《 ᠵᠢᠷᠭᠠᠯᠠᠩ 》 ᠤ᠋ᠨ ᠵᠢᠷᠭᠠᠯᠳᠤ ᠨᠠᠰᠤᠳᠠᠳ
2025-01-10 16:05:13
ᠵᠣᠬᠢᠶᠠᠭ᠍ᠴᠢ᠄
ᠪ᠊ ·ᠰᠡᠴᠡᠡᠳᠦ
ᠣᠩᠱᠢᠭ᠍ᠰᠠᠨ ᠣᠳᠠᠭ᠎ᠠ᠄
★★★☆☆

ᠰᠥᠨᠢᠳ ᠪᠠᠷᠠᠭᠤᠨ ᠬᠤᠱᠢᠭᠤᠨ᠎ᠤ ᠰᠠᠢᠬᠠᠨᠳᠠᠯ᠎ᠠ ᠪᠠᠯᠭᠠᠰᠤᠨ᠎ᠳᠤ 《ᠵᠢᠷᠭᠠᠯᠠᠩ》 ᠨᠠᠰᠤᠲᠠᠢᠴᠤᠳ᠎ᠤᠨ ᠬᠦᠷᠢᠶᠡᠯᠡᠩ ᠭᠡᠵᠦ᠍ ᠨᠢᠭᠡᠨ ᠰᠠᠭᠤᠭᠠᠯᠢ ᠠᠷᠠᠳ ᠎ᠤᠨ ᠲᠣᠭᠤᠷᠢᠭ ᠪᠠᠢᠳᠠᠭ᠃ ᠲᠣᠰ ᠰᠠᠭᠤᠭᠠᠯᠢ ᠠᠷᠠᠳ᠎ᠤᠨ ᠲᠣᠭᠤᠷᠢᠭ ᠨᠢ 2 ᠰᠠᠭᠤᠷᠢ ᠠᠯᠪᠠᠨ ᠠᠰᠠᠷ᠂ 4 ᠰᠠᠭᠤᠷᠢ ᠮᠠᠯᠵᠢᠬᠤ ᠣᠷᠣᠨ ᠎ᠤ ᠨᠠᠰᠤᠲᠠᠢᠴᠤᠳ᠎ᠲᠤ ᠵᠣᠷᠢᠭᠤᠯᠤᠭ᠍ᠰᠠᠨ ᠠᠰᠠᠷ᠎ᠲᠠᠢ᠂ ᠴᠡᠪᠡᠷ ᠲᠣᠬᠢᠯᠢᠭ ᠬᠦᠷᠢᠶ᠎ᠡ ᠬᠠᠱᠢᠶ᠎ᠠ᠎ᠲᠠᠢ᠂ ᠪᠡᠶ᠎ᠡ ᠲᠠᠮᠢᠷ᠂ ᠰᠡᠯᠡᠭᠦᠴᠡᠯ᠎ᠤᠨ ᠠᠭᠤᠳᠠᠮ ᠲᠠᠯᠠᠪᠠᠢ᠎ᠲᠠᠢ ᠪᠦᠲᠦᠭᠡᠨ ᠪᠠᠢᠭᠤᠯᠤᠯᠲᠠ ᠢᠵᠢ ᠪᠦᠷᠢᠨ᠂ 280 ᠡᠷᠦᠬᠡ᠎ᠶ᠋ᠢᠨ ᠪᠠᠭ᠍ᠲᠠᠭᠠᠮᠵᠢ ᠲᠠᠢ᠃

