ᠨᠡᠢᠭᠡᠮ ᠲᠤᠭᠤᠷᠢᠭ᠎ᠤᠨ ᠠᠴᠢ ᠪᠡᠷ ᠨᠡᠢᠳᠡ ᠤᠯᠠᠨ ᠵᠢᠷᠭᠠᠨ᠎ᠠ
2023-09-04 09:39:08
ᠵᠣᠬᠢᠶᠠᠭ᠍ᠴᠢ᠄
ᠬᠡᠰᠢᠭᠪᠠᠶᠠᠷ ᠸᠠᠩ ᠢᠦᠢ ᠵᠦᠸᠸ ᠠᠯᠳᠠᠠᠠᠤᠳᠤ ᠴᠤᠪᠤᠭᠤ
ᠣᠩᠱᠢᠭ᠍ᠰᠠᠨ ᠣᠳᠠᠭ᠎ᠠ᠄
★★★☆☆

ᠬᠤᠯᠪᠤᠭᠠᠰᠤ ᠄

● ᠬᠢᠶ᠎ᠠ ᠪᠠᠭᠰᠢ ᠲᠤᠭᠤᠷᠢᠭ 2021 ᠤᠨ᠎ᠳᠦ ᠶᠢᠰᠦᠳᠦᠭᠡᠷ ᠪᠦᠯᠦᠭ᠎ᠤᠨ ᠪᠦᠬᠦ ᠤᠯᠤᠰ᠎ᠤᠨ ᠦᠨᠳᠦᠰᠦᠳᠡᠨ᠎ᠤ ᠪᠦᠯᠬᠦᠮᠳᠡᠯ ᠲᠠᠪᠰᠢᠯᠳᠠ ᠵᠢᠨ ᠵᠢᠱ᠌ᠢᠶ᠎ᠠ ᠦᠵᠡᠭᠦᠯᠬᠦ ᠨᠢᠭᠡᠴᠢ ᠪᠡᠷ ᠦᠨᠡᠯᠡᠭᠳᠡᠪᠡ᠃

● ᠬᠢᠶ᠎ᠠ ᠪᠠᠭᠰᠢ ᠲᠤᠭᠤᠷᠢᠭ᠎ᠤᠨ ᠶᠤᠸᠠᠨ᠎ᠳ᠋ᠢᠩ ᠨᠡᠢᠭᠡᠮ ᠲᠤᠭᠤᠷᠢᠭ ᠬᠤᠶᠠᠷ ᠬᠤᠭᠤᠴᠠᠭ᠎ᠠ ᠲᠠᠷᠠᠭᠠᠯᠠᠨ ᠪᠦᠬᠦ ᠬᠤᠲᠠ ᠵᠢᠨ ᠦᠨᠳᠦᠰᠦᠳᠡᠨ᠎ᠤ ᠪᠦᠯᠬᠦᠮᠳᠡᠯ ᠲᠠᠪᠰᠢᠯᠳᠠ ᠵᠢᠨ ᠵᠢᠱ᠌ᠢᠶᠠᠴᠢ ᠨᠡᠢᠭᠡᠮ ᠲᠤᠭᠤᠷᠢᠭ᠎ᠢᠶᠡᠷ ᠦᠨᠡᠯᠡᠭᠳᠡᠵᠦ᠂ 2022 ᠤᠨ᠎ᠳᠤ ᠦᠪᠡᠷᠲᠡᠭᠡᠨ ᠵᠠᠰᠠᠬᠤ ᠤᠷᠤᠨ᠎ᠤ ᠦᠨᠳᠦᠰᠦᠲᠡᠨ᠎ᠤ ᠪᠦᠯᠬᠦᠮᠳᠡᠯ ᠲᠠᠪᠰᠢᠯᠲᠠ ᠵᠢᠨ ᠵᠢᠱ᠌ᠢᠶᠠᠴᠢ ᠨᠡᠢᠭᠡᠮ ᠲᠤᠭᠤᠷᠢᠭ᠎ᠢᠶᠡᠷ ᠰᠤᠨᠭᠭᠤᠭᠳᠠᠵᠠᠢ᠃

●  ᠬᠢᠶ᠎ᠠ ᠪᠠᠭᠰᠢ ᠲᠤᠭᠤᠷᠢᠭ᠎ᠤᠨ ᠶᠤᠸᠠᠢ ᠾᠸ ᠨᠡᠢᠭᠡᠮ ᠲᠤᠭᠤᠷᠢᠭ ᠡᠨᠭᠨᠡᠭᠡ ᠪᠠᠢᠭᠤᠯᠬᠤ᠂ ᠲᠠᠪᠴᠠᠩ ᠪᠠᠢᠭᠤᠯᠬᠤ᠂ ᠨᠠᠢᠳᠠᠪᠤᠷᠢᠵᠢᠭᠤᠯᠤᠯᠳᠠ ᠵᠢ ᠠᠳᠬᠤᠬᠤ ᠪᠡᠷ ᠲᠠᠮᠵᠢᠨ᠂ ᠬᠡᠯᠪᠡᠷᠢ ᠳᠡᠢ᠂ ᠰᠡᠳᠬᠢᠯᠭᠡ ᠲᠡᠢ᠂ ᠪᠦᠲᠦᠮᠵᠢ ᠳᠡᠢ ᠪᠡᠷ ᠲᠤᠮᠳᠠᠳᠤ ᠵᠢᠨ ᠦᠨᠳᠦᠰᠦᠳᠡᠨ᠎ᠤ ᠬᠠᠮᠳᠦ ᠵᠢᠨ  ᠴᠤᠭᠴᠠ ᠵᠢᠨ ᠤᠬᠠᠮᠰᠠᠷ᠎ᠢ ᠪᠠᠳᠦ ᠴᠤᠭᠴᠠᠯᠠᠵᠤ᠂ ᠦᠨᠳᠦᠰᠦᠳᠡᠨ ᠨᠤᠭᠦᠳ᠎ᠤᠨ ᠠᠷᠠᠳ ᠲᠦᠮᠡᠨ᠎ᠤ ᠵᠢᠷᠭᠠᠯᠲᠦ ᠠᠮᠢᠳᠤᠷᠠᠯ᠎ᠢ ᠵᠢᠷᠤᠭᠯᠠᠵᠠᠢ᠃



ᠤᠷᠳᠤᠰ ᠬᠤᠳᠠ ᠵᠢᠨ ᠬᠢᠶ᠎ᠠ ᠪᠠᠭᠰᠢ ᠲᠤᠭᠤᠷᠢᠭ ᠪᠤᠯ ᠦᠪᠦᠷ ᠮᠤᠨᠭᠭᠤᠯ᠎ᠤᠷᠤᠨ᠎ᠤ ᠠᠵᠤ ᠠᠬᠤᠢ ᠵᠢᠨ ᠬᠦᠭᠵᠢᠯ ᠲᠠᠪᠰᠢᠯ᠂ ᠬᠤᠳᠠᠴᠢᠯᠠᠯᠳᠠ ᠵᠢᠨ ᠲᠦᠪᠰᠢᠨ᠎ᠢ ᠪᠦᠬᠦ ᠤᠯᠤᠰ ᠲᠦ᠍ ᠬᠠᠷᠠᠭᠤᠯᠵᠤ ᠴᠢᠳᠠᠬᠤᠢᠴᠠ ᠨᠡᠷ᠎ᠡ ᠵᠢᠨ ᠬᠠᠭᠤᠳᠠᠰᠦ ᠪᠤᠯᠵᠤ ᠶᠠᠪᠤᠭ᠎ᠠ ᠶᠤᠮ᠃ ᠦᠨᠳᠦᠷ ᠰᠦᠷᠯᠢᠭ ᠠᠰᠠᠷ ᠲᠠᠭᠳᠦ᠂ ᠦᠷᠭᠡᠨ ᠰᠠᠷᠠᠭᠤᠯ ᠵᠡᠭᠡᠯᠢ ᠭᠤᠳᠤᠮᠵᠢ᠂ ᠰᠡᠯᠡᠭᠦᠴᠡᠨ ᠵᠤᠭᠠᠯᠠᠬᠤ ᠴᠡᠴᠡᠷᠯᠢᠭ ᠵᠤᠰᠠᠯᠠᠩ᠎ᠢ ᠬᠠᠷᠠᠬᠤ ᠪᠦᠷᠢ ᠤᠳᠤᠬᠢ ᠨᠡᠢᠭᠡᠮ᠎ᠤᠨ ᠠᠰᠦᠷᠦ ᠶᠡᠬᠡ ᠬᠦᠭᠵᠢᠯᠳᠡ᠂ ᠲᠡᠷᠡᠴᠢᠯᠡᠨ ᠬᠦᠮᠦᠨ ᠲᠦᠷᠦᠯᠬᠢᠳᠡᠨ᠎ᠤ ᠠᠤᠭ᠎ᠠ ᠶᠡᠬᠡ ᠤᠶᠤᠨ ᠤᠬᠠᠭᠠᠨ᠎ᠢ ᠮᠡᠳᠡᠷᠡᠵᠦ ᠪᠤᠯᠳᠠᠭ᠃

ᠬᠤᠳᠠ ᠪᠠᠯᠭᠠᠰᠦ ᠪᠤᠯ ᠨᠡᠢᠭᠡᠮ᠎ᠤᠨ ᠬᠦᠭᠵᠢᠯ ᠲᠠᠪᠰᠢᠯ᠎ᠤᠨ ᠶᠡᠬᠡ ᠤᠷᠤᠨ ᠵᠠᠢ᠂ ᠬᠠᠷᠢᠨ ᠨᠡᠢᠭᠡᠮ ᠲᠤᠭᠤᠷᠢᠭ ᠪᠤᠯ ᠠᠷᠠᠳ ᠤᠯᠠᠨ᠎ᠤ ᠠᠮᠢᠳᠤᠷᠠᠯ᠎ᠤᠨ ᠵᠢᠵᠢᠭ ᠲᠤᠭᠤᠷᠢᠭ ᠮᠦᠨ᠃ ᠠᠷᠠᠳ ᠲᠦᠮᠡᠨ᠎ᠤ ᠵᠤᠯ ᠵᠢᠷᠭᠠᠯ᠂ ᠠᠮᠢᠳᠤᠷᠠᠯ᠎ᠤᠨ ᠲᠦᠪᠰᠢᠨ᠎ᠢ ᠨᠢ ᠤᠢᠯᠠᠭᠠᠬᠤ ᠵᠢ ᠬᠦᠰᠡᠪᠡᠯ ᠨᠡᠢᠭᠡᠮ ᠲᠤᠭᠤᠷᠢᠭ᠎ᠢᠶᠡᠷ ᠬᠦᠷᠴᠦ ᠦᠵᠡᠬᠦ ᠤᠴᠢᠷᠳᠠᠢ᠃ ᠬᠢᠶ᠎ᠠ ᠪᠠᠭᠰᠢ ᠲᠤᠭᠤᠷᠢᠭ᠎ᠤᠨ ᠶᠤᠸᠠᠨ᠎ᠳ᠋ᠢᠩ ᠨᠡᠢᠭᠡᠮ ᠲᠤᠭᠤᠷᠢᠭ᠂ ᠶᠤᠸᠠᠢ ᠾᠸ ᠨᠡᠢᠭᠡᠮ ᠲᠤᠭᠤᠷᠢᠭ ᠵᠢᠡᠷ ᠬᠦᠷᠴᠦ ᠰᠤᠷᠪᠤᠯᠵᠢᠯᠠᠬᠤ᠎ᠳᠠᠭᠠᠨ᠂ ᠨᠡᠢᠭᠡᠮ ᠲᠤᠭᠤᠷᠢᠭ᠎ᠤᠨ ᠬᠦᠮᠦᠰ ᠨᠢᠭᠡ ᠬᠡᠷ᠎ᠤᠨ ᠬᠦᠮᠦᠰ ᠮᠡᠳᠦ ᠬᠠᠯᠠᠭᠤᠨ ᠲᠤᠳᠤᠨᠤ ᠡᠶ᠎ᠠ ᠨᠠᠢᠷᠳᠠᠢ᠂ ᠬᠠᠷᠢᠯᠴᠠᠨ ᠬᠠᠪᠰᠤᠷᠤᠯᠴᠠᠵᠦ᠂ ᠨᠠᠢᠭᠡᠮ ᠲᠤᠭᠤᠷᠢᠭ ᠵᠢᠡᠨ ᠦᠪᠡᠷ᠎ᠤᠨ ᠬᠡᠷ ᠵᠢᠡᠨ ᠮᠠᠳᠤ ᠬᠠᠢᠷᠠᠯᠠᠨ᠂ ᠬᠦᠮᠦᠨᠯᠢᠭ ᠰᠠᠢᠨ ᠰᠠᠢᠬᠠᠨ ᠨᠠᠢᠭᠡᠮ ᠲᠤᠭᠤᠷᠢᠭ᠎ᠤᠨ ᠪᠦᠳᠦᠭᠡᠨ ᠪᠠᠢᠭᠤᠯᠤᠯᠳᠠ᠎ᠳᠤ ᠢᠳᠡᠪᠬᠢᠳᠡᠢ ᠤᠷᠤᠯᠴᠠᠵᠤ ᠪᠠᠢᠭ᠎ᠠ ᠦᠯᠢᠭᠡᠷ ᠦᠢᠯᠡ ᠶᠠᠪᠤᠳᠠᠯ᠎ᠳᠤ ᠪᠢᠳᠡ ᠰᠡᠳᠬᠢᠯ ᠬᠦᠳᠡᠯᠵᠦ ᠪᠢᠯᠠ᠃

