ᠡᠬᠢ ᠠᠲᠠᠭ ᠦᠭᠡᠢ ᠦᠷᠬᠦᠯᠵᠢᠯᠡᠬᠦ᠌ ᠨᠠᠢᠷ᠎ᠤᠨ ᠰᠢᠷᠡᠭᠡ᠂ ᠨᠠᠭᠠᠳᠤᠮ᠎ᠤᠨ ᠵᠠᠷ᠎ᠢ ᠰᠤᠨᠤᠰᠭᠤ᠎ᠠᠴᠠ ᠦᠨᠡᠬᠡᠷ ᠵᠢᠷᠤᠬᠡ ᠱᠢᠮᠱᠢᠷᠠᠬᠦ᠌ ᠶᠤᠮ᠃ ᠬᠤᠷᠢᠮ ᠨᠠᠢᠷ᠂ ᠬᠤᠷᠠᠯ ᠴᠤᠭᠯᠠᠭᠠᠨ᠂ ᠤᠢ ᠵᠢᠨ ᠪᠠᠶᠠᠷ᠂ ᠨᠠᠰᠤᠨ ᠪᠠᠶᠠᠷ᠂ ᠤᠷᠤᠭ᠎ᠤᠨ ᠪᠠᠳᠤᠯᠠᠪᠤᠷᠢ ᠵᠢᠨ ᠨᠠᠢᠷ ᠁ ᠭᠡᠳ ᠦᠷ ᠴᠠᠢᠬᠤ ᠡᠴᠡ ᠦᠨᠡᠭᠡᠨ ᠬᠠᠷᠠᠨᠭᠭᠤᠢ ᠪᠤᠯᠳᠠᠯ᠎ᠠ᠂ ᠬᠠᠪᠤᠷ᠎ᠤᠨ ᠬᠠᠪᠰᠠᠷᠭ᠎ᠠ ᠡᠴᠡ ᠡᠪᠦᠯ᠎ᠤᠨ ᠵᠤᠳ ᠪᠤᠯᠳᠠᠯ᠎ᠠ ᠲᠠᠭᠤᠰᠤᠰᠢ ᠦᠭᠡᠢ ᠦᠷᠭᠦᠯᠵᠢᠯᠡᠬᠦ ᠨᠠᠢᠷ ᠨᠠᠭᠠᠳᠤᠮ᠎ᠤᠨ ᠲᠤᠮᠳᠠ ᠲᠠ ᠪᠢᠳᠡ ᠵᠤᠷᠢᠯᠭ᠎ᠠ ᠲᠡᠢ ᠵᠤᠷᠢᠯᠭ᠎ᠠ ᠦᠭᠡᠢ ᠪᠡᠷ ᠨᠢᠭᠡ ᠨᠠᠰᠤ ᠪᠡᠨ ᠡᠯᠡᠭᠡᠵᠦ ᠶᠠᠪᠤᠨ᠎ᠠ᠃ ᠮᠠᠭᠤᠬᠠᠢ᠎ᠪᠠᠷ ᠬᠡᠯᠡᠪᠡᠯ᠂ ᠤᠲᠤ ᠦᠨᠡᠬᠡᠷ ᠵᠠᠷᠢᠮ ᠨᠢᠭᠡ᠎ᠨᠢ ᠨᠦᠭᠴᠢᠭ᠌ᠰᠡᠳᠤᠨᠢᠶᠠᠨ ᠬᠤᠢᠨ᠎ᠠ᠎ᠠᠴᠠ ᠬᠦᠷᠲᠡᠯ᠎ᠡ ᠱᠢᠷᠡᠭᠡ ᠵᠠᠰᠠᠮᠠᠷ ᠪᠤᠯᠵᠣ ᠪᠠᠢᠬᠤ ᠶᠤᠮ᠃
