ᠬᠤᠯᠪᠤᠭᠠᠰᠦ ᠄
● ᠰᠠᠢᠬᠠᠨ ᠲᠣᠭᠣᠷᠢᠭ 《ᠪᠥᠬᠥ᠌ ᠤᠯᠤᠰᠤᠨ ᠦᠨᠳᠦᠰᠦᠲᠡᠨᠦ ᠪᠦᠯᠬᠦᠮᠳᠡᠯ ᠳᠠᠪᠱᠢᠯᠲᠠᠶ᠋ᠢ ᠡᠭᠦᠳᠦᠨ ᠪᠠᠢᠭᠤᠯᠤᠬᠰᠠᠨ ᠵᠢᠱ᠌ᠢᠶ᠎ᠡ ᠦᠵᠡᠭᠦᠯᠬᠦ᠌ ᠲᠤᠭᠤᠷᠢᠭ》᠂ 《ᠥᠪᠡᠷᠲᠡᠭᠡᠨ ᠵᠠᠰᠠᠬᠤ ᠣᠷᠣᠨᠤ ᠦᠨᠳᠦᠰᠦᠲᠡᠨᠦ ᠪᠦᠯᠬᠦᠮᠳᠡᠯ ᠳᠠᠪᠱᠢᠯᠲᠠᠶ᠋ᠢ ᠡᠭᠦᠳᠦᠨ ᠪᠠᠢᠭᠤᠯᠤᠬᠰᠠᠨ ᠵᠢᠱ᠌ᠢᠶ᠎ᠡ ᠦᠵᠡᠭᠦᠯᠬᠦ᠌ ᠲᠤᠭᠤᠷᠢᠭ》 ᠵᠡᠷᠭᠡ ᠢᠷᠡᠭᠤ ᠠᠯᠳᠠᠷ ᠢ᠋ ᠤᠯᠠᠨᠲᠠ ᠬᠦᠷᠲᠡᠵᠡᠢ᠃
● 2022 ᠣᠨᠤ ᠡᠴᠦᠰ ᠪᠣᠯᠲᠠᠯ᠎ᠠ᠂ ᠰᠠᠢᠬᠠᠨ ᠲᠤᠭᠤᠷᠢᠭ ᠡᠴᠡ 1 ᠤᠯᠤᠰᠤᠨ ᠲᠠᠰᠤᠨ᠂ 7 ᠥᠪᠡᠷᠲᠡᠭᠡᠨ ᠵᠠᠰᠠᠬᠤ ᠣᠷᠣᠨᠤ ᠲᠠᠰᠤᠨ ᠂ 112 ᠬᠣᠲᠠ᠎ᠶ᠋ᠢᠨ ᠲᠠᠰᠤᠨ᠂ 131 ᠲᠣᠰ ᠱᠠᠲᠤᠨᠤ ᠲᠡᠰᠤᠨ ᠦᠨᠳᠦᠰᠦᠲᠡᠨᠦ ᠪᠦᠯᠬᠦᠮᠳᠡᠯ ᠳᠠᠪᠱᠢᠯᠲᠠᠶ᠋ᠢ ᠡᠭᠦᠳᠦᠨ ᠪᠠᠢᠭᠤᠯᠤᠭ᠍ᠰᠠᠨ ᠵᠢᠱ᠌ᠢᠶ᠎ᠡ ᠦᠵᠡᠭᠦᠯᠬᠦ᠌ ᠨᠢᠭᠡᠴᠢ ᠴᠣᠯᠭᠣᠷᠠᠨ ᠭᠠᠷᠴᠠᠶ᠃
● ᠰᠠᠢᠬᠠᠨ ᠲᠤᠭᠤᠷᠢᠭ 《ᠤᠯᠠᠭᠠᠨ ᠠᠨᠠᠷ ᠤ᠋ᠨ ᠮᠥᠷᠥᠢᠴᠡᠭᠡᠨ》ᠦᠨᠳᠦᠰᠦᠲᠡᠨ ᠤ᠋ ᠪᠦᠯᠬᠦᠮᠳᠡᠯ ᠳᠠᠪᠰᠢᠯᠲᠠ ᠵᠢ ᠡᠭᠦᠳᠦᠨ ᠪᠠᠢᠭᠤᠯᠬᠤ ᠲᠦᠷᠦᠯ ᠲᠡᠮᠲᠡᠭ ᠲᠦ᠍ ᠲᠦᠰᠢᠭᠯᠡᠨ ᠂ 122 ᠨᠡᠢᠭᠡᠮ ᠲᠣᠭᠣᠷᠢᠭ ᠪᠦᠬᠦᠨ ᠶ᠋ᠢᠡᠷ ᠶ᠋ᠢᠡᠨ ᠤᠯᠠᠭᠠᠨ ᠠᠨᠠᠷ ᠥᠷᠲᠡᠭᠡ ᠪᠠᠢᠭᠤᠯᠵᠤ᠂ ᠦᠨᠳᠦᠰᠦᠲᠡᠨ ᠨᠤᠭᠦᠳ ᠤ᠋ᠨ ᠠᠷᠠᠳ ᠲᠦᠮᠡᠨ ᠳ᠋ᠦ ᠦᠢᠯᠡᠴᠢᠯᠡᠵᠦ ᠪᠠᠢᠨ᠎ᠠ᠃

ᠬᠦᠬᠡᠬᠤᠳᠠ ᠵᠢᠨ ᠲᠦᠷᠪᠠᠨ ᠲᠤᠭᠤᠷᠢᠭ ᠲᠠᠪᠤᠨ ᠬᠤᠰᠢᠭᠤ ᠰᠢᠶᠠᠨᠤ ᠲᠤᠳᠤᠷ᠎ᠠ ᠠᠵᠤ ᠠᠬᠤᠢ ᠵᠢᠨ ᠶᠡᠷᠦᠩᠬᠡᠢᠯᠡᠭᠰᠡᠨ ᠬᠦᠴᠦᠨᠢᠶᠡᠷ ᠬᠠᠮᠤᠭᠤᠨ ᠬᠦᠴᠦᠷᠭᠡᠭ ᠨᠢ ᠰᠠᠢᠬᠠᠨ ᠲᠤᠭᠤᠷᠢᠭ᠃ ᠬᠤᠳᠠ ᠵᠢᠨ ᠭᠤᠤᠯ ᠲᠦᠪᠢ ᠡᠵᠡᠯᠡᠵᠤ ᠰᠠᠭᠤᠬᠰᠠᠨ ᠤᠷᠤᠨ ᠪᠠᠢᠷᠢᠯᠠᠯᠤᠨ ᠲᠠᠪᠠᠭᠤᠯᠢᠭ ᠵᠢᠴᠢ ᠦᠪ ᠵᠤᠵᠠᠭᠠᠨ ᠲᠡᠦᠬᠡ ᠰᠤᠶᠤᠯ᠂ ᠦᠨᠢᠷ ᠪᠠᠶᠠᠯᠢᠭ ᠪᠠᠢᠭᠠᠯᠢ ᠵᠢᠨ ᠦᠵᠡᠮᠵᠢ᠂ ᠲᠦᠷᠪᠡᠨ ᠵᠦᠭ ᠨᠠᠶ᠋ᠮᠠᠨ ᠵᠤᠪᠬᠢᠰ ᠲᠤ᠌ ᠨᠡᠪᠳᠡᠷᠡᠭᠰᠡᠨ ᠵᠠᠮ ᠬᠠᠷᠢᠯᠴᠠᠭ᠎ᠠ᠂ ᠦᠷᠨᠢᠨ ᠬᠦᠭᠵᠢᠭᠰᠡᠨ ᠠᠷᠠᠯᠵᠢᠶ᠎ᠠ ᠬᠤᠳᠠᠯᠳᠤᠭ᠎ᠠ᠂ ᠠᠵᠤ ᠦᠢᠯᠡᠰᠤᠨ ᠰᠠᠭᠤᠷᠢ ᠪᠡᠬᠢᠯᠢᠭ ᠵᠡᠷᠬᠡ ᠤᠯᠠᠨ ᠲᠠᠯ᠎ᠠ ᠵᠢᠨ ᠨᠦᠬᠦᠴᠡᠯ ᠡᠴᠡ ᠭᠠᠳᠠᠨ᠎ᠠ᠂ ᠲᠤᠰ ᠲᠤᠭᠤᠷᠢᠭᠤᠨ 44 ᠦᠨᠳᠦᠰᠦᠳᠡᠨ ᠨᠤᠬᠦᠳᠤᠨ ᠠᠷᠠᠳ ᠲᠦᠮᠡᠨᠤ ᠠᠨᠠᠷᠤᠨ ᠦᠷ᠎ᠠ ᠰᠢᠭ ᠪᠦᠯᠬᠦᠮᠳᠡᠨ ᠨᠢᠬᠳᠠᠷᠠᠵᠤ᠂ ᠠᠵᠢᠯᠴᠢ ᠬᠤᠶᠠᠷ ᠭᠠᠷᠢᠶᠡᠷᠢᠶᠡᠨ ᠠᠵᠢᠯ ᠬᠢᠵᠤ ᠦᠢᠯᠡᠰ ᠪᠤᠰᠬᠠᠬᠰᠠᠨ ᠯᠤᠭ᠎ᠠ ᠰᠠᠯᠵᠤ ᠪᠤᠯᠤᠰᠢ ᠦᠬᠡᠢ ᠬᠠᠷᠢᠴᠠᠭ᠎ᠠ ᠲᠠᠢ ᠠᠵᠢ᠃ ᠲᠡᠬᠡᠬᠦ ᠪᠡᠷᠢᠶᠡᠨ ᠰᠠᠢᠬᠠᠨ ᠲᠤᠭᠤᠷᠢᠭ ᠨᠢ《ᠪᠥᠬᠥ᠌ ᠤᠯᠤᠰᠤᠨ ᠦᠨᠳᠦᠰᠦᠲᠡᠨᠦ ᠪᠦᠯᠬᠦᠮᠳᠡᠯ ᠳᠠᠪᠱᠢᠯᠲᠠᠶ᠋ᠢ ᠡᠭᠦᠳᠦᠨ ᠪᠠᠢᠭᠤᠯᠤᠬᠰᠠᠨ ᠵᠢᠱ᠌ᠢᠶ᠎ᠡ ᠦᠵᠡᠭᠦᠯᠬᠦ᠌ ᠲᠤᠭᠤᠷᠢᠭ》 ᠬᠡᠬᠦ ᠢᠷᠡᠭᠤ ᠠᠯᠳᠠᠷ ᠲᠠᠢ᠂ ᠡᠨᠡ ᠬᠦ᠌ ᠢᠷᠠᠭᠤ ᠠᠯᠳᠠᠷᠤᠨ ᠠᠷᠤ ᠳ᠋ᠡᠬᠢ ᠲᠠᠭᠤᠤ ᠵᠢ ᠲᠠᠭᠤᠯᠠᠵᠤ ᠪᠠᠷᠠᠰᠢ ᠦᠬᠡᠢ᠂ ᠲᠠᠭᠤᠯᠠᠵᠤ ᠪᠠᠷᠠᠰᠢ ᠦᠬᠡᠢ ᠡᠨᠡ ᠲᠠᠭᠤᠤ ᠳ᠋ᠤ ᠲᠤᠭᠤᠯᠵᠤ ᠪᠠᠷᠠᠰᠢ ᠦᠬᠡᠢ ᠦᠯᠢᠬᠡᠷ ᠲᠠᠢ᠂ ᠲᠤᠭᠤᠯᠵᠤ ᠪᠠᠷᠠᠰᠢ ᠦᠬᠡᠢ ᠦᠯᠢᠬᠡᠷᠤᠨ ᠬᠢᠨᠢ ᠵᠠᠬ᠎ᠠ ᠵᠤᠬ᠎ᠠ ᠡᠴᠡ ᠨᠢ ᠡᠯᠬᠦᠬᠦ ᠲᠡᠳᠦᠢ ᠡᠨᠳᠡ᠃
ᠲᠤᠷ᠎ᠠ ᠪᠠᠬ᠎ᠠ ᠪᠡᠷᠢᠶᠡᠨ ᠨᠡᠢᠯᠡᠭᠰᠡᠨ ᠲᠤᠯᠠᠭᠠᠨ ᠪᠦᠯᠢ