ᠨᠠᠢᠭᠡᠮ ᠲᠤᠭᠤᠷᠢᠭ᠎ᠢ ᠬᠡᠷ᠎ᠢᠶᠡᠨ ᠰᠢᠭ ᠬᠠᠢᠷᠠᠯᠠᠨ᠎ᠠ

ᠬᠢᠶ᠎ᠠ ᠪᠠᠭᠰᠢ ᠲᠤᠭᠤᠷᠢᠭ᠎ᠤᠨ ᠶᠤᠸᠠᠨ᠎ᠳ᠋ᠢᠩ ᠨᠡᠢᠭᠡᠮ ᠲᠤᠭᠤᠷᠢᠭ ᠲᠸ᠋ ᠮᠤᠨᠭᠭᠤᠯ᠂ ᠬᠢᠳᠠᠳ᠂ ᠮᠠᠨᠵᠤ᠂ ᠬᠤᠳᠤᠩ ᠵᠡᠷᠭᠡ 10 ᠦᠨᠳᠦᠰᠦᠳᠡᠨ᠎ᠤ 6660 ᠤᠷᠴᠢᠮ ᠬᠦᠮᠦᠨ ᠠᠮᠠ ᠠᠵᠤ ᠲᠦᠷᠦᠵᠦ ᠪᠤᠢ᠂ ᠡᠭᠦᠨ᠎ᠳᠦ ᠴᠦᠬᠡᠨ ᠲᠤᠭᠠᠳᠦ ᠦᠨᠳᠦᠰᠦᠳᠡᠨ 20% ᠵᠢ ᠡᠵᠡᠯᠡᠳᠡᠭ᠃ ᠮᠦᠨ ᠲᠤᠰ ᠨᠡᠢᠭᠡᠮ ᠲᠤᠭᠤᠷᠢᠭ᠎ᠤᠨ ᠬᠠᠷᠢᠶᠠᠨ᠎ᠳᠤ ᠤᠷᠳᠤᠰ ᠬᠤᠳᠠ ᠲᠡᠷᠡᠴᠢᠯᠡᠨ ᠪᠦᠬᠦ ᠤᠷᠤᠨ᠎ᠤ ᠬᠡᠪᠴᠢᠶᠡᠨ᠎ᠳᠦ ᠵᠢᠭᠠᠨ ᠰᠤᠷᠭᠠᠯᠳᠠ ᠪᠠᠷ ᠰᠢᠯᠢᠳᠡᠭ ᠰᠠᠢᠨ᠂ ᠰᠤᠷᠭᠠᠭᠤᠯᠢ᠎ᠳᠦ ᠲᠡᠪᠰᠢᠬᠦ ᠨᠤᠷᠮ᠎ᠠ ᠪᠡᠷ ᠲᠡᠭᠡᠭᠦᠷ ᠤᠷᠤᠳᠠᠭ ᠤᠷᠳᠤᠰ ᠬᠤᠳᠠ ᠵᠢᠨ ᠨᠢᠭᠡᠳᠦᠭᠡᠷ ᠲᠤᠮᠳᠠᠳᠤ ᠰᠤᠷᠭᠠᠭᠤᠯᠢ ᠵᠢ ᠪᠠᠭᠳᠠᠭᠠᠭᠰᠠᠨ ᠤᠷᠳᠤᠰ ᠬᠤᠳᠠ ᠵᠢᠨ ᠮᠤᠨᠭᠭᠤᠯ ᠦᠨᠳᠦᠰᠦᠳᠡᠨ᠎ᠤ ᠲᠤᠮᠳᠠᠳᠤ ᠰᠤᠷᠭᠠᠭᠤᠯᠢ ᠵᠡᠷᠭᠡ 5 ᠰᠤᠷᠭᠠᠭᠤᠯᠢ ᠪᠠᠢᠳᠠᠭ ᠤᠴᠢᠷ ᠡᠴᠡ ᠬᠡᠥᠬᠡᠳ᠎ᠢᠶᠡᠨ ᠰᠤᠷᠭᠠᠭᠤᠯᠢ᠎ᠳᠦ ᠰᠠᠭᠤᠯᠭᠠᠨ ᠬᠠᠷᠠᠵᠤ ᠬᠠᠷᠠᠭᠠᠯᠵᠠᠳᠠᠭ ᠬᠡᠷ᠎ᠤᠨ ᠠᠬᠠᠮᠠᠳ ᠪᠡ ᠪᠠᠭᠰᠢ ᠰᠤᠷᠤᠭᠴᠢ ᠮᠠᠰᠢ ᠤᠯᠠᠨ ᠪᠠᠢᠵᠦ᠂ ᠨᠡᠭᠦᠳᠡᠯ ᠢᠷᠭᠡᠨ ᠤᠯᠠᠨᠳᠠᠢ᠎ᠪᠠᠷ᠎ᠢᠶᠡᠨ ᠪᠠᠰᠠ ᠪᠤᠰᠤᠳ ᠨᠡᠢᠭᠡᠮ ᠲᠤᠭᠤᠷᠢᠭ ᠡᠴᠡ ᠤᠨᠴᠠᠯᠢᠬᠳᠠᠳᠠᠭ᠃


3.1.png


ᠶᠤᠸᠠᠨ᠎ᠳ᠋ᠢᠩ ᠨᠡᠢᠭᠡᠮ ᠲᠤᠭᠤᠷᠢᠭ᠎ᠤᠨ ᠠᠯᠪᠠᠯᠠᠬᠤ ᠭᠠᠵᠠᠷ᠎ᠤᠨ ᠬᠤᠶᠠᠳᠤᠭᠠᠷ ᠲᠠᠪᠬᠤᠷ ᠲᠸ᠋ ᠵᠢᠵᠢᠭ ᠲᠤᠭᠤᠭᠠᠨ ᠬᠡᠷ ᠪᠤᠢ᠃ ᠲᠤᠭᠤᠭ᠎ᠠ ᠱᠢᠨᠠᠭ᠎ᠠ᠂ ᠠᠶᠠᠭ᠎ᠠ ᠰᠠᠪᠬ᠎ᠠ ᠲᠤᠭᠤᠭᠠᠯᠠᠵᠦ ᠬᠤᠭᠤᠯᠠᠯᠠᠬᠤ᠎ᠳᠤ ᠬᠡᠷᠡᠭᠰᠡᠬᠦ ᠪᠦᠬᠦ ᠶᠠᠭᠤᠮ᠎ᠠ ᠪᠦᠷᠢᠨ᠃ ᠲᠤᠰ ᠲᠤᠭᠤᠭᠠᠨ ᠬᠡᠷ ᠨᠢ ᠨᠡᠢᠭᠡᠮ ᠲᠤᠭᠤᠷᠢᠭ᠎ᠤᠨ ᠨᠠᠢᠳᠠ ᠤᠯᠠᠨ᠎ᠳᠤ ᠬᠡᠵᠢᠶᠠᠳᠠ ᠨᠡᠭᠡᠭᠡᠯᠳᠡ ᠲᠠᠢ᠃ ᠬᠡᠦᠭᠡᠳ ᠵᠢᠡᠨ ᠦᠷᠯᠦᠭᠡ ᠨᠢ ᠰᠤᠷᠭᠠᠭᠤᠯᠢ ᠳ᠋ᠤᠨᠢ ᠬᠦᠷᠭᠡᠴᠢᠭᠡᠭᠡᠳ ᠤᠷᠤᠢ ᠨᠢ ᠲᠤᠰᠳᠠᠭ ᠵᠠᠷᠢᠮ ᠬᠡᠷ᠎ᠤᠨ ᠠᠬᠠᠮᠠᠳ ᠬᠠᠶᠠ ᠵᠠᠷᠢᠮ ᠳ᠋ᠠᠭᠠᠨ ᠬᠡᠳᠦᠬᠦᠯᠡ ᠪᠠᠨ ᠨᠠᠢᠯᠠᠵᠦ ᠡᠨᠳᠡ ᠦᠳᠡ ᠳ᠋ᠡᠭᠡᠨ ᠬᠤᠭᠤᠯᠠ ᠪᠤᠳᠠᠭ᠎ᠠ ᠪᠠᠵᠠᠭᠠᠵᠤ ᠢᠳᠡᠳᠡᠭ ᠪᠠᠢᠨ᠎ᠠ᠃

— ᠦᠳᠡ ᠳ᠋ᠡᠭᠡᠨ ᠭᠠᠭᠴᠠ ᠬᠦᠮᠦᠨ ᠬᠡᠳᠦᠢᠭᠡᠨ ᠢᠳᠡᠬᠦ ᠶᠤᠮ ᠪᠤᠢ᠂ ᠬᠤᠭᠤᠯᠠ ᠬᠢᠭᠰᠡᠨ ᠴᠦ᠍ ᠶᠠᠭ ᠠᠮᠳᠠ ᠰᠢᠮᠳᠠ ᠦᠭᠡᠢ ᠰᠠᠨᠠᠭᠳᠠᠳᠠᠭ᠃ ᠬᠠᠷᠢᠨ ᠡᠨᠳᠡ ᠬᠡᠳᠦᠭᠦᠯᠡ ᠪᠠᠨ ᠨᠠᠢᠯᠡᠵᠦ ᠬᠤᠭᠤᠯᠠ ᠪᠤᠳᠠᠭ᠎ᠠ ᠲᠦᠭᠦᠭᠡᠷᠴᠦ ᠢᠳᠡᠬᠦ ᠶᠤᠮ ᠪᠤᠯ ᠦᠭᠡ ᠵᠤᠭᠤᠭ ᠲᠠᠢ᠂ ᠬᠦᠭᠵᠢᠶᠠᠨ ᠨᠠᠷᠬᠢᠶᠠᠨ ᠲᠠᠢ ᠶᠤᠮ᠃

— ᠪᠢᠳᠠ ᠬᠡᠳᠦᠬᠦᠯᠡ ᠡᠨᠡ ᠤᠳᠠᠭ᠎ᠠ ᠨᠢᠭᠡ ᠨᠢ ᠪᠤᠳᠠᠭ᠎ᠠ ᠭᠤᠯᠢᠷ᠂ ᠮᠢᠬ᠎ᠠ ᠱᠦᠯᠦ᠂ ᠨᠤᠭᠤᠭ᠎ᠠ ᠴᠠᠭ᠎ᠠ ᠪᠠᠨ ᠡᠨᠳᠡ ᠠᠪᠴᠢᠷᠠᠭᠠᠳ ᠬᠤᠭᠤᠯᠠ ᠬᠢᠭᠰᠡᠨ ᠪᠤᠯ᠂ ᠲᠠᠷᠠᠭ᠎ᠠ ᠤᠳᠠᠭ᠎ᠠ ᠨᠦᠬᠦᠭᠡ ᠨᠢ ᠶᠠᠭᠤᠮ᠎ᠠ ᠪᠠᠨ ᠠᠪᠴᠢᠷᠠᠵᠦ ᠬᠤᠭᠤᠯᠠ ᠬᠢᠭᠡᠳ ᠨᠢᠭᠡ ᠨᠢᠭᠡ ᠳ᠋ᠡᠭᠡᠨ ᠠᠮᠰᠠᠭᠤᠯᠳᠠᠭ᠂ ᠨᠢᠭᠡ ᠨᠢᠭᠡ ᠵᠢᠨ ᠵᠢᠡᠨ ᠬᠢᠭᠰᠡᠨ ᠪᠤᠳᠠᠭ᠎ᠠ ᠵᠢ ᠠᠮᠳᠠᠷᠬᠠᠨ ᠢᠳᠡᠳᠡᠭ᠃ ᠲᠠᠨᠭᠳᠠ ᠦᠪᠠᠷ᠎ᠤᠨ ᠬᠢᠭᠰᠡᠨ ᠪᠤᠳᠠᠭ᠎ᠠ ᠨᠤᠭᠤᠭ᠎ᠠ ᠪᠠᠨ ᠢᠳᠡᠭᠡᠳ ᠪᠠᠢᠬᠤ ᠳ᠋ᠤ ᠤᠢᠳᠬᠤ ᠴᠠᠭ ᠴᠦ᠍ ᠭᠠᠷᠳᠠᠭ ᠁

ᠲᠠᠳᠠᠨ᠎ᠳᠤ ᠠᠪᠴᠤ ᠬᠡᠯᠡᠪᠡᠯ᠂ ᠨᠡᠢᠭᠡᠮ ᠲᠤᠭᠤᠷᠢᠭ᠎ᠤᠨ ᠴᠡᠪᠡᠷ ᠲᠤᠬᠢᠯᠢᠭ ᠡᠨᠡ ᠲᠤᠭᠤᠭᠠᠨ ᠬᠡᠷ ᠦᠪᠠᠷ᠎ᠤᠨ ᠬᠡᠷ᠎ᠤᠨ ᠬᠢ ᠲᠠᠢ ᠶᠠᠮᠠᠷ ᠴᠸ᠋ ᠢᠯᠭᠠᠭ᠎ᠠ ᠦᠭᠡᠢ ᠶᠤᠮ᠂ ᠴᠢᠨᠠᠭᠰᠢᠯᠠᠪᠠᠯ ᠤᠯᠠᠭᠤᠯᠨ ᠪᠠᠢᠳᠠᠭ ᠵᠢᠠᠷ ᠵᠢᠡᠨ ᠨᠠᠩ ᠭᠦᠭᠵᠢᠶᠠᠨ ᠨᠠᠷᠬᠢᠶᠠᠨ ᠲᠠᠢ ᠰᠠᠨᠠᠭᠳᠠᠳᠠᠭ ᠠᠵᠢ᠃

ᠮᠦᠨ ᠲᠤᠰ ᠲᠠᠪᠬᠤᠷ ᠲᠸ᠋ ᠪᠦᠵᠢᠭ ᠪᠤᠯᠪᠠᠰᠤᠷᠠᠬᠤ ᠲᠢᠨᠭᠭᠢᠮ ᠪᠤᠢ᠃ ᠡᠩ᠎ᠤᠨ ᠦᠶ᠎ᠡ᠎ᠳᠤ ᠨᠢᠭᠡ ᠪᠦᠯᠦᠭ ᠬᠦᠮᠦᠰ ᠢᠷᠡᠵᠦ ᠪᠦᠵᠢᠭ ᠵᠢᠭᠠᠵᠦ ᠪᠦᠵᠢᠭ ᠰᠤᠷᠴᠤ᠂ ᠪᠦᠵᠢᠭ ᠪᠤᠯᠪᠠᠰᠤᠷᠠᠵᠤ ᠪᠠᠶ᠎ᠠ ᠪᠠᠨ ᠴᠢᠬᠢᠷᠠᠭᠵᠢᠭᠤᠯᠳᠠᠭ ᠪᠠᠢᠨ᠎ᠠ᠃ ᠬᠡᠷᠡᠮ ᠲᠡᠭᠡᠷ᠎ᠠ ᠨᠠᠭᠠᠵᠦ ᠪᠠᠢᠭᠰᠠᠨ ᠨᠢᠭᠡ ᠵᠢᠵᠢᠭ ᠲᠠᠯᠠᠷᠬᠠᠯ᠎ᠤᠨ ᠵᠠᠬᠢᠳᠠᠯ ᠰᠤᠷᠪᠤᠯᠵᠢᠯᠠᠭᠴᠢ ᠵᠢᠨ ᠠᠨᠭᠬᠠᠷᠤᠯ᠎ᠢ ᠲᠠᠳᠠᠪᠠ᠂ ᠲᠡᠭᠦᠨ᠎ᠦ ᠤᠴᠢᠷ ᠤᠬᠠᠭᠠᠨ᠎ᠢ ᠨᠢ ᠶᠤᠸᠠᠨ᠎ᠳ᠋ᠢᠩ ᠨᠡᠢᠭᠡᠮ ᠲᠤᠭᠤᠷᠢᠭ᠎ᠤᠨ ᠨᠠᠮ᠎ᠤᠨ ᠡᠭᠦᠷ᠎ᠤᠨ ᠱᠦᠵᠢ ᠷᠤᠸᠠᠨ ᠰᠢᠶᠤᠤ ᠢᠦᠢ ᠪᠢᠳᠠᠨ᠎ᠳᠤ ᠶᠠᠷᠢᠵᠦ ᠦᠭᠭᠦᠭᠰᠡᠨ ᠶᠤᠮ ᠃

ᠨᠢᠳᠤᠨᠤᠨ ᠬᠠᠪᠤᠷ ᠰᠢᠨ᠎ᠡ ᠲᠢᠳᠢᠮᠯᠢᠭ ᠠᠭᠤᠰᠬᠢᠨ ᠦᠷᠪᠢᠰᠤᠯ ᠲᠡᠭᠳᠡᠵᠦ ᠪᠠᠢᠬᠰᠠᠨ ᠤᠨᠴᠠᠭᠠᠢ ᠴᠠᠭ ᠦᠶ᠎ᠠ᠎ᠳᠤ᠂ ᠲᠡᠭᠡᠳᠦ ᠭᠤᠷᠪᠠ ᠵᠢᠨ ᠰᠤᠷᠤᠭᠴᠢ ᠬᠤᠷᠸ᠎ᠠ ᠦᠭᠡᠷ᠎ᠠ ᠬᠤᠰᠢᠭᠤ ᠰᠢᠶᠠᠨ ᠳ᠋ᠡᠬᠢ ᠬᠡᠷ ᠡᠴᠡ ᠪᠠᠨ ᠬᠢᠶ᠎ᠠ ᠪᠠᠭᠰᠢ ᠲᠤᠭᠤᠷᠢᠭ ᠲᠡᠬᠢ ᠰᠤᠷᠭᠠᠭᠤᠯᠢ ᠳ᠋ᠠᠭᠠᠨ ᠢᠷᠡᠭᠡᠳ ᠭᠠᠳᠠᠨ᠎ᠠ ᠭᠠᠭᠴᠠᠭᠠᠷ ᠵᠢᠡᠨ ᠲᠤᠰᠠᠭᠠᠷᠯᠠᠬᠳᠠᠵᠠᠢ᠃ ᠤᠳᠠᠯ ᠦᠭᠡᠢ ᠤᠷᠠᠯᠢᠭ᠎ᠤᠨ ᠬᠢᠴᠢᠶᠠᠯ ᠲᠦᠷᠦᠯ ᠵᠢᠡᠷ ᠶᠡᠭᠡ ᠰᠤᠷᠭᠠᠭᠤᠯᠢ᠎ᠳᠤ ᠰᠢᠯᠭᠠᠭᠤᠯᠬᠤ ᠬᠡᠵᠦ ᠪᠠᠢᠭᠰᠠᠨ ᠲᠡᠭᠦᠨ᠎ᠳᠤ ᠪᠦᠵᠢᠭ ᠵᠢᠡᠨ ᠪᠤᠯᠪᠠᠰᠤᠷᠠᠬᠤ ᠲᠠᠯᠠᠪᠠᠢ ᠲᠤᠳᠠᠭᠳᠠᠵᠦ ᠵᠤᠪᠠᠵᠦ ᠪᠠᠢᠵᠠᠢ᠃ ᠲᠠᠷᠠ ᠡᠨᠡ ᠬᠦ᠌ ᠭᠠᠴᠢᠬᠳᠠᠯ ᠵᠢᠡᠨ ᠨᠠᠢᠭᠡᠮ ᠲᠤᠭᠤᠷᠢᠭ ᠲᠠᠭᠠᠨ ᠲᠤᠰᠬᠠᠬᠤ᠎ᠳᠤ᠂ ᠡᠨᠳᠡ ᠢᠷᠡᠵᠦ ᠪᠦᠵᠢᠭ ᠪᠤᠯᠪᠠᠰᠤᠷᠠᠳᠠᠭ ᠬᠦᠮᠦᠰ ᠢᠯᠡᠬᠦᠦ ᠲᠤᠳᠠᠭᠤ ᠶᠠᠭᠤ ᠴᠸ᠋ ᠬᠡᠯᠡᠯ ᠦᠭᠡᠢ ᠰᠠᠨᠠᠯ ᠨᠢᠭᠡᠳᠠᠢ ᠪᠠᠷ ᠲᠤᠰ ᠪᠦᠵᠢᠭ ᠪᠤᠯᠪᠠᠰᠤᠷᠠᠬᠤ ᠭᠠᠵᠠᠷ ᠵᠢᠡᠨ ᠡᠨᠡ ᠬᠡᠦᠭᠡᠳ ᠲᠸ᠋ ᠬᠡᠳᠦᠨ ᠡᠳᠦᠷ ᠰᠤᠯᠠᠯᠠᠨ ᠦᠭᠭᠦᠭᠰᠡᠨ ᠪᠠᠢᠪᠠ᠃ ᠨᠠᠢᠭᠡᠮ ᠲᠤᠭᠤᠷᠢᠭ ᠵᠢᠡᠷ ᠵᠢᠡᠨ ᠨᠢᠭᠡ ᠨᠢᠭᠡ ᠪᠠᠨ ᠬᠠᠯᠠᠮᠵᠢᠯᠠᠳᠠᠭ᠂ ᠨᠢᠭᠡ ᠨᠢᠭᠡ ᠳ᠋ᠡᠭᠡᠨ ᠨᠠᠢᠷ ᠲᠠᠯᠪᠢᠳᠠᠭ ᠰᠠᠢᠨ ᠰᠠᠢᠬᠠᠨ ᠵᠠᠩ ᠲᠠᠳᠬᠠᠯ ᠡᠨᠡ ᠵᠢᠵᠢᠭ ᠶᠠᠪᠤᠳᠠᠯ ᠲᠡᠭᠡᠷ᠎ᠠ ᠬᠦᠢᠴᠡᠳ ᠢᠯᠡᠷᠡᠵᠠᠢ᠃


