠲᠤᠮᠰᠢ ᠦᠭᠡᠢ ᠤᠯᠠᠨ ᠤᠳᠠᠭ᠎ᠠ ᠲᠤᠷᠰᠢᠯᠳᠠ ᠬᠢᠵᠤ᠂ ᠤᠶᠤᠨ ᠤᠬᠠᠭᠠᠨ ᠬᠦᠴᠦ ᠬᠦᠯᠦᠰᠦ ᠪᠠᠨ ᠰᠢᠪᠬᠠᠨ ᠪᠠᠢᠵᠤ᠂ ᠠᠯᠢ ᠤᠯᠠᠨ ᠲᠡᠯᠡᠬᠡᠢ ᠵᠢᠨ ᠬᠢᠷᠢ ᠲᠦᠪᠰᠢᠨ ᠪᠦᠬᠦᠢ ᠰᠤᠳᠤᠯᠭᠠᠨ᠎ᠤ ᠦᠷ᠎ᠡ ᠪᠦᠲᠦᠭᠡᠯ ᠪᠠ ᠨᠢᠲᠦᠨ᠎ᠳᠤ ᠦᠵᠡᠭᠳᠡᠵᠦ ᠭᠠᠷ ᠲᠦ᠍ ᠪᠠᠷᠢᠬᠳᠠᠮ᠎ᠠ ᠮᠡᠷᠭᠡᠵᠢᠯ᠎ᠤᠨ ᠰᠢᠪᠳᠤᠯᠤᠯᠳᠠ ᠭᠠᠷᠭᠠᠬᠰᠠᠨ ᠶᠤᠮ᠃ 2012 ᠣᠨ᠎ᠳᠤ᠂ ᠭᠤᠸᠠᠨ ᠬᠤᠢ ᠮᠢᠩ ᠲᠦᠷᠦᠭᠦᠯᠡᠨ ᠪᠦᠬᠦ ᠤᠯᠤᠰ᠎ᠤᠨ ᠠᠩᠬᠠᠳᠠᠭ᠍ᠴᠢ ᠬᠦᠢᠲᠡᠨ ᠰᠡᠷᠢᠭᠦᠨ ᠢᠳᠡᠰᠢᠨ ᠨᠣᠭᠣᠭ᠎ᠠ᠎ᠶᠢᠨ ᠠᠺᠠᠳᠧᠮᠢᠴᠢ᠎ᠶᠢᠨ ᠠᠵᠢᠯ᠎ᠤᠨ ᠦᠷᠲᠡᠭᠡ᠎ᠶᠢ ᠪᠠᠢᠭᠤᠯᠵᠤ᠂ ᠦᠷ᠎ᠡ ᠪᠣᠢᠵᠢᠭᠤᠯᠬᠤ ᠡᠩᠨᠡᠭᠡ ᠬᠦᠮᠦᠵᠢᠭᠦᠯᠦᠨ᠂ ᠪᠥᠭᠡᠷᠡᠩᠬᠡᠢ ᠴᠠᠭᠠᠨ ᠨᠤᠭᠤᠭ᠎ᠠ ᠵᠢᠨ ᠰᠢᠨ᠎ᠡ ᠡᠭᠦᠯᠳᠡᠷ ᠎ᠢ ᠰᠤᠳᠤᠯᠤᠨ ᠭᠠᠷᠭᠠᠵᠤ᠂ ᠭᠠᠳᠠᠭᠠᠳᠤ᠎ᠵᠢᠨ ᠦᠷ᠎ᠡ ᠳ᠋ᠤ ᠲᠦᠰᠢᠭᠯᠡᠵᠤ ᠪᠠᠢᠬᠰᠠᠨ ᠪᠠᠢᠳᠠᠯ᠎ᠢ ᠪᠦᠳᠦᠮᠵᠢᠳᠡᠢ ᠬᠤᠪᠢᠷᠠᠭᠤᠯᠵᠤ᠂ ᠪᠥᠭᠡᠷᠡᠩᠬᠡᠢ ᠴᠠᠭᠠᠨ ᠨᠣᠭᠣᠭ᠎ᠠ᠎ᠶᠢᠨ ᠤᠯᠤᠰ᠎ᠲᠠᠭᠠᠨ ᠦᠢᠯᠡᠳᠪᠦᠷᠢᠯᠡᠬᠦ ᠨᠤᠷᠮ᠎ᠠ᠎ᠶᠢ 