7 ᠰᠠᠷ᠎ᠠ ᠵᠢᠨ 20ᠤ᠋ ᠦᠷᠯᠦᠬᠡ ᠠᠷᠠᠢ 9 ᠴᠠᠭ ᠪᠤᠯᠬᠤ ᠡᠴᠡ ᠡᠮᠦᠨ᠎ᠡ᠂ ᠰᠠᠢᠬᠠᠨ ᠲᠤᠭᠤᠷᠢᠭᠤᠨ ᠶᠡᠬᠡ ᠰᠤᠷᠭᠠᠭᠤᠯᠢ ᠪᠠᠷᠠᠭᠤᠨ ᠵᠠᠮ ᠵᠡᠬᠡᠯᠢ ᠭᠤᠳᠤᠮᠵᠢ ᠵᠢᠨ ᠲᠠᠪᠰᠢᠯᠳᠠ ᠭᠤᠲᠤᠮᠵᠢ ᠨᠡᠢᠬᠡᠮ ᠲᠤᠭᠤᠷᠢᠭᠤᠨ ᠰᠠᠭᠤᠭᠠᠯᠢ ᠠᠷᠠᠳᠤᠨ ᠵᠦᠪᠯᠡᠯᠤᠨ ᠠᠯᠪᠠᠯᠠᠬᠤ ᠠᠰᠠᠷᠤᠨ ᠭᠤᠷᠪᠠᠳᠤᠭᠠᠷ ᠲᠠᠪᠬᠤᠷᠯᠢᠭᠤᠨ ᠠᠰᠠᠷᠤᠨ ᠭᠤᠲᠤᠮᠵᠢ ᠶ᠋ᠢᠨ ᠪᠠᠷᠠᠭᠤᠨ ᠦᠵᠦᠭᠦᠷ ᠲᠡᠬᠢ ᠦᠷᠦᠭᠡ ᠡᠴᠡ ᠰᠤᠨᠤᠰᠳᠠᠬᠤ ᠬᠢᠲᠠᠳ ᠮᠤᠡᠭᠭᠤᠯ ᠬᠡᠯᠡ ᠪᠡᠷ ᠨᠡᠷᠬᠢᠯᠳᠤᠨ ᠶᠠᠷᠢᠯᠴᠠᠬᠤ ᠳᠠᠭᠤᠨ ᠶᠠᠭᠠᠬᠢᠬᠤ ᠵᠢᠨ ᠠᠷᠭ᠎ᠠ ᠦᠬᠡᠢ ᠪᠢᠳᠡᠨ ᠤ᠋ ᠠᠡᠭᠬᠠᠷᠤᠯ ᠢ᠋ ᠲᠠᠲᠠᠯ᠎ᠠ᠃ ᠤᠢᠷᠠᠳᠤᠭᠠᠳ ᠤᠴᠢᠪᠠᠯ ᠡᠬᠦᠳᠡᠨ ᠬᠠᠵᠠᠭᠤ ᠳ᠋ᠡᠬᠢ ᠬᠡᠷᠡᠮ ᠲᠡᠭᠡᠷ᠎ᠡ ᠨᠠᠭᠠᠬᠰᠠᠨ 《ᠤᠯᠠᠭᠠᠨ ᠠᠨᠠᠷ ᠦᠷᠲᠡᠭᠡ》 ᠬᠡᠬᠦ ᠤᠯᠠᠭᠠᠨ ᠦᠩᠬᠡ ᠲᠠᠢ ᠬᠡᠳᠦᠨ ᠦᠰᠦᠭ ᠤᠨᠴᠠ ᠵᠢᠨ ᠢᠯᠠᠳᠠᠢ ᠬᠠᠷᠠᠬᠳᠠᠨ᠎ᠠ᠃
ᠡᠨᠳᠡ᠂ ᠲᠤᠯᠤᠭ᠎ᠠ ᠨᠠᠶ᠋ᠮᠠᠨ ᠬᠦᠮᠦᠨ ᠨᠢᠬᠡᠨ ᠭᠤᠶᠤ ᠬᠢᠴᠡᠳᠠᠢ ᠠᠷᠠᠰᠤᠨ ᠪᠤᠬᠴᠤ ᠵᠢ ᠲᠤᠭᠤᠷᠢᠵᠤ ᠰᠠᠭᠤᠭᠠᠳ ᠱᠠᠬᠰᠢᠨ ᠪᠠᠬᠠᠷᠬᠠᠵᠤ ᠤᠷᠮ᠎ᠠ ᠲᠠᠢ ᠶᠠᠷᠢᠯᠴᠠᠵᠠᠭᠠᠨ᠎ᠠ᠃ ᠬᠦᠮᠦᠨ ᠤᠷᠤᠵᠤ ᠢᠷᠡᠭᠰᠡᠨᠢ ᠦᠵᠡᠬᠡᠳ ᠲᠠᠳᠠᠨᠤ ᠲᠤᠲᠤᠷᠠᠬᠢ ᠦᠨᠳᠦᠷᠬᠡᠨ ᠪᠡᠶ᠎ᠠ ᠲᠠᠢ ᠨᠢᠬᠡᠨ ᠵᠠᠯᠠᠭᠤ ᠪᠤᠰᠴᠤ ᠵᠤᠬᠰᠤᠨ ᠭᠠᠷ ᠠᠳᠬᠤᠨ ᠮᠠᠨᠤᠰ ᠲᠠᠢ ᠠᠮᠤᠷ ᠮᠡᠨᠳᠤ ᠪᠠᠨ ᠠᠰᠠᠭᠤᠯᠴᠠᠪᠠ᠃ ᠡᠨᠡ ᠵᠠᠯᠠᠭᠤ ᠵᠢ ᠭᠠᠨᠳᠢᠷ ᠬᠡᠳᠡᠭ᠃

ᠨᠢᠳᠦᠨ ᠰᠢᠯ ᠤ᠋ᠨ ᠬᠢᠨᠢ ᠴᠠᠭᠠᠨ᠎ᠠ ᠡᠴᠡ ᠴᠤᠭᠲᠠᠢ ᠬᠢᠯᠠᠯᠵᠠᠬᠤ ᠨᠢᠳᠦᠨ ᠡᠴᠡ ᠨᠢ ᠲᠦᠪ ᠴᠢᠡᠭᠭ᠎ᠠ ᠤᠪᠤᠷ᠂ ᠬᠢᠷᠠᠬᠠᠢ ᠰᠡᠷᠬᠦᠯᠡᠩ ᠬᠠᠷᠠᠴᠠ ᠲᠤᠨᠤᠷᠠᠵᠤ ᠠᠯᠢᠪᠠ ᠪᠦᠬᠦᠨ ᠢ᠋ ᠲᠤᠡᠭᠭᠠᠬᠤ ᠤᠬᠠᠭᠠᠨ ᠲᠤᠳᠤᠬᠠᠨ ᠬᠠᠷᠠᠭᠳᠠᠨ᠎ᠡ᠃ ᠦᠵᠡᠬᠦ ᠳ᠋ᠤ ᠭᠠᠯ ᠵᠠᠯᠠᠭᠤ ᠪᠤᠯᠪᠠᠴᠤ ᠲᠡᠷᠡ ᠶᠡᠬᠡ ᠰᠤᠷᠭᠠᠭᠤᠯᠢ ᠪᠠᠨ ᠲᠡᠬᠦᠰᠦᠭᠡᠳ ᠨᠢᠬᠡᠨᠳᠡ ᠠᠷᠪᠠᠨ ᠵᠢᠯ ᠪᠤᠯᠵᠠᠢ᠃ ᠲᠡᠷᠡ ᠪᠡᠷ 2012 ᠤᠨ ᠳ᠋ᠦ ᠦᠪᠦᠷ ᠮᠤᠨᠭᠭᠤᠯᠤᠨ ᠪᠠᠭᠰᠢ ᠶ᠋ᠢᠨ ᠶᠡᠬᠡ ᠰᠤᠷᠭᠠᠭᠤᠯᠢ ᠶ᠋ᠢᠨ ᠵᠢᠷᠤᠵᠤ ᠲᠦᠯᠦᠪᠯᠡᠬᠦ ᠮᠡᠷᠭᠡᠵᠢᠯ ᠶ᠋ᠢᠡᠷ ᠲᠡᠭᠦᠰᠴᠦ᠂ ᠠᠯᠪᠠᠲᠠᠨ ᠤ᠋ ᠰᠢᠯᠭᠠᠯᠲᠠ ᠳ᠋ᠦ ᠤᠷᠤᠯᠴᠠᠭᠰᠠᠨ ᠦᠭᠡᠢ᠂ ᠠᠷᠠᠳ ᠤ᠋ᠨ ᠪᠠᠭᠰᠢ ᠪᠤᠯᠬᠤ ᠭᠡᠵᠦ ᠲᠡᠮᠡᠦᠯᠦᠭᠰᠡᠨ ᠦᠭᠡᠢ᠂ ᠬᠠᠷᠢᠨ ᠦᠪᠡᠷ ᠤᠨ ᠭᠡᠷ ᠲᠡᠬᠡᠨ ᠨᠢᠭᠡᠨ ᠵᠢᠵᠢᠭᠭᠡᠨ ᠠᠵᠢᠯᠯᠠᠬᠤ ᠦᠷᠦᠭᠡ ᠭᠠᠷᠭᠠᠵᠤ᠂ ᠦᠪᠡᠷᠤᠨ ᠬᠠᠮᠤᠭᠤᠨ ᠲᠤᠷ᠎ᠠ ᠪᠠᠬᠠᠳᠠᠢ ᠠᠷᠠᠰᠤᠨ ᠡᠳ᠋ᠯᠡᠯ ᠬᠡᠷᠡᠭᠰᠡᠯ ᠬᠢᠬᠦ ᠮᠡᠷᠬᠡᠵᠢᠯᠢᠶᠡᠨ ᠬᠠᠶᠠᠬᠤ ᠦᠬᠡᠢ ᠬᠡᠮᠡᠨ ᠪᠠᠶ᠎ᠠ ᠪᠠᠨ ᠲᠠᠭᠠᠭᠠᠵᠤ ᠦᠢᠯᠡᠰ ᠪᠤᠰᠬᠠᠬᠤ ᠵᠠᠮᠢᠶᠡᠷ ᠵᠠᠮᠨᠠᠬᠰᠠᠨ ᠪᠠᠢᠨ᠎ᠠ᠃
ᠨᠢᠬᠡ ᠲᠠᠯ᠎ᠠ ᠪᠡᠷ ᠠᠷᠠᠰᠤᠨ ᠡᠳ᠋ᠯᠡᠯ ᠬᠢᠬᠦ ᠤᠷ᠎ᠠ ᠮᠡᠷᠬᠡᠵᠢᠯᠢᠶᠡᠨ ᠰᠢᠮᠳᠠᠨ ᠲᠡᠭᠡᠭᠰᠢᠯᠡᠬᠦᠯᠵᠤ ᠨᠦᠬᠦᠬᠡ ᠲᠠᠯ᠎ᠠ ᠪᠡᠷ ᠵᠠᠬ᠎ᠠ ᠳᠡᠯᠭᠡᠭᠦᠷ ᠲᠦ᠍ ᠪᠠᠢᠴᠠᠭᠠᠯᠲᠠ ᠬᠢᠵᠦ᠂ ᠪᠤᠷᠤᠯᠠᠭᠤᠯᠭ᠎ᠠ ᠶ᠋ᠢᠨ ᠠᠷᠭ᠎ᠠ ᠵᠠᠮ ᠰᠦᠪᠡᠭᠴᠢᠯᠡᠨ ᠪᠠᠢᠵᠤ᠂ 2016 ᠤᠨ ᠤ᠋ 8 ᠰᠠᠷ᠎ᠠ ᠳ᠋ᠤ᠌ ᠬᠦᠬᠡᠬᠤᠳᠠ ᠵᠢᠨ ᠵᠢᠨ ᠴᠤᠸᠠᠨ ᠨᠡᠬᠡᠭᠡᠯᠲᠡ ᠶ᠋ᠢᠨ ᠲᠤᠭᠤᠷᠢᠭ ᠲᠦ᠍ 300 ᠭᠠᠷᠤᠢ ᠲᠡᠭᠰᠢ ᠳᠦᠷᠪᠡᠯᠵᠢᠨ ᠮᠸᠲᠷ ᠲᠠᠯᠠᠪᠠᠢ ᠪᠦᠬᠦᠢ ᠦᠢᠯᠡᠳᠪᠦᠷᠢ ᠵᠢ ᠲᠦᠷᠢᠶᠡᠰᠦᠯᠡᠵᠤ᠂ ᠦᠪᠦᠷ ᠮᠤᠡᠭᠭᠤᠯ ᠤ᠋ᠨ ᠦᠨᠳᠦᠷ ᠰᠤᠶᠤᠯ ᠤᠯᠠᠮᠵᠢᠯᠠᠯᠤᠨ ᠬᠢᠵᠠᠭᠠᠷᠲᠤ ᠺᠤᠮᠫᠠᠨᠢ ᠵᠢ ᠪᠠᠢᠭᠤᠯᠵᠤ ᠠᠰᠢᠬᠯᠠᠯᠳᠠ ᠳ᠋ᠤ᠌ ᠤᠷᠤᠭᠤᠯᠵᠤ᠂ ᠮᠤᠳᠤᠨ ᠰᠠᠢᠯᠦᠮᠡᠯ᠂ ᠠᠷᠠᠰᠤᠨ ᠡᠳ᠋ᠯᠡᠯ ᠬᠡᠷᠡᠭᠰᠡᠯ ᠵᠡᠷᠭᠡ ᠭᠠᠷ ᠤᠷᠠᠯᠠᠯ ᠤ᠋ᠨ ᠪᠦᠲᠦᠭᠡᠭᠳᠡᠭᠦᠨ ᠢ᠋ ᠦᠢᠯᠡᠳᠪᠦᠷᠢᠯᠡᠵᠤ ᠪᠤᠷᠤᠯᠠᠭᠤᠯᠬᠤ ᠵᠢ ᠬᠠᠪᠰᠤᠷᠭᠠᠨ᠂ ᠤᠷᠠᠯᠠᠯ ᠰᠡᠢᠯᠦᠮᠡᠯ ᠤ᠋ᠨ ᠵᠠᠬ᠎ᠠ ᠳᠤ ᠦᠪᠡᠷ ᠤ᠋ᠨ ᠭᠡᠰᠡᠨ ᠤᠷᠤᠨ ᠵᠠᠢ ᠪᠠᠨ ᠡᠵᠡᠯᠡᠵᠦ ᠶᠠᠪᠤᠨ᠎ᠠ᠃