360截图20230906090439269.jpg


ᠨᠡᠢᠭᠡᠮ ᠲᠤᠭᠤᠷᠢᠭ᠎ᠤᠨ ᠠᠯᠪᠠᠯᠠᠬᠤ ᠭᠠᠵᠠᠷ᠎ᠤᠨ ᠭᠤᠷᠪᠠᠳᠤᠭᠠᠷ ᠲᠠᠪᠬᠤᠷ᠎ᠤᠨ ᠵᠡᠬᠦᠨ ᠲᠠᠯ᠎ᠠ ᠵᠢᠨ ᠤᠷᠠᠨ ᠪᠢᠴᠢᠯᠭᠡ ᠤᠷᠠᠨ ᠵᠢᠷᠤᠭ᠎ᠤᠨ ᠦᠷᠦᠭᠡᠨ᠎ᠳᠤ᠂ ᠬᠠᠨ᠎ᠠ ᠲᠦᠭᠦᠷᠡᠩ ᠡᠯᠭᠦᠭᠰᠡᠨ ᠮᠤᠨᠭᠭᠤᠯ ᠬᠢᠳᠠᠳ ᠤᠷᠠᠨ ᠪᠢᠴᠢᠯᠭᠡ ᠪᠠ ᠤᠷᠠᠨ ᠪᠢᠴᠢᠯᠭᠡ ᠵᠢᠨ ᠰᠤᠨᠢᠨ ᠰᠡᠳᠬᠦᠯ᠎ᠤᠨ ᠲᠤᠪᠬᠢᠮᠠᠯ ᠬᠠᠮᠤᠭ᠎ᠤᠨ ᠲᠦᠷᠦᠭᠦᠨ᠎ᠳᠦ ᠬᠠᠷᠠᠭᠠᠨ᠎ᠳᠦ ᠲᠤᠰᠴᠤ ᠪᠠᠢᠯ᠎ᠠ᠃ ᠤᠷᠠᠨ ᠪᠢᠴᠢᠯᠭᠡ ᠵᠢᠨ ᠰᠤᠨᠢᠨ ᠰᠡᠳᠬᠦᠯ᠎ᠤᠨ ᠲᠤᠪᠬᠢᠮᠠᠯ᠎ᠢ ᠨᠢ ᠨᠡᠢᠭᠡᠮ ᠲᠤᠭᠤᠷᠢᠭ᠎ᠤᠨ ᠰᠠᠭᠤᠭᠠᠯᠢ ᠠᠷᠠᠳ ᠪᠤᠯᠬᠤ ᠬᠠᠰᠴᠢᠯᠠᠭᠤ ᠨᠠᠰᠤᠳᠠᠨ ᠬᠠᠨᠳᠢᠪᠯᠠᠵᠠᠢ᠃ ᠤᠷᠠᠨ ᠪᠢᠴᠢᠯᠭᠡ᠎ᠳᠦ ᠵᠠᠯᠠᠭᠤ ᠪᠠᠭ᠎ᠠ ᠡᠴᠡ ᠪᠡᠨ ᠤᠴᠢᠷ ᠦᠭᠡᠢ ᠶᠡᠬᠡ ᠲᠤᠷᠠᠳᠠᠢ ᠬᠠᠰᠴᠢᠯᠠᠭᠤ ᠭᠤᠸᠠᠢ 《ᠤᠷᠠᠨ ᠪᠢᠴᠢᠯᠭᠡ ᠵᠢᠨ ᠰᠤᠨᠢᠨ》᠂ 《ᠲᠤᠮᠳᠠᠳᠤ ᠤᠯᠤᠰ᠎ᠤᠨ ᠤᠷᠠᠨ ᠪᠢᠴᠢᠯᠭᠡ ᠵᠢᠷᠤᠭ᠎ᠤᠨ ᠰᠤᠨᠢᠨ》 ᠵᠡᠷᠭᠡ ᠵᠢ ᠤᠯᠠᠨ ᠵᠢᠯ ᠵᠠᠬᠢᠶᠠᠯᠠᠵᠦ ᠬᠠᠳᠠᠭᠠᠯᠠᠵᠦ᠂ ᠠᠵᠢᠵᠦ ᠰᠢᠨᠵᠢᠨ ᠲᠠᠭᠤᠷᠢᠶᠠᠨ ᠪᠢᠴᠢᠭᠰᠡᠭᠡᠷ ᠪᠠᠢᠵᠤ ᠨᠢᠭᠡ ᠮᠡᠳᠡᠬᠦ᠎ᠳᠦ ᠦᠪᠡᠷ᠎ᠢᠶᠡᠨ ᠴᠦ᠍ ᠵᠠᠵᠢᠨ ᠦᠰᠦ ᠨᠢ ᠴᠠᠢᠭᠰᠠᠨ ᠠᠬᠠᠮᠠᠳ ᠤᠷᠠᠨ ᠪᠢᠴᠢᠯᠭᠡᠳᠡᠨ ᠪᠤᠯᠵᠠᠢ᠃ ᠨᠠᠰᠤ ᠵᠢᠯ ᠦᠨᠳᠦᠷ ᠪᠤᠯᠬᠤ ᠳ᠋ᠠᠭᠠᠨ᠂ ᠬᠠᠢᠷᠠᠳᠠᠢ ᠪᠠᠬᠠᠲᠠᠢ᠂ ᠬᠤᠷᠢᠶᠠᠵᠤ ᠴᠤᠭᠯᠠᠭᠤᠯᠤᠭᠰᠠᠨ ᠵᠦᠢᠯ᠎ᠢᠶᠡᠨ ᠬᠠᠶᠠᠵᠤ ᠤᠷᠬᠢᠬᠤ ᠵᠢ ᠲᠦᠪᠳᠡᠬᠦ ᠦᠬᠡᠢ᠂ 1983 ᠤᠨ ᠡᠴᠡ 2020 ᠤᠨ ᠪᠤᠯᠳᠠᠯᠠᠬᠢ ᠤᠯᠠᠨ ᠵᠢᠯ᠎ᠤᠨ ᠤᠷᠠᠨ ᠪᠢᠴᠢᠯᠭᠡ ᠵᠢᠨ ᠲᠤᠬᠠᠢ ᠰᠤᠨᠢᠨ ᠰᠡᠳᠬᠦᠯ᠎ᠤᠨ ᠲᠤᠪᠬᠢᠮᠠᠯ ᠪᠠ 100 ᠭᠠᠷᠤᠢ ᠨᠤᠮ ᠲᠠᠪᠳᠠᠷ ᠵᠢᠡᠨ ᠶᠠᠮᠠᠷ ᠴᠸ᠋ ᠦᠨ᠎ᠠ ᠲᠦᠯᠦᠪᠤᠷᠢ ᠦᠭᠡᠢ ᠪᠠᠷ ᠨᠡᠢᠭᠡᠮ ᠲᠤᠭᠤᠷᠢᠭ ᠲᠠᠭᠠᠨ ᠡᠷᠭᠦᠵᠦ᠂ ᠤᠯᠠᠨ᠎ᠤ ᠬᠦᠷᠳᠡᠭᠡᠯ ᠪᠤᠯᠭᠠᠵᠠᠢ᠃ ᠲᠡᠭᠦᠨ᠎ᠤ ᠨᠦᠯᠦᠭᠡ ᠪᠡᠷ᠂ ᠨᠡᠢᠭᠡᠮ ᠲᠤᠭᠤᠷᠢᠭ᠎ᠤᠨ ᠮᠠᠰᠢ ᠤᠯᠠᠠ ᠨᠠᠰᠤᠳᠠᠳ ᠵᠠᠪ ᠯᠡ ᠭᠠᠷᠪᠠᠯ ᠤᠷᠠᠨ ᠪᠢᠴᠢᠯᠭᠡ ᠵᠢᠨ ᠦᠷᠦᠭᠡᠨ᠎ᠳᠦ ᠤᠷᠤᠵᠤ ᠪᠢᠴᠢᠵᠦ ᠵᠢᠷᠤᠨ ᠪᠠᠬᠠᠷᠬᠠᠨ ᠰᠤᠨᠢᠷᠬᠠᠵᠦ᠂ ᠦᠳᠡᠯᠦᠭᠡ ᠨᠠᠰᠤ ᠪᠡᠨ ᠪᠠᠶᠠᠷ ᠵᠢᠷᠭᠠᠯᠳᠠᠢ ᠪᠦᠭᠡᠳ ᠡᠷᠡᠬᠦᠯ ᠲᠡᠨᠭᠬᠡᠯᠡᠭᠦᠨ ᠵᠢᠷᠭᠠᠭᠠᠵᠤ ᠶᠠᠪᠤᠨ᠎ᠠ᠃