ᠨᠠᠰᠤᠲᠠᠢᠴᠤᠳ ᠪᠣᠯᠣᠨ ᠵᠡᠮᠳᠡᠭ ᠪᠠᠭᠤᠷᠠᠢ ᠬᠥᠮᠥᠰ᠎ᠤᠨ ᠣᠷᠣᠵᠤ ᠭᠠᠷᠬᠤ᠎ᠳᠤ ᠲᠦᠬᠦᠮ ᠨᠥᠬᠦᠴᠡᠯ᠎ᠢ ᠪᠦᠷᠢᠯᠳᠦᠭᠦᠯᠦᠭᠰᠡᠡ ᠴᠠᠬᠢᠯᠭᠠᠡ ᠱᠠᠲᠤ ᠲᠠᠢ᠂ ᠲᠤᠰᠭᠠᠢ ᠦᠢᠯᠡᠴᠢᠯᠡᠭᠡᠨ᠎ᠤ ᠣᠯᠠᠡ ᠬᠡᠷᠡᠭ᠌ᠴᠡᠭᠡᠲᠦ ᠠᠵᠢᠯᠯᠠᠭᠠᠡ᠎ᠤ ᠭᠡᠷ᠂ ᠴᠢᠯᠦᠭᠡᠲᠦ ᠳᠡᠯᠭᠡᠭᠦᠷ᠂ ᠡᠮ ᠡᠮᠴᠢᠯᠡᠭᠡᠨ᠎ᠤ ᠲᠠᠰᠤᠭ᠎ᠲᠠᠢ ᠪᠠᠢᠵᠤ᠂ ᠰᠠᠷ᠎ᠠ ᠪᠦᠷᠢ ᠲᠣᠭ᠍ᠲᠠᠮᠠᠯ ᠪᠤᠶᠤ ᠲᠣᠭ᠍ᠲᠠᠮᠠᠯ ᠪᠤᠰᠤ ᠬᠤᠭᠤᠴᠠᠭ᠎ᠠ᠎ᠪᠠᠷ ᠨᠠᠰᠤᠲᠠᠢᠴᠤᠳ᠎ᠲᠤ ᠡᠷᠡᠭᠦᠯ ᠮᠡᠠᠳᠦ᠍᠎ᠶ᠋ᠢᠨ ᠪᠠᠢᠴᠠᠭᠠᠯᠲᠠ ᠬᠢᠵᠦ᠍ ᠥᠭ᠌ᠬᠦ᠂ ᠦᠰᠦ ᠬᠡᠵᠢᠬᠡ᠎ᠶ᠋ᠢ᠎ᠨᠢ ᠵᠠᠰᠠᠵᠤ ᠥᠭ᠌ᠬᠦ᠂ ᠭᠡᠷ ᠦᠷᠦᠬᠡ᠂ ᠱᠢᠯ ᠴᠣᠩᠬᠤ᠎ᠶ᠋ᠢ᠎ᠨᠢ ᠵᠦᠯᠭᠦᠵᠦ᠍ ᠴᠡᠪᠡᠷᠯᠡᠬᠦ᠂ ᠰᠣᠶᠣᠯ ᠤᠷᠠᠯᠢᠭ ᠨᠠᠭᠠᠳᠤᠮ ᠲᠣᠭ᠍ᠯᠠᠭᠠᠮ ᠵᠣᠬᠢᠶᠠᠨ ᠪᠠᠢᠭᠤᠯᠤᠨ ᠶᠠᠪᠤᠭ᠍ᠳᠠᠭᠤᠯᠬᠤ᠂ ᠨᠠᠰᠤᠲᠠᠢᠴᠤᠳ᠎ᠤᠨ ᠲᠦᠷᠦᠭ᠌ᠰᠡᠠ ᠡᠳᠦᠷ ᠎ᠤᠨ ᠪᠠᠶᠠᠷ ᠎ᠢ ᠬᠠᠮᠲᠤ᠎ᠪᠡᠷ ᠪᠡᠯᠡᠭ᠌ᠯᠡᠵᠦ᠍ ᠥᠭ᠌ᠬᠦ ᠵᠡᠷᠭᠡ ᠠᠵᠢᠯᠯᠠᠭ᠎ᠠ ᠦᠷᠨᠢᠬᠦᠯᠦᠭᠰᠡᠭᠡᠷ ᠢᠷᠡᠵᠡᠢ᠃