80% ᠡᠴᠡ ᠳᠡᠭᠡᠭᠰᠢ᠎ᠳᠦ ᠬᠦᠷᠭᠡᠵᠡᠢ᠃ ᠦᠷ᠎ᠡ ᠪᠤᠢᠵᠢᠭᠤᠯᠬᠤ ᠡᠩᠨᠡᠭᠡ ᠨᠢ ᠪᠠᠰᠠ 9 ᠵᠢᠯ᠎ᠤᠨ ᠴᠠᠭ ᠵᠠᠷᠤᠴᠠᠭᠤᠯᠵᠦ ᠪᠠᠢᠭᠠᠳ ᠬᠤᠯᠤᠤᠪᠠᠩ᠎ᠤᠨ ᠰᠠᠢᠨ ᠦᠷ᠎ᠡ᠎ᠶᠢ ᠰᠤᠩᠭᠤᠨ ᠭᠠᠷᠭᠠᠭᠰᠠᠨ ᠪᠦᠭᠡᠳ ᠡᠬᠦᠨ᠎ᠵᠢᠡᠨ ᠡᠨᠡ ᠵᠢᠯ ᠲᠡᠯᠭᠡᠷᠡᠬᠦᠯᠬᠦ ᠪᠡᠷ ᠲᠦᠯᠦᠪᠯᠡᠵᠦ ᠪᠠᠢᠨ᠎ᠠ᠃ ᠲᠡᠳᠡᠨ᠎ᠤ ᠰᠤᠳᠤᠯᠤᠨ ᠦᠢᠯᠡᠳᠦᠭᠰᠡᠨ ᠤᠮᠳᠠᠭᠠᠨ ᠰᠢᠭ᠋ ᠤᠤᠭᠤᠵᠤ ᠪᠤᠯᠳᠠᠭ ᠬᠤᠷᠤᠬᠠᠢ ᠠᠯᠠᠬᠤ ᠨᠠᠢᠷᠠᠯᠭ᠎ᠠ ᠵᠡᠷᠭᠡ ᠪᠡᠷ ᠨᠢ ᠬᠡᠯᠡᠭᠦ ᠳ᠋ᠤ᠂ ᠲᠠᠷᠢᠶᠠᠴᠢᠳ᠎ᠤᠨ ᠬᠣᠷᠣᠬᠠᠢ᠎ᠶᠢᠨ ᠬᠥᠨᠥᠭᠡᠯ᠎ᠢ ᠰᠡᠷᠭᠡᠢᠯᠡᠨ ᠵᠠᠰᠠᠬᠤ ᠥᠪᠡᠷ᠎ᠦᠨ ᠦᠷᠳᠡᠭ ᠎ᠢ ᠮᠠᠰᠢ ᠶᠡᠭᠡ ᠬᠡᠮᠵᠢᠶ᠎ᠡ ᠪᠡᠷ ᠠᠷᠪᠢᠯᠠᠵᠤ ᠥᠭᠴᠤ ᠴᠢᠳᠠᠬᠰᠠᠨ ᠪᠢᠯᠡ᠃ ᠣᠳᠣᠬᠠᠨ᠎ᠳᠤ᠂ ᠠᠵᠢᠯᠯᠠᠬᠤ ᠥᠷᠲᠡᠭᠡ ᠨᠢ 800 ᠭᠠᠷᠤᠢ ᠰᠢᠨ᠎ᠡ ᠡᠭᠦᠯᠳᠡᠷ᠎ᠢ ᠣᠷᠣᠭᠤᠯᠤᠨ ᠠᠪᠴᠢᠷᠠᠵᠦ ᠰᠢᠯᠢᠨ ᠰᠣᠩᠭᠣᠵᠤ᠂ ᠤᠯᠠᠭᠠᠨᠴᠠᠪ ᠬᠣᠲᠠ᠎ᠶᠢᠨ ᠬᠦᠢᠲᠡᠨ ᠰᠡᠷᠢᠭᠦᠨ ᠢᠳᠡᠰᠢᠨ ᠨᠣᠭᠣᠭ᠎ᠠ ᠵᠢᠨ ᠲᠠᠷᠢᠮᠠᠯ᠎ᠤᠨ ᠲᠠᠯᠠᠪᠠᠶ ᠵᠢ᠎ᠴᠤ 2 ᠲᠦᠮᠡᠨ ᠮᠦ᠍ ᠪᠠᠢᠭᠰᠠᠨ ᠡᠴᠡ 70 ᠲᠦᠮᠡᠨ ᠮᠦ᠍ ᠪᠣᠯᠭᠠᠨ ᠨᠡᠮᠡᠭᠳᠡᠭᠦᠯᠪᠡ᠃ ᠡᠨᠡ ᠨᠢ ᠲᠤᠬᠠᠢ᠎ᠶᠢᠨ ᠭᠠᠵᠠᠷ᠎ᠤᠨ ᠲᠠᠷᠢᠶᠠᠴᠢᠳ᠎ᠤᠨ ᠤᠷᠤᠯᠭ᠎ᠠ ᠵᠢ ᠵᠢᠯ᠎ᠤᠨ 4000 ᠭᠠᠷᠤᠢ ᠲᠦᠮᠡᠨ ᠲᠥᠭᠥᠷᠢᠭ ᠨᠡᠮᠡᠭᠳᠡᠭᠦᠯᠭᠦ ᠪᠤᠯᠤᠨ᠎ᠠ᠃

《ᠭᠤᠸᠠᠨ ᠪᠠᠬᠰᠢ ᠡ᠂ ᠮᠠᠨ᠎ᠤ ᠭᠤᠸᠠ᠎ᠶᠢᠨ ᠲᠠᠷᠢᠶᠠᠨ᠎ᠳᠤ ᠴᠠᠭᠠᠨ ᠲᠤᠭᠤᠰᠤᠲᠦ ᠡᠪᠡᠳᠴᠢᠨ ᠤᠷᠤᠭᠰᠠᠨ᠂ ᠶᠠᠭᠠᠬᠢᠪᠠᠯ ᠵᠤᠬᠢᠬᠤ ᠪᠤᠢ?》᠂ 《ᠲᠠᠨ᠎ᠤ ᠬᠤᠯᠤᠤᠪᠠᠩ᠎ᠤᠨ ᠦᠷ᠎ᠡ ᠵᠢ ᠶᠠᠭᠠᠬᠢᠵᠤ ᠠᠪᠳᠠᠭ ᠪᠤᠢ?》᠁ ᠵᠢᠷᠬᠢᠶ᠎ᠠ ᠪᠡᠷ  ᠲᠠᠮᠵᠢᠭᠤᠯᠤᠨ ᠢᠳᠡᠰᠢᠨ ᠨᠤᠭᠤᠭ᠎ᠠ ᠲᠠᠷᠢᠵᠤ ᠠᠷᠠᠴᠢᠯᠠᠬᠤ ᠮᠡᠷᠭᠡᠵᠢᠯ ᠠᠰᠠᠭᠤᠨ ᠯᠠᠪᠯᠠᠬᠤ ᠬᠦᠮᠦᠨ ᠮᠤᠩ ᠦᠭᠡᠢ ᠤᠯᠠᠨ᠃ ᠤᠲᠤ ᠲᠡᠬᠦᠨ᠎ᠤ ᠭᠠᠷ ᠤᠲᠠᠰᠦᠨ᠎ᠳᠤ ᠬᠡᠳᠦᠨ ᠮᠢᠩᠭᠠᠨ ᠵᠢᠷᠬᠢᠶ᠎ᠠ ᠵᠢᠨ ᠨᠠᠢᠵᠠ᠂ ᠠᠷᠪᠠᠨ ᠬᠡᠳᠦᠨ ᠵᠢᠷᠬᠢᠶ᠎ᠡ ᠵᠢᠨ ᠬᠤᠯᠪᠤᠭ᠎ᠠ ᠪᠠᠢᠳᠠᠭ᠃ 《ᠮᠠᠨ᠎ᠤ ᠡᠨᠡ ᠠᠵᠢᠯ ᠲᠠᠷᠢᠶᠠᠴᠢᠳ ᠡᠴᠡ ᠰᠠᠯᠵᠦ ᠪᠤᠯᠬᠤ ᠦᠬᠡᠢ᠂ ᠵᠠᠪᠠᠯ ᠲᠠᠷᠢᠶᠠᠴᠢᠳ᠎ᠲᠠᠢ ᠬᠠᠮᠳᠤ ᠵᠢᠨ ᠴᠤᠬᠴᠠ ᠪᠤᠯᠬᠤ ᠭᠡᠷᠡᠭᠳᠡᠢ᠃ ᠮᠢᠨᠦ ᠵᠢᠷᠬᠢᠶ᠎ᠠ ᠵᠢᠨ ᠨᠠᠢᠵᠠ ᠳ᠋ᠤ ᠪᠦᠬᠦ ᠤᠯᠤᠰ᠎ᠤᠨ ᠡᠯ᠎ᠡ ᠭᠠᠵᠠᠷ᠎ᠤᠨ᠂ ᠡᠯ᠎ᠠ ᠦᠨᠳᠦᠰᠦᠳᠡᠨ᠎ᠤ ᠲᠠᠷᠢᠶᠠᠴᠢᠨ ᠨᠠᠢᠵᠠ ᠨᠠᠷ ᠪᠤᠢ》 ᠬᠡᠵᠤ ᠭᠤᠸᠠᠨ ᠬᠤᠢ ᠮᠢᠩ ᠤᠯᠵᠠᠷᠬᠠᠨ ᠶᠠᠷᠢᠯ᠎ᠠ᠃ ᠲᠡᠷᠡ ᠤᠯᠠᠩᠬᠢ ᠳ᠋ᠠᠭᠠᠨ ᠵᠤᠨ ᠪᠤᠯᠤᠬᠰᠠᠭᠠᠷ ᠤᠯᠠᠭᠠᠨᠴᠠᠪ᠎ᠤᠨ ᠡᠯ᠎ᠠ ᠬᠤᠰᠢᠭᠤ ᠰᠢᠶᠠᠨ᠂ ᠬᠦᠬᠡᠬᠤᠲᠠ᠂ ᠤᠷᠳᠤᠰ᠂ ᠠᠯᠠᠱᠠ ᠵᠡᠷᠭᠡ ᠭᠠᠵᠠᠷ᠎ᠵᠢᠡᠷ ᠶᠠᠪᠤᠵᠤ ᠮᠡᠷᠭᠡᠵᠢᠯ ᠲᠦᠬᠡᠮᠡᠯᠵᠢᠬᠦᠯᠵᠦ᠂ ᠨᠠᠮᠤᠷ ᠡᠪᠦᠯ ᠪᠤᠯᠤᠬᠰᠠᠭᠠᠷ ᠶᠦᠨᠨᠠᠨ᠂ ᠬᠦᠢᠵᠸᠤ᠂ ᠬᠠᠢᠨᠠᠨ  ᠵᠡᠷᠭᠡ ᠮᠤᠵᠢ ᠬᠤᠳᠠ ᠳ᠋ᠤ ᠬᠦᠷᠴᠤ ᠲᠡᠨᠳᠡᠬᠢ ᠲᠠᠷᠢᠶᠠᠴᠢᠳ᠎ᠲᠤ ᠮᠡᠷᠭᠡᠵᠢᠯ ᠤᠯᠠᠮᠵᠢᠯᠠᠬᠤ ᠵᠢᠨ ᠲᠠᠭᠠᠤ ᠡᠯ᠎ᠠ ᠦᠨᠳᠦᠰᠦᠳᠡᠨ᠎ᠤ ᠵᠠᠩ ᠲᠠᠳᠬᠠᠯ᠂ ᠰᠤᠶᠤᠯ ᠢᠷᠬᠡᠨᠰᠢᠯ᠂ ᠲᠠᠷᠢᠶᠠᠯᠠᠩ᠎ᠤᠨ ᠮᠡᠷᠭᠡᠵᠢᠯ ᠵᠡᠷᠭᠡ ᠵᠢ ᠨᠢ ᠤᠢᠯᠠᠭᠠᠵᠤ ᠶᠠᠪᠤᠳᠠᠭ᠃ ᠬᠦᠢᠵᠸᠤ ᠮᠤᠵᠢ ᠵᠢᠨ ᠴᠢᠶᠠᠨ ᠰᠢ ᠨᠠᠨ ᠵᠸᠤ ᠵᠢᠨ ᠲᠠᠷᠢᠶᠠᠴᠢᠳ ᠭᠤᠸᠠᠨ ᠬᠤᠢ ᠮᠢᠩ᠎ᠤᠨ ᠰᠠᠨᠠᠭᠤᠯᠭ᠎ᠠ ᠪᠡᠷ ᠴᠢᠯᠠᠭᠤ᠎ᠪᠠᠨ ᠬᠡᠮᠬᠡᠴᠢᠵᠦ᠂ ᠡᠯᠵᠢᠭᠡᠨ ᠴᠢᠬᠢ᠂ ᠭᠠᠳᠢᠷ᠎ᠠ ᠵᠢᠮᠢᠰ ᠳᠠᠷᠢᠬᠰᠠᠨ ᠡᠴᠡ ᠵᠢᠮᠢᠰ ᠨᠢ ᠬᠠᠴᠢᠨ ᠠᠮᠲᠠᠲᠠᠢ ᠪᠣᠯᠵᠤ ᠪᠣᠷᠣᠯᠠᠭᠤᠯᠭ᠎ᠠ ᠨᠢ ᠶᠡᠭᠡ ᠨᠡᠮᠡᠭᠳᠡᠭᠰᠡᠨ ᠪᠠᠢᠯ᠎ᠠ᠃ ᠲᠡᠭᠡᠭᠡᠳ ᠲᠤᠬᠠᠢ ᠵᠢᠨ ᠭᠠᠵᠠᠷ ᠡᠴᠡ ᠲᠡᠭᠦᠨ ᠳ᠋ᠤ᠂《ᠶᠠᠳᠠᠭᠤ᠎ᠠᠴᠠ ᠠᠩᠭᠢᠵᠢᠷᠠᠭᠤᠯᠬᠤ ᠪᠣᠭᠣᠮᠲᠠ ᠰᠢᠪᠲᠤᠯᠬᠤ᠎ᠳᠤ ᠲᠣᠪᠣᠢᠮ᠎ᠠ ᠬᠤᠪᠢ ᠨᠡᠮᠡᠷᠢ ᠦᠵᠡᠭᠦᠯᠦᠭᠴᠢ》ᠵᠢᠨ  ᠢᠷᠠᠭᠤ ᠠᠯᠳᠠᠷ ᠣᠯᠭᠣᠵᠠᠢ᠃

《ᠪᠦᠬᠦ ᠤᠯᠤᠰ ᠎ᠤᠨ ᠲᠡᠷᠢᠭᠦᠨ᠎ᠤ ᠠᠵᠢᠯᠳᠠᠨ》᠂《ᠤᠮᠠᠷᠠᠳᠦ ᠬᠢᠯᠢ ᠵᠢᠨ ᠵᠢᠱᠶ᠋ᠶᠡᠴᠢ》᠂ 《ᠪᠦᠬᠦ ᠤᠷᠤᠨ᠎ᠤ ᠦᠨᠳᠦᠰᠦᠳᠡᠨ᠎ᠤ ᠪᠦᠯᠬᠦᠮᠳᠡᠯ ᠲᠠᠪᠰᠢᠯᠳᠠ ᠵᠢᠨ ᠵᠢᠱᠶ᠋ᠶᠡᠴᠢ ᠬᠤᠪᠢ ᠬᠦᠮᠦᠨ》᠂ 《ᠦᠪᠦᠷ ᠮᠤᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠬᠥᠳᠡᠯᠮᠦᠷᠢ᠎ᠶᠢᠨ ᠵᠢᠱ᠌ᠢᠶᠡᠴᠢ (ᠲᠡᠷᠢᠭᠦᠨ᠎ᠤ ᠠᠵᠢᠯᠳᠠᠨ)》᠂ 《ᠪᠦᠬᠦ ᠤᠯᠤᠰ᠎ᠤᠨ ᠰᠢᠯᠢᠳᠡᠭ ᠰᠢᠨᠵᠢᠯᠡᠭᠦ ᠤᠬᠠᠭᠠᠨ ᠲᠸᠭᠨᠢᠭ ᠮᠡᠷᠭᠡᠵᠢᠯ᠎ᠤᠨ ᠤᠨᠴᠠ ᠲᠤᠮᠢᠯᠠᠬᠳᠠᠬᠴᠢ》᠂《ᠥᠪᠡᠷᠲᠡᠭᠡᠨ ᠵᠠᠰᠠᠬᠤ ᠣᠷᠣᠨ᠎ᠤ ᠲᠣᠪᠣᠢᠮ᠎ᠠ ᠬᠤᠪᠢ ᠨᠡᠮᠡᠷᠢ ᠦᠵᠡᠭᠦᠯᠦᠭᠰᠡᠨ ᠢᠳᠡᠷ ᠵᠠᠯᠠᠭᠤ ᠲᠤᠰᠬᠠᠢ ᠮᠡᠷᠭᠡᠵᠢᠯᠲᠡᠨ》᠂ 《ᠲᠦᠷᠦ᠎ᠶᠢᠨ ᠶᠠᠪᠤᠳᠠᠯ ᠎ᠤᠨ ᠬᠤᠷᠢᠶ᠎ᠠ᠎ᠶᠢᠨ ᠣᠨᠴᠠᠭᠠᠢ ᠤᠯᠭᠤᠮᠵᠢ ᠬᠦᠷᠳᠡᠭᠴᠢ 》 ᠁ ᠠᠯᠢ ᠤᠯᠠᠨ ᠢᠷᠠᠭᠤ ᠠᠯᠳᠠᠷ ᠨᠢ ᠲᠡᠭᠦᠨ᠎ᠤ ᠬᠦᠳᠡᠭᠡ ᠨᠤᠳᠤᠭ᠎ᠲᠤ ᠦᠨᠳᠦᠰᠦᠯᠡᠨ᠂ ᠲᠠᠷᠢᠶᠠᠴᠢᠳ᠎ᠤᠨ ᠲᠤᠮᠳᠠ ᠦᠨᠳᠦᠰᠦ  ᠬᠠᠳᠬᠤᠵᠦ ᠪᠦᠬᠦ ᠰᠡᠳᠬᠢᠯ ᠵᠢᠡᠷ ᠵᠢᠡᠨ ᠦᠢᠯᠡᠴᠢᠯᠡᠭᠰᠡᠨ ᠎ᠤ ᠬᠢᠨᠢ ᠠᠴᠢ ᠬᠠᠷᠢᠭᠤ ᠪᠤᠯᠬᠤ ᠶᠤᠮ᠃

ᠭᠤᠸᠠᠨ ᠬᠤᠢ ᠮᠢᠩ ᠢᠩᠬᠢᠵᠤ ᠭᠠᠯ ᠵᠠᠯᠠᠭᠤ ᠨᠠᠰᠦᠨ᠎ᠳᠠᠭᠠᠨ ᠤᠯᠠᠭᠠᠨᠴᠠᠪ ᠨᠤᠳᠤᠭ ᠲᠦ᠍ ᠢᠳᠡᠭᠡᠰᠢᠨ᠂ ᠲᠦᠴᠢ ᠰᠢᠬᠠᠮ ᠵᠢᠯ᠎ᠤᠨ ᠲᠤᠷᠰᠢ ᠬᠡᠳᠦᠨ ᠠᠷᠪᠠᠨ ᠲᠦᠮᠡᠨ ᠮᠦ᠍ ᠢᠳᠡᠰᠢᠨ ᠨᠣᠭᠣᠭ᠎ᠠ᠎ᠶᠢᠨ ᠦᠢᠯᠡᠳᠪᠦᠷᠢᠯᠡᠯ᠎ᠦᠨ ᠰᠠᠭᠤᠷᠢᠨ ᠳ᠋ᠤ ᠤᠯᠠ ᠮᠦᠷ᠎ᠶ᠋ᠢᠡᠨ ᠲᠠᠮᠠᠭᠠᠯᠠᠨ᠂ ᠮᠢᠩᠭ᠎ᠠ ᠲᠦᠮᠡᠨ ᠲᠠᠷᠢᠶᠠᠴᠢᠳ ᠲᠠᠢ ᠰᠡᠳᠬᠢᠯ᠎ᠤᠨ ᠬᠤᠯᠪᠤᠭ᠎ᠠ ᠪᠠᠢᠭᠤᠯᠵᠦ ᠡᠭᠡᠨᠡᠭᠰᠢᠨ ᠲᠠᠰᠤᠯᠴᠠᠵᠤ ᠢᠳᠡᠭᠡᠰᠢᠨ ᠠᠭᠤᠰᠤᠯᠴᠠᠬᠰᠠᠨ ᠪᠠᠢᠨ᠎ᠠ᠃ 《ᠭᠤᠸᠠᠨ ᠪᠠᠬᠰᠢ ᠪᠤᠯ ᠵᠢᠪ ᠵᠢᠩᠬᠢᠨᠢ ᠰᠤᠳᠤᠯᠭᠠᠨ᠎ᠤ ᠦᠭᠦᠯᠡᠯ ᠵᠢᠡᠨ ᠡᠭᠡ ᠭᠠᠵᠠᠷ᠎ᠲᠤ ᠪᠢᠴᠢᠭᠯᠡᠭᠴᠢ ᠮᠦᠨ》 ᠬᠡᠵᠤ ᠬᠠᠮᠳᠤ ᠰᠤᠳᠤᠯᠭᠠᠨ ᠬᠢᠵᠤ ᠶᠠᠪᠤᠭ᠎ᠠ ᠲᠤᠮᠳᠠᠳᠤ ᠤᠯᠤᠰ᠎ᠤᠨ ᠲᠠᠷᠢᠶᠠᠯᠠᠩ᠎ᠤᠨ ᠶᠡᠭᠡ ᠰᠤᠷᠭᠠᠭᠤᠯᠢ ᠵᠢᠨ ᠼᠠᠢ ᠴᠢᠩ ᠨᠢᠶᠠᠨ ᠫᠷᠤᠹᠸᠰᠰᠤᠷ ᠲᠡᠬᠦᠨ᠎ᠤ ᠲᠤᠬᠠᠢ ᠰᠠᠭᠤᠬᠳᠠᠯ᠎ᠢ᠋ᠢᠡᠨ ᠶᠡᠷᠢᠬᠤ ᠶᠤᠮ᠃ ᠤᠳᠤ ᠵᠢᠷᠠ ᠭᠠᠷᠴᠤ ᠵᠠᠵᠢᠨ ᠦᠰᠦ ᠨᠢ ᠴᠠᠢᠷᠠᠬᠰᠡᠨ ᠴᠸ᠋ ᠲᠡᠷᠡ ᠮᠦᠨ ᠯᠡ ᠡᠳᠦᠷ ᠰᠦᠨᠢ ᠵᠢᠨ ᠡᠭᠡᠯᠵᠢᠨ ᠳ᠋ᠤ ᠪᠤᠷᠪᠢ ᠪᠤᠬᠢᠰᠬᠢᠯ ᠦᠭᠡᠢ ᠠᠵᠢᠯᠯᠠᠵᠤ᠂ ᠦᠨᠳᠦᠰᠦᠳᠡᠨ ᠨᠤᠬᠦᠳ᠎ᠤᠨ ᠤᠯᠠᠨ ᠲᠦᠮᠡᠨ᠎ᠤ ᠪᠠᠶᠠᠵᠢᠯ᠎ᠤᠨ ᠬᠦᠳᠦᠴᠢ᠂ ᠲᠤᠳᠤᠨᠤ ᠨᠠᠢᠵᠠ ᠨᠢ ᠪᠤᠯᠵᠤ᠂ ᠬᠠᠪᠰᠤᠷᠤᠯᠭ᠎ᠠ ᠲᠡᠮᠵᠢᠯᠭᠡ ᠪᠠᠨ ᠬᠠᠷᠠᠮ ᠦᠭᠡᠢ ᠡᠷᠭᠦᠭᠰᠡᠭᠡᠷ᠂ ᠮᠦᠨ ᠯᠡ ᠦᠢᠯᠡᠰ ᠬᠦᠭᠡᠭᠡᠴᠡᠯᠳᠦᠯ ᠵᠢᠡᠨ ᠡᠷᠬᠢᠮᠯᠡᠨ ᠲᠡᠭᠡᠳᠦᠯᠡᠵᠦ᠂ ᠰᠤᠳᠤᠯᠭᠠᠨ᠎ᠤ ᠬᠦᠷᠢᠶ᠎ᠡ ᠴᠠᠷᠠᠭ᠎ᠠ ᠪᠡᠨ ᠦᠷᠭᠡᠳᠭᠡᠨ ᠲᠡᠯᠡᠭᠰᠡᠭᠡᠷ  ᠁