360截图20230906090528109.jpg


ᠤᠷᠠᠨ ᠪᠢᠴᠢᠯᠭᠡ ᠵᠢᠨ ᠦᠷᠦᠭᠡ ᠵᠢᠨ ᠡᠰᠡᠷᠭᠦ ᠲᠠᠯ᠎ᠠ᠎ᠳᠤ᠂ ᠦᠨᠳᠦᠰᠦᠳᠡᠨ᠎ᠤ ᠪᠦᠯᠬᠦᠮᠳᠡᠯ ᠲᠠᠪᠰᠢᠯᠳᠠ ᠵᠢᠨ ᠬᠦᠮᠦᠵᠢᠯ ᠦᠢᠯᠡᠳᠦᠯᠭᠡ ᠵᠢᠨ ᠰᠠᠭᠤᠷᠢᠨ᠎ᠤ ᠦᠵᠡᠬᠦᠯᠭᠡ ᠵᠢᠨ ᠲᠢᠨᠭᠬᠢᠮ ᠪᠤᠢ᠃ 2021 ᠤᠨ᠎ᠤ 7 ᠰᠠᠷ᠎ᠠ᠎ᠳᠦ ᠪᠠᠢᠭᠤᠯᠵᠤ ᠨᠡᠭᠡᠭᠡᠭᠰᠡᠨ ᠲᠤᠰ ᠲᠢᠨᠭᠬᠢᠮ᠎ᠳᠦ ᠤᠯᠠᠨ ᠦᠨᠳᠦᠰᠦᠳᠡᠨ᠎ᠤ ᠦᠢᠯᠡᠳᠪᠦᠷᠢᠯᠡᠯ ᠠᠮᠢᠳᠤᠷᠠᠯ᠎ᠳᠠᠭᠠᠨ ᠭᠡᠷᠡᠭᠯᠡᠵᠦ ᠪᠠᠢᠭᠰᠠᠨ ᠪᠠᠭᠠᠵᠢ ᠵᠡᠪᠰᠡᠭ᠂ ᠡᠳ᠋ᠯᠠᠯ ᠬᠡᠷᠡᠭᠰᠡᠯ ᠵᠡᠷᠭᠡ 200 ᠤᠷᠴᠢᠮ᠎ᠤᠨ ᠬᠠᠭᠤᠴᠢ ᠡᠳ᠋᠎ᠢ ᠲᠡᠯᠭᠡᠵᠡᠢ᠃ ᠠᠨᠵᠢᠰᠦ᠂ ᠬᠦᠬᠡᠷᠭᠡ᠂ ᠮᠤᠷᠢᠨ ᠲᠠᠬ᠎ᠠ᠂ ᠮᠤᠳᠤᠨ ᠲᠠᠷ᠎ᠠ᠂ ᠲᠠᠪᠢᠬᠦᠷ᠂ ᠳ᠋ᠠᠢ ᠭᠠᠨᠭᠰᠠ᠂ ᠤᠨᠢᠰᠦ ᠴᠤᠤᠵᠢ᠂ ᠳ᠋ᠸᠩ᠎ᠤᠨ ᠲᠠᠯᠪᠢᠭᠤᠷ᠂ ᠡᠯᠢᠭᠡᠪᠴᠢ᠂ ᠵᠡᠬᠦᠪᠴᠢ ᠁ ᠭᠡᠳ ᠵᠠᠷᠢᠮ᠎ᠢ ᠨᠢ ᠤᠳᠤ ᠵᠢᠨ ᠬᠡᠦᠭᠡᠳ ᠪᠠᠢᠳᠤᠭᠠᠢ᠂ ᠵᠠᠷᠢᠮ ᠵᠠᠯᠠᠭᠤᠴᠤᠳ ᠨᠢ ᠬᠦᠷᠳᠡᠯ᠎ᠠ ᠦᠵᠡᠵᠦ ᠬᠠᠷᠠᠬᠰᠠᠨ ᠦᠭᠡᠢ ᠵᠦᠢᠯ ᠪᠠᠢᠯ᠎ᠠ᠃ ᠬᠡᠳᠦᠢᠪᠠᠷ ᠬᠤᠪᠬᠤᠷᠠᠵᠦ ᠬᠠᠭᠤᠴᠢᠷᠠᠨ ᠭᠭᠢᠷ ᠪᠤᠷᠳᠠᠭ ᠨᠠᠭᠠᠯᠳᠤᠵᠦ ᠪᠠᠢᠭ᠎ᠠ ᠪᠤᠯᠪᠠᠴᠤ ᠲᠠᠬᠢᠭᠠᠳ ᠤᠯᠳᠠᠬᠤᠶ᠎ᠠ ᠪᠡᠷᠭᠡ ᠬᠤᠪᠤᠷ ᠡᠳ᠋ ᠪᠤᠯᠵᠠᠢ᠃ ᠡᠳᠡᠭᠡᠷ ᠬᠠᠭᠤᠴᠢ ᠡᠳ᠋ ᠨᠢ ᠮᠦᠨ ᠴᠦ᠍ ᠶᠤᠸᠠᠨ᠎ᠳ᠋ᠢᠩ ᠨᠡᠢᠭᠡᠮ ᠲᠤᠭᠤᠷᠢᠭ᠎ᠤᠨ ᠰᠠᠭᠤᠭᠠᠯᠢ ᠠᠷᠠᠳ ᠪᠤᠯᠬᠤ ᠪᠠᠶᠠᠨ ᠨᠠᠰᠤᠳᠠᠨ᠎ᠤ ᠨᠢᠭᠡ ᠨᠠᠰᠤᠨ᠎ᠤ ᠲᠤᠷᠰᠢ ᠴᠤᠭᠯᠠᠭᠤᠯᠤᠭᠰᠠᠨ ᠵᠦᠢᠯᠡᠰ᠎ᠤᠨ ᠨᠢᠭᠡ ᠬᠡᠰᠡᠭ ᠪᠠᠢᠵᠦ᠂ ᠨᠠᠰᠤ ᠠᠬᠠᠰᠢᠷᠠᠭᠠᠳ ᠢᠷᠡᠬᠦ ᠪᠡᠷ ᠨᠠᠰᠤᠳᠠᠨ ᠮᠦᠨ ᠨᠡᠢᠭᠡᠮ ᠲᠤᠭᠤᠷᠢᠭ ᠲᠠᠭᠠᠨ ᠬᠠᠷᠠᠮ ᠦᠭᠡᠢ ᠬᠠᠨᠳᠢᠪᠯᠠᠵᠤ᠂ ᠡᠭᠦᠨ᠎ᠢᠶᠡᠷ ᠲᠠᠮᠵᠢᠭᠤᠯᠤᠨ ᠲᠡᠷᠡ ᠪᠡᠷ ᠡᠯ᠎ᠡ ᠦᠨᠳᠦᠰᠦᠳᠡᠨ᠎ᠤ ᠠᠷᠠᠳ ᠲᠦᠮᠡᠨ᠎ᠳᠤ ᠮᠠᠯᠵᠢᠬᠤ ᠲᠠᠷᠢᠶᠠᠯᠠᠬᠤ ᠰᠤᠶᠤᠯ᠎ᠢ ᠢᠯᠡᠬᠦᠭᠡᠨ ᠤᠢᠯᠠᠭᠠᠭᠤᠯᠵᠤ᠂ ᠬᠡᠷᠡᠯ ᠰᠠᠴᠤᠷᠠᠨᠭᠭᠤᠢ ᠲᠤᠮᠳᠠᠳᠤ ᠵᠢᠨ ᠤᠯᠠᠮᠵᠢᠯᠠᠯᠳᠤ ᠰᠤᠶᠤᠯ᠎ᠢ ᠡᠯ᠎ᠡ ᠦᠨᠳᠦᠰᠦᠳᠡᠨ᠎ᠤ ᠠᠷᠠᠳ ᠲᠦᠮᠡᠨ ᠬᠠᠷᠢᠯᠴᠠᠭ᠎ᠠ ᠶᠠᠪᠤᠯᠴᠠᠭ᠎ᠠ ᠬᠠᠮᠳᠤᠷᠠᠯᠴᠠᠭ᠎ᠠ ᠲᠤᠮᠳᠠ ᠪᠡᠨ ᠬᠠᠮᠳᠦ ᠪᠡᠷ ᠡᠭᠦᠳᠦᠨ ᠪᠦᠲᠦᠭᠡᠭᠰᠡᠨ ᠶᠤᠮ ᠭᠡᠰᠡᠨ᠎ᠢ ᠮᠡᠳᠡᠬᠦᠯᠬᠦ ᠵᠢ ᠵᠤᠷᠢᠵᠦ᠂ ᠬᠢᠯᠪᠠᠷ ᠪᠤᠰᠤ ᠪᠠᠷ ᠢᠷᠡᠭᠰᠡᠨ ᠦᠨᠦᠳᠦᠷ᠎ᠤᠨ ᠵᠢᠷᠭᠠᠯᠳᠦ ᠠᠮᠢᠳᠤᠷᠠᠯ᠎ᠢᠶᠡᠨ ᠨᠠᠨᠳᠢᠨᠭᠨᠠᠵᠤ ᠶᠠᠪᠤᠬᠤ ᠵᠢ ᠬᠦᠰᠡᠵᠠᠢ᠃

ᠬᠠᠰᠴᠢᠯᠠᠭᠤ ᠨᠠᠰᠤᠳᠠᠨ ᠬᠡᠰᠡᠨ ᠦᠭᠡᠢ᠂ ᠪᠠᠶᠠᠨ ᠨᠠᠰᠤᠳᠠᠨ ᠬᠡᠰᠡᠨ ᠦᠭᠡᠢ᠂ ᠡᠳᠡᠭᠡᠷ ᠵᠤᠭᠤᠰ ᠮᠦᠨᠭᠭᠦ ᠪᠠᠷ ᠦᠨᠡᠯᠡᠬᠦᠶ᠎ᠠ ᠪᠡᠷᠭᠡ ᠦᠨᠠᠳᠤ ᠵᠦᠢᠯᠡᠰ ᠵᠢᠡᠨ ᠨᠠᠢᠭᠡᠮ ᠲᠤᠭᠤᠷᠢᠭ ᠲᠸ᠋ ᠶᠠᠮᠠᠷ ᠴᠸ᠋ ᠦᠨ᠎ᠠ ᠲᠦᠯᠦᠪᠤᠷᠢ ᠦᠭᠡᠢ ᠬᠠᠨᠳᠢᠪᠯᠠᠬᠤ ᠳ᠋ᠡᠭᠠᠨ ᠲᠡᠭᠡᠵᠦ ᠶᠡᠭᠡ ᠦᠨᠡᠷᠭᠡᠳᠡᠭ ᠦᠭᠡᠢ᠂ ᠨᠡᠢᠭᠡᠮ ᠲᠤᠭᠤᠷᠢᠭ᠎ᠢ ᠦᠪᠠᠷ᠎ᠤᠨ ᠵᠢᠡᠨ ᠬᠡᠷ ᠤᠷᠤᠨ ᠮᠠᠳᠤ ᠦᠵᠡᠵᠦ᠂ ᠵᠦᠪᠭᠡᠨ ᠬᠡᠷ ᠤᠷᠤᠨ᠎ᠦ ᠪᠠᠨ ᠪᠦᠳᠦᠭᠡᠨ ᠪᠠᠢᠭᠤᠯᠤᠯᠳᠠ᠎ᠳᠤ ᠤᠷᠤᠯᠴᠠᠬᠰᠠᠨ ᠲᠠᠳᠤᠢ ᠬᠡᠵᠦ ᠦᠵᠡᠳᠡᠭ ᠪᠠᠢᠨ᠎ᠠ᠃

《21 ᠭᠷᠡᠳᠦᠢ᠍ᠰ》  ᠤ᠋ᠨ ᠲᠠᠭᠠᠳᠠᠢ ᠦᠢᠯᠡᠴᠢᠯᠡᠭᠡ ᠬᠦᠷᠲᠡᠭᠡᠨ᠎ᠡ

ᠤᠷᠳᠤᠰ ᠬᠤᠳᠠ 《21 ᠭᠷᠡᠳᠦᠢ᠍ᠰ》᠃ ᠵᠤᠨ᠎ᠤ ᠤᠯᠠᠷᠢᠯ᠎ᠤᠨ ᠠᠭᠠᠷ᠎ᠤᠨ ᠲᠤᠯᠠᠭᠠᠨ ᠨᠢ ᠤᠨᠴᠠ ᠲᠠᠭᠠᠳᠠᠢ 21 ᠭᠷᠡᠳᠦᠢ᠍ᠰ ᠪᠠᠢᠳᠠᠭ᠎ᠢᠶᠡᠷ᠎ᠢᠶᠡᠨ ᠤᠷᠳᠤᠰ ᠬᠤᠳᠠ ᠤᠯᠠᠨ᠎ᠨᠠᠢᠳᠠ᠎ᠳᠦ ᠪᠠᠰᠠ ᠢᠨᠭᠭᠢᠵᠦ ᠲᠠᠨᠢᠭᠳᠠᠵᠠᠢ᠃

ᠤᠷᠳᠤᠰ ᠬᠤᠳᠠ ᠵᠢᠨ ᠤᠯᠤᠰ᠎ᠤᠨ ᠲᠡᠭᠡᠳᠦ ᠰᠢᠨ᠎ᠠ ᠮᠡᠷᠭᠡᠵᠢᠯ ᠠᠵᠤ ᠦᠢᠯᠡᠰ᠎ᠤᠨ ᠬᠦᠷᠢᠶᠠᠯᠠᠩ ᠲᠤᠭᠤᠷᠢᠭ ᠲᠸ᠋ ᠪᠠᠢᠷᠢᠯᠠᠵᠦ ᠪᠠᠢᠭ᠎ᠠ ᠬᠢᠶ᠎ᠠ ᠪᠠᠭᠰᠢ ᠲᠤᠭᠤᠷᠢᠭ᠎ᠤᠨ ᠶᠤᠸᠠᠢ ᠾᠸ ᠨᠡᠢᠭᠡᠮ ᠲᠤᠭᠤᠷᠢᠭ ᠲᠸ᠋ ᠪᠦᠬᠦ ᠤᠯᠤᠰ᠎ᠤᠨ 27 ᠮᠤᠵᠢ ᠤᠷᠤᠨ ᠡᠴᠡ ᠢᠷᠡᠯᠳᠡ ᠲᠡᠢ ᠬᠢᠳᠠᠳ᠂ ᠮᠤᠨᠭᠭᠤᠯ᠂ ᠮᠠᠨᠵᠤ᠂ ᠬᠤᠳᠤᠩ ᠵᠡᠷᠭᠡ 9 ᠦᠨᠳᠦᠰᠦᠳᠡᠨ᠎ᠦ 7500 ᠭᠠᠷᠤᠢ ᠰᠠᠭᠤᠭᠠᠯᠢ ᠠᠷᠠᠳ ᠠᠵᠤ ᠲᠦᠷᠦᠵᠦ ᠪᠤᠢ᠃ ᠡᠯ᠎ᠡ ᠦᠨᠳᠦᠰᠦᠳᠡᠨ᠎ᠤ ᠠᠷᠠᠳ ᠤᠯᠠᠨ ᠪᠦᠭᠦᠳᠡᠭᠡᠷ ᠨᠡᠢᠭᠡᠮ ᠲᠤᠭᠤᠷᠢᠭ᠎ᠤᠨ 《21 ᠭᠷᠡᠳᠦᠢ᠍ᠰ》 ᠤ᠋ᠨ ᠦᠢᠯᠡᠴᠢᠯᠡᠭᠡ ᠬᠠᠢᠷ᠎ᠠ ᠬᠠᠯᠠᠮᠵᠢ᠎ᠳᠦ ᠵᠢᠷᠭᠠᠯᠲᠦ ᠠᠮᠢᠳᠤᠷᠠᠯ᠎ᠢᠶᠡᠨ ᠡᠳ᠋ᠯᠡᠵᠡᠭᠡᠨ᠎ᠡ᠃


