ᠪᠠᠳᠠᠢ᠎ᠶᠢᠨ ᠵᠢᠷᠠᠨ᠎ᠤ᠋ ᠲᠠᠨᠵᠢᠨ᠎ᠳ᠋ᠡᠬᠢ ᠪᠠᠬᠠᠷᠤᠯᠳᠤ ᠠᠮᠢᠳᠤᠷᠠᠯ᠎ᠤᠨ ᠵᠢᠷᠤᠬᠯᠠᠯ
2023-09-07 10:42:05
ᠵᠣᠬᠢᠶᠠᠭ᠍ᠴᠢ᠄
ᠪᠤᠤ ᠥᠷᠭᠡᠨ ᠪᠡᠶᠡᠷᠴᠡᠡᠭᠭᠡᠯ ᠬᠥᠭᠵᠢᠯᠳᠤ ᠮᠡᠷᠭᠡᠨᠪᠢᠯᠢᠭ
ᠣᠩᠱᠢᠭ᠍ᠰᠠᠨ ᠣᠳᠠᠭ᠎ᠠ᠄
★★★☆☆

ᠠᠯᠠᠱᠠ ᠪᠠᠷᠠᠭᠤᠨ ᠬᠣᠱᠢᠭᠤᠨ᠎ᠤ 7.3 ᠲᠦᠮᠡᠨ ᠲᠡᠭ᠌ᠰᠢ ᠳᠥᠷᠪᠡᠯᠵᠢᠨ ᠺᠢᠯᠣᠮᠧᠲ᠋ᠷ ᠨᠤᠳᠤᠬ ᠲᠡᠪᠢᠰᠭᠡᠷ ᠲᠡᠭᠡᠷ᠎ᠠ ᠮᠣᠩᠭᠣᠯ᠂ ᠬᠢᠲᠠᠳ᠂ ᠬᠣᠲᠣᠩ᠂ ᠲᠥᠪᠡᠳ ᠵᠡᠷᠭᠡ 13 ᠦᠨᠳᠦᠰᠦᠲᠡᠨ᠎ᠦ  2.26 ᠲᠦᠮᠡᠨ ᠬᠥᠮᠥᠨ ᠰᠠᠭᠤᠷᠢᠰᠢᠨ ᠠᠮᠢᠳᠤᠷᠠᠵᠥ ᠪᠤᠢ᠃ ᠡᠭᠦᠨ᠎ᠳᠦ᠂ ᠴᠥᠭᠡᠨ ᠲᠣᠭᠠᠲᠤ ᠦᠨᠳᠦᠰᠦᠲᠡᠨ᠎ᠦ ᠬᠥᠮᠦᠨ ᠠᠮᠠ ᠭᠤᠷᠪᠠᠨ᠎ᠤ ᠨᠢᠭᠡ ᠵᠢ ᠡᠵᠡᠯᠡᠵᠥ ᠪᠤᠢ᠃

ᠠᠯᠠᠱᠠ ᠪᠠᠷᠠᠭᠤᠨ ᠬᠣᠱᠢᠭᠤ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢ ᠡᠭᠦᠳᠦᠨ ᠪᠠᠢᠭᠤᠯᠬᠤ ᠠᠵᠢᠯ᠎ᠢ ᠯᠠᠪᠳᠠᠭᠤᠨ ᠪᠠᠲᠤᠲᠠᠶ ᠠᠬᠢᠭᠤᠯᠵᠤ᠂ ᠥᠪᠡᠷᠮᠢᠴᠠ ᠣᠨᠴᠠᠯᠢᠭ ᠪᠥᠬᠥᠶ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢ ᠡᠭᠦᠳᠦᠨ ᠪᠠᠢᠭᠤᠯᠬᠤ ᠵᠠᠮ᠎ᠢᠶᠡᠷ ᠵᠠᠮᠨᠠᠵᠥ᠂ ᠤᠷᠢᠳ ᠬᠣᠵᠢᠳ 《ᠳᠥᠷᠪᠡᠳᠦᠭᠡᠷ ᠪᠦᠯᠦᠭ᠎ᠦᠨ ᠪᠥᠬᠥ᠌ ᠤᠯᠤᠰ᠎ᠤᠨ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢ ᠡᠭᠦᠳᠦᠨ ᠪᠠᠢᠭᠤᠯᠬᠤ ᠠᠵᠢᠯᠯᠠᠭ᠎ᠠ᠎ᠶ᠋ᠢᠨ ᠵᠢᠱ᠌ᠢᠶ᠎ᠡ ᠦᠵᠡᠭᠦᠯᠬᠦ᠌ ᠨᠢᠭᠡᠴᠢ》᠂ 《ᠵᠢᠷᠭᠤᠳᠤᠭᠠᠷ ᠤᠳᠠᠭᠠᠨ᠎ᠤ ᠪᠥᠬᠥ᠌ ᠤᠯᠤᠰ᠎ᠤᠨ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢᠨ ᠵᠢᠱ᠌ᠢᠶᠡᠴᠢ ᠬᠠᠮᠲᠤ》  ᠶ᠋ᠢᠨ ᠢᠷᠠᠭᠤ ᠠᠯᠳᠠᠷ᠎ᠢ ᠭᠥᠷᠳᠡᠪᠡ᠃

ᠠᠯᠠᠱᠠ ᠪᠠᠷᠠᠭᠤᠨ ᠬᠣᠱᠢᠭᠤ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢᠨ ᠵᠢᠱ᠌ᠢᠶ᠎ᠡ ᠦᠵᠡᠭᠦᠯᠬᠦ ᠨᠢᠬᠡᠴᠢ 3᠂ ᠠᠢᠮᠠᠭ᠎ᠤᠨ ᠲᠠᠰ᠎ᠤᠨ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢᠨ ᠵᠢᠱ᠌ᠢᠶ᠎ᠡ ᠦᠵᠡᠭᠦᠯᠬᠦ᠌ ᠨᠢᠬᠡᠴᠢ 4᠂ ᠠᠢᠮᠠᠭ᠎ᠤᠨ ᠲᠠᠰ᠎ᠤᠨ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢᠨ ᠬᠥᠮᠦᠵᠢᠯ᠎ᠦᠨ ᠰᠠᠭᠤᠷᠢᠨ 1᠎ᠪᠠᠢᠭᠤᠯᠪᠠ᠃



ᠪᠠᠳᠠᠢ ᠵᠢᠨ ᠵᠢᠷᠠᠨ ᠪᠠᠯᠭᠠᠰᠤᠨ᠎ᠤ ᠨᠡᠷᠡᠨ ᠵᠥᠭ᠎ᠤᠨ ᠭᠤᠷᠪᠠᠨ ᠺᠢᠯᠦᠮᠧᠲᠷ᠎ᠤᠨ ᠵᠠᠢ᠎ᠳᠦ ᠨᠢᠬᠡ ᠡᠩᠨᠡᠬᠡ ᠤᠯᠠᠭᠠᠨ ᠸᠠᠭᠠᠷᠤᠨ ᠪᠠᠢᠰᠢᠩ᠂ ᠨᠢᠭᠡ ᠡᠩᠨᠡᠬᠡ ᠬᠤᠶᠠᠷ ᠳᠠᠪᠬᠤᠷ ᠠᠰᠠᠷ᠎ᠤᠳ ᠵᠡᠷᠬᠡᠯᠡᠨ ᠲᠡᠯᠪᠢᠭᠠᠰᠤᠳᠠᠢ ᠬᠠᠢᠷᠴᠠᠬ ᠰᠢᠬ ᠵᠢᠭᠳᠡᠷᠡᠨ ᠬᠠᠷᠠᠬᠳᠡᠳᠠᠬ᠃ ᠡᠨᠡ ᠪᠤᠯ ᠳᠠᠷᠤᠢ ᠠᠯᠠᠱᠠ ᠪᠠᠷᠠᠭᠤᠨ ᠬᠤᠰᠢᠭᠤᠨ᠎ᠤ ᠪᠠᠳᠠᠢ ᠵᠢᠨ ᠵᠢᠷᠠᠨ ᠪᠠᠯᠭᠠᠰᠤᠨ᠎ᠤ ᠡᠬᠢᠨᠬᠤᠳᠳᠤᠬ ᠭᠠᠴᠠᠭ᠎ᠠ ᠪᠤᠯᠤᠨ᠎ᠠ᠃ ᠡᠬᠢᠨᠬᠤᠳᠳᠤᠬ ᠭᠠᠴᠠᠭ᠎ᠠ ᠵᠢ ᠪᠠᠰᠠ ᠭᠤᠸᠠᠩᠮᠢᠩ ᠲᠣᠰᠭᠣᠨ ᠭᠡᠳᠡᠭ᠃ ᠡᠬᠢᠨᠬᠤᠳᠳᠤᠬ ᠭᠠᠴᠠᠭ᠎ᠠ ᠨᠢ ᠪᠠᠯᠭᠠᠰᠤ ᠵᠠᠬᠠᠳᠠᠨ ᠪᠠᠢᠷᠢᠰᠢᠬᠰᠠᠨ 《ᠬᠤᠳᠠ ᠵᠢᠨ ᠵᠠᠬ᠎ᠠ ᠵᠢᠨ ᠭᠠᠴᠠᠭ᠎ᠠ》 ᠪᠠᠢᠵᠤ᠂ ᠣᠳᠣᠬᠠᠨ᠎ᠳᠤ ᠮᠣᠩᠭᠣᠯ᠂ ᠬᠢᠲᠠᠳ᠂ ᠬᠣᠲᠣᠩ ᠵᠡᠷᠭᠡ ᠣᠯᠠᠨ ᠦᠨᠳᠦᠰᠦᠲᠡᠨ᠎ᠲᠠᠢ 136 ᠡᠷᠦᠬᠡ ᠵᠢᠨ 359 ᠬᠥᠮᠥᠨ ᠠᠮᠠ ᠪᠠᠶᠠᠷ ᠵᠢᠷᠭᠠᠯᠳᠠᠢ ᠠᠵᠥ ᠲᠥᠷᠥᠵᠥ᠂ ᠤᠯᠠᠨ ᠵᠢᠯ᠎ᠦᠨ ᠲᠤᠷᠰᠢ᠂ ᠦᠨᠳᠦᠰᠦᠲᠡᠨ᠎ᠦ ᠪᠦᠯᠬᠦᠮᠳᠡᠯ᠎ᠢ ᠭᠠᠴᠠᠭᠠᠨ᠎ᠤ ᠲᠣᠭ᠍ᠲᠠᠭᠤᠨ᠎ᠢ ᠬᠠᠮᠠᠭᠠᠯᠠᠬᠤ᠂ ᠬᠠᠮᠲᠤ᠎ᠶ᠋ᠢᠨ ᠠᠵᠤ ᠠᠬᠤᠢ᠎ᠶ᠋ᠢᠨ ᠬᠥᠭ᠌ᠵᠢᠯᠲᠡ᠎ᠶ᠋ᠢ ᠠᠬᠢᠭᠤᠯᠬᠤ ᠴᠢᠬᠤᠯᠠ ᠠᠵᠢᠯ ᠪᠣᠯᠭᠠᠨ ᠠᠳᠭᠤᠵᠤ᠂ ᠦᠨᠳᠦᠰᠦᠲᠡᠨ᠎ᠨᠦᠭᠦᠳ᠎ᠦᠨ ᠠᠷᠠᠳ ᠤᠯᠠᠨ ᠠᠬ᠎ᠠ ᠳᠡᠭᠦᠦ ᠮᠡᠲᠦ ᠳᠣᠲᠣᠨᠣ ᠶᠠᠪᠤᠯᠴᠠᠵᠤ᠂ ᠰᠠᠬᠢᠨ ᠪᠠᠷᠠᠯᠠᠨ ᠬᠠᠷᠢᠯᠴᠠᠨ ᠬᠠᠪᠰᠤᠷᠤᠯᠴᠠᠵᠤ᠂ ᠪᠦᠯᠬᠦᠮᠳᠡᠨ ᠨᠢᠭ᠍ᠲᠠᠷᠠᠵᠤ᠂ ᠦᠨᠳᠦᠰᠦᠲᠡᠨ᠎ᠦ ᠪᠦᠯᠬᠦᠮᠳᠡᠯ ᠲᠠᠪᠱᠢᠯᠳᠠ᠎ᠶ᠋ᠢᠨ ᠬᠥᠭ᠌ᠵᠢᠯ ᠴᠡᠴᠡᠭ᠌ᠯᠡᠯ᠎ᠦᠨ ᠪᠠᠬᠠᠳᠤᠯᠳᠤ ᠪᠠᠢᠳᠠᠯ᠎ᠢ ᠵᠢᠷᠤᠬᠯᠠᠨ᠎ᠠ᠃