ᠲᠡᠭᠡᠭᠡᠳ ᠰᠠᠢᠬᠠᠨ ᠲᠤᠭᠤᠷᠢᠭ ᠤ᠋ᠨ ᠦᠨᠳᠦᠰᠦᠲᠡᠨᠤ ᠬᠡᠷᠡᠭ ᠡᠷᠬᠢᠯᠡᠬᠦ ᠵᠦᠪᠯᠡᠯ ᠤ᠋ᠨ ᠲᠠᠨᠢᠯᠴᠠᠭᠤᠯᠭ᠎ᠠ ᠪᠡᠷ ᠲᠡᠷᠡ ᠪᠡᠷ 2019 ᠤᠨ ᠳ᠋ᠦ ᠲᠠᠪᠰᠢᠯᠳᠠ ᠭᠤᠲᠤᠮᠵᠢ ᠨᠡᠢᠭᠡᠮ ᠲᠤᠭᠤᠷᠢᠭ ᠤ᠋ᠨ 《ᠤᠯᠠᠭᠠᠨ ᠠᠨᠠᠷ ᠦᠷᠲᠡᠭᠡ》 ᠳ᠋ᠦ ᠢᠷᠠᠵᠤ ᠰᠠᠭᠤᠵᠤ᠂ ᠨᠡᠢᠭᠡᠮ ᠲᠤᠭᠤᠷᠢᠭ ᠤ᠋ᠨ ᠠᠷᠠᠰᠤᠨ ᠤᠷᠠᠯᠠᠯ ᠳ᠋ᠦ ᠳᠤᠷ᠎ᠠ ᠪᠠᠬ᠎ᠠ ᠲᠠᠢ ᠬᠦᠮᠦᠰ ᠲᠦ᠍ ᠪᠤᠯᠪᠠᠰᠤᠷᠠᠯ ᠬᠦᠷᠲᠡᠭᠡᠬᠦ ᠠᠵᠢᠯᠢ ᠡᠬᠦᠷᠭᠡᠯᠡᠵᠤ ᠪᠢᠯᠠ᠃ ᠡᠨᠳᠡ ᠴᠤᠬᠯᠠᠷᠠᠬᠰᠠᠨ ᠬᠢᠳᠡᠳ᠂ ᠮᠤᠩᠭᠤᠯ᠂ ᠰᠤᠯᠤᠩᠭᠤᠰ ᠬᠡᠬᠦᠴᠢᠯᠠᠨ ᠢᠳᠡᠷ᠂ ᠵᠠᠯᠠᠭᠤ᠂ ᠦᠳᠡᠯᠦᠭᠰᠡᠳ ᠴᠦᠮ ᠠᠳᠠᠯᠢᠬᠠᠨ ᠲᠤᠷ᠎ᠠ ᠪᠠᠬ᠎ᠠ ᠳᠤ ᠬᠦᠳᠦᠯᠦᠭᠳᠡᠵᠤ ᠠᠷᠠᠰᠤᠨ ᠤᠷᠠᠯᠠᠯ ᠰᠤᠷᠬᠤ ᠪᠡᠷ ᠢᠷᠡᠭᠰᠡᠨ ᠪᠠᠢᠨ᠎ᠠ᠃
— ᠰᠠᠶᠢ ᠡᠭᠢᠯᠡᠬᠦ ᠦᠶ᠎ᠠ ᠳ᠋ᠤ᠌ ᠮᠠᠨ ᠤ᠋ ᠨᠡᠢᠭᠡᠮ ᠲᠣᠭᠣᠷᠢᠭᠤᠨ ᠨᠠᠮᠤᠨ ᠡᠭᠦᠷ ᠦᠨᠳᠦᠰᠦᠲᠡᠨᠨᠦᠭᠦᠳᠦᠨ ᠠᠷᠠᠳ ᠲᠦᠮᠡᠨ ᠢ᠋ ᠨᠠᠩ ᠰᠠᠢᠲᠤᠷ ᠳᠠᠭᠠᠭᠤᠯᠤᠨ ᠪᠦᠯᠬᠦᠮᠳᠡᠭᠦᠯᠬᠦ᠌ ᠵᠢᠵᠢᠭ ᠵᠢᠬᠰᠠᠭᠠᠯᠤᠨ ᠭᠠᠵᠠᠷᠢ ᠡᠬᠦᠳᠬᠦᠵᠤᠷᠢᠯᠭᠠ ᠪᠡᠷ ᠲᠤᠰ 〈ᠤᠯᠠᠭᠠᠨ ᠠᠨᠠᠷ ᠦᠷᠲᠡᠭᠡ〉 ᠵᠢ ᠪᠠᠢᠭᠤᠯᠤᠬᠰᠠᠨ ᠶᠤᠮ᠃ ᠰᠠᠨᠠᠭᠠᠨ ᠡᠴᠡ ᠭᠠᠳᠠᠭᠤᠷ ᠬᠠᠷᠢᠶ᠎ᠠ ᠣᠷᠣᠨᠤ ᠰᠠᠭᠤᠭᠠᠯᠢ ᠠᠷᠠᠳᠤᠨ ᠠᠵᠢᠯ ᠣᠯᠵᠤ ᠦᠶ᠋ᠯᠡᠰ ᠪᠤᠰᠬᠠᠬᠤᠶ᠋ᠢ ᠢᠳᠡᠪᠬᠢᠳᠡᠢ ᠳᠠᠢᠴᠢᠯᠠᠨ ᠤᠳᠤ ᠪᠣᠯᠲᠠᠯ᠎ᠠ ᠲᠠᠪᠤᠨ ᠬᠤᠭᠤᠴᠠᠭᠠᠨᠤ ᠪᠣᠯᠪᠠᠰᠤᠷᠠᠯᠤᠨ ᠠᠩᠭᠢ ᠡᠷᠬᠢᠯᠡᠵᠦ᠍᠂ 65 ᠰᠤᠷᠤᠯᠭᠠᠳᠠᠨᠢ ᠡᠯᠰᠡᠵᠦ᠍᠂ 26 ᠬᠥᠮᠦᠨ ᠨᠢ ᠨᠢᠬᠡᠨᠳᠡ ᠠᠵᠢᠯ ᠣᠯᠬᠤ ᠪᠤᠶᠤ ᠪᠠᠶ᠎ᠠ ᠪᠠᠨ ᠲᠠᠭᠠᠭᠠᠵᠤ ᠦᠢᠯᠡᠰ ᠪᠤᠰᠬᠠᠵᠠᠢ ᠭᠡᠵᠦ ᠨᠡᠢᠬᠡᠮ ᠲᠤᠭᠤᠷᠢᠭᠤᠨ ᠨᠠᠮᠤᠨ ᠡᠬᠦᠷᠤᠨ ᠱᠦᠵᠢ ᠰᠢᠶᠤᠤ ᠵᠢᠡᠭ ᠲᠠᠨᠢᠯᠴᠠᠭᠤᠯᠤᠨ᠎ᠠ᠃
ᠡᠨᠳᠡ ᠭᠠᠨᠳᠢᠷᠢ ᠭᠠᠷᠭᠠᠪᠠᠯ ᠬᠠᠢᠷᠬᠠᠨ ᠬᠡᠳᠡᠭ ᠵᠠᠯᠠᠭᠤᠬᠠᠨ ᠪᠠᠬᠰᠢ ᠪᠠᠢᠨ᠎ᠠ᠂ ᠬᠠᠢᠷᠬᠠᠨ 2016 ᠤᠨ ᠳ᠋ᠦ ᠦᠪᠦᠷ ᠮᠤᠨᠭᠭᠤᠯᠤᠨ ᠪᠠᠭᠰᠢ ᠶ᠋ᠢᠨ ᠶᠡᠬᠡ ᠰᠤᠷᠭᠠᠭᠤᠯᠢ ᠶ᠋ᠢᠨ ᠠᠷᠠᠰᠤᠨ ᠡᠳ᠋ᠯᠡᠯ ᠬᠡᠷᠡᠭᠰᠡᠯ ᠤ᠋ᠨ ᠮᠡᠷᠭᠡᠵᠢᠯ ᠶ᠋ᠢᠡᠷ ᠲᠡᠭᠦᠰᠴᠦ᠂ ᠬᠤᠶᠠᠷ ᠨᠠᠢᠵᠠ ᠲᠠᠢ ᠪᠠᠨ ᠬᠠᠮᠲᠤ ᠭᠠᠨᠳᠢᠷ ᠡᠴᠡ ᠠᠷᠠᠰᠤᠨ ᠡᠳ᠋ᠯᠡᠯ ᠬᠡᠷᠡᠭᠰᠡᠯ ᠬᠢᠬᠦ ᠤᠷ᠎ᠠ ᠮᠡᠷᠭᠡᠵᠢᠯ ᠰᠤᠷᠤᠯᠴᠠᠵᠤ ᠪᠠᠢᠬᠰᠠᠨᠢᠶᠡᠨ ᠤᠳᠤ ᠪᠤᠰᠤᠳ ᠲᠤ᠌ ᠪᠠᠬᠰᠢᠯᠠᠬᠤ ᠬᠡᠮᠵᠢᠶᠠᠨ ᠳ᠋ᠤ ᠬᠦᠷᠴᠡᠢ᠃
ᠤᠢᠯᠠᠭᠠᠬᠰᠠᠨᠢᠶᠡᠷ ᠲᠡᠳᠡ ᠡᠳᠡᠬᠡᠷ ᠬᠢᠭᠰᠡᠨ ᠠᠷᠠᠰᠤᠨ ᠪᠤᠭᠴᠤ᠂ ᠠᠷᠠᠰᠤᠨ ᠳᠠᠯᠠᠢ᠂ ᠵᠤᠭᠤᠰᠤᠨ ᠴᠦᠡᠭᠬᠦ ᠪᠠᠨ ᠬᠦᠬᠡᠬᠤᠲᠠ ᠶ᠋ᠢᠨ ᠦᠵᠡᠰᠭᠦᠯᠡᠡᠭ ᠤ᠋ᠨ ᠲᠦᠪ ᠲᠦ᠍ ᠠᠪᠠᠴᠢᠵᠤ ᠳᠡᠯᠭᠡᠨ ᠦᠵᠡᠭᠦᠯᠬᠦ ᠪᠤᠶᠤ ᠲᠤᠤ ᠪᠤᠤ᠂ ᠰᠢᠶᠠᠨ ᠢᠦᠢ ᠵᠡᠷᠭᠡ ᠰᠦᠯᠵᠢᠶᠠᠨ ᠲᠠᠪᠴᠠᠡᠭᠢᠶᠡᠷ ᠪᠤᠷᠤᠯᠠᠭᠤᠯᠳᠠᠭ ᠪᠠᠢᠨ᠎ᠠ᠃ ᠡᠨᠳᠡ ᠢᠷᠡᠵᠤ ᠰᠤᠷᠤᠯᠴᠠᠬᠰᠠᠳᠤᠨ ᠮᠡᠷᠬᠡᠵᠢᠯᠤᠨ ᠲᠦᠪᠰᠢᠨ ᠵᠤᠬᠢᠬᠤ ᠬᠡᠮᠵᠢᠶᠠᠨ ᠳ᠋ᠤ ᠬᠦᠷᠪᠡᠯ ᠭᠠᠨᠳᠢᠷ ᠵᠠᠷᠢᠮᠢ ᠨᠢ ᠦᠪᠡᠷᠤᠨ ᠺᠤᠮᠫᠠᠨᠢ ᠳ᠋ᠠᠭᠠᠨ ᠠᠵᠢᠯᠳᠠᠨᠢᠶᠡᠷ ᠠᠪᠠᠴᠢᠳᠠᠭ᠃
— ᠪᠢ ᠬᠠᠷᠠᠬᠠᠨ ᠪᠠᠭ᠎ᠠ ᠡᠴᠡ ᠪᠠᠨ ᠡᠯ᠎ᠡ ᠦᠨᠳᠤᠰᠦᠳᠡᠨᠤ ᠤᠯᠠᠮᠵᠢᠯᠠᠯᠳᠤ ᠭᠠᠷ ᠤᠷᠠᠯᠠᠯ ᠳ᠋ᠤ ᠲᠤᠩ ᠪᠠᠬᠠᠳᠠᠢ᠂ ᠬᠠᠢᠷᠬᠠᠨ ᠪᠠᠬᠰᠢ ᠵᠢ ᠲᠠᠭᠠᠵᠤ ᠰᠤᠷᠤᠯᠴᠠᠭᠠᠳ ᠨᠢᠬᠡ ᠵᠢᠯ ᠢᠯᠡᠬᠦᠦ ᠪᠤᠯᠵᠤ ᠪᠠᠢᠨ᠎ᠠ᠂ ᠬᠤᠢᠰᠢᠳᠠ ᠪᠢ ᠪᠠᠰᠠ ᠦᠪᠡᠷᠤᠨᠢᠶᠡᠨ ᠠᠵᠢᠯᠯᠠᠬᠤ ᠦᠷᠦᠬᠡ ᠵᠢ ᠪᠠᠢᠭᠤᠯᠤᠨ᠎ᠠ ᠭᠡᠵᠤ ᠬᠦᠬᠡᠷᠦᠬᠦᠨ ᠪᠤᠨᠳᠤᠭᠤᠷ ᠴᠢᠷᠠᠢ ᠲᠠᠢ ᠰᠤᠯᠤᠩᠭᠤᠰ ᠬᠡᠦᠬᠡᠨ ᠫᠢᠶᠤᠤ ᠵᠢᠨ ᠢᠤᠢ ᠶᠡᠬᠡ ᠢᠳᠡᠬᠡᠯ ᠲᠠᠢ ᠶᠠᠷᠢᠵᠤ ᠪᠠᠢᠯ᠎ᠠ᠃
ᠦᠢᠯᠡᠰᠢᠶᠡᠷᠢᠶᠡᠨ ᠲᠠᠨᠢᠯᠴᠠᠬᠰᠠᠨ ᠨᠠᠨᠳᠢᠨ ᠤᠴᠠᠷᠠᠯ
7 ᠰᠠᠷ᠎ᠠ ᠵᠢᠨ 20ᠤ᠋ ᠡᠳᠦᠷ᠂ ᠭᠠᠳᠠᠨ᠎ᠠ ᠵᠤᠨ ᠤ᠋ ᠨᠠᠷᠠᠠ ᠵᠤᠯᠠᠢ ᠲᠦᠭᠡᠨᠡᠵᠦ ᠬᠦᠮᠦᠰᠢ ᠠᠷᠭ᠎ᠠ ᠠᠯᠳᠠᠷᠠᠭᠤᠯᠤᠮᠠ ᠪᠠᠢᠭᠰᠠᠨ ᠴᠦ᠍ ᠪᠦᠬᠦ ᠤᠯᠤᠰ ᠤ᠋ᠨ ᠪᠤᠯᠪᠠᠰᠤᠨ ᠲᠤᠰᠬᠤᠨ ᠪᠤᠯᠬᠤ ᠰᠠᠢᠬᠠᠨ ᠲᠤᠭᠤᠷᠢᠭᠤᠨ ᠵᠢᠨ ᠾᠧ ᠪᠠᠯᠭᠠᠰᠤᠨᠤ ᠭᠡᠷᠡᠯᠲᠦ ᠰᠦᠮ᠎ᠡ ᠲᠣᠰᠭᠣᠨᠤ ᠥᠪᠥᠷ ᠮᠣᠩᠭᠣᠯᠤᠨ ᠮᠸᠩ ᠮᠢᠶᠣᠣ ᠲᠠᠷᠢᠶᠠᠯᠠᠩᠤᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯᠦᠨ ᠬᠢᠵᠠᠭᠠᠷᠲᠤ ᠺᠣᠮᠫᠠᠨᠢᠶ᠋ᠢᠨ ᠴᠢᠬᠢ ᠪᠣᠢᠵᠢᠭᠤᠯᠬᠤ ᠬᠦᠯᠡᠮᠵᠢᠳᠦ ᠰᠡᠷᠢᠭᠦᠨ ᠴᠢᠭᠢᠭᠯᠢᠭ ᠠᠮᠢᠰᠬᠤᠯ ᠴᠡᠭᠡᠵᠢ ᠠᠭᠤᠵᠢᠷᠠᠭᠤᠯᠤᠨ᠂ ᠮᠦᠷ ᠮᠦᠷ ᠵᠢᠭᠳᠡᠷᠡᠭᠰᠡᠨ ᠢᠳᠡᠰᠢᠨ ᠨᠤᠭᠤᠭ᠎ᠠ ᠶ᠋ᠢᠨ ᠴᠢᠬᠢ ᠢᠳᠡᠷᠡᠬᠦᠨ ᠤᠷᠭᠤᠵᠤ᠂ ᠠᠵᠢᠯᠴᠢᠳ ᠴᠢᠬᠢ ᠰᠤᠩᠭᠤᠨ ᠬᠠᠢᠷᠴᠠᠬᠯᠠᠨ ᠲᠢᠭᠯᠡᠵᠦ ᠶᠠᠭᠠᠷᠠᠯᠲᠠᠢ ᠠᠵᠢᠯᠯᠠᠨ᠎ᠠ᠃
ᠬᠦᠯᠡᠮᠵᠢ ᠳ᠋ᠦ ᠤᠷᠤᠬᠤ ᠲᠠᠢ ᠵᠡᠷᠭᠡ ᠨᠢᠳᠦᠨ ᠳ᠋ᠡᠭᠡᠨ ᠰᠢᠯ ᠲᠠᠢ᠂ ᠨᠢᠭᠤᠷ ᠲᠠᠭᠠᠨ ᠴᠤᠭ ᠲᠠᠢ ᠨᠢᠭᠡᠨ ᠵᠠᠯᠠᠭᠤ ᠤᠯᠠᠨ ᠤ᠋ ᠳᠤᠮᠳᠠ ᠡᠴᠡ ᠨᠠᠭᠠᠰᠢᠯᠠᠵᠤ ᠮᠠᠨᠤᠰᠢ ᠤᠭᠲᠤᠨ ᠠᠪᠤᠯ᠎ᠠ᠃ ᠡᠨᠡ ᠬᠦᠮᠦᠨ ᠢ᠋ ᠼᠤᠤ ᠫᠸᠡᠭ ᠭᠡᠳᠡᠭ᠂ ᠨᠢᠡᠭᠰᠢᠶᠠ ᠨᠤᠲᠤᠭᠲᠠᠢ᠂ ᠲᠤᠰ ᠺᠣᠮᠫᠠᠨᠢᠶ᠋ᠢᠨ ᠬᠠᠷᠢᠭᠤᠴᠠᠯᠭᠠᠲᠠᠨ᠃

2015 ᠤᠨ ᠳ᠋ᠤ ᠬᠡᠷᠡᠯᠲᠦ ᠰᠦᠮ᠎ᠡ ᠲᠤᠰᠬᠤᠨ ᠤ᠋ ᠨᠠᠮ ᠤᠨ ᠡᠭᠦᠷ ᠤ᠋ᠨ ᠱᠦᠵᠢ ᠭᠤᠤ ᠡᠯ ᠵᠦᠡᠭ ᠲᠤᠰᠬᠠᠢᠯᠠᠨ ᠨᠢᠡᠭᠰᠢᠶᠠ ᠳ᠋ᠤ ᠬᠦᠷᠴᠤ ᠲᠡᠬᠦᠨᠢ ᠢᠳᠡᠰᠢᠨ ᠨᠤᠭᠤᠭ᠎ᠠ ᠶ᠋ᠢᠨ ᠴᠢᠬᠢ ᠪᠤᠢᠵᠢᠭᠤᠯᠬᠤ ᠲᠤᠰᠬᠠᠢ ᠮᠡᠷᠭᠡᠵᠢᠯᠲᠠᠡᠢᠶᠡᠷ ᠤᠷᠢᠵᠤ ᠠᠪᠴᠢᠷᠠᠬᠰᠠᠨ ᠪᠠᠢᠵᠠᠢ᠃
— ᠰᠠᠶᠢ ᠢᠷᠡᠬᠦ ᠳ᠋ᠦ ᠲᠤᠰᠬᠤᠨ ᠡᠴᠡ ᠨᠠᠳᠠ ᠢᠳᠡᠰᠢᠨ ᠨᠤᠭᠤᠭ᠎ᠠ ᠶ᠋ᠢᠨ ᠴᠢᠬᠢ ᠪᠤᠢᠵᠢᠭᠤᠯᠬᠤ ᠬᠤᠶᠠᠷ ᠬᠦᠯᠡᠮᠵᠢ ᠵᠢ ᠦᠨ᠎ᠡ ᠲᠦᠯᠦᠪᠦᠷᠢ ᠦᠭᠡᠢ ᠪᠡᠷ ᠬᠡᠷᠡᠭᠯᠡᠭᠦᠯᠦᠭᠰᠡᠨ ᠪᠦᠭᠡᠳ ᠤᠰᠤ ᠴᠠᠬᠢᠯᠭᠠᠨ ᠢ᠋ ᠴᠤ᠌ ᠰᠢᠢᠳᠪᠦᠷᠢᠯᠡᠵᠦ ᠦᠭᠴᠠᠢ᠃ ᠡᠨᠡ ᠨᠢ ᠲᠤᠬᠠᠢ ᠶ᠋ᠢᠨ ᠦᠶ᠎ᠡ ᠳ᠋ᠦ ᠨᠠᠳᠠ ᠳ᠋ᠤ ᠮᠠᠰᠢ ᠶᠡᠬᠡ ᠲᠤᠰᠠ ᠳᠡᠮ ᠪᠤᠯᠵᠤ᠂ ᠤᠳᠤᠬᠠᠨ ᠤ᠋ ᠢᠳᠡᠰᠢᠨ ᠨᠤᠭᠤᠭ᠎ᠠ ᠶ᠋ᠢᠨ ᠴᠢᠬᠢ ᠪᠤᠢᠵᠢᠭᠤᠯᠬᠤ ᠰᠠᠭᠤᠷᠢᠨᠢ ᠪᠠᠢᠭᠤᠯᠬᠤ ᠰᠠᠭᠤᠷᠢ ᠵᠢ ᠲᠠᠯᠪᠢᠵᠤ ᠦᠭᠭᠦᠭᠰᠡᠨ ᠶᠤᠮ ᠭᠡᠵᠦ ᠼᠤᠤ ᠫᠸᠡᠭ ᠡᠷᠬᠢᠴᠡᠬᠦᠯᠦᠨᠡ᠃
ᠤᠳᠤ᠂ ᠼᠤᠤ ᠫᠸᠩ ᠤ᠋ᠨ ᠡᠭᠦᠰᠬᠡᠨ ᠪᠠᠢᠭᠤᠯᠤᠭ᠍ᠰᠠᠨ ᠥᠪᠥᠷ ᠮᠣᠩᠭᠣᠯᠤᠨ ᠮᠸᠩ ᠮᠢᠶᠣᠣ ᠲᠠᠷᠢᠶᠠᠯᠠᠩᠤᠨ ᠱᠢᠨᠵᠢᠯᠡᠬᠦ᠌ ᠤᠬᠠᠭᠠᠨ ᠮᠡᠷᠭᠡᠵᠢᠯᠦᠨ ᠬᠢᠵᠠᠭᠠᠷᠲᠤ ᠺᠣᠮᠫᠠᠨᠢ ᠨᠢ 7 ᠰᠠᠭᠤᠷᠢ ᠦᠨᠳᠦᠷ ᠪᠠᠷᠢᠮᠵᠢᠶᠠᠲᠤ ᠤᠳᠤᠬᠢᠴᠢᠯᠠᠭᠰᠠᠨ ᠴᠢᠬᠢ ᠪᠤᠢᠵᠢᠭᠤᠯᠬᠤ ᠬᠦᠯᠡᠮᠵᠢ ᠵᠢ ᠪᠠᠭᠳᠠᠭᠠᠭᠰᠠᠨ ᠨᠡᠢᠲᠡ 12 ᠰᠠᠭᠤᠷᠢ ᠬᠦᠯᠡᠮᠵᠢ ᠲᠠᠢ ᠲᠤᠰᠬᠠᠢ ᠮᠡᠷᠭᠡᠵᠢᠯ ᠤ᠋ᠨ ᠢᠳᠡᠰᠢᠨ ᠨᠤᠭᠤᠭ᠎ᠠ ᠶ᠋ᠢᠨ ᠴᠢᠬᠢ ᠪᠤᠢᠵᠢᠭᠤᠯᠬᠤ ᠰᠠᠭᠤᠷᠢᠨ ᠪᠤᠯᠵᠤ ᠬᠦᠭᠵᠢᠨ ᠪᠤᠵᠠᠭᠠᠢᠷᠠᠪᠠ᠃