ᠨᠢᠭᠡ ᠤᠲᠠᠭ᠎ᠠ ᠬᠤᠯᠠ᠎ᠠᠴᠠ ᠢᠷᠡᠭ᠌ᠰᠡᠨ ᠬᠤᠶᠠᠷ ᠰᠠᠢᠬᠠᠨ ᠨᠠᠢᠵᠠ ᠪᠠᠨ ᠵᠤᠴᠢᠯᠠᠵᠤ ᠲᠡᠢᠯᠠᠬᠤᠪᠠᠷ ᠨᠤᠲᠤᠭ᠎ᠤᠨ ᠬᠡᠲᠤᠨ ᠠᠨᠲᠠ᠎ᠪᠠᠨ ᠵᠠᠯᠠᠵᠤ ᠲᠦᠬᠦᠮ ᠱᠢᠷᠡᠭᠡ ᠵᠠᠰᠠᠬᠤ᠎ᠳᠤ ᠠᠨᠲᠠ ᠮᠢᠨᠢ ᠨᠠᠳᠠ᠎ᠳᠤ ᠬᠠᠨᠲᠤᠵᠤ᠄ 《ᠬᠦᠶᠢ!ᠠᠷᠪᠢᠨ ᠶᠠᠭᠤᠮ᠎ᠠ ᠵᠠᠬᠢᠶᠠᠯᠠᠬᠤ ᠬᠡᠷᠡᠭ ᠦᠭᠡᠢ᠂ ᠢᠲᠡᠬᠦ᠌ ᠬᠡᠮᠵᠢᠶ᠎ᠡ᠎ᠪᠠᠷ᠎ᠢᠶᠠᠨ ᠪᠠᠭ᠎ᠠ ᠠᠪᠤᠶ᠎ᠠ! ᠵᠢᠷᠭᠠᠯ᠎ᠳᠠᠭᠠᠨ ᠲᠠᠱᠢᠭᠤᠷᠠᠵᠦ ᠪᠦᠷᠢᠯᠭᠡᠨ ᠰᠤᠢᠳᠭᠡᠪᠡᠯ ᠨᠢᠬᠦᠯ ᠪᠤᠯᠵᠤ ᠪᠤᠶᠠᠨ᠎ᠢᠶᠠᠨ ᠪᠠᠷᠠᠨ᠎ᠠ ᠱᠢᠤ! 〈ᠭᠠᠵᠠᠷ ᠲᠡᠭᠡᠷᠡᠬᠢ ᠨᠢᠭᠡ ᠮᠦᠬᠦᠯᠢᠭ ᠪᠤᠳᠠᠭ᠎ᠠ᠂ ᠲᠡᠭ᠌ᠷᠢ ᠲᠡᠭᠡᠷ᠎ᠡ ᠲᠡᠮᠡᠭᠡᠨ ᠴᠢᠨᠡᠭᠡ ᠬᠠᠷᠠᠭ᠍ᠲᠠᠨᠠ〉 ᠭᠡᠳᠡᠭ ᠰᠢᠦ⁈》 ᠭᠡᠳ᠄ 《ᠤᠲᠤ ᠴᠢᠨᠢ ᠨᠠᠢᠷ ᠬᠤᠷᠢᠮ ᠡᠮᠬᠢ ᠵᠠᠮᠪᠠᠷᠠᠭ᠎ᠠ᠎ᠪᠠᠨ ᠠᠯᠲᠠᠵᠤ᠂ ᠬᠦᠮᠤᠰ᠎ᠤᠨ ᠪᠦᠷᠢᠯᠭᠡᠨ ᠰᠤᠢᠳᠭᠡᠬᠦ᠌ ᠦᠵᠡᠯ ᠰᠤᠷᠲᠠᠯ ᠰᠦᠷᠡᠬᠡᠢ ᠭᠠᠵᠠᠷ ᠠᠪᠴᠤ᠌ ᠪᠠᠢᠨ᠎ᠠ᠃ ᠲᠡᠨᠤ ᠡᠨᠳᠡ ᠴᠤᠬᠤᠮ ᠶᠠᠭᠠᠬᠢᠵᠤ ᠪᠠᠢᠨ᠎ᠠ ᠤᠤ? ᠡᠨᠡ ᠬᠡᠲᠤᠨ ᠵᠢᠯ᠎ᠠᠴᠠ ᠮᠠᠨ᠎ᠤ ᠨᠤᠲᠤᠭ᠎ᠢᠶᠠᠷ ᠪᠠᠰᠠ 〈ᠤᠷᠤᠭ᠎ᠤᠨ ᠪᠠᠲᠤᠯᠠᠪᠤᠷᠢ〉 ᠶ᠋ᠢᠨ ᠨᠠᠢᠷ ᠤᠴᠢᠷ ᠵᠦᠭ ᠦᠭᠡᠢ ᠲᠡᠭ᠌ᠲᠡᠬᠦ᠌ ᠪᠤᠯᠤᠯ᠎ᠠ》 ᠭᠡᠵᠦ ᠰᠠᠨᠠᠭ᠎ᠠ ᠠᠯᠳᠠᠨᠭᠭᠤᠢ ᠶᠠᠷᠢᠯ᠎ᠠ᠃
ᠦᠨᠡᠭᠡᠷ ᠤᠳᠤᠬᠠᠨ᠎ᠳᠦ᠂ ᠤᠷᠤᠭ᠎ᠤᠨ ᠪᠠᠲᠤᠯᠠᠪᠤᠷᠢ᠎ᠪᠠᠨ ᠠᠪᠤᠭᠠᠳ᠂ ᠠᠲᠠᠭ᠎ᠲᠠᠭᠠᠨ ᠲᠠᠪᠤ ᠲᠤᠯᠤᠭᠠᠨ ᠱᠢᠷᠡᠭᠡ᠂ ᠠᠶᠠᠬᠦᠢᠲᠡᠪᠡᠯ ᠵᠠᠷᠢᠮ ᠨᠢ ᠠᠷᠪᠠ ᠬᠤᠷᠢᠨ ᠱᠢᠷᠡᠭᠡ ᠪᠡᠯᠡᠳᠭᠡᠨ᠂ ᠪᠦᠲᠤᠨ ᠡᠲᠤᠷ᠎ᠢᠶᠠᠷ ᠨᠠᠢᠷᠯᠠᠵᠤ᠂ ᠨᠠᠷᠬᠢᠬᠤ᠎ᠶ᠋ᠢᠨ ᠶᠡᠬᠡ ᠪᠡᠷ ᠨᠠᠷᠬᠢᠵᠦ ᠪᠠᠢᠳᠠᠭ᠃ ᠲᠡᠭᠡᠭᠡᠳ ᠯᠠ ᠨᠢᠭᠡ ᠤᠯᠠᠨ ᠪᠠᠭᠠᠴᠤᠤᠯ ᠵᠠᠯᠠᠭᠤᠴᠤᠳ ᠴᠤᠭ᠍ᠯᠠᠷᠠᠨ ᠰᠤᠭ᠍ᠲᠤᠭᠤ ᠬᠦᠯᠴᠤᠬᠦᠤ ᠰᠤᠯᠢᠶᠠᠷᠠᠵᠤ ᠠᠭᠠᠱᠢᠯᠠᠭᠠᠳ᠂ ᠪᠦᠷᠢᠯᠭᠡᠨ ᠰᠤᠢᠳᠭᠡᠬᠦ᠌ᠶ᠋ᠢᠨ ᠲᠤᠢᠯ ᠪᠤᠯᠵᠦ᠂ ᠨᠡᠢᠭᠡᠮ ᠨᠡᠢᠳᠡ᠎ᠳᠦ ᠮᠠᠭᠤ ᠨᠦᠯᠦᠭᠡ᠂ ᠮᠠᠭᠤᠬᠠᠢ ᠲᠠᠭᠤᠷᠢᠶᠠᠯ ᠭᠠᠷᠭᠠᠵᠤ ᠪᠤᠢ᠃ ᠢᠨᠠᠭ ᠬᠤᠤᠰ ᠬᠤᠭᠤᠷᠤᠨᠳᠦ ᠪᠡᠨ ᠬᠠᠤᠯᠢ ᠪᠡᠷ ᠪᠠᠳᠤᠯᠠᠭᠰᠠᠨ ᠦᠨᠡᠮᠯᠡᠬᠦ ᠭᠡᠷᠡᠴᠢᠯᠡᠭᠡ ᠠᠪᠬᠤ᠎ᠳᠠᠭᠠᠨ ᠲᠦᠭᠦᠮᠬᠡᠨ ᠨᠢᠭᠡ ᠡᠷᠡᠨ᠎ᠤ ᠬᠤᠭᠤᠯᠠ ᠪᠠᠵᠠᠭᠠᠵᠤ᠂ ᠤᠢᠷ᠎ᠠ ᠲᠤᠭᠤᠷᠢᠨ᠎ᠤ ᠬᠡᠳᠦᠨ ᠨᠠᠢᠵᠠ ᠲᠠᠢ ᠪᠡᠨ ᠵᠢᠷᠭᠠᠯᠳᠠᠢ ᠮᠦᠴᠡ ᠪᠡᠨ ᠲᠡᠮᠳᠡᠭᠯᠡᠪᠡᠯ ᠪᠤᠯᠴᠢᠬᠠᠳᠠᠭ ᠤᠴᠢᠷ᠎ᠢ ᠶᠠᠭ ᠯᠡ ᠤᠷᠤᠭ ᠬᠤᠷᠢᠮ᠎ᠢᠶᠡᠨ ᠲᠠᠯᠪᠢᠵᠤ ᠪᠠᠢᠬᠤ ᠰᠢᠬ ᠠᠷᠪᠠ ᠬᠤᠷᠢᠨ ᠰᠢᠷᠡᠭᠡ ᠵᠠᠰᠠᠵᠤ ᠰᠦᠷ ᠲᠠᠲᠠᠮᠠᠷ ᠶᠠᠪᠤᠳᠠᠯ ᠶᠡᠷᠦ᠎ᠳᠡᠭᠡᠨ ᠠᠯᠠᠭ᠎ᠠ᠃ ᠲᠡᠢᠮᠦ ᠪᠢᠰᠢ ᠬᠠᠷᠢᠨ ᠦᠪᠡᠷ᠎ᠤᠨ ᠤᠯᠠᠭᠠᠨ ᠨᠢᠭᠤᠷ᠎ᠢᠶᠡᠨ ᠬᠠᠢᠷᠠᠯᠠᠵᠤ᠂ ᠤᠯᠠᠨ᠎ᠤ ᠡᠮᠦᠨ᠎ᠡ ᠬᠤᠭᠤᠰᠤᠨ ᠨᠡᠷ᠎ᠡ ᠨᠢᠭᠤᠷ᠂ ᠬᠠᠭᠤᠷᠮᠠᠴᠢ ᠨᠠᠢᠷ ᠲᠠᠯ᠎ᠠ ᠪᠡᠨ ᠭᠠᠢᠬᠠᠭᠤᠯᠵᠤ ᠰᠦᠷᠵᠢᠨ ᠲᠠᠲᠠᠬᠤ ᠨᠢ ᠠᠮᠠᠷᠠᠭ ᠬᠤᠤᠰ᠂ ᠲᠡᠷᠡᠴᠢᠯᠡᠨ ᠠᠪᠤ ᠡᠵᠢ ᠲᠦᠷᠦᠯ ᠲᠦᠷᠦᠭᠰᠡᠳᠤᠨᠢᠶᠡᠨ ᠠᠵᠤ ᠠᠬᠤᠢ ᠵᠢᠨ ᠲᠠᠷᠤᠭᠠᠰᠦ ᠵᠢ ᠬᠦᠨᠳᠦᠷᠡᠭᠦᠯᠵᠤ᠂ ᠰᠡᠳᠬᠢᠯ ᠰᠠᠨᠠᠭᠠᠨ᠎ᠳᠤᠨᠢ ᠴᠦ᠍ ᠰᠡᠪ ᠰᠠᠭᠤᠯᠭᠠᠬᠤ ᠨᠢ ᠪᠤᠯᠵᠤᠰᠢ ᠦᠭᠡᠢ ᠶᠤᠮ᠃ ᠲᠡᠷᠡ ᠮᠠᠭᠤ ᠨᠦᠯᠦᠭᠡ ᠪᠡᠷ ᠨᠡᠢᠭᠡᠮ ᠨᠡᠢᠳᠡ ᠡᠷᠡᠭᠦᠯ ᠪᠤᠰᠤ ᠡᠷᠬᠢᠯᠳᠡᠳᠦ ᠤᠷᠤᠵᠤ᠂ ᠲᠡᠭᠦᠨ ᠡᠴᠡ ᠪᠤᠯᠤᠭᠰᠠᠨ ᠮᠠᠭᠤ ᠦᠷ᠎ᠡ ᠲᠠᠭᠠᠪᠤᠷᠢ ᠨᠢ ᠲᠤᠰ ᠪᠡᠶ᠎ᠡ᠎ᠳᠤᠨᠢ ᠪᠤᠴᠠᠭᠠᠳ ᠢᠷᠡᠳᠡᠭ ᠤᠴᠢᠷᠳᠠᠢ᠃ ᠲᠡᠭᠡᠬᠦ ᠵᠢᠨ ᠤᠷᠤᠨ᠎ᠳᠦ ᠤᠳᠭ᠎ᠠ ᠤᠴᠢᠷ ᠲᠡᠢ᠂ ᠠᠬᠠᠮᠠᠳ ᠲᠤᠮᠤᠭᠠᠳᠠᠳ᠎ᠢᠶᠡᠨ ᠬᠦᠨᠳᠦᠯᠡᠵᠤ᠂ ᠠᠪᠰᠠᠷ ᠲᠦᠭᠦᠮᠬᠡᠨ᠂ ᠪᠦᠷᠢᠯᠭᠡᠵᠤ ᠰᠦᠢᠳᠬᠡᠬᠦ ᠦᠭᠡᠢ ᠪᠡᠷ ᠲᠡᠮᠳᠡᠭᠯᠡᠬᠦ ᠨᠢ ᠬᠡᠨ ᠠᠯᠢᠨ᠎ᠳᠠᠭᠠᠨ ᠰᠠᠢᠨ ᠪᠠᠢᠳᠠᠭ᠎ᠢ ᠮᠡᠳᠡᠭᠦᠰᠢᠳᠡᠢ ᠪᠢᠯᠡ᠃
ᠶᠠᠷᠢᠶᠠᠨ ᠦᠭᠡᠢ ᠭᠡᠨ ᠨᠢ ᠴᠦ᠍ ᠭᠡᠰᠡᠨ ᠬᠤᠶᠠᠷ ᠰᠢᠨ᠎ᠡ ᠬᠦᠮᠦᠨ᠎ᠤ ᠪᠡᠨ ᠬᠤᠵᠢᠮ᠎ᠤᠨ ᠰᠠᠢᠨ ᠰᠠᠢᠬᠠᠨ᠎ᠢ ᠪᠡᠯᠭᠡᠳᠡᠭᠡᠳ ᠲᠠᠢᠯᠠᠯᠭ᠎ᠠ ᠵᠤᠴᠢᠯᠠᠭ᠎ᠠ ᠪᠠᠵᠠᠭᠠᠬᠤ ᠵᠢ ᠪᠤᠳᠤᠨ᠎ᠠ᠃ ᠭᠡᠪᠡᠴᠤ᠌ ᠤᠴᠢᠷ ᠶᠠᠪᠤᠲᠠᠯ ᠴᠢᠨᠢ ᠶᠠᠮᠠᠷ ᠲᠠᠭᠠᠨ ᠲᠠᠢᠯᠠᠯᠭ᠎ᠠ᠎ᠶ᠋ᠢᠨ ᠱᠢᠷᠡᠭᠡᠨ᠎ᠤ ᠶᠡᠭᠡ ᠪᠠᠭ᠎ᠠ ᠦᠷᠭᠡᠨ ᠲᠠᠩᠰᠤᠭ ᠲᠦ᠍ ᠪᠠᠢᠬᠤ ᠪᠢᠰᠢ! ᠬᠠᠮᠤᠭ᠎ᠤᠨ ᠴᠢᠬᠤᠯᠡ᠎ᠨᠢ ᠬᠤᠢᠱᠢᠲᠠ ᠬᠡᠤᠬᠡᠳ ᠠᠴᠢᠨᠠᠷ ᠴᠢᠨᠢ ᠰᠢᠨᠡᠭᠡᠨ ᠪᠤᠰᠬᠠᠭᠰᠠᠨ ᠠᠢᠯ ᠭᠡᠷ᠎ᠢᠶᠠᠨ ᠶᠠᠭᠠᠬᠢᠵᠤ ᠰᠠᠢᠬᠠᠨ ᠲᠤᠳᠤᠮᠳᠠᠵᠤ ᠶᠠᠪᠤᠬᠤ ᠤᠬᠠᠭᠠᠨ ᠪᠤᠲᠤᠯ᠎ᠳᠦ ᠪᠤᠢ᠃ ᠮᠦᠩᠬᠦ᠌ ᠲᠦᠬᠦᠷᠢᠭ᠎ᠢᠶᠠᠷ ᠠᠯᠢᠪᠠ᠎ᠶ᠋ᠢ ᠬᠡᠮᠵᠢᠲᠡᠭ ᠪᠤᠯᠬᠢ ᠮᠠᠭᠤᠬᠠᠢ ᠱᠢᠨᠤᠭ ᠰᠠᠨᠠᠭ᠎ᠠ᠎ᠶ᠋ᠢ ᠡᠷᠡᠰ ᠲᠡᠪᠴᠢᠬᠦ᠌ ᠬᠡᠷᠡᠭ᠌ᠲᠡᠢ᠃ ᠶᠡᠷᠤ᠎ᠨᠢ ᠶᠠᠮᠠᠷᠪᠡ ᠶᠠᠭᠤᠮ᠎ᠠ ᠭᠡᠮ ᠬᠡᠮᠵᠢᠶ᠎ᠡ᠎ᠠᠴᠠ᠎ᠪᠠᠨ ᠬᠡᠲᠤᠷᠡᠪᠡᠯ᠂ ᠡᠰᠡᠷᠬᠦ᠌ ᠦᠷ᠎ᠡ ᠳ᠋ᠦᠩ᠎ᠳᠦ ᠬᠦᠷᠳᠡᠭ᠃
《ᠲᠦᠮᠡᠨ ᠦᠭᠡ ᠵᠢᠨ ᠲᠤᠪᠴᠢ ᠨᠢ ᠨᠢᠭᠡ》 ᠭᠡᠳᠡᠭ᠎ᠢᠶᠡᠷ ᠪᠢᠲᠠ ᠴᠠᠭ ᠦᠶ᠎ᠡ᠎ᠲᠠᠢ᠎ᠪᠠᠨ ᠵᠡᠷᠭᠡᠴᠡᠨ ᠤᠷᠤᠭ᠍ᠰᠢᠯᠠᠬᠤ᠎ᠳᠤ ᠶᠠᠭᠤᠨ᠎ᠤ ᠤᠷᠢᠳ ᠦᠪᠡᠷ᠎ᠢ᠎ᠪᠠᠨ ᠲᠡᠬᠦᠯᠲᠡᠷᠵᠢᠬᠦᠯᠵᠤ᠂ ᠴᠠᠭ᠎ᠢ ᠰᠠᠢᠲᠤᠷ ᠨᠠᠨᠳᠢᠩᠨᠠᠬᠤ ᠦᠵᠡᠯᠲᠡ᠎ᠲᠠᠢ ᠪᠠᠢᠵᠤ᠂ ᠠᠵᠢᠯᠴᠢ ᠠᠷᠪᠢᠴᠢ ᠰᠤᠷᠲᠠᠯ᠎ᠢ ᠡᠷᠬᠢᠮᠯᠠᠵᠤ᠂ ᠴᠢᠷᠮᠠᠢᠯᠲᠠ ᠬᠠᠲᠠᠭᠤ ᠠᠵᠢᠯᠯᠠᠵᠤ ᠰᠤᠷᠤᠯᠴᠠᠬᠤ ᠰᠦᠰᠤ ᠵᠤᠷᠢᠭ ᠪᠠᠢᠬᠤ ᠬᠡᠷᠡᠭ᠌ᠲᠠᠢ᠃ ᠡᠨᠡ ᠪᠣᠯ ᠦᠷᠢᠰᠤᠯᠲᠤᠭᠡᠨ ᠶᠡᠬᠡᠲᠠᠢ ᠤᠲᠣᠭᠢ ᠨᠡᠢᠭᠡᠮ᠎ᠳᠤ ᠬᠥᠯ ᠲᠤᠭ᠍ᠲᠠᠨᠢᠬᠤᠶ᠋ᠢᠨ ᠴᠢᠬᠤᠯᠠ ᠨᠢᠭᠡᠨ ᠪᠠᠷᠢᠮᠲᠠᠯᠠᠯ ᠪᠤᠯᠬᠤ ᠶᠤᠮ᠃ ᠨᠢᠭᠡ ᠬᠦᠮᠦᠨ᠎ᠤ ᠪᠠᠶᠠᠨ ᠲᠠᠨᠭᠰᠤᠭᠢ ᠮᠦᠨᠭᠬᠦ ᠵᠤᠭᠤᠰ᠂ ᠡᠳ᠋ ᠪᠤᠳᠠᠰ᠎ᠢᠶᠡᠷ ᠯᠡ ᠬᠡᠮᠵᠢᠶᠡᠯᠡᠬᠦ ᠪᠢᠰᠢ᠂ ᠬᠠᠮᠤᠭ᠎ᠤᠨ ᠴᠢᠬᠤᠯᠠ ᠨᠢ ᠲᠠᠷᠢᠬᠢ ᠤᠶᠤᠨ᠎ᠢᠶᠡᠨ ᠴᠠᠭ ᠦᠷᠭᠦᠯᠵᠢ ᠮᠡᠳᠡᠯᠭᠡ ᠪᠡᠷ ᠴᠡᠨᠡᠭᠯᠡᠵᠤ᠂ ᠬᠠᠷᠠᠭ᠎ᠠ ᠵᠤᠭᠰᠤᠴᠠ ᠪᠡᠨ ᠬᠦᠮᠦᠨ ᠲᠦᠷᠤᠯᠬᠢᠳᠡᠨᠤ ᠬᠦᠭᠵᠢᠯ ᠲᠠᠪᠰᠢᠯ᠎ᠤᠨ ᠠᠯᠬᠤᠭ᠎ᠠ᠎ᠳᠦ ᠨᠢᠭᠡᠳᠦᠭᠦᠯᠬᠦ ᠶᠠᠪᠤᠳᠠᠯ ᠭᠡᠳᠡᠭ᠎ᠢ ᠪᠢᠳᠡ ᠪᠦᠬᠦᠨ ᠢᠮᠠᠭᠳᠠ ᠰᠠᠨᠠᠭᠤᠰᠢᠳᠠᠢ᠃