3.1.png


ᠬᠠᠷᠢᠯᠴᠠᠨ ᠬᠠᠪᠰᠤᠷᠤᠯᠴᠠᠬᠤ ᠠᠬ᠎ᠠ ᠳᠡᠭᠦᠦ᠍᠎ᠶ᠋ᠢᠨ ᠬᠠᠢᠷ᠎ᠠ ᠰᠡᠳᠭᠢᠯᠭᠡ

ᠭᠠᠴᠠᠭ᠎ᠠ᠎ᠵᠢ ᠬᠥᠷᠢᠶᠡᠯᠡᠭᠰᠡᠨ ᠮᠣᠳᠣᠳ ᠬᠥᠬᠡᠷᠡᠨ ᠨᠣᠭᠣᠭᠠᠷᠠᠵᠤ᠂ ᠵᠠᠰᠠᠮᠠᠯ ᠵᠠᠮ᠎ᠤᠨ ᠬᠣᠶᠠᠷ ᠲᠠᠯ᠎ᠠ᠎ᠪᠠᠷ ᠲᠣᠭᠣᠰᠭᠠᠨ ᠪᠠᠢᠱᠢᠩ᠎ᠤᠳ ᠵᠢᠭ᠌ᠳᠡᠷᠡᠨ᠂ ᠭᠠᠴᠠᠭᠠᠨ᠎ᠤ ᠲᠠᠷᠢᠶᠠᠴᠢᠨ ᠠᠢᠯ᠎ᠤᠨ ᠪᠠᠶᠠᠰᠤᠯ᠎ᠤᠨ ᠵᠡᠭᠡᠯᠢ᠎ᠳᠤ 《ᠸᠠᠩ ᠣᠪᠣᠭ᠍ᠲᠤ᠎ᠶ᠋ᠢᠨ ᠬᠥᠷᠢᠶᠠᠯᠡᠡᠭ》᠂ 《ᠮᠠᠶ ᠱᠢᠶᠠᠩ ᠽᠥᠨ ᠲᠣᠰᠭᠣᠨ》᠂ 《ᠵᠢᠤᠢ ᠮᠧᠶ ᠬᠣᠭᠣᠯᠠᠨ ᠬᠡᠷ 》 ᠵᠡᠷᠭᠡ ᠠᠷᠠᠳ᠎ᠤᠨ ᠣᠷᠣᠨ ᠰᠠᠭᠤᠴᠠ᠂ ᠬᠣᠭᠣᠯᠠ ᠤᠮᠳᠠ᠎ᠶ᠋ᠢᠨ ᠭᠡᠷ᠎ᠤᠳ ᠵᠠᠯᠭᠠᠯᠳᠤᠵᠤ᠂ ᠰᠡᠯᠡᠭᠦᠴᠡᠯ᠎ᠦᠨ ᠠᠭᠤᠳᠠᠮ ᠲᠠᠯᠠᠪᠠᠶ᠎ᠳᠤ ᠣᠯᠠᠨ ᠨᠡᠢᠲᠡ᠎ᠶ᠋ᠢᠨ ᠪᠡᠶ᠎ᠡ ᠴᠢᠭᠢᠷᠠᠭ᠍ᠵᠢᠭᠤᠯᠬᠤ ᠪᠠᠭᠠᠵᠢ ᠬᠡᠷᠡᠭ᠌ᠰᠡᠯ ᠪᠦᠷᠢᠨ᠂ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢᠨ ᠠᠭᠤᠳᠠᠮ ᠲᠠᠯᠠᠪᠠᠶ᠎ᠶ᠋ᠢᠨ ᠬᠠᠨ᠎ᠠ᠎ᠶ᠋ᠢᠨ ᠵᠢᠷᠤᠭ᠎ᠨᠢ ᠠᠮᠢᠳᠤ ᠳᠦᠷᠰᠦᠯᠢᠭ ᠲᠡᠯᠭᠡᠭᠳᠡᠵᠥ᠂ ᠪᠦᠯᠬᠦᠮᠳᠡᠯ᠎ᠲᠡᠶ ᠡᠶ᠎ᠡ ᠵᠣᠬᠢᠴᠠᠩᠭᠤᠶ ᠬᠥᠳᠡᠭᠡ ᠲᠣᠰᠭᠣᠨ᠎ᠤ ᠪᠠᠢᠳᠠᠯ ᠣᠯᠠᠨ᠎ᠤ ᠬᠠᠷᠠᠭᠠᠨ᠎ᠳᠤ ᠲᠣᠳᠣᠷᠠᠨ᠎ᠠ᠃


3.2.jpg


7 ᠰᠡᠷ᠎ᠠ᠎ᠶᠢᠨ 20 ᠤ᠋ ᠥᠳᠡ᠎ᠶᠢᠨ ᠡᠮᠥᠨ᠎ᠠ ᠂ ᠮᠠᠨᠤᠰ ᠭᠠᠴᠠᠭᠠᠨ᠎ᠤ ᠠᠷᠠᠳ ᠸᠠᠡᠭ ᠷᠦᠨ ᠾᠧ ᠵᠢᠨ ᠬᠢᠨ᠎ᠳᠦ ᠬᠦᠷᠬᠦ᠎ᠳᠦ ᠡᠳᠡᠨᠡᠢᠬᠢᠨ ᠶᠠᠬ ᠲᠠᠷᠢᠶᠠᠴᠢᠨ ᠠᠢᠯ᠎ᠤᠨ ᠵᠢᠭᠤᠯᠴᠢᠯᠠᠯ ᠵᠢᠨᠨ ᠰᠢᠨᠡᠳᠬᠡᠨ ᠵᠠᠰᠠᠭᠠᠳ ᠶᠠᠪ ᠶᠠᠭᠠᠷᠠᠤ ᠪᠠᠢᠯ᠎ᠠ᠃ ᠬᠦᠷᠢᠶᠡᠨ ᠳ᠋ᠤᠨᠢ ᠤᠷᠤᠬᠤ᠎ᠳᠦ ᠬᠠᠯᠠᠭᠤᠨ ᠪᠦᠰᠡᠨ᠎ᠳᠦ ᠯᠠ ᠤᠷᠭᠤᠳᠠᠭ ᠳᠤᠮᠤ ᠨᠠᠪᠴᠢᠳᠤ ᠤᠷᠭᠤᠮᠠᠯ ᠰᠦᠭᠯᠡᠢᠵᠦ᠂ ᠵᠢᠶᠠᠡᠭᠨᠠᠨ ᠤᠷᠤᠨ᠎ᠳᠦ ᠢᠷᠡᠴᠢᠬᠡᠭᠰᠡᠨ ᠰᠢᠭ ᠲᠦᠷᠦᠭᠳᠡᠯ ᠦᠭᠬᠦᠯ᠎ᠡ᠃ ᠡᠨᠡᠬᠦ ᠲᠠᠷᠢᠶᠠᠴᠢᠨ ᠠᠢᠯ᠎ᠤᠨ ᠵᠢᠭᠤᠯᠴᠢᠯᠠᠯ ᠨᠢ 600 ᠭᠠᠷᠤᠢ ᠲᠡᠭᠰᠢ ᠲᠦᠷᠪᠡᠯᠵᠢᠨ ᠮᠧᠲᠷ ᠪᠦᠬᠦᠢ ᠳᠠᠯᠠᠪᠠᠢ ᠲᠠᠢ᠂ ᠬᠤᠭᠤᠯᠠ ᠤᠮᠳᠠ᠂ ᠬᠤᠨᠤᠭ ᠪᠠᠭᠤᠳᠠᠯ ᠢᠵᠢ ᠪᠦᠷᠢᠳᠦᠭᠰᠡᠨ ᠪᠠᠢᠪᠠ᠃ ᠪᠢᠳᠠᠨ᠎ᠢ ᠰᠤᠷᠪᠤᠯᠵᠢᠯᠠᠭ᠎ᠠ ᠬᠢᠬᠥ᠎ᠳᠤ᠂ ᠭᠠᠴᠠᠭᠠᠨ᠎ᠤ ᠠᠷᠠᠳ ᠯᠢ ᠬᠤᠸᠠ ᠮᠢᠩ 20 ᠭᠠᠷᠤᠢ ᠤᠭᠤᠲᠠ ᠱᠦᠢᠨᠢ᠎ᠶ᠋ᠢ ᠬᠤᠪᠢ᠎ᠶᠢᠨ ᠭᠤᠷᠪᠠᠨ ᠬᠦᠷᠳᠦᠲᠦ ᠲᠡᠷᠭᠡ ᠪᠡᠷ ᠲᠡᠭᠡᠭᠡᠪᠤᠷᠢᠯᠡᠵᠥ ᠸᠠᠩ ᠷᠦᠨ ᠾᠧ᠎ᠶ᠋ᠢᠨ ᠵᠢᠭᠤᠯᠴᠢᠯᠠᠯ᠎ᠤᠨ ᠭᠠᠵᠠᠷ᠎ᠤᠨ ᠡᠭᠦᠳᠡᠨ ᠳᠡᠭᠡᠷ᠎ᠡ ᠵᠣᠭ᠍ᠰᠣᠭᠠᠵᠤ᠂ ᠸᠠᠩ ᠷᠦᠨ ᠾᠧ᠎ᠲᠡᠶ ᠬᠠᠮᠲᠤ ᠤᠳᠠᠵᠥ ᠲᠥᠳᠡᠯ ᠦᠭᠡᠢ ᠥᠷᠥᠭᠡᠨ᠎ᠳᠤᠨᠢ ᠪᠠᠭᠤᠯᠭᠠᠵᠥ ᠪᠠᠷᠠᠭᠠᠳ ᠭᠡᠷ ᠲᠡᠭᠡᠨ ᠪᠤᠴᠠᠬᠤ ᠪᠡᠷ ᠪᠤᠯᠪᠠ᠃ ᠸᠠᠡᠭ ᠷᠦᠨ ᠾᠧ ᠵᠢᠨ ᠬᠡᠯᠡᠬᠥ ᠪᠡᠷ ᠂ ᠯᠢ ᠬᠤᠸᠠ ᠮᠢᠩ ᠪᠣᠯ ᠮᠣᠩᠭᠣᠯ ᠦᠨᠳᠦᠰᠦᠲᠡᠨ᠂ ᠪᠤᠰᠤᠳ᠎ᠢ ᠬᠠᠪᠰᠤᠷᠳᠠᠬ ᠬᠠᠯᠠᠭᠤᠨ ᠰᠡᠳᠭᠢᠯ᠎ᠲᠡᠶ  ᠬᠥᠮᠦᠨ᠃ ᠲᠡᠳᠡᠨᠠᠢᠬᠢᠨ᠎ᠢᠶᠡᠷ  ᠪᠠᠢᠡᠭᠭᠤ  ᠢᠷᠡᠵᠥ ᠬᠠᠪᠰᠤᠷᠳᠡᠬ᠃