ᠼᠤᠤ ᠫᠸᠩ ᠲᠠᠢ ᠠᠳᠠᠯᠢ ᠪᠡᠷ ᠢᠳᠡᠰᠢᠨ ᠨᠤᠭᠤᠭ᠎ᠠ ᠶ᠋ᠢᠨ ᠴᠢᠬᠢ ᠪᠤᠢᠵᠢᠭᠤᠯᠬᠤ ᠬᠦᠯᠠᠮᠵᠢ ᠶ᠋ᠢᠨ ᠦᠢᠯᠡᠰ ᠡᠷᠬᠢᠯᠡᠵᠦ ᠪᠠᠢᠭ᠎ᠠ ᠵᠠᠯᠠᠭᠤ ᠴᠢᠳᠠᠪᠤᠷᠢᠲᠠᠨ᠂ ᠰᠠᠢᠬᠠᠨ ᠲᠤᠭᠤᠷᠢᠭ ᠤ᠋ᠨ ᠵᠢᠨ ᠾᠸ ᠪᠠᠯᠭᠠᠰᠤᠨᠤ ᠡᠮᠦᠨ᠎ᠡ ᠴᠠᠭᠠᠨ ᠰᠦᠮ᠎ᠠ ᠲᠤᠰᠬᠤᠨ ᠤ᠋ ᠯᠢ ᠰᠢᠶᠤᠤ ᠸᠸᠢ ᠪᠤᠯ ᠲᠡᠭᠦᠨ ᠤ᠋ ᠰᠠᠢᠨ ᠨᠠᠢᠵᠠ ᠨᠢ᠃ ᠡᠮᠦᠨ᠎ᠡ ᠬᠤᠶᠠᠷ ᠡᠳᠦᠷ ᠭᠡᠷᠬᠡᠢ ᠬᠡᠤᠬᠡᠳ ᠶ᠋ᠢᠡᠨ ᠲᠦᠷᠬᠦᠮ ᠤ᠋ᠨ ᠨᠤᠲᠤᠭ ᠬᠦᠯᠦᠨ ᠪᠤᠢᠷ ᠤ᠋ᠨ ᠡᠸᠠᠡᠭᠬᠢ ᠬᠤᠰᠢᠭᠤᠨ ᠳ᠋ᠤᠨᠢ ᠬᠦᠷᠭᠡᠭᠡᠳ ᠰᠠᠶᠢᠬᠠᠨ ᠬᠠᠷᠢᠵᠤ ᠢᠷᠡᠭᠰᠡᠨ ᠲᠡᠬᠦᠨ ᠲᠠᠢ ᠪᠢᠳᠠ ᠼᠤᠤ ᠫᠸᠩ ᠤ᠋ᠨ ᠲᠤᠯᠤᠭᠠᠨ ᠬᠦᠯᠡᠮᠵᠢ ᠳ᠋ᠤ ᠬᠠᠯᠵᠡ ᠬᠠᠷᠭᠤᠵᠤ ᠪᠢᠯᠠ᠃
ᠯᠢ ᠰᠢᠶᠤᠤ ᠸᠸᠢ ᠢᠳᠡᠰᠢᠨ ᠨᠤᠭᠤᠭ᠎ᠠ ᠶ᠋ᠢᠨ ᠴᠢᠬᠢ ᠪᠤᠢᠵᠢᠭᠤᠯᠬᠤ ᠲᠤᠷᠰᠢᠯᠲᠠ ᠶ᠋ᠢᠨ ᠬᠦᠯᠡᠮᠵᠢ ᠳ᠋ᠡᠭᠡᠨ ᠪᠤᠢᠵᠢᠭᠤᠯᠤᠬᠰᠠᠨ ᠲᠦᠪᠡᠳ ᠬᠠᠰᠢ ᠵᠢᠨ ᠴᠢᠬᠢ ᠪᠠᠨ ᠠᠪᠴᠤ ᠼᠤᠤ ᠫᠸᠩᠤᠨ ᠲᠤᠷᠰᠢᠨ ᠪᠤᠢᠵᠢᠭᠤᠯᠤᠬᠰᠠᠨ 《ᠹᠦ ᠱᠠᠨ 88》 ᠲᠦᠪᠡᠳ ᠬᠠᠰᠢ ᠶ᠋ᠢᠨ ᠴᠢᠬᠢ ᠲᠠᠢ ᠬᠠᠷᠢᠴᠠᠭᠤᠯᠵᠤ ᠦᠵᠡᠬᠦ ᠪᠡᠷ ᠢᠷᠡᠭᠰᠡᠨ ᠪᠠᠢᠵᠠᠢ᠃ ᠦᠢᠯᠡᠰ ᠪᠤᠰᠬᠠᠭᠰᠠᠨ ᠦᠡᠭᠭᠡᠷᠡᠯᠲᠡ ᠪᠠᠨ ᠡᠷᠬᠢᠴᠡᠬᠦᠯᠬᠦ ᠳ᠋ᠡᠭᠡᠨ ᠲᠡᠷᠡ᠄ 《ᠪᠢ ᠤᠯᠠᠭᠠᠬᠠᠠᠳᠠ ᠨᠤᠲᠤᠭ ᠲᠠᠢ᠃ 2010 ᠤᠨ ᠳ᠋ᠦ ᠦᠪᠦᠷ ᠮᠤᠡᠭᠭᠤᠯ ᠤ᠋ᠨ ᠲᠠᠷᠢᠶᠠᠯᠠᠡᠭ ᠤ᠋ᠨ ᠶᠡᠬᠡ ᠰᠤᠷᠭᠠᠭᠤᠯᠢ ᠵᠢᠨ ᠦᠷ᠎ᠡ ᠶ᠋ᠢᠨ ᠰᠢᠨᠵᠢᠯᠡᠬᠦ ᠤᠬᠠᠭᠠᠨ ᠤ᠋ ᠲᠤᠰᠬᠠᠢ ᠮᠡᠷᠭᠡᠵᠢᠯ ᠶ᠋ᠢᠡᠷ ᠲᠡᠭᠦᠰᠴᠦ᠂ ᠤᠷᠳᠤᠰ ᠬᠤᠲᠠ ᠶ᠋ᠢᠨ ᠳ᠋ᠥ᠋ᠡᠭᠱᠸᠡᠭ ᠲᠤᠭᠤᠷᠢᠭ ᠤ᠋ᠨ ᠴᠡᠴᠡᠭ ᠲᠠᠷᠢᠬᠤ ᠰᠠᠭᠤᠷᠢᠨ ᠳ᠋ᠦ ᠭᠤᠷᠪᠠᠨ ᠵᠢᠯ ᠮᠡᠷᠭᠡᠵᠢᠯ ᠤ᠋ᠨ ᠠᠵᠢᠯᠲᠠᠨ ᠶ᠋ᠢᠡᠷ ᠠᠵᠢᠯᠯᠠᠵᠤ ᠪᠠᠢᠭᠰᠠᠨ᠂ 2013 ᠤᠨ ᠳ᠋ᠦ ᠡᠨᠡ ᠲᠤᠰᠬᠤᠨ ᠳ᠋ᠦ ᠢᠷᠡᠵᠦ ᠬᠦᠯᠡᠮᠵᠢ ᠶ᠋ᠢᠨ ᠢᠳᠡᠰᠢᠨ ᠨᠤᠭᠤᠭ᠎ᠠ ᠲᠠᠷᠢᠵᠤ ᠡᠬᠢᠯᠡᠭᠰᠡᠨ ᠶᠤᠮ᠃ ᠬᠠᠷᠢᠨ ᠡᠨᠡ ᠬᠦ᠌ ᠶᠠᠪᠤᠴᠠ ᠳ᠋ᠦ᠂ ᠢᠳᠡᠰᠢᠨ ᠨᠤᠭᠤᠭ᠎ᠠ ᠶ᠋ᠢᠨ ᠴᠢᠬᠢ ᠶ᠋ᠢᠨ ᠵᠠᠬ᠎ᠠ ᠳᠡᠯᠭᠡᠭᠦᠷ ᠤ᠋ᠨ ᠬᠡᠷᠡᠭᠴᠡᠭᠡ ᠢᠳᠡᠰᠢᠨ ᠨᠤᠭᠤᠭ᠎ᠠ ᠵᠢᠨ ᠬᠡᠷᠡᠭᠴᠡᠬᠡ ᠡᠴᠡ ᠶᠡᠬᠡ ᠪᠠᠢᠬᠤ ᠵᠢ ᠪᠠᠢᠴᠠᠭᠠᠵᠤ ᠮᠡᠳᠡᠬᠡᠳ᠂ 2014 ᠤᠨ ᠤ᠋ ᠰᠡᠭᠦᠯᠴᠢ ᠡᠴᠡ 6 ᠵᠢᠵᠢᠭ ᠬᠦᠯᠡᠮᠵᠢ ᠲᠦᠷᠢᠶᠡᠰᠦᠯᠡᠨ ᠢᠳᠡᠰᠢᠨ ᠨᠤᠭᠤᠭ᠎ᠠ ᠶ᠋ᠢᠨ ᠴᠢᠬᠢ ᠪᠤᠢᠵᠢᠭᠤᠯᠪᠠ》 ᠭᠡᠵᠦ ᠲᠦᠭᠦᠮᠬᠡᠨ ᠲᠠᠨᠢᠯᠴᠠᠭᠤᠯᠤᠯ᠎ᠠ᠃
ᠠᠵᠠ ᠲᠤᠬᠢᠶᠠᠯ ᠬᠡᠵᠢᠶᠡᠲᠡ ᠪᠡᠯᠡᠳᠬᠡᠯ ᠲᠠᠢ ᠬᠦᠮᠦᠨ ᠳ᠋ᠦ ᠲᠤᠬᠢᠶᠠᠳᠠᠭ᠃ 2022 ᠤᠨ ᠳ᠋ᠦ ᠬᠦᠬᠡᠬᠤᠲᠠ ᠶ᠋ᠢᠨ ᠦᠨᠳᠦᠰᠦᠲᠡᠨ ᠤ᠋ ᠬᠡᠷᠡᠭ ᠡᠷᠬᠢᠯᠡᠬᠦ ᠵᠦᠪᠯᠡᠯ ᠡᠴᠡ ᠦᠨᠳᠦᠰᠦᠲᠡᠨ ᠤ᠋ ᠬᠦᠭᠵᠢᠯᠲᠡ ᠶ᠋ᠢᠨ ᠲᠤᠰᠬᠠᠢ ᠪᠡᠯᠡ ᠮᠦᠡᠭᠬᠦ ᠪᠡᠷ᠂ ᠵᠢᠨ ᠾᠸ ᠪᠠᠯᠭᠠᠰᠤᠨ ᠳ᠋ᠦ 《ᠠᠨᠠᠷ ᠤ᠋ᠨ ᠦᠷ᠎ᠡ ᠬᠠᠮᠲᠤ ᠪᠡᠷ ᠪᠠᠶᠠᠵᠢᠬᠤ ᠠᠵᠤ ᠦᠢᠯᠡᠰ ᠤ᠋ᠨ ᠲᠦᠷᠦᠯ ᠵᠦᠢᠯ》 ᠤ᠋ᠨ ᠪᠦᠯᠦᠭᠵᠢᠯ ᠢ᠋ ᠴᠤᠭᠴᠠᠯᠠᠬᠤ ᠭᠡᠵᠦ᠂ ᠢᠳᠡᠰᠢᠨ ᠨᠤᠭᠤᠭ᠎ᠠ ᠶ᠋ᠢᠨ ᠴᠢᠬᠢ ᠪᠤᠢᠵᠢᠭᠤᠯᠬᠤ ᠲᠤᠷᠰᠢᠯᠲᠠ ᠶ᠋ᠢᠨ ᠴᠡᠭ ᠢ᠋ ᠡᠮᠦᠨ᠎ᠡ ᠴᠠᠭᠠᠨ ᠰᠦᠮ᠎ᠡ ᠲᠤᠰᠬᠤᠨ ᠳ᠋ᠦ ᠭᠠᠷᠭᠠᠬᠤ ᠪᠡᠷ ᠪᠤᠯᠤᠭᠰᠠᠨ ᠳ᠋ᠦ᠂ ᠤᠯᠠᠨ ᠵᠢᠯ ᠡᠨᠡ ᠠᠵᠢᠯᠢ ᠬᠢᠵᠤ ᠦᠯᠡᠮᠵᠢ ᠲᠤᠷᠰᠢᠯᠭ᠎ᠠ ᠬᠤᠷᠠᠮᠳᠤᠭᠤᠯᠤᠭᠰᠠᠨ ᠯᠢ ᠰᠢᠶᠤᠤ ᠸᠸᠢ ᠲᠤᠰ ᠰᠠᠭᠤᠷᠢᠨ ᠢ᠋ ᠡᠵᠡᠡᠭᠨᠡᠬᠦ ᠬᠠᠮᠤᠭ ᠤ᠋ᠨ ᠲᠤᠬᠢᠷᠠᠮᠵᠢᠳᠠᠢ ᠬᠦᠮᠦᠨ ᠪᠤᠯᠤᠭᠰᠠᠨ ᠪᠠᠢᠨ᠎ᠠ᠃ ᠤᠳᠤ ᠲᠡᠬᠦᠨᠤ ᠭᠤᠷᠪᠠᠨ ᠬᠦᠯᠡᠮᠵᠢ ᠠᠰᠢᠭᠯᠠᠯᠲᠠ ᠳ᠋ᠦ ᠤᠷᠤᠭᠠᠳ ᠪᠠᠢᠨ᠎ᠠ᠃ 100 ᠭᠠᠷᠤᠢ ᠲᠦᠮᠡᠨ ᠲᠦᠭᠦᠷᠢᠭ ᠤ᠋ᠨ ᠪᠡᠯᠡ ᠮᠦᠡᠭᠬᠦ ᠤᠷᠤᠭᠤᠯᠵᠤ ᠪᠦᠬᠦᠨᠳᠤᠨᠢ ᠤᠶᠤᠨᠴᠢ ᠮᠠᠰᠢᠨ ᠲᠦᠬᠦᠭᠡᠷᠦᠮᠵᠢ ᠤᠭᠰᠠᠷᠠᠵᠠᠢ᠃
ᠦᠢᠯᠡᠰ ᠨᠢᠬᠡᠳᠡᠨ ᠪᠤᠯᠤᠬᠰᠠᠨ ᠼᠤᠤ ᠫᠸᠩ ᠪᠠ ᠯᠢ ᠰᠢᠶᠤᠤ ᠸᠸᠢ ᠬᠤᠶᠠᠷ ᠪᠠᠢᠩᠭᠤ ᠴᠤᠬ ᠠᠵᠢᠯᠯᠠᠵᠤ ᠰᠢᠨ᠎ᠡ ᠡᠭᠦᠯᠳᠡᠷ ᠤ᠋ᠨ ᠴᠢᠬᠢ ᠪᠤᠢᠵᠢᠭᠤᠯᠬᠤ᠂ ᠬᠤᠷᠤᠬᠠᠢᠲᠠᠬᠤ ᠵᠢ ᠰᠡᠷᠭᠡᠢᠯᠡᠬᠦ᠂ ᠰᠢᠨ᠎ᠡ ᠲᠤᠨᠤᠭ ᠲᠦᠬᠦᠭᠡᠷᠦᠮᠵᠢ ᠤᠷᠤᠭᠤᠯᠵᠤ ᠲᠤᠷᠰᠢᠨ ᠬᠡᠷᠡᠭᠯᠡᠬᠦ ᠲᠤᠬᠠᠢ ᠲᠤᠷᠰᠢᠯᠭ᠎ᠠ ᠪᠠᠨ ᠰᠤᠯᠢᠯᠴᠠᠬᠤ ᠪᠡᠷ ᠪᠠᠷᠠᠬᠤ ᠦᠬᠡᠢ᠂ ᠢᠳᠡᠰᠢᠨ ᠨᠤᠭᠤᠭ᠎ᠠ ᠲᠠᠷᠢᠵᠤ ᠪᠠᠢᠭ᠎ᠠ ᠠᠢᠯ ᠰᠠᠭᠠᠬᠠᠯᠲᠠ ᠳ᠋ᠠᠭᠠᠨ ᠮᠡᠷᠬᠡᠵᠢᠯᠤᠨ ᠵᠢᠯᠤᠭᠤᠳᠤᠯᠭ᠎ᠠ ᠬᠠᠩᠭᠠᠵᠤ᠂ ᠰᠠᠨᠠᠯ ᠦᠭᠬᠦ ᠵᠡᠷᠬᠡ ᠤᠯᠠᠨ ᠲᠠᠯ᠎ᠠ ᠪᠡᠷ ᠬᠠᠪᠰᠤᠷᠤᠯᠭ᠎ᠠ ᠳᠡᠮᠵᠢᠯᠭᠡ ᠦᠵᠡᠬᠦᠯᠵᠤ ᠡᠳᠦᠷᠵᠢᠨ ᠮᠤᠡᠭᠭᠢᠨᠠᠨᠡ᠃ ᠼᠤᠤ ᠫᠸᠩ ᠪᠡᠰᠠ ᠢᠳᠡᠰᠢᠨ ᠨᠤᠭᠤᠭ᠎ᠠ ᠶ᠋ᠢᠨ ᠬᠦᠯᠡᠮᠵᠢ ᠶ᠋ᠢᠨ ᠰᠠᠭᠤᠷᠢᠨ ᠳ᠋ᠠᠭᠠᠨ ᠲᠤᠰᠬᠤᠨ ᠤ᠋ ᠪᠠᠨ 30 ᠭᠠᠷᠤᠢ ᠬᠦᠳᠡᠯᠮᠦᠷᠢ ᠬᠦᠴᠦ ᠵᠢ ᠲᠤᠬᠢᠷᠠᠭᠤᠯᠵᠤ᠂ ᠡᠮᠡᠭᠲᠡᠢ ᠠᠵᠢᠯᠴᠢᠨ ᠰᠠᠷ᠎ᠠ ᠶ᠋ᠢᠨ 4000 ᠭᠠᠷᠤᠢ ᠲᠦᠭᠦᠷᠢᠭ᠂ ᠡᠷᠡᠭᠲᠡᠢ ᠠᠵᠢᠯᠴᠢᠨ ᠰᠠᠷ᠎ᠠ ᠶ᠋ᠢᠨ 6000 ᠭᠠᠷᠤᠢ ᠲᠦᠭᠦᠷᠢᠭ ᠤ᠋ᠨ ᠬᠦᠯᠦᠰᠦ ᠤᠯᠭᠤᠮᠵᠢ ᠪᠡᠷ ᠠᠵᠢᠯ ᠤ᠋ᠨ ᠪᠠᠢᠷᠢ ᠬᠠᠡᠭᠭᠠᠨ ᠨᠤᠲᠤᠭ ᠤ᠋ᠨ ᠲᠦᠮᠡᠨ ᠳ᠋ᠡᠭᠡᠨ ᠲᠤᠰᠠ ᠳᠡᠮ ᠪᠤᠯᠵᠤ ᠶᠠᠪᠤᠨ᠎ᠠ᠃
ᠰᠠᠢᠨ ᠰᠠᠨᠠᠭᠠᠨ ᠤ᠋ ᠦᠵᠦᠭᠦᠷ ᠰᠦ ᠬᠡᠵᠤ᠂ 2020 ᠤᠨ ᠳ᠋ᠦ ᠯᠢ ᠰᠢᠶᠤᠤ ᠸᠸᠢ ᠪᠠᠢᠡᠭᠭᠤ ᠢᠳᠡᠰᠢᠨ ᠨᠤᠭᠤᠭ᠎ᠠ ᠶ᠋ᠢᠨ ᠴᠢᠬᠢ ᠬᠦᠷᠭᠡᠳᠡᠭ ᠬᠤᠢᠳᠤ ᠴᠠᠭᠠᠨ ᠰᠦᠮ᠎ᠡ ᠲᠤᠰᠬᠤᠨ ᠤ᠋ ᠪᠢ ᠤᠪᠤᠬᠳᠤ ᠨᠠᠰᠤᠳᠠᠨᠤ ᠬᠦᠷᠰᠢ ᠠᠢᠯ ᠤ᠋ᠨ ᠬᠢᠨᠢ ᠬᠡᠤᠭᠡᠨ ᠬᠠᠨ ᠰᠢᠤᠸᠠᠢ ᠲᠠᠢ ᠲᠠᠨᠢᠯᠴᠠᠵᠤ᠂ 2021 ᠤᠨ ᠳ᠋ᠦ ᠬᠠᠨᠢ ᠶ᠋ᠢᠨ ᠵᠠᠶᠠᠭ᠎ᠠ ᠬᠤᠯᠪᠤᠵᠤ᠂ᠲᠠᠷᠠᠭ᠎ᠠ ᠵᠢᠯ ᠳᠤᠨᠢ ᠦᠷ᠎ᠡ ᠶ᠋ᠢᠨ ᠵᠤᠯᠠᠢ ᠦᠨᠦᠷᠯᠡᠵᠤ᠂ ᠤᠳᠤ ᠠᠷᠤ ᠭᠡᠷ ᠠᠵᠠ ᠵᠢᠷᠭᠠᠯ ᠲᠠᠢ᠂ ᠠᠵᠢᠯ ᠦᠢᠯᠡᠰ ᠦᠭᠡᠳᠡ ᠡᠰᠡᠷᠡᠭ ᠭᠢᠯᠠᠷᠠᠭᠤᠯᠵᠤ ᠶᠠᠪᠤᠭ᠎ᠠ ᠨᠢ ᠡᠨᠡ ᠪᠢᠯᠠ᠃
ᠰᠠᠭᠠᠬᠠᠯᠳᠠ ᠤᠯᠠᠨᠢᠶᠡᠨ ᠲᠤᠰᠠᠯᠠᠬᠰᠠᠨ ᠰᠠᠢᠨᠤ ᠦᠢᠯᠡ
7 ᠰᠠᠷ᠎ᠠ ᠵᠢᠨ 20ᠤ᠋ ᠦᠳᠡᠶ᠋ᠢᠨ ᠡᠮᠦᠨᠡᠬᠢ 9 ᠴᠠᠭ ᠤ᠋ᠨ ᠦᠶ᠎ᠡ ᠪᠡᠷ᠂ ᠬᠡᠷᠡᠯᠲᠦ ᠰᠦᠮ᠎ᠡ ᠲᠣᠰᠭᠣᠨᠤ ᠰᠠᠭᠤᠭᠠᠯᠢ ᠠᠷᠠᠳ ᠯᠢ ᡁᠢ ᠶᠢᠩ ᠦᠪᠦᠷ ᠮᠤᠡᠭᠭᠤᠯ ᠤ᠋ᠨ ᠤᠮᠠᠷᠠᠲᠤ ᠶ᠋ᠢᠨ ᠡᠭᠦᠯᠡᠨ ᠬᠦᠮᠦᠷᠭᠡ ᠬᠢᠵᠠᠭᠠᠷᠲᠤ ᠺᠤᠮᠫᠠᠨᠢᠳᠤ ᠢᠷᠡᠵᠦ ᠡᠳᠦᠷᠦᠨ ᠠᠵᠢᠯᠢᠶᠠᠨ ᠡᠬᠢᠯᠡᠭᠦᠯᠪᠡ᠃ ᠱᠢᠨ᠎ᠡ ᠨᠢᠭᠡ ᠡᠳᠦᠷᠦᠨ ᠵᠠᠬᠢᠶᠠᠯᠠᠭ᠎ᠠ ᠶ᠋ᠢᠨ ᠳᠠᠡᠭᠰᠠ ᠪᠠᠨ ᠲᠢᠭ᠌ᠯᠡᠵᠦ᠍᠂ ᠺᠣᠮᠫᠢᠦ᠋ᠲ᠋ᠧᠷ ᠶ᠋ᠢᠡᠨ ᠪᠣᠯᠪᠠᠰᠤᠷᠠᠩᠭᠤᠶ ᠠᠵᠢᠯᠯᠠᠭᠤᠯᠵᠤ ᠪᠠᠢᠬᠤ ᠡᠴᠡ ᠨᠢ ᠦᠵᠡᠪᠡᠯ᠂ 2021 ᠤᠨ ᠳ᠋ᠦ ᠠᠡᠭᠬ᠎ᠠ ᠢᠷᠡᠬᠦ ᠦᠶ᠎ᠠ ᠳᠡᠭᠡᠨ ᠺᠣᠮᠫᠢᠦ᠋ᠲ᠋ᠧᠷ ᠴᠦ᠍ ᠬᠡᠷᠡᠭ᠌ᠯᠡᠵᠦ᠍ ᠴᠢᠳᠠᠬᠤ ᠦᠭᠡᠢ ᠭᠡᠳᠡᠭ ᠢ᠋ ᠨᠢ ᠢᠲᠡᠬᠡᠵᠤ ᠶᠠᠳᠠᠮᠠᠷ ᠶᠤᠮ᠃ ᠪᠢᠳᠡ ᠲᠡᠬᠦᠨᠤ ᠠᠯᠪᠠᠨ ᠭᠡᠷᠡᠴᠡ ᠭᠠᠷᠴᠤ ᠪᠣᠭᠣᠳᠠᠯᠯᠠᠬᠤ ᠲᠠᠰᠤᠭᠲᠤ ᠤᠷᠤᠬᠤ ᠳ᠋ᠦ᠂ ᠪᠠᠷᠠᠭ᠎ᠠ ᠬᠤᠪᠢᠶᠠᠷᠢᠯᠠᠬᠤ᠂ ᠬᠠᠢᠷᠴᠠᠭᠲᠤ ᠰᠠᠪᠠᠯᠠᠬᠤ᠂ ᠪᠣᠭᠣᠳᠠᠯᠯᠠᠬᠤ᠂ ᠲᠦᠷᠭᠡᠨ ᠬᠦᠷᠭᠡᠯᠲᠡᠶ᠋ᠢᠨ ᠳᠠᠡᠭᠰᠠ ᠨᠠᠭᠠᠬᠤ ᠁ ᠠᠵᠢᠯ ᠨᠢᠭᠡ ᠪᠦᠷᠢ ᠡᠮᠬᠢ ᠵᠢᠷᠤᠮ ᠲᠠᠢ ᠶᠠᠪᠤᠭᠳᠠᠨ᠎ᠠ᠃ ᠡᠨᠳᠡᠬᠢ ᠶ᠋ᠢᠨ ᠠᠵᠢᠯᠲᠠᠳᠤᠨ ᠣᠯᠠᠩᠬᠢ ᠨᠢ ᠪᠦᠷ ᠰᠠᠢᠬᠠᠨ ᠲᠤᠭᠤᠷᠢᠭᠤᠨ ᠵᠢᠨ ᠾᠸ ᠪᠠᠯᠭᠠᠰᠤᠨ ᠤ᠋ ᠭᠡᠷᠡᠯᠲᠦ ᠰᠦᠮ᠎ᠡ ᠲᠣᠰᠭᠣᠨ ᠪᠠ ᠡᠷᠬᠢᠨ ᠲᠣᠭᠣᠷᠢᠨᠤ ᠲᠣᠰᠭᠣᠨᠤ ᠡᠮᠡᠭ᠌ᠲᠡᠢᠴᠦᠳ ᠶᠤᠮ᠃ ᠤᠳᠤ ᠲᠡᠳᠡ ᠨᠡᠷᠤᠨ ᠰᠠᠷ᠎ᠠ ᠶ᠋ᠢᠨ ᠴᠠᠯᠢᠩ ᠨᠢ 3500 — 5000 ᠲᠥᠭᠥᠷᠢᠭᠲᠦ ᠬᠦᠷᠴᠦ᠍ ᠪᠠᠢᠨ᠎ᠠ᠃
《ᠮᠠᠨᠠᠢᠬᠢᠨ ᠤᠤᠯᠳᠠᠭᠠᠨ ᠭᠣᠣᠯᠳᠠᠭᠤ ᠬᠦᠯᠡᠮᠵᠢ ᠶ᠋ᠢᠨ ᠢᠳᠡᠰᠢᠨ ᠨᠤᠭᠤᠭ᠎ᠠ ᠲᠠᠷᠢᠵᠤ ᠪᠠᠢᠬᠰᠠᠨ᠂ ᠰᠡᠭᠦᠯᠡᠷ ᠨᠢ ᠬᠦᠯᠡᠮᠵᠢ ᠪᠡᠷ ᠶ᠋ᠢᠡᠨ ᠲᠤᠰᠬᠤᠨ ᠤ᠋ ᠬᠤᠷᠰᠢᠶ᠎ᠠ ᠳ᠋ᠤ ᠬᠤᠪᠢ ᠤᠷᠤᠬᠰᠠᠨ ᠪ ᠲᠠᠷᠠᠭ᠎ᠠ ᠲᠤᠭᠳᠠᠭᠰᠠᠨ ᠠᠵᠢᠯ ᠦᠬᠡᠢ ᠵᠦᠬᠡᠷ ᠰᠠᠭᠤᠵᠤ ᠪᠠᠢᠵᠠᠢ᠂ ᠦᠪᠦᠷ ᠮᠤᠡᠭᠭᠤᠯ ᠤ᠋ᠨ ᠤᠮᠠᠷᠠᠲᠤ ᠶ᠋ᠢᠨ ᠡᠭᠦᠯᠡᠨ ᠬᠦᠮᠦᠷᠭᠡ ᠬᠢᠵᠠᠭᠠᠷᠲᠤ ᠺᠤᠮᠫᠠᠨᠢ ᠲᠤᠰᠬᠤᠨ ᠳ᠋ᠤ ᠢᠷᠡᠵᠤ ᠨᠤᠳᠤᠬᠰᠢᠬᠤ ᠪᠡᠷ ᠪᠢᠳᠡ ᠭᠡᠷ ᠤ᠋ᠨᠢᠶᠡᠨ ᠡᠭᠦᠳᠡᠨ ᠳ᠋ᠤ ᠠᠵᠢᠯ ᠤᠯᠵᠤ ᠤᠷᠤᠯᠭ᠎ᠠ ᠪᠡᠨ ᠨᠡᠮᠡᠭᠳᠡᠬᠦᠯᠬᠦ ᠠᠵᠠ ᠲᠤᠬᠢᠶᠠᠯ ᠲᠠᠢ ᠪᠤᠯᠤᠬᠰᠠᠨ ᠶᠤᠮ》 ᠭᠡᠵᠦ ᠯᠢ ᡁᠢ ᠶᠢᠩ ᠰᠤᠷᠪᠤᠯᠵᠢᠯᠠᠬᠴᠢ ᠳ᠋ᠤ᠌ ᠶᠠᠷᠢᠨ᠎ᠠ᠃
ᠲᠣᠰᠭᠣᠨᠤ ᠠᠷᠠᠳᠤᠨᠢᠶᠡᠨᠣᠢᠷᠠ ᠬᠠᠪᠢᠳᠠᠭᠠᠨ ᠠᠵᠢᠯ ᠤᠯᠬᠤ ᠬᠦᠰᠡᠯᠢ ᠪᠡᠶᠡᠯᠡᠬᠦᠯᠦᠭᠰᠡᠨ ᠲᠤᠰ ᠤᠮᠠᠷᠠᠲᠤ ᠶ᠋ᠢᠨ ᠡᠭᠦᠯᠡᠨ ᠬᠦᠮᠦᠷᠭᠡ ᠬᠢᠵᠠᠭᠠᠷᠲᠤ ᠺᠤᠮᠫᠠᠨᠢ ᠪᠣᠯ ᠵᠠᠯᠠᠭᠤ ᠨᠠᠮᠤᠨ ᠭᠡᠱᠢᠭᠦᠨ ᠭᠤᠤ ᠢᠦᠶ ᠨᠠᠢᠵᠠ ᠵᠠᠡᠭ ᠴᠢᠡᠭ ᠲᠠᠢ ᠪᠠᠨ ᠬᠠᠮᠳᠤᠷᠠᠵᠤ 300 ᠭᠠᠷᠤᠢ ᠲᠦᠮᠡᠨ ᠲᠦᠬᠦᠷᠢᠭ ᠤ᠋ᠨ ᠪᠡᠯᠡ ᠤᠷᠤᠭᠤᠯᠵᠤ ᠪᠠᠢᠭᠤᠯᠤᠭᠰᠠᠨ ᠡᠯᠧᠺᠲ᠋ᠷᠣᠨ ᠬᠤᠳᠠᠯᠳᠤᠭᠠᠴᠢᠨ ᠤ᠋ ᠰᠦᠯᠵᠢᠶ᠎ᠡ ᠪᠡᠷ ᠪᠤᠷᠤᠯᠠᠭᠤᠯᠬᠤ ᠪᠠᠷᠠᠭ᠎ᠠ ᠵᠢ ᠲᠦᠪᠯᠡᠷᠡᠭᠦᠯᠦᠨ ᠲᠠᠷᠬᠠᠭᠠᠬᠤ ᠠᠵᠤ ᠠᠬᠤᠢᠯᠠᠯ ᠪᠤᠯᠤᠨ᠎ᠠ᠃ ᠭᠤᠤ ᠢᠦᠶ 2014 ᠤᠨ ᠳ᠋ᠦ ᠬᠠᠲᠤᠨ ᠭᠤᠤᠯ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤ᠋ᠨ ᠶᠡᠬᠡ ᠰᠤᠷᠭᠠᠭᠤᠯᠢ ᠡᠴᠡ ᠠᠵᠤ ᠠᠬᠤᠢ ᠶ᠋ᠢᠨ ᠲᠤᠰᠬᠠᠢ ᠮᠡᠷᠭᠡᠵᠢᠯ ᠶ᠋ᠢᠡᠷ ᠲᠡᠭᠦᠰᠴᠦ᠂ ᠬᠦᠬᠡᠬᠤᠲᠠ ᠶ᠋ᠢᠨ ᠰᠠᠢᠬᠠᠨ ᠲᠤᠭᠤᠷᠢᠭ ᠤ᠋ᠨ ᠦᠢᠯᠡᠳᠪᠦᠷᠢ ᠬᠤᠳᠠᠯᠳᠤᠭᠠᠨ ᠤ᠋ ᠬᠠᠮᠢᠶᠠᠷᠤᠯᠳᠠ ᠵᠢᠨ ᠲᠤᠪᠴᠢᠶ᠎ᠠ ᠳ᠋ᠦ ᠠᠯᠪᠠᠳᠠᠨᠢᠶᠡᠷ ᠠᠵᠢᠯᠯᠠᠵᠤ ᠪᠠᠢᠭᠰᠠᠨ ᠶ᠋ᠢᠡᠨ᠂ 2017 ᠤᠨ ᠤ᠋ 8 ᠰᠠᠷ᠎ᠠ ᠳ᠋ᠦ ᠲᠤᠬᠳᠠᠬᠰᠠᠨ ᠴᠡᠯᠢᠩ ᠲᠠᠢ ᠠᠵᠢᠯ ᠶ᠋ᠢᠡᠨ ᠬᠠᠶᠠᠵᠤ ᠨᠠᠢᠵᠠ ᠵᠠᠡᠭ ᠴᠢᠡᠭ ᠲᠠᠢ ᠪᠠᠨ ᠬᠤᠶᠠᠭᠤᠯᠠ ᠰᠠᠨᠠᠭ᠎ᠠ ᠨᠡᠢᠯᠡᠵᠤ ᠪᠤᠳᠤᠯ ᠨᠢᠬᠡᠳᠦᠨ ᠦᠪᠡᠷᠤᠨ ᠨᠤᠲᠤᠭ ᠰᠠᠢᠬᠠᠨ ᠲᠤᠭᠤᠷᠢᠭ ᠲᠠᠭᠠᠨ ᠢᠷᠡᠵᠤ ᠦᠶ᠋ᠯᠡᠰ ᠪᠤᠰᠬᠠᠵᠤ ᠡᠬᠢᠯᠡᠭᠰᠡᠨ ᠪᠠᠢᠨ᠎ᠠ᠃