3.2.png


ᠯᠢᠦ ᠬᠤᠢ ᠨᠠᠰᠤᠳᠠᠨ


ᠡᠨᠡ ᠵᠢᠯ 77 ᠨᠠᠰᠤᠨ᠎ᠤ ᠦᠨᠳᠦᠷ ᠬᠤᠳᠤᠭ᠎ᠢ ᠵᠤᠭᠤᠭᠯᠠᠵᠤ ᠶᠠᠪᠤᠭ᠎ᠠ ᠯᠢᠦ ᠬᠤᠢ ᠨᠠᠰᠤᠳᠠᠨ ᠪᠤᠯ 《ᠤᠯᠠᠨ᠎ᠤ ᠡᠵᠢ》᠂ 《ᠬᠠᠮᠳᠦ ᠵᠢᠨ ᠡᠮᠸ》 ᠬᠡᠮᠡᠨ ᠠᠯᠳᠠᠷᠰᠢᠵᠠᠢ᠃ ᠤᠴᠢᠷ ᠶᠠᠭᠤᠨ ᠭᠡᠪᠡᠯ ᠲᠡᠷᠡ ᠪᠡᠷ ᠨᠡᠢᠭᠡᠮ ᠲᠤᠭᠤᠷᠢᠭ᠎ᠤᠨ᠎ᠢᠶᠡᠨ ᠰᠠᠭᠤᠭᠠᠯᠢ ᠠᠷᠠᠳ᠎ᠤᠨ ᠬᠡᠥᠬᠡᠳ᠎ᠤᠳ᠎ᠢ ᠬᠠᠷᠠᠭᠠᠯᠵᠠᠵᠤ ᠠᠰᠠᠷᠠᠬᠤ᠂ ᠰᠤᠷᠭᠠᠭᠤᠯᠢ᠎ᠳᠤᠨᠢ ᠬᠦᠷᠭᠡᠵᠦ ᠲᠤᠰᠬᠤ᠂ ᠲᠠᠰᠭᠠᠯ ᠲᠠᠭᠠᠭᠠᠯᠭᠠᠪᠤᠷᠢ ᠵᠢ ᠨᠢ ᠬᠢᠯᠭᠡᠬᠦ ᠵᠡᠷᠭᠡ ᠭᠡᠷ᠎ᠤᠨ ᠠᠬᠠᠮᠠᠳ᠎ᠤᠨ ᠠᠵᠢᠯ᠎ᠢ ᠤᠯᠠᠨ ᠵᠢᠯ ᠬᠢᠭᠰᠡᠭᠡᠷ ᠢᠷᠡᠵᠡᠢ᠃

— ᠠᠨᠭᠬ᠎ᠠ ᠡᠬᠢᠯᠡᠭᠡᠳ ᠨᠠᠮᠠᠢ᠍ᠢ ᠲᠠᠨᠢᠳᠠᠭ ᠮᠠᠨ᠎ᠤ ᠰᠠᠭᠤᠭᠠᠯᠢ ᠲᠤᠭᠤᠷᠢᠭ᠎ᠤᠨ ᠨᠢᠭᠡ ᠡᠮᠡᠭᠳᠡᠢ ᠮᠦᠨᠭᠭᠦ ᠵᠤᠭᠤᠰ ᠦᠭᠴᠦ ᠨᠠᠳᠠ ᠪᠡᠷ ᠨᠢᠯᠬ᠎ᠠ ᠪᠡᠨ ᠠᠰᠠᠷᠠᠭᠤᠯᠬᠤ ᠭᠡᠰᠡᠨ᠂ ᠲᠡᠭᠡᠬᠦ᠎ᠳᠤᠨᠢ ᠪᠢ ᠵᠤᠭᠤᠰ ᠦᠭᠭᠦᠨ᠎ᠡ ᠭᠡᠪᠡᠯ ᠤᠴᠢᠬᠤ ᠦᠬᠡᠢ ᠭᠡᠰᠡᠨ᠃ ᠰᠡᠭᠦᠯ᠎ᠳᠤᠨᠢ ᠦᠨᠡᠬᠡᠷ ᠠᠵᠢᠯ ᠠᠮᠢᠳᠤᠷᠠᠯ᠎ᠳᠠᠭᠠᠨ ᠡᠭᠦᠷᠳᠤᠵᠦ ᠬᠡᠥᠬᠡᠳ᠎ᠢᠶᠡᠨ ᠠᠰᠠᠷᠠᠵᠤ ᠬᠠᠷᠠᠭᠠᠯᠵᠠᠵᠤ ᠠᠮᠵᠢᠬᠤ ᠦᠭᠡᠢ ᠪᠠᠢᠬᠤ ᠵᠢ ᠦᠵᠡᠭᠡᠳ ᠪᠢ ᠲᠡᠰᠭᠡᠯ ᠦᠭᠡᠢ ᠭᠡᠷ ᠲᠤᠨᠢ ᠬᠦᠷᠦᠭᠡᠳ᠂ 〈ᠨᠠᠳᠠ᠎ᠳᠦ ᠢᠲᠡᠭᠡᠵᠦ ᠪᠠᠢᠪᠠᠯ ᠪᠢ ᠬᠠᠷᠠᠵᠤ ᠦᠭᠬᠦᠶ᠎ᠡ᠂ ᠭᠡᠭᠦ᠎ᠳᠡᠭᠡᠨ ᠮᠦᠨᠭᠬᠦ ᠵᠤᠭᠤᠰ ᠠᠪᠬᠤ ᠦᠭᠡᠢ ᠰᠢᠦ〉 ᠭᠡᠵᠦ ᠬᠡᠯᠡᠬᠡᠳ 3 ᠰᠠᠷ᠎ᠠ ᠲᠡᠢ ᠬᠡᠥᠬᠡᠳ᠎ᠢ ᠨᠢ 2 ᠤᠢ ᠪᠤᠯᠳᠠᠯ᠎ᠠ ᠬᠠᠷᠠᠵᠤ ᠠᠰᠠᠷᠠᠭᠰᠠᠨ᠃ ᠬᠤᠵᠢᠮ ᠨᠢ ᠰᠤᠷᠭᠠᠭᠤᠯᠢ᠎ᠳᠦ ᠤᠷᠤᠬᠤ ᠪᠤᠯᠤᠭᠠᠳ ᠬᠦᠷᠭᠡᠵᠦ ᠲᠤᠰᠬᠤ ᠬᠦᠮᠦᠨ ᠦᠭᠡᠢ ᠪᠠᠢᠭᠰᠠᠨ᠎ᠳᠦ ᠪᠢ ᠠᠬᠢᠭᠠᠳ 〈ᠦᠪᠡᠷ᠎ᠤᠨ ᠬᠡᠥᠬᠡᠳ᠎ᠢᠶᠡᠨ ᠪᠢ ᠦᠪᠡᠷ᠎ᠢᠶᠡᠨ ᠬᠦᠷᠭᠡᠵᠦ ᠲᠤᠰᠤᠶ᠎ᠠ〉 ᠭᠡᠵᠦ ᠬᠡᠯᠡᠭᠡᠳ ᠤᠳᠤ᠎ᠳᠦ ᠲᠤᠯᠳᠠᠯ᠎ᠠ ᠬᠦᠷᠭᠡᠵᠦ ᠲᠤᠰᠤᠭᠰᠠᠭᠠᠷ ᠶᠤᠮ》 ᠭᠡᠵᠦ ᠯᠢᠦ ᠬᠤᠢ ᠨᠠᠰᠤᠲᠠᠨ ᠢᠨᠢᠶᠡᠨ ᠶᠠᠷᠢᠵᠤ ᠭᠠᠷᠤᠯ᠎ᠠ᠃