3.3.jpg


ᠡᠨᠡ ᠵᠢᠯ᠎ᠦᠨ 4 ᠰᠠᠷ᠎ᠠ᠎ᠳᠤ᠂ ᠸᠠᠩ ᠷᠦᠨ ᠾᠧ ᠶ᠋ᠢᠨ ᠬᠢᠨ ᠮᠠᠯᠵᠢᠯ᠎ᠤᠨ ᠲᠡᠯᠡᠪᠡᠢ  ᠳ᠋ᠡᠬᠢ 200 ᠭᠠᠷᠤᠢ ᠲᠡᠮᠡᠭᠡᠨ᠎ᠦ ᠨᠣᠣᠰᠣ ᠬᠠᠢᠴᠢᠯᠠᠬᠤ ᠪᠠ ᠲᠠᠷᠢᠶᠠᠴᠢᠨ ᠠᠢᠯ᠎ᠤᠨ ᠵᠢᠭᠤᠯᠴᠢᠯᠠᠯ ᠎ᠢᠶᠡᠨ ᠡᠵᠡᠡᠭᠨᠡᠬᠥ ᠬᠠᠮᠤᠬ ᠶᠠᠭᠠᠷᠠᠯᠳᠠᠳᠠᠢ ᠠᠵᠢᠯ᠎ᠤᠨ ᠬᠤᠭᠤᠴᠠᠭᠠᠨ᠎ᠳᠤ ᠤᠷᠤᠪᠠ᠃ ᠯᠢ ᠬᠤᠸᠠ ᠮᠢᠩ ᠪᠠᠢᠳᠠᠯ᠎ᠢ ᠣᠢᠯᠠᠭᠠᠭ᠍ᠰᠠᠨ᠎ᠤ ᠳᠠᠷᠠᠭ᠎ᠠ᠂ ᠯᠢ ᠸᠸᠨ ᠬᠤᠢ ᠵᠡᠷᠭᠡ ᠭᠠᠴᠠᠭᠠᠨ᠎ᠤ ᠠᠷᠠᠳ᠎ᠲᠠᠶ ᠬᠠᠮᠲᠤ  ᠲᠡᠮᠡᠭᠡᠨ ᠨᠤᠤᠰᠤ ᠬᠠᠢᠴᠢᠯᠠᠵᠤ ᠥᠭ᠌ᠪᠡ᠃ 《ᠯᠢ ᠬᠤᠸᠠ ᠮᠢᠩ ᠪᠣᠯᠤᠨ ᠭᠠᠴᠠᠭᠠᠨ᠎ᠤ ᠠᠷᠠᠳ᠎ᠤᠨ ᠬᠠᠪᠰᠤᠷᠤᠯᠭ᠎ᠠ ᠳᠣᠣᠷ᠎ᠠ᠂ ᠮᠠᠨ᠎ᠤ ᠭᠡᠷ᠎ᠦᠨ ᠲᠡᠮᠡᠭᠡᠨ᠎ᠦ ᠨᠣᠣᠰᠣ᠎ᠶ᠋ᠢ ᠤᠳᠠᠯ ᠦᠭᠡᠢ ᠬᠠᠢᠴᠢᠯᠠᠵᠤ ᠪᠠᠷᠠᠪᠠ᠃ ᠵᠢᠭᠤᠯᠴᠢᠯᠠᠯ᠎ᠢ ᠰᠢᠨᠡᠳᠭᠡᠨ ᠵᠠᠰᠠᠬᠤ᠎ᠳᠤ᠂ ᠵᠡᠷᠭᠡᠯᠡᠳᠡᠭᠡ ᠠᠢᠯ᠎ᠤᠨ ᠬᠥᠮᠦᠰ ᠡᠳᠦᠷ ᠪᠣᠯᠭᠠᠨ ᠢᠷᠡᠵᠦ᠍ ᠬᠠᠪᠰᠤᠷᠴᠤ ᠨᠠᠳᠠ᠎ᠳᠤ ᠲᠤᠩ ᠬᠠᠯᠠᠭᠤᠨ ᠰᠠᠨᠠᠭ᠍ᠳᠠᠨ᠎ᠠ》 ᠭᠡᠵᠦ᠍ ᠸᠠᠩ ᠷᠦᠨ ᠾᠧ ᠪᠠᠶᠠᠷᠳᠠᠢᠬᠠᠨ ᠶᠠᠷᠢᠨ᠎ᠠ᠃

《ᠬᠠᠷᠢᠯᠴᠠᠨ ᠬᠠᠪᠰᠤᠷᠤᠯᠴᠠᠬᠤ ᠪᠣᠯ ᠮᠠᠨ᠎ᠤ ᠳᠤᠮᠳᠠᠳᠤ᠎ᠶ᠋ᠢᠨ ᠦᠨᠳᠦᠰᠦᠲᠡᠨ᠎ᠦ ᠡᠷᠬᠢᠮ ᠰᠤᠷᠲᠠᠯ ᠮᠥᠨ᠂ ᠸᠠᠩ ᠷᠦᠨ ᠾᠧ ᠪᠣᠯ ᠮᠠᠨ᠎ᠤ ᠭᠠᠴᠠᠭᠠᠨ᠎ᠳᠤ ᠬᠠᠮᠤᠭ᠎ᠦᠨ᠎ᠤᠷᠢᠳ᠎ᠢᠶᠡᠷ ᠲᠠᠷᠢᠶᠠᠴᠢᠨ ᠠᠢᠯ᠎ᠤᠨ ᠵᠤᠭᠠᠴᠠᠯ᠎ᠢ ᠡᠷᠬᠢᠯᠡᠭᠰᠡᠨ ᠬᠥᠮᠦᠨ ᠶᠤᠮ᠂ ᠲᠡᠷᠡ ᠠᠮᠵᠢᠯᠳᠠ ᠤᠯᠤᠬᠰᠠᠨ  ᠦᠶ᠎ᠡ᠎ᠳᠦ ᠮᠠᠨ᠎ᠤ ᠭᠠᠴᠠᠭᠠᠨ᠎ᠤ ᠪᠤᠰᠤᠳ ᠠᠢᠯ ᠡᠷᠦᠬᠡ ᠰᠠᠶᠢ ᠵᠤᠭᠠᠴᠠᠯ᠎ᠤᠨ ᠥᠢᠯᠡᠰ ᠡᠬᠢᠯᠡᠨ ᠡᠷᠬᠢᠯᠡᠵᠡᠢ᠃ ᠪᠢᠳᠠᠨ᠎ᠢ ᠰᠠᠢᠲᠤᠷ ᠡᠷᠬᠢᠯᠡᠭᠦᠯᠬᠦ᠌᠎ᠶ᠋ᠢᠨ ᠲᠥᠯᠥᠭᠡ᠂ ᠲᠤᠬᠠᠢ᠎ᠶᠢᠨ ᠥᠶ᠎ᠠ᠎ᠳᠤ ᠸᠠᠡᠭ ᠠᠬ᠎ᠠ ᠪᠢᠳᠠᠨ᠎ᠳᠤ ᠵᠢᠭᠤᠯᠴᠢᠯᠠᠯ᠎ᠤᠨ ᠭᠠᠵᠠᠷ᠎ᠢ ᠵᠠᠰᠠᠵᠥ ᠪᠠᠷᠢᠬᠤ ᠡᠴᠡ ᠭᠡᠷ ᠲᠤᠳᠤᠷᠠᠬᠢ ᠡᠳ᠋ᠯᠡᠯ ᠭᠡᠷᠡᠭᠰᠡᠯ᠎ᠢ ᠥᠡᠭᠭᠡ ᠵᠤᠬᠢᠴᠠᠭᠤᠯᠬᠤ᠎ᠳᠤ ᠬᠥᠷᠳᠡᠯ᠎ᠠ ᠨᠠᠷᠢᠨ ᠨᠢᠮᠪᠠᠢ ᠵᠢᠭᠠᠵᠥ ᠲᠤᠬᠢᠶᠠᠵᠥ ᠬᠠᠪᠰᠤᠷᠴᠤ ᠥᠭᠬᠥᠭᠰᠡᠨ ᠶᠤᠮ》 ᠭᠡᠵᠦ᠍ ᠯᠢ ᠬᠤᠸᠠ ᠮᠢᠩ ᠭᠤᠷᠪᠠᠨ ᠬᠥᠷᠳᠤᠳᠤ ᠲᠡᠷᠭᠡ ᠥᠬᠡᠳᠠ ᠪᠠᠨ ᠶᠠᠪᠤᠬᠤ᠎ᠶᠢᠨ ᠲᠠᠭᠠᠤ ᠲᠠᠯᠠᠷᠬᠠᠵᠥ ᠪᠠᠢᠭ᠎ᠠ ᠰᠡᠳᠬᠢᠯᠬᠡ ᠪᠠᠨ ᠢᠯᠡᠳᠭᠡᠵᠠᠢ᠃

《ᠡᠨᠡ ᠤᠳᠠᠭ᠎ᠠ ᠮᠠᠨ᠎ᠤ ᠵᠢᠭᠤᠯᠴᠢᠯᠠᠯ᠎ᠤᠨ ᠭᠠᠵᠠᠷ᠎ᠤᠨ ᠵᠠᠰᠠᠨ ᠰᠡᠯᠪᠢᠬᠦ᠌ ᠠᠵᠢᠯ᠎ᠢ ᠪᠤᠰᠤᠳ ᠲᠸ᠋ ᠳᠠᠭᠠᠭᠠᠴᠢᠯᠠᠨ ᠥᠭᠭᠥᠭᠰᠡᠨ ᠲᠤᠯᠠ ᠬᠤᠪᠢ ᠬᠥᠮᠥᠨ᠎ᠤ᠋ ᠬᠢᠬᠦ᠌ ᠠᠵᠢᠯ ᠳᠡᠮᠡᠶ ᠪᠠᠢᠬᠤ ᠥᠬᠡᠶ᠂ ᠭᠡᠪᠡᠴᠦ᠍ ᠮᠠᠨ᠎ᠤ ᠭᠠᠴᠠᠭᠠᠨ᠎ᠤ ᠤᠯᠠᠨ ᠲᠥᠮᠡᠨ ᠬᠡᠨ ᠨᠢ ᠤᠴᠢᠷ᠎ᠲᠠᠶ ᠪᠣᠯ ᠣᠯᠠᠨ᠎ᠢᠶᠠᠷ᠎ᠢᠶᠠᠨ ᠢᠷᠡᠵᠦ᠍ ᠬᠠᠪᠰᠤᠷᠬᠤ ᠨᠢ ᠨᠢᠭᠡᠨᠲᠡ ᠵᠠᠩᠱᠢᠯ ᠪᠣᠯᠵᠤ᠂ ᠲᠠᠳᠠᠨᠠᠷ ᠴᠢᠯᠥᠭᠡ ᠵᠠᠪ᠎ᠢᠶᠡᠷ᠎ᠢᠶᠡᠨ ᠢᠷᠡᠵᠥ᠂ ᠰᠢᠨᠡᠳᠭᠡᠨ ᠵᠠᠰᠠᠬᠤ ᠠᠵᠢᠯ᠎ᠢ ᠬᠠᠪᠰᠤᠷᠤᠬᠰᠠᠨ ᠶᠤᠮ》 ᠬᠡᠵᠥ ᠸᠠᠩ ᠷᠦᠨ ᠾᠧ ᠤᠴᠢᠷᠯᠠᠨ᠎ᠠ᠃