ᠤᠯᠠᠭᠠᠨᠴᠠᠪ  ᠨᠤᠳᠤᠭ᠎ᠤᠨ  ᠬᠠᠯᠠᠭᠤᠨ ᠬᠦᠷᠦᠰᠦᠨ ᠳ᠋ᠤ᠂ ᠡᠭᠡ ᠤᠯᠤᠰ᠎ᠤᠨ ᠵᠢᠡᠨ ᠲᠤᠷᠭᠠᠨ ᠬᠢᠯᠢ᠎ᠵᠢ ᠭᠤᠴᠢᠨ ᠵᠢᠯ ᠮᠡᠨᠠᠬᠰᠡᠨ ᠦᠯᠵᠠᠢᠪᠡᠳᠦ᠂ ᠢᠳᠡᠰᠢᠨ ᠨᠤᠭᠤᠭᠠᠨ᠎ᠤ ᠤᠢᠯᠡᠰ ᠲᠸ᠋ ᠲᠦᠴᠢ ᠰᠢᠬᠠᠮ ᠵᠢᠯ ᠵᠢᠳᠬᠦᠭᠰᠡᠨ ᠭᠤᠸᠠᠨ ᠬᠤᠢ ᠮᠢᠩ ᠨᠡᠷ᠎ᠤᠨ ᠦᠢᠯᠡ ᠠᠵᠢᠯᠯᠠᠭ᠎ᠠ ᠰᠠᠢᠬᠠᠨ ᠰᠤᠨᠤᠰᠬᠠᠯ ᠪᠤᠯᠤᠨ ᠲᠠᠮᠵᠢᠬᠳᠠᠨ᠎ᠠ᠃ ᠲᠠᠨᠳᠠ ᠦᠨᠳᠦᠰᠦᠳᠡᠨ᠎ᠨᠤᠬᠦᠳ᠎ᠤᠨ ᠤᠯᠠᠨ ᠲᠦᠮᠡᠨ ᠵᠢᠷᠤᠭᠡ ᠰᠡᠳᠬᠢᠯ ᠵᠢᠨᠷ ᠬᠤᠯᠪᠤᠯᠴᠠᠨ᠂ ᠡᠶ᠎ᠡ ᠨᠠᠢᠷᠳᠠᠢ ᠲᠦᠰᠢᠯᠴᠡᠨ ᠠᠮᠢᠳᠤᠷᠠᠵᠤ᠂ ᠢᠳᠡᠭᠡᠯ ᠪᠢᠰᠢᠷᠠᠯ᠂ ᠬᠦᠰᠠᠯ ᠬᠦᠭᠡᠭᠡᠴᠡᠯᠳᠦᠯ᠂ ᠦᠵᠠᠯ ᠪᠠᠷᠢᠮᠳᠠᠯᠠᠯ᠂ ᠵᠢᠳᠭᠦᠯ ᠴᠢᠷᠮᠠᠢᠯᠭ᠎ᠠ ᠁ ᠪᠦᠬᠦᠨ ᠵᠢᠡᠷ ᠵᠢᠡᠨ ᠬᠠᠷᠢᠯᠴᠠᠨ ᠬᠠᠪᠰᠤᠷᠤᠯᠴᠠᠵᠤ ᠰᠠᠬᠢᠨ ᠪᠠᠷᠠᠯᠠᠬᠰᠠᠨ ᠢᠷᠠᠭᠤ ᠲᠠᠭᠤᠯᠠᠯ᠎ᠢ ᠪᠢᠴᠢᠭᠯᠡᠵᠦ᠂ ᠦᠨᠲᠦᠰᠦᠳᠡᠨ ᠨᠤᠬᠦᠳ ᠪᠦᠯᠬᠦᠮᠳᠡᠨ ᠲᠠᠪᠰᠢᠬᠰᠠᠨ ᠵᠢᠱᠶ᠋ᠶᠡᠴᠢ ᠦᠪᠡᠷᠳᠡᠭᠡᠨ ᠵᠠᠰᠠᠬᠤ ᠤᠷᠤᠨ᠎ᠤ ᠲᠦᠷᠢ ᠲᠦᠷᠬᠦ᠎ᠳᠦ ᠦᠡᠭᠭᠡ ᠭᠠᠯᠪᠢᠷ ᠨᠠᠮᠠᠷᠢᠯᠡᠨ᠎ᠠ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号