ᠬᠡᠥᠬᠡᠳ ᠲᠤᠰᠬᠤ ᠪᠡᠷ ᠰᠤᠷᠭᠠᠭᠤᠯᠢ ᠵᠢᠨ ᠡᠭᠦᠳᠡᠨ᠎ᠳᠦ ᠬᠦᠷᠪᠡᠯ ᠯᠢᠦ ᠬᠤᠢ ᠨᠠᠰᠤᠳᠠᠨ ᠡᠴᠡ ᠬᠦᠮᠦᠰ᠄《ᠲᠠᠨ᠎ᠤ ᠤᠮᠪᠤᠯᠤ ᠤᠤ?》 ᠭᠡᠵᠦ ᠠᠰᠠᠭᠤᠪᠠᠯ ᠲᠡᠷᠡ ᠲᠦᠳᠡᠭᠡᠯᠵᠡᠯ ᠦᠭᠡᠢ ᠪᠡᠷ᠄《ᠲᠡᠢᠮᠦ ᠡ》 ᠭᠡᠵᠦ ᠬᠠᠷᠢᠭᠤᠯᠳᠠᠭ ᠪᠠᠢᠵᠠᠢ᠃ ᠰᠡᠭᠦᠯᠳᠡᠵᠤ ᠢᠷᠡᠭᠡᠳ ᠤᠴᠢᠷ᠎ᠢ ᠨᠢ ᠮᠡᠳᠡᠭᠰᠡᠨ᠎ᠤ ᠲᠠᠷᠠᠭ᠎ᠠ ᠨᠡᠢᠭᠡᠮ ᠲᠤᠭᠤᠷᠢᠭ᠎ᠤᠨ ᠪᠤᠰᠤᠳ ᠮᠠᠰᠢ ᠤᠯᠠᠨ ᠭᠡᠷ᠎ᠤᠨ ᠠᠬᠠᠮᠠᠳ᠎ᠤᠳ ᠵᠠᠷᠢᠮ ᠳ᠋ᠠᠭᠠᠨ ᠪᠠᠰᠠ ᠤᠴᠢᠷ ᠲᠠᠢ ᠪᠤᠯᠤᠭᠠᠳ ᠭᠡᠥᠬᠡᠳ᠎ᠢᠶᠡᠨ ᠴᠠᠭ ᠲᠤᠬᠠᠢ ᠳ᠋ᠤᠨᠢ ᠲᠤᠰᠴᠤ ᠠᠮᠵᠢᠬᠤ ᠦᠭᠡᠢ ᠪᠤᠯᠪᠠᠯ ᠲᠡᠭᠦᠨ᠎ᠳᠤ ᠭᠤᠶᠤᠵᠤ ᠨᠠᠢᠳᠠᠳᠠᠭ ᠪᠤᠯᠵᠠᠢ᠃ ᠪᠦᠷᠢᠨ ᠪᠤᠰᠤ ᠪᠦᠷᠢᠳᠭᠡᠯ ᠵᠢᠡᠷ᠂ ᠤᠳᠤ ᠪᠤᠯᠳᠠᠯ᠎ᠠ 560 ᠭᠠᠷᠤᠢ ᠬᠦᠮᠦᠨ ᠤᠳᠠᠭ᠎ᠠ ᠪᠤᠯᠵᠤ᠂ ᠵᠠᠷᠢᠮ ᠳ᠋ᠠᠭᠠᠨ ᠡᠳᠦᠷ ᠲᠦ᠍ 5᠂ 6 ᠬᠡᠦᠭᠡᠳ᠎ᠢ ᠲᠤᠰᠳᠠᠭ᠃ ᠴᠠᠢᠯᠭᠠᠨ ᠰᠡᠳᠬᠢᠯ᠎ᠤᠨ ᠡᠭᠦᠳᠡᠨ ᠡᠴᠡ 《ᠪᠤᠯᠤᠨ᠎ᠠ》 ᠭᠡᠵᠦ ᠪᠠᠷᠳᠠᠮ ᠠᠮᠠ ᠭᠠᠷᠳᠠᠭ ᠴᠦ᠍ ᠨᠢᠭᠡ ᠡᠳᠦᠷ ᠡᠷᠭᠢᠴᠡᠭᠦᠯᠵᠦ ᠪᠤᠳᠤᠭᠠᠳ᠄《ᠲᠡᠨᠭᠬᠡᠭᠡ ᠴᠢᠳᠠᠯ᠎ᠢᠶᠡᠨ ᠮᠡᠳᠡᠬᠦ ᠦᠭᠡᠢ ᠬᠦᠮᠦᠨ᠎ᠤ ᠤᠯᠠᠨ ᠬᠡᠥᠬᠡᠳ᠎ᠢ ᠲᠤᠰᠴᠦ ᠬᠦᠷᠭᠡᠵᠦ ᠪᠠᠢᠭᠠᠳ ᠡᠢᠮᠦ ᠲᠡᠢᠮᠦ ᠤᠴᠢᠷ ᠶᠠᠪᠤᠳᠠᠯ ᠭᠠᠷᠭᠠᠴᠢᠬᠠᠪᠠᠯ ᠪᠤᠯᠠᠢ ᠪᠤᠯᠬᠤ ᠪᠢᠰᠢᠦ⁈》 ᠭᠡᠵᠦ ᠦᠪᠡᠷ᠎ᠢ ᠪᠡᠨ ᠪᠤᠷᠤᠭᠤᠳᠬᠠᠵᠠᠢ᠃ ᠲᠡᠭᠡᠭᠡᠳ ᠲᠡᠷᠡ ᠨᠡᠢᠭᠡᠮ ᠲᠤᠭᠤᠷᠢᠭ᠎ᠤᠨ᠎ᠢᠶᠡᠨ ᠠᠯᠪᠠᠯᠠᠬᠤ ᠭᠠᠵᠠᠷ᠎ᠤᠨ ᠤᠷᠠᠨ ᠵᠢᠷᠤᠭ ᠤᠷᠠᠨ ᠪᠢᠴᠢᠯᠭᠡ ᠵᠢᠨ ᠭᠠᠵᠠᠷ ᠬᠠᠮᠳᠤ ᠵᠢᠷᠤᠭ ᠵᠢᠷᠤᠳᠠᠭ ᠡᠭᠡᠴᠢ ᠲᠡᠭᠦᠦ ᠨᠠᠷ ᠡᠴᠡ ᠪᠡᠨ ᠬᠠᠪᠰᠤᠷᠤᠯᠭ᠎ᠠ ᠬᠦᠰᠡᠭᠰᠡᠨ᠎ᠳᠦ ᠲᠡᠳᠡᠨᠤᠰ ᠴᠸ᠋ ᠲᠤᠩ ᠲᠤᠷᠠᠳᠠᠢ ᠬᠦᠯᠢᠶᠡᠨ ᠠᠪᠤᠭᠠᠳ ᠡᠨᠭᠨᠡᠭᠡ ᠨᠢ ᠶᠠᠪᠤᠬᠤ ᠲᠤᠳᠤᠮ ᠪᠤᠵᠠᠭᠠᠢᠷᠠᠭᠠᠳ ᠤᠳᠤ ᠪᠤᠯᠬᠤ᠎ᠳᠦ 16 ᠬᠦᠭᠰᠢᠨ᠂ 5 ᠡᠪᠦᠭᠡᠨ ᠨᠠᠢᠳᠠ 21 ᠪᠦᠷᠢᠯᠳᠦᠭᠦᠨ ᠲᠡᠢ ᠪᠤᠯᠵᠠᠢ᠃ ᠡᠨᠡ ᠨᠢ ᠮᠦᠨ ᠴᠦ᠍ 《21 ᠭᠷᠡᠳᠦᠢ᠍ᠰ》 ᠲᠡᠢ ᠪᠡᠨ ᠶᠠᠪ ᠴᠠᠪ ᠲᠠᠭᠠᠷᠠᠭᠰᠠᠨ᠎ᠢ ᠤᠨᠴᠠᠯᠠᠨ ᠲᠤᠷᠠᠳᠬᠤ᠎ᠳᠦ ᠤᠷᠮᠠᠳᠠᠢ᠃ ᠵᠠᠷᠢᠮ ᠬᠡᠦᠭᠡᠳ᠎ᠢ ᠨᠢ ᠰᠤᠷᠭᠠᠭᠤᠯᠢ ᠡᠴᠡ ᠨᠢ ᠲᠤᠰᠤᠭᠠᠳ ᠨᠡᠢᠭᠡᠮ ᠲᠤᠭᠤᠷᠢᠭ᠎ᠤᠨ᠎ᠤᠷᠠᠨ ᠵᠢᠷᠤᠭ ᠤᠷᠠᠨ ᠪᠢᠴᠢᠯᠭᠡ ᠵᠢᠨ ᠭᠠᠵᠠᠷ ᠲᠠᠭᠠᠨ ᠠᠪᠴᠢᠷᠠᠭᠠᠳ ᠲᠠᠰᠬᠠᠯ ᠲᠠᠭᠠᠭᠠᠯᠭᠠᠪᠤᠷᠢ ᠵᠢ ᠨᠢ ᠬᠢᠯᠭᠡᠵᠦ᠂ ᠠᠪᠤ ᠡᠵᠢ ᠨᠢ ᠬᠦᠷᠴᠤ ᠢᠷᠡᠳᠡᠯ᠎ᠠ ᠲᠠᠨᠳᠠ ᠪᠠᠨ ᠪᠠᠢᠯᠭᠠᠵᠦ ᠪᠠᠢᠳᠠᠭ᠃

— ᠤᠳᠤ ᠵᠢᠨ ᠵᠠᠯᠠᠭᠤᠰ᠎ᠤᠨ ᠠᠵᠢᠯ ᠠᠮᠢᠳᠤᠷᠠᠯ ᠦᠨᠡᠬᠡᠷ ᠶᠠᠭᠠᠷᠠᠤ᠂ ᠪᠠᠰᠠ ᠬᠡᠥᠬᠡᠳ ᠲᠤᠰᠤᠨ᠎ᠠ ᠭᠡᠳᠡᠭ ᠵᠠᠢᠯᠠᠭᠤᠯᠵᠤ ᠪᠤᠯᠤᠰᠢ ᠦᠭᠡᠢ ᠠᠵᠢᠯ ᠲᠡᠢ᠃ ᠲᠡᠢᠮᠦ ᠡᠴᠡ ᠪᠢ ᠦᠪᠡᠷ᠎ᠤᠨ ᠴᠢᠳᠠᠯ᠎ᠤᠨ ᠬᠢᠷᠢ᠎ᠳᠡᠭᠡᠨ ᠪᠤᠰᠤᠳ᠎ᠢ ᠬᠠᠪᠰᠤᠷᠴᠦ ᠶᠠᠪᠤᠨ᠎ᠠ᠂ ᠦᠭᠡᠷ᠎ᠡ ᠪᠤᠰᠤᠳ ᠰᠢᠬ ᠲᠡᠭᠷᠢ ᠭᠠᠵᠠᠷ᠎ᠢ ᠲᠤᠨᠭᠰᠤᠯᠭᠠᠮ᠎ᠠ ᠲᠤᠮᠤ ᠶᠠᠪᠤᠳᠠᠯ ᠪᠦᠲᠦᠭᠡᠵᠦ ᠲᠡᠢᠯᠬᠦ ᠦᠭᠡᠢ᠂ ᠭᠠᠭᠴᠠ ᠬᠢᠵᠦ ᠲᠡᠢᠯᠳᠡᠭ ᠠᠵᠢᠯ ᠨᠢ ᠡᠨᠡ᠃ ᠬᠦᠯ ᠭᠠᠷ ᠬᠦᠳᠡᠯᠵᠤ ᠪᠤᠯᠤᠭᠠᠳ᠂ ᠪᠡᠶ᠎ᠡ ᠲᠠᠮᠪᠠᠷᠠᠵᠦ ᠤᠷᠤᠨ ᠡᠴᠡ ᠪᠡᠨ ᠰᠠᠯᠵᠦ ᠴᠢᠳᠠᠬᠤ ᠦᠬᠡᠢ ᠦᠶ᠎ᠡ ᠬᠦᠷᠬᠦ ᠦᠬᠡᠢ ᠯᠡ ᠶᠤᠮ ᠪᠤᠯ ᠪᠢ ᠡᠨᠡ ᠠᠵᠢᠯ᠎ᠢᠶᠡᠨ ᠦᠷᠬᠦᠯᠵᠢᠯᠡᠨ ᠪᠠᠷᠢᠮᠳᠠᠯᠠᠨ ᠬᠢᠨ᠎ᠡ ᠭᠡᠵᠦ ᠯᠢᠦ ᠬᠤᠢ ᠨᠠᠰᠤᠳᠠᠨ ᠰᠢᠢᠳᠮᠡᠭ ᠶᠠᠷᠢᠨ᠎ᠠ᠃

《ᠲᠤᠰᠴᠤ ᠪᠠᠢᠭ᠎ᠠ ᠬᠡᠦᠭᠡᠳ᠎ᠤᠳ᠎ᠤᠨ ᠲᠤᠳᠤᠷ᠎ᠠ ᠶᠠᠮᠠᠷ ᠶᠠᠮᠠᠷ ᠦᠨᠳᠦᠰᠦᠳᠡᠨ ᠪᠠᠢᠨ᠎ᠠ ?》 ᠬᠡᠬᠦ ᠠᠰᠠᠭᠤᠯᠳᠠ ᠵᠢᠨ ᠬᠠᠷᠢᠭᠤ᠎ᠳᠤ᠂ 《ᠶᠠᠮᠠᠷ ᠦᠨᠳᠦᠰᠦᠳᠡᠨ ᠶᠠᠰᠤᠳᠠᠨ᠎ᠢ ᠨᠢ ᠪᠢ  ᠨᠢᠭᠡ ᠴᠸ᠋ ᠠᠰᠠᠭᠤᠳᠠᠭ ᠦᠭᠡᠢ᠂ ᠪᠢ ᠦᠪᠠᠷ ᠵᠢᠡᠨ ᠴᠸ᠋ ᠲᠡᠭᠦᠨ᠎ᠢ ᠨᠢ ᠮᠡᠳᠡᠬᠦ ᠦᠭᠡᠢ᠂ ᠮᠢᠨᠦ ᠨᠢᠳᠦᠨ᠎ᠳᠤ ᠵᠦᠪᠭᠡᠨ ᠬᠡᠦᠭᠡᠳ ᠯᠠ ᠬᠠᠷᠠᠬᠳᠠᠳᠠᠭ》 ᠬᠡᠵᠤ ᠪᠠᠢᠬᠰᠠᠨ ᠪᠢᠯᠡ᠃

ᠬᠤᠶᠠᠷ ᠬᠡᠥᠬᠡᠨ ᠨᠢ ᠬᠠᠷᠢ ᠬᠤᠯᠠ᠎ᠳᠦ ᠮᠤᠷᠳᠠᠵᠤ᠂ ᠬᠦᠦ ᠲᠡᠢ ᠪᠡᠨ ᠬᠢᠶ᠎ᠠ ᠪᠠᠭᠰᠢ ᠲᠤᠭᠤᠷᠢᠭ ᠲᠦ᠍ ᠠᠮᠢᠳᠤᠷᠠᠳᠠᠭ ᠯᠢᠦ ᠬᠤᠢ ᠨᠠᠰᠤᠳᠠᠨ᠎ᠳᠦ ᠡᠳᠦᠷ ᠪᠤᠯᠭᠠᠨ ᠬᠡᠥᠬᠡᠳ᠎ᠲᠤᠰᠴᠦ ᠬᠦᠷᠭᠡᠳᠡᠭ ᠨᠢ ᠵᠦᠳᠡᠷᠡᠯᠳᠡᠢ ᠪᠠᠢᠭᠰᠠᠨ ᠴᠦ᠍ ᠵᠢᠷᠭᠠᠯ ᠨᠢ ᠢᠯᠡᠭᠦᠲᠡᠢ ᠪᠠᠢᠯ᠎ᠠ᠃ ᠪᠢ ᠪᠤᠰᠤᠳ᠎ᠢ ᠬᠠᠪᠰᠤᠷᠴᠦ ᠪᠠᠢᠨ᠎ᠠ ᠭᠡᠬᠦ᠎ᠳᠦ ᠬᠡᠥᠬᠡᠳ᠎ᠤᠳ ᠴᠦ᠍ ᠨᠠᠳᠠ᠎ᠳᠦ ᠪᠠᠶᠠᠷ ᠵᠢᠷᠭᠠᠯ ᠤᠯᠭᠤᠭᠰᠠᠨ ᠰᠢᠦ᠂ ᠪᠢ ᠬᠡᠦᠭᠡᠳ᠎ᠤᠳ ᠲᠠᠢ ᠬᠠᠮᠳᠤ ᠪᠠᠢᠯᠴᠠᠵᠦ ᠵᠠᠯᠠᠭᠤᠵᠢᠵᠦ ᠨᠢᠯᠬᠠᠷᠠᠬᠤ ᠲᠤᠷᠠᠳᠠᠢ ᠭᠡᠵᠦ ᠲᠡᠷᠡ ᠪᠡᠷ ᠰᠤᠷᠪᠤᠯᠵᠢᠯᠠᠭ᠎ᠠ ᠵᠢᠨ ᠡᠴᠤᠰ ᠲᠦ᠍ ᠶᠠᠷᠢᠵᠤ ᠪᠠᠢᠭᠰᠠᠨ ᠶᠤᠮ᠃

ᠨᠠᠢᠭᠡᠮ ᠲᠤᠭᠤᠷᠢᠭ ᠨᠢ ᠨᠠᠰᠤᠳᠠᠢᠴᠤᠳ᠎ᠤᠨ ᠤᠴᠢᠳᠠᠭ ᠯᠠ ᠭᠠᠵᠠᠷ ᠬᠡᠵᠦ ᠪᠤᠳᠤᠳᠠᠭ ᠪᠠᠢᠬᠰᠠᠨ ᠮᠠᠨᠢ ᠪᠤᠷᠤᠭᠤᠳᠠᠭᠰᠠᠨ ᠭᠡᠳᠡᠭ᠎ᠢ ᠲᠤᠰ ᠨᠠᠢᠭᠡᠮ ᠲᠤᠭᠤᠷᠢᠭ᠎ᠢ ᠲᠤᠭᠤᠷᠢᠨ ᠦᠵᠡᠬᠦ ᠲᠤᠮᠳᠠ ᠪᠠᠨ ᠮᠡᠳᠡᠭᠰᠨᠨ ᠶᠤᠮ᠃ ᠵᠠᠷᠢᠮ ᠬᠡᠦᠭᠡᠳ᠎ᠤᠨ ᠠᠪᠤ ᠡᠵᠢ ᠨᠢ ᠲᠤᠵᠢ ᠲᠠᠷᠭᠡᠳᠡ ᠨᠢ ᠪᠠᠢᠳᠠᠭ ᠪᠢᠰᠢ᠂ ᠬᠠᠷᠠᠵᠦ ᠪᠠᠢᠭ᠎ᠠ ᠨᠢ ᠡᠪᠦᠭᠡ ᠡᠮᠡᠭᠡ ᠨᠢ ᠨᠢᠳᠤ ᠤᠯᠵᠤ ᠦᠵᠡᠬᠦ ᠦᠭᠡᠢ᠂ ᠡᠰᠡᠪᠡᠯ ᠵᠢᠭᠠᠵᠦ ᠵᠢᠯᠤᠭᠤᠳᠴᠤ ᠴᠢᠳᠠᠬᠤ ᠰᠤᠶᠤᠯ᠎ᠤᠨ ᠬᠡᠮᠵᠢᠶ᠎ᠠ ᠪᠠᠢᠬᠤ ᠦᠭᠡᠢ ᠪᠠᠢᠳᠠᠯ᠎ᠳᠤ ᠴᠢᠭᠯᠡᠬᠦᠯᠵᠦ᠂ ᠤᠯᠠᠨ᠎ᠤ ᠭᠢᠴᠢᠶᠠᠯ᠎ᠤᠨ ᠲᠠᠩᠭᠢᠮ ᠭᠠᠷᠭᠠᠭᠰᠠᠨ᠎ᠢᠶᠡᠷ᠂ ᠬᠡᠦᠭᠡᠳ᠎ᠤᠳ ᠭᠠᠷᠠᠭ᠎ᠪᠦᠷᠢ ᠵᠢᠨ ᠲᠤᠭᠳᠠᠭᠰᠠᠨ ᠲᠡᠷᠡ ᠬᠡᠳᠦᠨ ᠤᠷᠤᠢ ᠨᠢ ᠡᠨᠳᠡ ᠢᠷᠡᠪᠠᠯ ᠨᠠᠢᠭᠡᠮ ᠲᠤᠭᠤᠷᠢᠭ ᠡᠴᠡ ᠴᠠᠭ ᠲᠤᠬᠠᠢ ᠳ᠋ᠤᠨᠢ ᠶᠡᠭᠡ ᠲᠡᠭᠡᠳᠦ ᠰᠤᠷᠭᠠᠭᠤᠯᠢ ᠵᠢᠨ ᠤᠶᠤᠳᠠᠨ ᠪᠤᠶᠤ ᠲᠠᠭᠦᠰᠦᠭᠡᠳ ᠠᠵᠢᠯ ᠬᠦᠯᠢᠶᠡᠵᠦ ᠪᠠᠢᠭ᠎ᠠ᠂ ᠡᠰᠡᠪᠡᠯ ᠲᠡᠭᠡᠳᠦ ᠲᠤᠮᠳᠠᠳᠤ᠂ ᠠᠨᠭᠬ᠎ᠠ ᠲᠤᠮᠳᠠᠳᠤ᠎ᠳᠤ ᠰᠤᠷᠤᠯᠴᠠᠵᠦ ᠪᠠᠢᠭ᠎ᠠ ᠰᠠᠢᠨ ᠲᠤᠷ᠎ᠠ ᠵᠢᠨ ᠦᠢᠯᠡᠴᠢᠯᠡᠭᠴᠢ ᠲᠤᠬᠢᠷᠠᠭᠤᠯᠴᠢᠬᠠᠭᠰᠠᠨ ᠪᠠᠢᠳᠠᠭ ᠠᠵᠢ᠃ ᠮᠦᠨ ᠴᠦ᠍ ᠡᠨᠳᠡ ᠤᠯᠤᠰ᠎ᠤᠨ ᠠᠯᠪᠠᠳᠠᠨ ᠡᠯᠰᠡᠬᠦ ᠵᠡᠷᠭᠡ ᠰᠢᠯᠭᠠᠯᠳᠠ᠎ᠳᠤ ᠪᠠᠯᠡᠳᠭᠡᠵᠦ ᠪᠠᠢᠭ᠎ᠠ ᠵᠠᠯᠠᠭᠤᠴᠤᠳ ᠲᠦ᠍ ᠴᠢᠭᠯᠡᠬᠦᠯᠵᠤ᠂ 《ᠤᠯᠠᠨ ᠪ ᠲᠠᠪᠳᠠᠯᠭ᠎ᠠ ᠵᠢᠨ ᠲᠠᠰᠤᠭ》 ᠭᠡᠵᠤ ᠭᠠᠷᠭᠠᠭᠰᠠᠨ ᠵᠢᠡᠷ᠂ ᠭᠡᠷ ᠲᠤᠨᠢ ᠨᠠᠮ ᠲᠤᠬᠢᠳᠠᠢ ᠨᠦᠬᠦᠴᠡᠯ ᠤᠷᠴᠢᠨ ᠪᠠᠢᠬᠤ ᠦᠭᠡᠢ ᠰᠢᠯᠭᠠᠭᠤᠯᠤᠭᠰᠠᠳ ᠡᠨᠳᠡ ᠢᠷᠡᠵᠦ ᠲᠠᠪᠳᠠᠵᠦ ᠪᠤᠯᠳᠠᠭ᠃

ᠶᠤᠸᠠᠢ ᠾᠸ ᠨᠡᠢᠭᠡᠮ ᠲᠤᠭᠤᠷᠢᠭ ᠲᠦ᠍ ᠨᠠᠰᠤᠲᠠᠳ ᠭᠠᠷ ᠤᠷᠠᠯᠠᠯ᠂ ᠴᠠᠭᠠᠰᠤᠨ ᠬᠠᠢᠴᠢᠯᠠᠮᠠᠯ ᠬᠢᠵᠦ᠂ ᠤᠷᠠᠨ ᠵᠢᠷᠤᠭ ᠵᠢᠷᠤᠨ᠎ᠠ᠃ ᠵᠠᠷᠢᠮ ᠨᠢ ᠰᠢᠳᠠᠷ᠎ᠠ ᠲᠤᠭᠯᠠᠵᠤ᠂ ᠬᠦᠵᠦᠷ ᠨᠠᠭᠠᠳᠤᠨ᠎ᠠ᠃ ᠦᠳᠡ ᠪᠤᠯᠪᠠᠯ ᠨᠡᠢᠭᠡᠮ ᠲᠤᠭᠤᠷᠢᠭ ᠡᠴᠡ ᠪᠡᠯᠡᠳᠬᠡᠭᠰᠡᠨ ᠬᠠᠮᠳᠦ ᠵᠢᠨ ᠬᠤᠭᠤᠯᠠᠨ ᠭᠡᠷ ᠲᠡᠭᠡᠨ ᠤᠴᠢᠵᠤ᠂ ᠪᠦᠭᠦᠳᠡᠭᠡᠷ᠎ᠢᠶᠡᠨ ᠶᠠᠷᠢᠶ᠎ᠠ ᠬᠦᠭᠡᠷᠦᠭᠡ ᠲᠡᠢ ᠭᠠᠯ ᠬᠢᠵᠦ᠂ ᠠᠮᠳᠠᠳᠤ ᠬᠤᠭᠤᠯᠠ ᠪᠡᠨ ᠴᠤᠭᠭᠠᠷ ᠢᠳᠡᠨ᠎ᠡ᠃ ᠦᠳᠡᠯᠦᠭᠡ ᠨᠠᠰᠤᠨ᠎ᠤ ᠤᠢᠳᠬᠠᠷ ᠭᠤᠨᠢᠭ᠂ ᠤᠢ ᠭᠠᠰᠢᠭᠤ᠂ ᠡᠵᠡᠭᠦᠢ ᠭᠠᠭᠴᠠᠭᠠᠷᠳᠠᠯ ᠪᠦᠬᠦᠨ ᠡᠨᠡ ᠯᠡ ᠦᠶ᠎ᠡ᠎ᠳᠦ ᠤᠷᠤ ᠲᠠᠰᠤ ᠠᠷᠢᠯᠤᠨ ᠵᠠᠮᠬᠠᠷᠠᠳᠠᠭ ᠠᠵᠢ᠃

ᠰᠤᠷᠪᠤᠯᠵᠢᠯᠠᠬᠴᠢ᠄ ᠬᠡᠰᠢᠭᠪᠠᠶᠠᠷ ᠸᠠᠩ ᠢᠦᠢ ᠵᠦᠸᠸ  ᠠᠯᠳᠠᠠᠠᠤᠳᠤ ᠴᠤᠪᠤᠭᠤ  ᠬᠤᠤ ᠰᠢᠤᠸᠠᠢ ᠯᠢᠶᠠᠨ )

ᠣᠷᠴᠢᠭᠤᠯᠤᠭ᠍ᠴᠢ᠄
ᠨᠠᠢᠷᠠᠭᠤᠯᠤᠭ᠍ᠴᠢ᠄ ᠮᠦᠩᠭᠦᠨᠬᠤᠸᠠᠷ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号