ᠵᠤᠤ ᠬᠤᠩ ᠵᠠᠩ ᠪᠤᠯ ᠡᠬᠢᠨᠬᠤᠤᠨᠳᠤᠬ ᠭᠠᠴᠠᠭ᠎ᠠ᠎ᠶᠢᠨ ᠬᠠᠭᠤᠴᠢᠨ ᠰᠠᠭᠤᠭᠠᠯᠢ ᠠᠷᠠᠳ᠃ ᠲᠡᠭᠡᠷ᠎ᠡ ᠵᠠᠭᠤᠨ᠎ᠤ ᠳᠠᠯᠠᠭᠠᠳ ᠤᠨ᠎ᠳᠦ ᠠᠪᠤ ᠡᠵᠢ ᠨᠢ ᠥᠪᠡᠷ᠎ᠤᠨ ᠬᠦᠦ ᠪᠡᠨ ᠰᠠᠢᠬᠠᠨ ᠶᠠᠪᠤᠯᠴᠠᠳᠠᠬ ᠬᠢᠳᠠᠳ ᠨᠠᠢᠵᠠ ᠵᠤᠤ ᠸᠸᠨ ᠼᠠᠢ᠎ᠳᠦ ᠦᠷᠡᠴᠢᠯᠡᠬᠦᠯᠦᠨ ᠲᠡᠵᠢᠭᠡᠯᠭᠡᠭᠰᠡᠨ ᠪᠠᠢᠵᠠᠢ᠃ ᠨᠢᠯᠬ᠎ᠠ ᠪᠠᠭ᠎ᠠ ᠡᠴᠡ ᠨᠢ ᠦᠷᠡᠴᠢᠯᠡᠨ ᠲᠡᠵᠢᠭᠡᠭᠰᠡᠨ ᠬᠦᠦ ᠪᠡᠨ ᠵᠤᠤ ᠸᠸᠨ ᠼᠠᠢ ᠡᠷ᠎ᠡ ᠡᠮ᠎ᠡ ᠬᠤᠶᠠᠭᠤᠯᠠ᠎ᠴᠦ ᠥᠪᠡᠷ᠎ᠤᠨ ᠵᠢᠨᠨ ᠲᠦᠷᠦᠭᠰᠡᠨ ᠦᠷ᠎ᠡ ᠰᠢᠭ ᠰᠠᠨᠠᠨ ᠬᠠᠢᠷᠠᠯᠠᠵᠤ᠂ ᠠᠯᠠᠭᠠᠨ ᠳ᠋ᠠᠭᠠᠨ ᠳᠠᠯᠪᠢᠪᠠᠯ ᠪᠦᠮᠪᠦᠷᠢᠮᠡᠷ᠂ ᠠᠮᠠᠨ ᠳ᠋ᠠᠭᠠᠨ ᠬᠢᠪᠡᠯ ᠬᠠᠢᠯᠤᠮᠠᠷ ᠦᠬᠦᠬᠡᠷᠳᠡᠨ ᠦᠰᠬᠡᠵᠡᠢ᠃ ᠵᠤᠤ ᠬᠤᠩ ᠵᠠᠩ᠎ᠴᠦ ᠡᠷᠭᠦᠭᠰᠡᠨ ᠠᠪᠤ ᠡᠵᠢ ᠪᠡᠨ ᠲᠦᠷᠦᠭᠰᠡᠨ ᠵᠢᠨᠨ ᠰᠢᠭ ᠰᠠᠨᠠᠵᠤ ᠪᠤᠳᠤᠨ᠂ ᠠᠴᠢᠯᠠᠯ ᠵᠢᠷᠤᠮ᠎ᠢ ᠲᠡᠷᠢᠭᠦᠨ᠎ᠳᠦ ᠳᠠᠯᠪᠢᠵᠤ᠂ ᠠᠮᠢᠳᠤᠷᠠᠯ ᠦᠢᠯᠡᠰ ᠵᠢᠨᠨ ᠦᠭᠡᠳᠡ ᠳᠠᠳᠠᠬᠤ ᠵᠢᠨ ᠲᠦᠯᠦᠬᠡ ᠬᠢᠴᠢᠶᠡᠩᠬᠦᠢᠯᠡᠨ ᠵᠢᠳᠬᠦᠵᠠᠢ᠃ ᠬᠡᠳᠦᠨ ᠵᠢᠯ᠎ᠤᠨ ᠡᠮᠦᠨ᠎ᠡ ᠵᠤᠤ ᠬᠤᠩ ᠵᠠᠩ᠎ᠤᠨ ᠬᠦᠵᠦᠬᠦᠨ᠎ᠤ ᠦᠶ᠎ᠡ ᠨᠢ ᠬᠡᠮᠳᠤᠯ᠎ᠳᠤ ᠤᠴᠠᠷᠠᠵᠥ ᠬᠦᠳᠡᠯᠮᠦᠷᠢᠯᠡᠬᠦ ᠴᠢᠳᠠᠪᠤᠷᠢ ᠪᠡᠨ ᠠᠯᠳᠠᠬᠰᠠᠨ᠎ᠳᠦ ᠨᠤᠳᠤᠭ᠎ᠤᠨ ᠤᠯᠠᠨ ᠲᠦᠮᠡᠨ ᠨᠢ ᠬᠢᠷᠢ ᠴᠢᠳᠠᠯ᠎ᠤᠨ ᠵᠢᠨᠨ ᠳᠤᠳᠤᠷ᠎ᠠ ᠬᠠᠪᠰᠤᠷᠤᠨ ᠳᠡᠮᠵᠢᠵᠦ ᠪᠠᠭ᠎ᠠ ᠦᠭᠡᠢ ᠳᠤᠰᠠᠯᠠᠮᠵᠢ ᠦᠵᠡᠬᠦᠯᠦᠭᠰᠡᠨ ᠪᠠᠢᠨ᠎ᠠ᠃


3.4.jpg


ᠡᠬᠢᠨᠬᠤᠳᠳᠤᠭ ᠭᠠᠴᠠᠭ᠎ᠠ᠎ᠳᠤ᠂ ᠡᠢᠮᠦᠷᠬᠦᠦ ᠬᠠᠷᠢᠯᠴᠠᠨ ᠬᠠᠪᠰᠤᠷᠤᠯᠴᠠᠭ᠍ᠰᠠᠨ ᠦᠨᠳᠦᠰᠦᠲᠡᠨ᠎ᠦ ᠪᠦᠯᠬᠦᠮᠳᠡᠯ᠎ᠦᠨ ᠦᠯᠢᠭᠡᠷ ᠦᠷᠭᠦᠯᠵᠢᠯᠡᠭ᠌ᠰᠡᠭᠡᠷ᠃ ᠣᠢᠷ᠎ᠠ᠎ᠶ᠋ᠢᠨ ᠵᠢᠯ᠎ᠡᠴᠡ ᠨᠠᠭᠠᠰᠢ᠂ ᠲᠣᠰ ᠭᠠᠴᠠᠭ᠎ᠠ ᠨᠢ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ᠎ᠶ᠋ᠢ ᠠᠬᠢᠭᠤᠯᠬᠤ ᠶᠠᠪᠤᠴᠠ᠎ᠳᠤ᠂ ᠠᠯᠠᠱᠠ ᠪᠠᠷᠠᠭᠤᠨ ᠬᠣᠱᠢᠭᠤᠨ᠎ᠤ ᠪᠥᠬᠥ᠌ ᠣᠷᠣᠨ ᠪᠦᠰᠡ᠎ᠶ᠋ᠢᠨ ᠵᠢᠭᠤᠯᠴᠢᠯᠠᠯ᠎ᠤᠨ ᠬᠥᠭ᠌ᠵᠢᠯᠲᠡ᠎ᠶ᠋ᠢᠨ ᠲᠥᠯᠥᠪᠵᠢᠭᠦᠯᠭᠡ᠎ᠳᠦ ᠰᠠᠨᠠᠭᠠᠴᠢᠯᠠᠭ᠎ᠠ᠎ᠠᠴᠠ᠎ᠪᠠᠨ ᠠᠭᠤᠰᠤᠯᠴᠠᠵᠤ᠂ ᠢᠳᠡᠭᠡᠨ ᠤᠮᠳᠠᠭᠠᠨ᠂ ᠬᠣᠨᠣᠭ ᠪᠠᠭᠤᠳᠠᠯ᠎ᠢᠶᠠᠷ ᠭᠤᠤᠯ ᠪᠣᠯᠭᠠᠭ᠍ᠰᠠᠨ ᠵᠢᠭᠤᠯᠴᠢᠯᠠᠯ᠎ᠤᠨ ᠦᠶ᠋ᠯᠡᠰ᠎ᠦᠨ ᠬᠥᠭ᠌ᠵᠢᠯᠲᠡ᠎ᠶ᠋ᠢᠨ ᠵᠠᠭ᠍ᠪᠤᠷ᠎ᠢ ᠪᠦᠷᠢᠯᠳᠦᠭᠦᠯᠵᠦ᠍᠂ ᠵᠣᠨ᠎ᠤ ᠤᠯᠠᠷᠢᠯ᠎ᠤᠨ ᠵᠢᠭᠤᠯᠴᠢᠯᠠᠯ᠎ᠤᠨ ᠬᠥᠭ᠌ᠵᠢᠶᠡᠨᠲᠦ ᠴᠠᠬ ᠲᠸ᠋᠂ ᠬᠡᠨ᠎ᠨᠢ ᠵᠠᠪᠳᠤᠪᠠᠯ ᠨᠥᠬᠥᠬᠡ ᠪᠠᠨ ᠬᠠᠪᠰᠤᠷᠬᠤ ᠰᠠᠢᠨ ᠰᠠᠢᠬᠠᠨ ᠠᠭᠤᠷ ᠠᠮᠢᠰᠬᠤᠯ᠎ᠢ ᠥᠳᠭᠡᠷᠡᠬᠥᠯᠵᠥ ᠪᠤᠢ᠃

ᠭᠠᠴᠠᠭᠠᠨ᠎ᠤ ᠠᠷᠠᠳ ᠯᠢ ᠬᠤᠸᠠ ᠷᠦᠨ ᠬᠤᠨᠤᠭ᠎ᠤᠨ ᠭᠠᠵᠠᠷ ᠡᠷᠬᠢᠯᠡᠭᠡᠳ ᠬᠡᠳᠦᠨ ᠵᠢᠯ᠎ᠤᠨ ᠨᠢᠭᠤᠷ ᠦᠵᠡᠵᠦ ᠪᠤᠢ᠃ ᠬᠤᠨᠤᠭ᠎ᠤᠨ ᠭᠠᠵᠠᠷ ᠨᠢ ᠠᠷᠪᠠ ᠭᠠᠷᠤᠢ ᠳᠠᠰᠤᠯᠭ᠎ᠠ ᠦᠷᠦᠬᠡ ᠲᠠᠢ᠂ ᠵᠢᠭᠤᠯᠴᠢᠯᠠᠬᠰᠠᠳ ᠤᠯᠠᠨ ᠵᠢᠯ ᠪᠠᠰᠠ ᠲᠦᠮᠡ ᠭᠠᠷᠤᠢ ᠲᠦᠭᠦᠷᠢᠭ᠎ᠤᠨ ᠤᠷᠤᠯᠭ᠎ᠠ ᠤᠯᠴᠢᠬᠠᠳᠠᠬ᠃ ᠡᠨᠡ ᠵᠢᠯ᠎ᠤᠨ 5 ᠰᠠᠷ᠎ᠠ᠎ᠶᠢᠨ ᠡᠬᠢ ᠪᠡᠷ᠂ ᠲᠡᠬᠥᠨ᠎ᠤ ᠵᠢᠭᠤᠯᠴᠢᠯᠠᠯ᠎ᠤᠨ ᠭᠠᠵᠠᠷ ᠨᠢ 30 ᠭᠠᠷᠤᠶ ᠬᠥᠮᠦᠨ᠎ᠦ ᠵᠢᠭᠤᠯᠴᠢᠯᠠᠯ᠎ᠤᠨ ᠪᠦᠯᠬᠦᠮ᠎ᠢ ᠭᠥᠯᠢᠶᠡᠨ ᠠᠪᠴᠤ᠌ ᠵᠣᠴᠢᠯᠠᠪᠠ᠃ ᠲᠡᠷᠡ ᠵᠡᠷᠭᠡᠯᠡᠳᠡᠭᠡ ᠠᠢᠯ᠎ᠤᠨ ᠲᠠᠷᠢᠶᠠᠴᠢᠨ ᠠᠢᠯ᠎ᠤᠨ ᠵᠢᠭᠤᠯᠴᠢᠯᠠᠯ᠎ᠳᠤ ᠵᠣᠴᠢᠨ ᠥᠬᠡᠶ ᠪᠠᠢᠬᠤ᠎ᠶ᠋ᠢ ᠦᠵᠡᠭᠡᠳ ᠬᠠᠭᠠᠰ ᠲᠣᠭᠠᠨ᠎ᠤ ᠵᠢᠭᠤᠯᠴᠢᠯᠠᠭ᠍ᠰᠡᠳ᠎ᠢ ᠵᠡᠷᠭᠡᠯᠡᠳᠡᠭᠡ ᠠᠢᠯ᠎ᠤᠨ ᠪᠠᠭᠤᠳᠠᠯ᠎ᠳᠤ ᠰᠠᠭᠤᠯᠭᠠᠪᠠ᠃ ᠬᠣᠶᠠᠷ ᠬᠡᠷ᠎ᠢᠶᠡᠷ᠎ᠢᠶᠡᠨ ᠲᠣᠭᠣᠭᠠᠴᠢ ᠮᠥᠷᠲᠡᠭᠡᠨ ᠦᠶ᠋ᠯᠡᠴᠢᠯᠡᠭ᠌ᠴᠢ ᠪᠣᠯᠵᠣ᠂ ᠵᠢᠭᠤᠯᠴᠢᠯᠠᠭ᠍ᠰᠡᠳ᠎ᠲᠤ ᠢᠳᠡᠭᠡᠨ ᠤᠮᠳᠠᠭᠠᠨ ᠬᠠᠩᠭᠠᠵᠤ᠂ ᠵᠣᠴᠢᠳ᠎ᠤᠨ ᠥᠷᠥᠭᠡ᠎ᠶ᠋ᠢᠨ ᠡᠷᠡᠭᠦᠯ ᠬᠠᠮᠠᠭᠠᠯᠠᠯ᠎ᠤᠨ ᠦᠶ᠋ᠯᠡᠴᠢᠯᠡᠭᠡ᠎ᠶ᠋ᠢ ᠴᠡᠪᠡᠷᠯᠡᠵᠦ᠍᠂ ᠲᠤᠰ ᠤᠳᠠᠭ᠎ᠠ᠎ᠶᠢᠨ ᠵᠢᠭᠤᠯᠴᠢᠯᠠᠬᠰᠠᠳ᠎ᠢ ᠪᠠᠶᠠᠷ ᠬᠥᠷ ᠲᠠᠢ ᠵᠤᠴᠢᠯᠠᠬᠰᠠᠨ ᠬᠡᠳᠡᠭ᠃


3.5.jpg


《ᠮᠠᠨ᠎ᠤ ᠭᠠᠴᠠᠭᠠᠨ᠎ᠤ ᠬᠢᠨ ᠬᠤᠭᠤᠷᠤᠨᠳᠤ ᠪᠡᠨ ᠮᠠᠰᠢ ᠪᠦᠯᠬᠦᠮᠳᠡᠯ ᠲᠠᠢ᠃  ᠡᠳᠦᠷ ᠳᠤᠳᠤᠮ᠎ᠤᠨ ᠠᠳᠠᠯ ᠠᠮᠢᠳᠤᠷᠠᠯ ᠳᠤᠮᠳᠠ ᠪᠡᠨ ᠦᠷᠬᠦᠯᠵᠢ ᠨᠢᠬᠡ ᠨᠢᠬᠡᠨ ᠵᠢᠨᠨ ᠬᠠᠪᠰᠤᠷᠤᠨ ᠳᠡᠮᠵᠢᠳᠡᠭ᠃ ᠵᠤᠭᠤᠰ ᠮᠦᠩᠬᠦ ᠤᠯᠬᠤ ᠳᠠᠯ᠎ᠠ ᠪᠡᠷ᠎ᠴᠦ ᠬᠠᠷᠢᠯᠴᠠᠨ ᠬᠠᠪᠰᠤᠷᠤᠯᠴᠠᠳᠠᠬ᠃ ᠵᠡᠷᠭᠡᠯᠡᠳᠡᠭᠡ ᠠᠢᠯ᠎ᠤᠨ ᠾᠧ ᠵᠢᠩ ᠰᠢᠶᠠ ᠪᠢᠳᠠ ᠬᠤᠶᠠᠭᠤᠯᠠ ᠦᠷᠬᠦᠯᠵᠢ ᠬᠤᠷᠰᠢᠵᠤ᠂ ᠬᠡᠨ᠎ᠤ ᠬᠢᠨᠢ ᠵᠤᠴᠢᠨ ᠤᠯᠠᠨ ᠪᠤᠯᠪᠠᠯ ᠨᠦᠬᠦᠬᠡ ᠳ᠋ᠡᠭᠡᠨ ᠲᠠᠨᠢᠯᠴᠠᠭᠤᠯᠤᠨ ᠦᠭᠳᠡᠭ᠃ ᠡᠩ᠎ᠦᠨ ᠦᠶ᠎ᠡ᠎ᠳᠦ ᠬᠡᠨ ᠨᠢ ᠤᠴᠢᠷ᠎ᠲᠠᠶ ᠪᠣᠯ ᠪᠢᠳᠡ ᠪᠦᠷ ᠬᠠᠷᠢᠯᠴᠠᠨ ᠬᠠᠪᠰᠤᠷᠤᠯᠴᠠᠳᠠᠭ᠂ ᠮᠣᠩᠭᠣᠯ ᠦᠨᠳᠦᠰᠦᠲᠡᠨ ᠬᠢᠲᠠᠳ ᠦᠨᠳᠦᠰᠦᠲᠡᠨ ᠢᠯᠭᠠᠯ ᠥᠬᠡᠢ᠂ ᠴᠢ ᠨᠠᠮ᠎ᠠ᠎ᠶ᠋ᠢ ᠬᠠᠪᠰᠤᠷᠳᠠᠭ᠂ ᠪᠢ ᠴᠢᠮ᠎ᠠ᠎ᠶ᠋ᠢ ᠬᠠᠯᠠᠮᠵᠢᠯᠠᠳᠠᠭ᠂ ᠣᠯᠠᠨ᠎ᠢᠶᠠᠷ᠎ᠢᠶᠠᠨ ᠨᠢᠭᠡ ᠭᠡᠷ᠎ᠦᠨ ᠬᠥᠮᠦᠨ ᠱᠢᠭ ᠶᠠᠪᠤᠯᠴᠠᠳᠠᠭ》 ᠭᠡᠵᠦ ᠯᠢ ᠬᠤᠸᠠ ᠷᠦᠨ ᠲᠠᠨᠢᠯᠴᠠᠭᠤᠯᠤᠨ ᠶᠠᠷᠢᠵᠤ ᠪᠢᠯᠡ᠃

ᠡᠳᠦᠭᠡ᠂ ᠡᠬᠢᠨᠬᠤᠤᠨᠳᠤᠭ ᠭᠠᠴᠠᠭ᠎ᠠ᠎ᠳᠤ ᠬᠥᠷᠰᠢ ᠵᠡᠷᠭᠡᠯᠡᠳᠡᠭᠡ᠎ᠶ᠋ᠢᠨ ᠬᠢᠨ ᠬᠠᠷᠢᠯᠴᠠᠨ ᠬᠠᠪᠰᠤᠷᠤᠯᠴᠠᠵᠤ᠂ ᠨᠢᠬᠡ ᠰᠡᠳᠬᠢᠯ ᠨᠡᠢᠳᠠ᠎ᠶᠢᠨ ᠬᠥᠴᠥᠨ᠎ᠢᠶᠡᠷ ᠡᠶ᠎ᠡ ᠵᠣᠬᠢᠴᠠᠩᠭᠤᠢ᠎ᠪᠠᠷ ᠬᠥᠭ᠌ᠵᠢᠬᠦ᠌ ᠬᠠᠢᠷ᠎ᠠ ᠰᠡᠳᠬᠢᠯᠬᠡ ᠤᠯᠠᠨ᠎ᠦ ᠰᠡᠳᠭᠢᠯ᠎ᠳᠦ ᠭᠦᠨ ᠬᠠᠳᠠᠩᠱᠢᠵᠠᠢ᠃

ᠬᠠᠮᠲᠤ ᠪᠠᠷ ᠪᠠᠶᠠᠵᠢᠬᠤ ᠠᠢᠯ ᠰᠠᠭᠠᠬᠠᠯᠳᠠ ᠶ᠋ᠢᠨ ᠵᠢᠳᠬᠥᠯ ᠴᠢᠷᠮᠠᠢᠯᠭ᠎ᠠ

ᠡᠬᠢᠨᠬᠤᠤᠡᠳᠤᠬ ᠭᠠᠴᠠᠭ᠎ᠠ ᠶ᠋ᠢᠨ ᠵᠢᠭᠳᠡ ᠰᠠᠢᠬᠠᠨ ᠪᠠᠢᠷᠢᠰᠢᠬᠰᠠᠨ ᠬᠤᠶᠠᠷ ᠳᠠᠪᠬᠤᠷ ᠠᠰᠠᠷ᠎ᠤᠳ ᠡᠰᠡᠨᠢᠯ ᠬᠦᠭᠵᠢᠯ᠎ᠤᠨ ᠭᠡᠷᠡᠴᠢ ᠪᠤᠯᠵᠤ ᠳᠤᠷᠠᠢᠨ᠎ᠠ᠃ ᠵᠡᠬᠡᠯᠢ ᠭᠤᠳᠤᠮᠵᠢ ᠪᠡᠨ ᠭᠤᠢᠳᠠ ᠰᠠᠢᠬᠠᠨ ᠵᠠᠰᠠᠨ ᠴᠢᠮᠡᠭᠯᠡᠵᠦ᠂ ᠤᠢᠵᠢᠭᠤᠯᠬᠤ ᠠᠵᠢᠯ᠎ᠢ ᠡᠷᠴᠢᠮᠳᠠᠢ ᠠᠳᠬᠤᠬᠰᠠᠨ ᠵᠢᠨᠷ ᠦᠵᠡᠰᠬᠦᠯᠡᠩᠳᠦ ᠰᠠᠢᠬᠠᠨ ᠥᠩᠬᠡ ᠦᠵᠡᠮᠵᠢ ᠬᠠᠷᠠᠭᠠᠨ᠎ᠳᠦ ᠳᠤᠳᠤᠷᠠᠵᠤ ᠡᠶ᠎ᠡ ᠵᠤᠬᠢᠴᠠᠩᠭᠤᠢ ᠠᠭᠤᠷ ᠠᠮᠢᠰᠬᠤᠯ ᠥᠪᠡᠷ᠎ᠤᠨ ᠡᠷᠬᠡ ᠦᠭᠡᠢ ᠮᠡᠳᠡᠷᠡᠭᠳᠡᠨ᠎ᠡ᠃ ᠵᠤᠨ᠎ᠤ ᠬᠠᠯᠠᠭᠤᠨ ᠨᠠᠷᠠᠨ ᠤᠷᠤᠢ ᠲᠡᠭᠡᠷ᠎ᠡ ᠡᠴᠡ ᠲᠦᠭᠡᠨᠡᠵᠦ ᠪᠠᠢᠬᠰᠠᠨ᠎ᠴᠦ ᠵᠤᠰᠠᠯᠠᠩ᠎ᠳᠦ  ᠢᠷᠡᠭᠰᠡᠨ ᠲᠦᠷᠦᠭᠳᠡᠯ  ᠪᠤᠳᠤᠯ᠎ᠢ ᠡᠵᠡᠮᠳᠡᠨ᠎ᠡ᠃

ᠲᠤᠰ ᠭᠠᠴᠠᠭ᠎ᠠ᠎ᠶᠢᠨ ᠡᠦ ᠴᠢᠩ ᠷᠦᠩ᠎ᠤᠨ ᠬᠢᠨ ᠪᠤᠯ ᠲᠠᠷᠢᠶᠠᠴᠢᠨ ᠠᠢᠯ᠎ᠤᠨ ᠵᠢᠭᠤᠯᠴᠢᠯᠠᠯ ᠡᠵᠡᠡᠭᠨᠡᠵᠥ ᠪᠠᠢᠭ᠎ᠠ ᠠᠢᠯ ᠪᠤᠯᠤᠨ᠎ᠠ᠃ ᠲᠡᠷᠡ 2008 ᠤᠨ ᠡᠴᠡ ᠡᠬᠢᠯᠡᠨ ᠬᠠᠭᠤᠴᠢᠨ ᠲᠤᠭᠤᠷᠢᠭ᠎ᠤᠨ ᠪᠠᠢᠰᠢᠩ ᠳ᠋ᠠᠭᠠᠨ ᠲᠠᠷᠢᠶᠠᠴᠢᠨ ᠠᠢᠯ᠎ᠤᠨ ᠵᠢᠭᠤᠯᠴᠢᠯᠠᠯ ᠡᠷᠬᠢᠯᠡᠵᠦ ᠪᠠᠢᠬᠰᠠᠨ ᠡᠴᠡ ᠪᠠᠨ 2018 ᠤᠨ ᠡᠴᠡ ᠡᠬᠢᠯᠡᠨ ᠰᠢᠨ᠎ᠡ ᠲᠤᠭᠤᠷᠢᠭ᠎ᠲᠦ ᠨᠡᠬᠦᠨ ᠢᠷᠡᠵᠦ ᠦᠷᠬᠦᠯᠵᠢᠯᠡᠨ ᠡᠵᠡᠩᠨᠡᠪᠠ᠃ ᠠᠰᠠᠷ ᠵᠢᠨᠨ ᠮᠠᠰᠢ ᠳᠤᠬᠢᠯᠢᠭ ᠵᠠᠰᠠᠨ ᠴᠢᠮᠡᠵᠦ᠂ ᠠᠷᠤ ᠵᠢᠨ ᠬᠦᠷᠢᠶᠡᠨ ᠳ᠋ᠡᠭᠡᠨ ᠪᠠᠰᠠ ᠵᠢᠭᠠᠯ ᠵᠤᠭᠤᠯ ᠢᠳᠡᠰᠢᠨ ᠨᠤᠭᠤᠭ᠎ᠠ ᠲᠠᠷᠢᠴᠢᠬᠠᠬᠰᠠᠨ ᠬᠠᠷᠠᠬᠳᠠᠨ᠎ᠠ᠃ ᠮᠠᠨᠤᠰ᠎ᠢ ᠤᠴᠢᠬᠤ᠎ᠳᠦ ᠶᠠᠬ ᠪᠤᠰᠤᠳ᠎ᠤᠨ ᠵᠠᠬᠢᠶᠠᠯᠠᠬᠰᠠᠨ ᠬᠤᠭᠤᠯᠠ᠎ᠶᠢ ᠪᠡᠯᠡᠳᠦᠨ᠂ ᠡᠦ ᠴᠢᠩ ᠷᠦᠩ ᠡᠷ᠎ᠡ ᠡᠮ᠎ᠡ ᠬᠤᠶᠠᠭᠤᠯᠠ ᠭᠠᠯ ᠲᠤᠭᠤᠭᠠᠨ᠎ᠤ ᠪᠡᠨ ᠦᠷᠦᠬᠡᠨ᠎ᠳᠦ ᠶᠠᠭᠠᠷᠠᠵᠥ ᠪᠠᠢᠯ᠎ᠠ᠃ 《ᠠᠷᠪᠠᠨ ᠬᠡᠳᠦᠨ ᠵᠢᠯ ᠲᠠᠷᠢᠶᠠᠴᠢᠨ ᠠᠢᠯ᠎ᠤᠨ ᠵᠢᠭᠤᠯᠴᠢᠯᠠᠯ ᠡᠷᠬᠢᠯᠡᠴᠢᠬᠡᠭᠰᠡᠨ ᠪᠤᠯᠬᠤᠷ ᠤᠳᠤ ᠪᠤᠯᠬᠤ᠎ᠳᠦ ᠨᠡᠯᠢᠶᠡᠳ ᠳᠤᠷᠰᠢᠯᠭ᠎ᠠ ᠬᠤᠷᠠᠮᠳᠤᠭᠤᠯᠤᠬᠰᠠᠨ᠃ ᠵᠢᠭᠤᠯᠴᠢᠯᠠᠬᠰᠠᠳ᠎ᠤᠨ ᠢᠳᠡᠵᠦ ᠤᠤᠭᠤᠬᠤ᠂ ᠬᠤᠨᠤᠵᠤ ᠬᠡᠪᠳᠡᠬᠦ ᠵᠠᠩ ᠳᠠᠳᠬᠠᠯ᠎ᠢ ᠨᠡᠯᠢᠶᠡᠳ ᠤᠢᠯᠠᠭᠠᠳᠠᠬ ᠪᠤᠯᠵᠠᠢ᠃ ᠤᠷᠤᠯᠭ᠎ᠠ ᠰᠠᠢᠨ ᠵᠢᠯ ᠳ᠋ᠡᠭᠡᠨ 20 ᠭᠠᠷᠤᠢ ᠲᠦᠮᠡᠨ ᠲᠦᠭᠦᠷᠢᠭ ᠤᠯᠳᠠᠭ᠃ ᠠᠮᠠᠷᠠᠯᠳᠠ ᠴᠢᠯᠦᠭᠡ ᠳᠠᠯᠪᠢᠪᠠᠯ ᠠᠵᠢᠯᠯᠠᠵᠤ ᠪᠠᠢᠭ᠎ᠠ ᠬᠡᠤᠬᠡᠨ ᠪᠤᠯᠤᠨ ᠶᠡᠬᠡ ᠰᠤᠷᠭᠠᠭᠤᠯᠢ᠎ᠳᠦ ᠰᠤᠷᠤᠯᠴᠠᠵᠤ ᠪᠠᠢᠭ᠎ᠠ ᠬᠡᠤᠬᠡᠨ ᠮᠢᠨᠢ ᠢᠷᠡᠵᠦ ᠬᠠᠪᠰᠤᠷᠳᠠᠬ》 ᠭᠡᠵᠦ ᠡᠦ ᠴᠢᠩ ᠷᠦᠩ ᠶᠠᠷᠢᠯ᠎ᠠ᠃


3.7.jpg


ᠭᠠᠴᠠᠭᠠᠨ᠎ᠤ ᠠᠷᠠᠳ ᠵᠠᠩ ᡁᠢ ᠸᠸᠨ᠎ᠤ ᠡᠵᠡᠩᠨᠡᠭ᠌ᠰᠡᠨ 《ᠱᠢᠩ ᠯᠦᠩ ᠵᠣᠴᠢᠳ᠎ᠤᠨ ᠪᠠᠭᠤᠳᠠᠯ》 ᠎ᠳ᠋ᠸ᠋ ᠬᠥᠷᠬᠥ᠎ᠳᠤ ᠂ 400 ᠭᠠᠷᠤᠶ ᠲᠡᠭ᠌ᠰᠢ ᠳᠥᠷᠪᠡᠯᠵᠢᠨ ᠮᠧᠲ᠋ᠷ᠎ᠦᠨ ᠬᠦᠷᠢᠶᠡᠨ ᠳᠣᠲᠣᠷ᠎ᠠ  ᠪᠠᠨ ᠨᠡᠢᠲᠡ᠎ᠶ᠋ᠢᠨ ᠬᠣᠭᠣᠯᠠᠨ ᠲᠢᠩᠬᠢᠮ᠂ ᠠᠭᠤᠯᠵᠠᠯᠲᠠ᠎ᠶ᠋ᠢᠨ ᠲᠢᠩᠬᠢᠮ᠂ ᠳᠠᠭᠠᠭᠠᠴᠢᠯᠠᠯᠲᠠ᠎ᠶ᠋ᠢᠨ ᠥᠷᠥᠭᠡ ᠵᠡᠷᠭᠡ 11 ᠥᠷᠥᠭᠡ᠎ᠲᠤᠬᠢᠷᠠᠭᠤᠯᠵᠥ᠂ ᠰᠠᠭᠤᠷᠢ ᠲᠥᠬᠥᠭᠡᠷᠦᠮᠵᠢ᠎ᠨᠢ ᠪᠦᠷᠢᠨ᠃ ᠵᠠᠩ ᡁᠢ ᠸᠸᠨ ᠤᠤᠯ ᠨᠢ ᠳᠡᠯᠭᠡᠭᠦᠷ ᠡᠵᠡᠩᠨᠡᠵᠦ᠍ ᠪᠠᠢᠪᠠ᠂ 2019 ᠣᠨ᠎ᠳᠤ ᠥᠪᠡᠷ᠎ᠦᠨ ᠬᠥᠷᠢᠶ᠎ᠠ᠎ᠪᠡᠨ ᠵᠤᠴᠢᠳ᠎ᠤᠨ ᠪᠠᠭᠤᠳᠠᠯ ᠪᠣᠯᠭᠠᠨ ᠥᠭᠡᠷᠡᠴᠢᠯᠡᠨ ᠪᠠᠢᠭᠤᠯᠪᠠ᠃ 《ᠭᠠᠴᠠᠭᠠᠨ᠎ᠤ ᠬᠤᠪᠢ᠎ᠳᠤ᠂ ᠪᠢ ᠵᠤᠴᠢᠳ᠎ᠤᠨ ᠪᠠᠭᠤᠳᠠᠯ ᠨᠡᠭᠡᠭᠡᠭ᠌ᠰᠡᠨ ᠨᠢ ᠨᠡᠯᠢᠶᠡᠳ ᠬᠤᠵᠢᠭᠤ᠂ ᠠᠩᠬ᠎ᠠ ᠡᠬᠢᠯᠡᠬᠦ᠌᠎ᠳᠡᠭᠡᠨ ᠲᠤᠷᠱᠢᠯᠭ᠎ᠠ ᠦᠭᠡᠢ᠂ ᠲᠤᠬᠠᠢ᠎ᠶᠢᠨ ᠥᠶ᠎ᠠ᠎ᠳᠤ ᠮᠠᠨ᠎ᠤ ᠬᠥᠷᠰᠢ ᠵᠡᠷᠭᠡᠯᠡᠳᠡᠭᠡ᠎ᠶᠢᠨ ᠬᠢᠨ ᠬᠣᠭᠣᠯᠠ ᠬᠢᠬᠦ᠌᠂ ᠰᠦᠯᠵᠢᠶᠡᠨ ᠳᠡᠭᠡᠷ᠎ᠡ ᠵᠣᠴᠢᠨ ᠵᠠᠯᠠᠬᠤ ᠲᠠᠯ᠎ᠠ ᠪᠡᠷ᠂ ᠵᠤᠴᠢᠳ᠎ᠤᠨ ᠪᠠᠭᠤᠳᠠᠯ ᠡᠵᠡᠡᠭᠨᠡᠭᠰᠡᠨ ᠲᠤᠷᠱᠢᠯᠭ᠎ᠠ᠎ᠪᠠᠨ ᠦᠨ᠎ᠡ ᠲᠥᠯᠥᠪᠦᠷᠢ ᠦᠭᠡᠢ᠎ᠪᠡᠷ ᠨᠠᠳᠠ᠎ᠳᠤ ᠤᠯᠠᠮᠵᠢᠯᠠᠵᠠᠢ᠃ ᠤᠳᠤ ᠠᠷᠠᠯᠵᠢᠶ᠎ᠠ ᠲᠤᠩ ᠰᠠᠢᠨ᠂ ᠵᠢᠯ ᠪᠦᠷᠢ᠎ᠶ᠋ᠢᠨ ᠣᠷᠣᠯᠭ᠎ᠠ 10 ᠲᠦᠮᠡᠨ ᠲᠥᠭᠥᠷᠢᠭ᠎ᠲᠦ ᠬᠦᠷᠴᠦ᠍ ᠪᠤᠢ》 ᠭᠡᠵᠥ ᠵᠠᠩ ᡁᠢ ᠸᠸᠨ ᠪᠠᠶᠠᠷᠲᠠᠢᠬᠠᠨ ᠬᠡᠯᠡᠨ᠎ᠠ᠃