《ᠮᠠᠨᠤ ᠺᠤᠮᠫᠠᠨᠢ ᠰᠠᠶᠢ ᠡᠬᠢᠯᠡᠬᠦ ᠳ᠋ᠡᠬᠡᠨ ᠬᠡᠳᠦᠬᠡᠨ ᠬᠦᠮᠦᠨ ᠲᠠᠢ ᠪᠠᠢᠬᠰᠠᠨ᠂ ᠬᠦᠭᠵᠢᠯᠳᠠ ᠵᠢᠨ ᠶᠠᠪᠤᠴᠠ ᠳ᠋ᠤ ᠤᠯᠠᠨ ᠤᠯᠠᠨ ᠬᠦᠴᠢᠷ ᠪᠡᠷᠬᠡ ᠲᠠᠭᠠᠷᠠᠬᠰᠠᠨ᠂ ᠬᠡᠪᠡᠴᠤ ᠤᠯᠠᠨᠢᠶᠡᠷ ᠵᠤᠷᠢᠭ ᠮᠤᠬᠤᠬᠰᠠᠨ ᠦᠬᠡᠢ᠂ ᠲᠠᠪᠤ ᠵᠢᠷᠭᠤᠭᠠᠨ ᠵᠢᠯ ᠤ᠋ᠨ ᠴᠢᠷᠮᠠᠢᠯᠭ᠎ᠠ ᠪᠡᠷ ᠳᠠᠮᠵᠢᠨ᠂ ᠤᠳᠤ ᠮᠠᠨ ᠤ᠋ ᠺᠤᠮᠫᠠᠨᠢ ᠬᠤᠶᠠᠷ ᠡᠭᠦᠯᠡᠨ ᠬᠦᠮᠦᠷᠭᠡ ᠲᠠᠢ ᠪᠤᠯᠵᠤ᠂ ᠠᠵᠢᠯ ᠤᠯᠠᠨ ᠤᠷᠬᠢᠯ ᠤ᠋ᠨ ᠬᠤᠭᠤᠴᠠᠭᠠᠨ ᠳ᠋ᠤ ᠰᠠᠷ᠎ᠠ ᠶ᠋ᠢᠨ 30 ᠲᠦᠮᠡᠨ ᠬᠤᠪᠢ ᠪᠠᠷᠠᠭ᠎ᠠ ᠵᠢ ᠭᠤᠪᠢᠭᠤᠯᠵᠤ᠂ 2022 ᠤᠨ ᠤ᠋ ᠦᠶ᠎ᠡ ᠪᠡᠷ ᠵᠢᠯᠤᠨ ᠪᠤᠷᠤᠯᠠᠭᠤᠯᠭ᠎ᠠ ᠶ᠋ᠢᠨ ᠤᠷᠤᠯᠭ᠎ᠠ 800 ᠲᠦᠮᠡᠨ ᠲᠦᠭᠦᠷᠢᠭ ᠲᠦ᠍ ᠬᠦᠷᠴᠦ᠂ ᠡᠷᠭᠢᠨ ᠲᠤᠭᠤᠷᠢᠨ ᠤ᠋ ᠲᠤᠰᠬᠤᠨ ᠤ᠋ 60 ᠭᠠᠷᠤᠢ ᠬᠦᠳᠡᠯᠮᠦᠷᠢ ᠬᠦᠴᠦ ᠵᠢ ᠳᠠᠢᠴᠢᠯᠠᠨ ᠠᠵᠢᠯ ᠤ᠋ᠨ ᠪᠠᠢᠷᠢ ᠬᠠᠡᠭᠭᠠᠪᠠ》 ᠭᠡᠵᠦ ᠭᠤᠤ ᠢᠦᠢ ᠤᠷᠮᠠᠲᠠᠢᠬᠠᠨ ᠶᠠᠷᠢᠨ᠎ᠠ᠃
2021 ᠣᠨᠤ 4 ᠰᠠᠷᠠᠳᠤ᠂ ᠵᠢᠨ ᠾᠧ ᠪᠠᠯᠭᠠᠰᠤᠨᠤ ᠨᠠᠮᠤᠨ ᠬᠣᠷᠢᠶ᠎ᠠ ᠵᠢᠨ ᠳᠠᠭᠠᠭᠤᠯᠭ᠎ᠠ ᠲᠤᠤᠷ᠎ᠠ᠂ ᠲᠤᠰ ᠺᠤᠮᠫᠠᠨᠢ ᠶ᠋ᠢᠨ ᠨᠠᠮᠤᠨ ᠡᠭᠦᠷ᠂ ᠰᠠᠢᠬᠠᠨ ᠲᠣᠭᠣᠷᠢᠭᠤᠨ ᠨᠠᠮᠤᠨ ᠬᠣᠷᠢᠶᠠᠨᠤ ᠵᠣᠬᠢᠶᠠᠨ ᠪᠠᠢᠭᠤᠯᠬᠤ ᠬᠡᠯᠲᠡᠰ ᠵᠡᠷᠬᠡ ᠰᠠᠯᠠᠭ᠎ᠠ ᠮᠦᠴᠢᠷ ᠵᠢᠴᠢ ᠡᠷᠬᠢᠨ ᠲᠣᠭᠣᠷᠢᠨᠤ 5 ᠲᠣᠰᠭᠣᠨᠤ ᠨᠠᠮᠤᠨ ᠡᠭᠦᠷ ᠬᠠᠮᠲᠤᠷᠠᠨ ᠵᠢᠨ ᠾᠧ ᠪᠠᠯᠭᠠᠰᠤᠨᠤ ᠡᠯᠧᠺᠲ᠋ᠷᠣᠨ ᠬᠤᠳᠠᠯᠳᠤᠭᠠᠨᠤ ᠠᠵᠤ ᠦᠶ᠋ᠯᠡᠰᠦᠨ ᠬᠥᠭ᠌ᠵᠢᠯᠲᠡᠶ᠋ᠢᠨ 《ᠬᠠᠮᠲᠤᠪᠠᠷ ᠪᠠᠶᠠᠵᠢᠬᠤ ᠨᠠᠮᠤᠨ ᠪᠠᠢᠭᠤᠯᠤᠯᠲᠠᠶ᠋ᠢᠨ ᠬᠣᠯᠪᠣᠭ᠎ᠠ》 ᠵᠢ ᠪᠠᠢᠭᠤᠯᠪᠠ᠃
《ᠲᠤᠰ ᠬᠤᠯᠪᠤᠭ᠎ᠠ ᠪᠠᠢᠭᠤᠯᠤᠭᠳᠠᠭᠰᠠᠨᠤ ᠲᠠᠷᠠᠭ᠎ᠠ ᠮᠠᠨ ᠤ᠋ ᠺᠤᠮᠫᠠᠨᠢ ᠵᠢᠨ ᠪᠤᠰᠤᠳ ᠲᠤᠰᠬᠤᠨ ᠤ᠋ ᠨᠠᠮ ᠤ᠋ᠨ ᠡᠭᠦᠷ ᠯᠤᠭᠡ ᠵᠢᠨ ᠬᠦᠮᠦᠷᠭᠡᠯᠡᠨ ᠬᠠᠳᠠᠭᠠᠯᠠᠬᠤ ᠲᠠᠯᠠᠪᠠᠢ᠂ ᠠᠵᠢᠯᠴᠢᠨ ᠡᠯᠰᠡᠬᠦ᠂ ᠲᠠᠷᠢᠶᠠᠯᠠᠡᠭ ᠤ᠋ᠨ ᠪᠦᠲᠦᠭᠡᠭᠳᠡᠭᠦᠨ ᠢ᠋ ᠲᠦᠪᠯᠡᠷᠡᠭᠦᠯᠦᠨ ᠬᠤᠳᠠᠯᠳᠤᠬᠤ ᠵᠡᠷᠭᠡ ᠠᠵᠢᠯ ᠢ᠋ ᠵᠤᠬᠢᠴᠠᠭᠤᠯᠤᠨ ᠲᠤᠬᠢᠷᠠᠭᠤᠯᠬᠤ ᠲᠠᠯ᠎ᠠ ᠪᠡᠷ ᠮᠠᠰᠢ ᠶᠡᠬᠡ ᠲᠤᠰᠠ ᠦᠵᠡᠭᠦᠯᠵᠦ ᠪᠠᠢᠨ᠎ᠠ᠃ ᠡᠭᠦᠨ ᠤ᠋ ᠰᠠᠭᠤᠷᠢᠨ ᠳᠡᠭᠡᠷ᠎ᠡ᠂ ᠪᠢᠳᠡ 2022 ᠤᠨ ᠡᠴᠡ ᠡᠬᠢᠯᠡᠨ 〈ᠵᠢᠦᠢ ᠰᠢᠶᠠᠨ ᠴᠢᠡᠭ ᠴᠸᠡᠭ〉 ᠵᠢᠵᠢᠭ ᠫᠷᠤᠭ᠌ᠷᠠᠮᠢ ᠨᠡᠬᠡᠬᠡᠵᠤ ᠤᠢᠷ᠎ᠠ ᠬᠠᠪᠢ ᠶ᠋ᠢᠨ ᠲᠣᠰᠭᠣᠨ ᠤ᠋ ᠲᠠᠷᠢᠶᠠᠴᠢᠳ ᠤ᠋ᠨ ᠲᠠᠷᠢᠭᠰᠠᠨ ᠢᠳᠡᠰᠢᠨ ᠨᠤᠭᠤᠭ᠎ᠠ ᠵᠢ ᠨᠢ ᠬᠠᠪᠰᠤᠷᠤᠨ ᠪᠤᠷᠤᠯᠠᠭᠤᠯᠵᠤ ᠦᠭᠭᠦᠭᠡᠳ ᠮᠠᠰᠢ ᠰᠠᠢᠨ ᠠᠮᠵᠢᠯᠲᠠ ᠤᠯᠵᠠᠢ᠃ ᠳᠠᠷᠠᠭᠠᠴᠢ ᠪᠡᠷ ᠪᠠᠰᠠ᠂ ᠱᠢᠭᠤᠳ ᠨᠡᠪᠲᠡᠷᠡᠭᠦᠯᠭᠡᠪᠡᠷ ᠳᠠᠮᠵᠢᠭᠤᠯᠤᠨ᠂ ᠭᠡᠷᠡᠯᠲᠦ ᠰᠦᠮ᠎ᠡ ᠲᠣᠰᠭᠣᠨ ᠪᠣᠯᠤᠨ ᠡᠷᠬᠢᠨ ᠲᠣᠭᠣᠷᠢᠨᠤ ᠲᠣᠰᠭᠣᠨᠤ ᠣᠨᠴᠠᠯᠢᠭ᠍ᠲᠤ ᠢᠳᠡᠱᠢᠨ ᠨᠣᠭᠣᠭ᠎ᠠ᠂ ᠴᠢᠨᠠᠷ ᠰᠠᠢᠲᠠᠶ ᠵᠢᠮᠢᠰᠢ ᠨᠡᠩ ᠤᠯᠠᠨ ᠭᠠᠵᠠᠷ ᠲᠤ᠌ ᠪᠤᠷᠤᠯᠠᠭᠤᠯᠤᠨ᠎ᠠ》 ᠭᠡᠵᠦ ᠭᠤᠤ ᠢᠦᠢ ᠬᠤᠢᠰᠢᠲᠠ ᠶ᠋ᠢᠨ ᠬᠦᠭᠵᠢᠯᠲᠡ ᠶ᠋ᠢᠨᠢᠶᠡᠨ ᠲᠤᠬᠠᠢ ᠲᠦᠯᠦᠪᠯᠠᠵᠤ ᠪᠠᠢᠨ᠎ᠠ᠃
ᠼᠤᠤ ᠫᠸᠩ᠂ ᠯᠢ ᠰᠢᠶᠤᠤ ᠸᠸᠢ᠂ ᠭᠤᠤ ᠢᠦᠢ᠂ ᠭᠠᠨᠳᠢᠷ᠂ ᠬᠠᠢᠷᠬᠠᠨ ᠁ ᠨᠡᠷ ᠭᠠᠯ ᠵᠠᠯᠠᠭᠤ ᠨᠠᠰᠤᠨᠤ ᠭᠠᠩ ᠲᠦᠷᠦᠭᠡᠨ ᠳ᠋ᠤ ᠦᠢᠯᠡᠰᠤᠨ ᠰᠠᠢᠬᠠᠨᠢ 《ᠰᠠᠢᠬᠠᠨ》 ᠳ᠋ᠤ ᠪᠢᠴᠢᠭᠯᠡᠬᠦ ᠳ᠋ᠡᠬᠡᠨ ᠲᠡᠳᠡ ᠦᠨᠳᠦᠰᠦᠳᠡᠨ ᠤᠪᠤᠬᠳᠠᠨ ᠬᠡᠵᠤ ᠢᠯᠭᠠᠬᠤ ᠦᠬᠡᠢ᠂ ᠤᠷᠤᠨ ᠨᠤᠳᠤᠭ ᠬᠡᠵᠤ ᠬᠤᠪᠢᠶᠠᠬᠤ ᠦᠬᠡᠢ ᠨᠢᠬᠡ ᠬᠡᠷ ᠪᠦᠯᠢ ᠪᠤᠯᠵᠤ ᠨᠢᠬᠡᠨ ᠨᠢᠬᠡᠨ ᠳ᠋ᠡᠬᠡᠨ ᠬᠠᠪᠰᠤᠷᠴᠤ ᠰᠠᠢᠬᠠᠨ ᠲᠤᠭᠤᠷᠢᠭᠤᠨ ᠦᠨᠳᠦᠰᠦᠳᠡᠨ ᠤ ᠪᠦᠯᠬᠦᠮᠳᠠᠯ ᠲᠡᠪᠰᠢᠯᠳᠠ ᠵᠢ ᠠᠭᠢᠭᠤᠯᠤᠨᠠᠮ᠃