《 ᠣᠢᠷ᠎ᠠ᠎ᠶ᠋ᠢᠨ ᠵᠢᠯ᠎ᠡᠴᠡ ᠨᠠᠭᠠᠰᠢ᠂ ᠮᠠᠨ᠎ᠤ ᠭᠠᠴᠠᠭ᠎ᠠ ᠥᠪᠡᠷᠮᠢᠴᠡ ᠣᠨᠴᠠᠯᠢᠭ ᠪᠥᠬᠥᠶ ᠬᠣᠲᠠ᠎ᠶ᠋ᠢᠨ ᠵᠠᠬ᠎ᠠ᠎ᠳᠠᠬᠢ ᠭᠠᠵᠠᠷ ᠵᠥᠢ᠎ᠶᠢᠨ ᠳᠠᠪᠠᠭᠤᠯᠢᠭ ᠪᠠ ᠠᠮᠢ ᠠᠬᠤᠶ᠎ᠶ᠋ᠢᠨ ᠵᠢᠭᠤᠯᠴᠢᠯᠠᠯ᠎ᠤᠨ ᠡᠬᠢ ᠪᠠᠶᠠᠯᠢᠭ᠎ᠲᠤ ᠲᠦᠱᠢᠭ᠌ᠯᠡᠨ᠂ 〈ᠡᠯᠡᠰᠦᠨ ᠴᠥᠯ᠎ᠦᠨ ᠠᠢᠯ ᠡᠷᠦᠬᠡ〉 ᠶ᠋ᠢᠨ ᠲᠠᠷᠢᠶᠠᠴᠢᠨ ᠠᠢᠯ᠎ᠤᠨ ᠪᠠᠶᠠᠰᠤᠯ ᠪᠠ ᠵᠢᠭᠤᠯᠴᠢᠯᠠᠨ ᠲᠣᠭᠣᠷᠢᠬᠤ ᠲᠥᠷᠥᠯ ᠵᠦᠶ᠋ᠯ᠎ᠢ ᠶᠡᠬᠡ᠎ᠪᠡᠷ ᠬᠥᠭ᠌ᠵᠢᠭᠦᠯᠵᠦ᠍᠂ ᠢᠳᠡᠭᠡᠨ ᠤᠮᠳᠠᠭᠠᠨ᠂ ᠬᠣᠨᠣᠭ ᠪᠠᠭᠤᠳᠠᠯ᠎ᠢᠶᠠᠷ ᠭᠤᠤᠯ ᠪᠣᠯᠭᠠᠭ᠍ᠰᠠᠨ ᠵᠤᠭᠠᠴᠠᠯ᠎ᠤᠨ ᠦᠶ᠋ᠯᠡᠰ᠎ᠦᠨ ᠬᠥᠭ᠌ᠵᠢᠯᠲᠡ᠎ᠪᠡᠷ ᠳᠠᠮᠵᠢᠭᠤᠯᠤᠨ᠂ ᠭᠠᠴᠠᠭᠠᠨ᠎ᠤ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠦ ᠬᠠᠮᠲᠤ᠎ᠪᠠᠷ ᠪᠠᠶᠠᠵᠢᠬᠤ᠎ᠶ᠋ᠢ ᠪᠡᠶᠡᠯᠡᠭᠦᠯᠵᠦ᠍᠂ ᠡᠷᠦᠬᠡ ᠪᠦᠷᠢ ᠪᠡᠶᠡᠵᠢᠨ ᠴᠢᠨᠡᠭᠡᠯᠢᠭ᠌ᠵᠢᠬᠦ᠌ ᠵᠠᠮ᠎ᠢᠶᠠᠷ ᠵᠠᠮᠨᠠᠪᠠ᠃ ᠡᠨᠡ ᠨᠢ ᠂ ᠦᠨᠳᠦᠰᠦᠲᠡᠨ᠎ᠦ ᠪᠦᠯᠬᠦᠮᠳᠡᠯ᠎ᠦᠨ ᠬᠦᠴᠦᠨ᠎ᠡᠴᠡ ᠰᠠᠯᠵᠤ  ᠴᠢᠳᠠᠬᠤ ᠥᠬᠡᠶ》 ᠬᠡᠵᠥ ᠦ᠋ ᠮᠢᠨ ᠷᠦᠢ ᠱᠥᠵᠢ ᠰᠢᠭᠤᠳᠮᠠᠬ ᠬᠡᠯᠡᠯ᠎ᠠ᠃

ᠣᠢᠷ᠎ᠠ᠎ᠶ᠋ᠢᠨ ᠵᠢᠯ᠎ᠦᠳ᠎ᠲᠦ᠂ ᠲᠤᠰ ᠭᠠᠴᠠᠭ᠎ᠠ 《ᠦᠨᠳᠦᠰᠦᠲᠡᠨ᠎ᠦ ᠪᠦᠯᠬᠦᠮᠳᠡᠯ ᠳᠠᠪᠱᠢᠯᠲᠠ + ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ》 ᠪᠠᠷ ᠭᠠᠷᠳᠠᠴᠠ ᠪᠣᠯᠭᠠᠨ᠂ ᠵᠢᠭᠤᠯᠴᠢᠯᠠᠨ ᠲᠣᠭᠣᠷᠢᠬᠤ᠎ᠳᠤ ᠲᠣᠬᠢᠷᠠᠮᠵᠢᠲᠠᠶ ᠪᠠᠢᠯᠭᠠᠬᠤ᠎ᠪᠠᠷ ᠬᠠᠷᠠᠯᠲᠠ ᠪᠣᠯᠭᠠᠵᠤ᠂ ᠵᠡᠭᠡᠯᠢ ᠳᠠᠭᠠᠭ᠍ᠰᠠᠨ ᠥᠪᠡᠷᠮᠢᠴᠡ ᠤᠨᠴᠠᠯᠢᠬᠳᠤ ᠬᠡᠪ ᠨᠠᠮᠪᠠ ᠪᠥᠬᠥᠶ 48 ᠬᠦᠷᠢᠶ᠎ᠡ ᠬᠠᠱᠢᠶ᠎ᠠ᠎ᠶ᠋ᠢ ᠥᠭᠡᠷᠡᠴᠢᠯᠡᠨ 57 ᠵᠢᠭᠤᠯᠴᠢᠯᠠᠯ᠎ᠤᠨ ᠭᠠᠵᠠᠷ᠎ᠢ ᠪᠠᠢᠭᠤᠯᠤᠨ᠂ ᠭᠠᠴᠠᠭᠠᠨ᠎ᠤ ᠭᠤᠤᠯ ᠵᠡᠭᠡᠯᠢ ᠭᠤᠳᠤᠮᠵᠢ ᠵᠢᠴᠢ ᠣᠯᠠᠨ ᠨᠡᠢᠲᠡ᠎ᠶ᠋ᠢᠨ ᠲᠠᠯᠠᠪᠤᠷ᠎ᠢ ᠬᠠᠲᠠᠭᠤᠷᠠᠭᠤᠯᠤᠨ ᠨᠣᠭᠣᠭᠠᠷᠠᠭᠤᠯᠵᠤ᠂ ᠭᠠᠴᠠᠭᠠᠨ᠎ᠤ ᠨᠣᠭᠣᠭᠠᠷᠠᠭᠤᠯᠤᠯᠲᠠ᠎ᠶ᠋ᠢᠨ ᠶᠡᠷᠦᠩᠬᠡᠶ ᠲᠠᠯᠠᠪᠠᠶ ᠨᠢ 220 ᠮᠸ᠋᠎ᠳᠦ ᠬᠦᠷᠴᠠᠢ᠃

《ᠣᠳᠣᠬᠠᠨ᠎ᠳᠤ ᠂ ᠮᠠᠨ᠎ᠤ ᠭᠠᠴᠠᠭ᠎ᠠ ᠨᠢᠭᠡᠨᠲᠡ ᠵᠢᠭᠤᠯᠴᠢᠯᠠᠯ᠎ᠤᠨ ᠥᠢᠯᠡᠰ᠎ᠢ ᠨᠢᠭᠡ ᠴᠣᠭ᠍ᠴᠠᠵᠢᠭᠤᠯᠤᠭ᠍ᠰᠠᠨ ᠣᠳᠣᠬᠢᠴᠢᠯᠠᠭ᠍ᠰᠠᠨ ᠮᠠᠶᠢᠬ᠎ᠤᠨ ᠱᠢᠨ᠎ᠡ ᠬᠥᠳᠡᠭᠡ ᠲᠣᠰᠭᠣᠨ᠎ᠢ ᠴᠤᠬᠴᠠᠯᠠᠨ ᠪᠠᠢᠭᠤᠯᠵᠥ᠂ ᠭᠠᠴᠠᠭᠠᠨ᠎ᠤ ᠬᠠᠮᠲᠤ᠎ᠶ᠋ᠢᠨ ᠠᠵᠤ ᠠᠬᠤᠶ ᠪᠠ ᠮᠠᠯᠴᠢᠨ ᠲᠠᠷᠢᠶᠠᠴᠢᠨ᠎ᠤ ᠣᠷᠣᠯᠭ᠎ᠠ᠎ᠶ᠋ᠢᠨ ᠬᠤᠤᠰ ᠳᠡᠭᠡᠭ᠌ᠰᠢᠯᠡᠯᠲᠡ᠎ᠶ᠋ᠢ ᠪᠡᠶᠡᠯᠡᠭᠦᠯᠵᠦ᠍᠂ ᠡᠷᠦᠬᠡ ᠪᠦᠷᠢ᠎ᠶ᠋ᠢᠨ ᠵᠢᠯ᠎ᠦᠨ ᠡᠵᠡᠩᠨᠡᠯᠲᠡ᠎ᠶ᠋ᠢᠨ ᠣᠷᠣᠯᠭ᠎ᠠ᠎ᠨᠢ 10 ᠲᠦᠮᠡᠨ ᠲᠥᠭᠥᠷᠢᠭ ᠣᠷᠴᠢᠮ᠎ᠳᠤ ᠬᠦᠷᠴᠦ᠍᠂ ᠵᠠᠷᠢᠮ ᠠᠢᠯ᠎ᠤᠨ ᠬᠠᠮᠤᠭ᠎ᠤᠨ ᠥᠨᠳᠥᠷ ᠣᠷᠣᠯᠭ᠎ᠠ᠎ᠨᠢ 50 ᠲᠦᠮᠡᠨ ᠲᠥᠭᠥᠷᠢᠭ᠎ᠲᠦ ᠬᠦᠷᠴᠤ᠂ 200 ᠭᠠᠷᠤᠢ ᠮᠠᠯᠴᠢᠨ ᠲᠠᠷᠢᠶᠠᠴᠢᠨ ᠵᠢᠭᠤᠯᠴᠢᠯᠠᠯ᠎ᠤᠨ ᠥᠢᠯᠡᠴᠢᠯᠡᠭᠡᠨ᠎ᠤ ᠥᠢᠯᠡᠰ ᠲᠸ᠋ ᠠᠵᠢᠯ ᠤᠯᠭᠤᠯᠳᠠ ᠬᠢᠪᠠ》 ᠬᠡᠵᠥ ᠡᠦ ᠮᠢᠨ ᠷᠦᠢ ᠬᠡᠯᠡᠪᠡ᠃


3.8.jpg


ᠡᠭᠦᠨ ᠡᠴᠡ ᠭᠠᠳᠠᠨ᠎ᠠ ᠡᠬᠢᠨᠬᠤᠳᠳᠤᠬ ᠭᠠᠴᠠᠭ᠎ᠠ ᠨᠢ ᠤᠯᠠᠨ ᠲᠦᠮᠡᠨ᠎ᠤ ᠰᠤᠶᠤᠯ᠎ᠤᠨ ᠠᠮᠢᠳᠤᠷᠠᠯ᠎ᠢ ᠪᠠᠶᠠᠯᠢᠬᠵᠢᠭᠤᠯᠬᠤ᠎ᠶᠢ ᠴᠢᠬᠤᠯᠠᠴᠢᠯᠠᠨ ᠠᠳᠬᠤᠵᠤ᠂ ᠤᠯᠠᠨ ᠲᠦᠮᠡᠨᠴᠢ ᠰᠤᠶᠤᠯ᠎ᠤᠨ ᠠᠭᠤᠳᠠᠮ ᠳᠠᠯᠠᠪᠠᠢ᠂ ᠰᠣᠶᠣᠯ᠎ᠤᠨ ᠠᠵᠢᠯᠯᠠᠭᠠᠨ᠎ᠤ ᠥᠷᠥᠭᠡ᠂ ᠲᠠᠯ᠎ᠠ ᠨᠤᠲᠤᠭ᠎ᠤᠨ ᠨᠣᠮ᠎ᠤᠨ ᠥᠷᠥᠭᠡ ᠵᠡᠷᠭᠡ᠎ᠶᠢ ᠪᠠᠢᠭᠤᠯᠵᠤ ᠣᠯᠠᠨ ᠲᠦᠮᠡᠨ᠎ᠦ ᠰᠣᠶᠣᠯ᠎ᠤᠨ ᠠᠮᠢᠳᠤᠷᠠᠯ᠎ᠢ ᠪᠠᠶᠠᠯᠢᠭ᠍ᠵᠢᠭᠤᠯᠪᠠ᠃ ᠡᠭᠦᠨ᠎ᠦ ᠵᠡᠷᠭᠡ ᠪᠡᠷ ᠨᠡᠢᠭᠡᠮ ᠵᠢᠷᠤᠮ᠎ᠤᠨ ᠭᠣᠣᠯᠯᠠᠭ᠍ᠴᠢ ᠦᠷᠳᠡᠭ᠎ᠦᠨ ᠦᠵᠡᠯᠲᠡ ᠵᠢᠨ ᠭᠣᠣᠯ ᠰᠡᠳᠦᠪᠲᠦ ᠰᠣᠶᠣᠯ᠎ᠤᠨ ᠬᠡᠷᠡᠮ᠎ᠢ ᠵᠢᠷᠤᠵᠤ᠂ ᠰᠠᠢᠨ ᠰᠠᠢᠬᠠᠨ ᠬᠥᠳᠡᠭᠡ ᠲᠣᠰᠬᠣᠨ᠎ᠤ ᠰᠣᠶᠣᠯ᠎ᠤᠨ ᠠᠭᠤᠷ ᠠᠮᠢᠰᠬᠤᠯ᠎ᠢ ᠪᠤᠢ ᠪᠣᠯᠭᠠᠪᠠ᠃ ᠥᠨᠭᠭᠡᠷᠡᠭᠰᠡᠨ ᠤᠯᠠᠮᠵᠢᠯᠠᠯ ᠵᠢᠨᠨ ᠮᠠᠷᠳᠠᠬᠤ ᠦᠭᠡᠢ᠎ᠶᠢ ᠬᠢᠴᠢᠶᠡᠵᠦ ᠲᠠᠷᠢᠶᠠᠯᠠᠬᠤ ᠰᠣᠶᠣᠯ᠎ᠤᠨ ᠦᠵᠡᠭᠦᠯᠭᠡ᠎ᠶᠢᠨ ᠲᠠᠰᠤᠭ᠎ᠢ ᠪᠠᠢᠭᠤᠯᠵᠤ᠂ ᠳᠡᠯᠭᠡᠨ ᠦᠵᠡᠭᠦᠯᠬᠦ ᠠᠷᠭ᠎ᠠ ᠮᠠᠶᠢᠭ᠋᠎ᠢᠶᠠᠷ ᠳᠠᠮᠵᠢᠭᠤᠯᠤᠨ᠂ ᠭᠠᠴᠠᠭᠠᠨ᠎ᠤ ᠪᠡᠨ ᠥᠨᠢ ᠤᠳᠠᠭᠠᠨ ᠲᠡᠦᠬᠡ᠎ᠲᠠᠢ ᠲᠠᠷᠢᠶᠠᠯᠠᠬᠤ ᠰᠣᠶᠣᠯ᠎ᠢ ᠥᠪᠯᠡᠨ ᠦᠨᠳᠦᠰᠦᠲᠡᠨ᠎ᠦ ᠪᠦᠯᠬᠦᠮᠳᠡᠯ᠎ᠤᠨ ᠠᠵᠢᠯ᠎ᠢ ᠦᠨᠡᠨ ᠎ᠬᠦ ᠰᠠᠢᠳᠤᠷ ᠬᠢᠵᠦ᠂ 《ᠥᠪᠦᠷ ᠮᠤᠩᠭᠤᠯ᠎ᠤᠨ ᠥᠪᠡᠷᠳᠡᠭᠡᠨ ᠵᠠᠰᠠᠬᠤ ᠤᠷᠤᠨ᠎ᠤ ᠦᠨᠳᠦᠰᠦᠳᠡᠨ᠎ᠤ ᠪᠦᠯᠬᠦᠮᠳᠡᠯ᠎ᠤᠨ  ᠵᠢᠱ᠌ᠢᠶ᠎ᠡ ᠦᠵᠡᠬᠦᠯᠬᠦ ᠭᠠᠴᠠᠭ᠎ᠠ》 ᠪᠡᠷ ᠦᠨᠡᠯᠡᠭᠳᠡᠭᠰᠡᠨ ᠪᠠᠢᠳᠠᠬ᠃

《ᠪᠦᠭᠦᠳᠡᠭᠡᠷ ᠵᠦᠪᠯᠡᠪᠡᠯ ᠪᠤᠷᠤᠭᠤ ᠦᠭᠡᠢ》 ᠭᠡᠳᠡᠭᠴᠢᠯᠡᠨ ᠡᠬᠢᠨᠬᠤᠳᠳᠤᠬ ᠭᠠᠴᠠᠭ᠎ᠠ ᠨᠢ ᠠᠯᠢᠪᠠ ᠤᠴᠢᠷ ᠶᠠᠪᠤᠳᠠᠯ ᠵᠢᠨᠨ ᠢᠯᠡ ᠪᠤᠯᠭᠠᠵᠤ᠂ ᠤᠯᠠᠨ ᠲᠦᠮᠡᠨ ᠲᠠᠢ ᠪᠡᠨ ᠵᠦᠪᠳᠡᠵᠦ ᠪᠠᠢᠮᠠᠨ ᠰᠢᠢᠳᠪᠦᠷᠢ ᠭᠠᠷᠭᠠᠳᠠᠭ᠃ 《ᠭᠠᠴᠠᠭᠠᠨ᠎ᠤ ᠠᠵᠢᠯ᠎ᠢ ᠬᠢᠬᠦ᠎ᠳᠦ ᠡᠬᠡ᠎ᠶᠢ ᠨᠢ ᠡᠴᠡᠬᠡᠬᠦ ᠦᠭᠡᠢ᠂ ᠲᠤᠭᠤᠯ᠎ᠢ ᠨᠢ ᠳᠤᠷᠠᠭᠠᠬᠤ ᠦᠭᠡᠢ ᠵᠠᠷᠴᠢᠮ᠎ᠢ ᠪᠠᠷᠢᠮᠳᠠᠯᠠᠳᠠᠬ᠃ ᠳᠠᠬᠢᠪᠠᠯ ᠶᠠᠪᠤᠳᠠᠯ ᠪᠦᠬᠦᠨ᠎ᠢ ᠤᠯᠠᠨ ᠲᠦᠮᠡᠨ᠎ᠳᠦ ᠢᠯᠠ ᠪᠤᠯᠭᠠᠬᠰᠠᠨ ᠪᠤᠯᠬᠤᠷ ᠰᠠᠨᠠᠯ ᠵᠦᠷᠢᠬᠦ ᠪᠠᠢᠳᠠᠯ ᠪᠠᠷᠤᠭ ᠡᠭᠦᠰᠳᠡᠭ ᠦᠭᠡᠢ》 ᠭᠡᠵᠦ ᠡᠬᠢᠨᠬᠤᠳᠳᠤᠬ ᠭᠠᠴᠠᠭᠠᠨ᠎ᠤ ᠨᠠᠮ᠎ᠤᠨ ᠡᠬᠦᠷ᠎ᠤᠨ ᠱᠦᠵᠢ ᠡᠦ ᠮᠢᠨ ᠷᠦᠢ ᠰᠤᠷᠪᠤᠯᠵᠢᠯᠠᠭ᠎ᠠ ᠬᠦᠯᠢᠶᠡᠬᠦ ᠳ᠋ᠡᠭᠡᠨ ᠶᠠᠷᠢᠯ᠎ᠠ᠃

ᠠᠷᠠᠳ ᠤᠯᠠᠨ ᠨᠢ ᠪᠦᠯᠬᠦᠮᠳᠡᠭᠰᠡᠨ᠂ ᠠᠳᠠᠯ ᠠᠮᠢᠳᠤᠷᠠᠯ ᠨᠢ ᠳᠡᠭᠵᠢᠷᠡᠭᠰᠡᠨ ᠡᠬᠢᠨᠬᠤᠳᠳᠤᠭ ᠭᠠᠴᠠᠭᠠᠨ᠎ᠤ ᠦᠷᠨᠢᠯ ᠬᠦᠭᠵᠢᠯ ᠬᠤᠷᠤᠢᠯᠠᠬᠰᠠᠨ ᠢᠷᠡᠬᠦ ᠮᠠᠷᠭᠠᠰᠢ ᠵᠢᠨ ᠵᠢᠷᠤᠬ ᠲᠦᠰᠦᠪ ᠨᠢᠳᠦᠨ᠎ᠳᠦ ᠳᠤᠳᠤᠬᠠᠨ ᠳᠤᠷᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠮᠦᠩᠭᠦᠨᠬᠤᠸᠠᠷ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号