QQ20250110-160643.png


ᠡᠷᠡᠬᠦᠯ ᠮᠡᠨᠳᠤ ᠵᠢᠨ ᠪᠠᠢᠴᠠᠭᠠᠯᠳᠠ ᠬᠢᠵᠦ ᠦᠭᠴᠦ ᠪᠠᠢᠭ᠎ᠠ ᠨᠢ


ᠲᠣᠰ ᠰᠠᠭᠤᠭᠠᠯᠢ ᠠᠷᠠᠳ ᠎ᠤᠨ ᠲᠣᠭᠤᠷᠢᠭ᠎ᠢ ᠰᠥᠨᠢᠳ ᠪᠠᠷᠠᠭᠤᠨ ᠬᠤᠱᠢᠭᠤᠨ᠎ᠤ ᠠᠷᠠᠳ᠎ᠤᠨ ᠶᠠᠪᠤᠳᠠᠯ᠎ᠤᠨ ᠲᠣᠪᠴᠢᠶᠠᠨ᠎ᠠᠴᠠ ᠭᠤᠣᠯᠯᠠᠨ ᠬᠠᠮᠢᠶᠠᠷᠴᠤ᠌᠂ ᠨᠠᠰᠤᠲᠠᠢᠴᠤᠳ᠎ᠵᠢᠡᠨ ᠬᠦᠨᠳᠦᠳᠭᠡᠨ ᠬᠠᠢᠷᠠᠯᠠᠬᠤ ᠤᠯᠠᠮᠵᠢᠯᠠᠯ᠎ᠢ ᠪᠠᠳᠠᠷᠠᠭᠤᠯᠤᠨ᠂ ᠲᠣᠭ᠍ᠲᠠᠮᠠᠯ ᠪᠤᠰᠤ ᠬᠤᠭᠤᠴᠠᠭ᠎ᠠ᠎ᠪᠠᠷ ᠤᠯᠠᠭᠠᠨᠮᠥ᠋ᠴᠢᠷ᠎ᠤᠨ ᠲᠣᠭ᠍ᠯᠠᠯᠳᠠ ᠭᠠᠷᠭᠠᠨ ᠨᠠᠰᠤᠲᠠᠢᠴᠤᠳ᠎ᠤᠨ ᠤᠷᠮ᠎ᠠ ᠰᠡᠳᠭᠢᠯᠭᠡ᠎ᠶ᠋ᠢ ᠬᠥᠭ᠌ᠵᠢᠭᠡᠬᠦ᠂ ᠰᠡᠳᠭᠢᠯ ᠵᠦᠢ᠎ᠶ᠋ᠢᠨ ᠨᠠᠷᠡᠳᠦ ᠪᠠᠭ᠍ᠰᠢ ᠨᠠᠷ ᠎ᠢ ᠤᠷᠢᠨ ᠵᠠᠯᠠᠵᠤ ᠬᠢᠴᠢᠶᠡᠯ ᠪᠣᠯᠪᠠᠰᠤᠷᠠᠯ ᠡᠷᠬᠢᠯᠡᠠ᠂ ᠡᠷᠡᠭᠦᠯ ᠮᠠᠡᠳᠦ᠍᠎ᠶ᠋ᠢᠨ ᠲᠠᠮᠢᠷ᠎ᠤᠨ ᠬᠥᠳᠡᠯᠭᠡᠭᠡᠨ ᠬᠢᠵᠦ᠍᠂ ᠡᠮᠴᠢᠯᠡᠭᠡ ᠰᠤᠪᠢᠯᠠᠯᠲᠠ ᠎ᠶ᠋ᠢ ᠣᠶᠠᠯᠳᠤᠭᠤᠯᠣᠭ᠍ᠰᠠᠡ ᠬᠠᠯᠠᠭᠤᠨ ᠦᠢᠯᠡᠴᠢᠯᠡᠭᠡ ᠎ᠪᠠᠷ ᠨᠠᠰᠤᠲᠠᠨ ᠪᠤᠭᠤᠷᠤᠯᠴᠤᠳ᠎ᠤᠨ᠎ᠢᠶᠠᠨ  ᠦᠳᠡᠯᠦᠬᠡ ᠨᠠᠰᠤ ᠎ᠶ᠋ᠢ᠎ᠨᠢ ᠪᠠᠶᠠᠷ ᠵᠢᠷᠭᠠᠯ᠎ᠲᠠᠢ ᠥᠩᠭᠡᠷᠡᠬᠡᠵᠦ᠍  ᠪᠤᠢ᠃


QQ20250110-160655.png


ᠨᠠᠰᠤᠳᠠᠢᠴᠤᠳ ᠬᠠᠮᠳᠤ ᠪᠠᠷ ᠰᠢᠨ᠎ᠠ ᠲᠤᠮᠳᠠᠳᠤ ᠤᠯᠤᠰ ᠪᠠᠢᠭᠤᠯᠤᠭᠳᠠᠭᠰᠠᠨ 75 ᠵᠢᠯ ᠎ᠤᠨ ᠤᠢ ᠵᠢ ᠪᠡᠯᠭᠡᠯᠡᠵᠦ ᠪᠠᠢᠭ᠎ᠠ ᠨᠢ


ᠵᠢᠷᠭᠠᠯᠠᠩ ᠨᠠᠰᠤᠲᠠᠢᠴᠤᠳ᠎ᠤᠨ ᠬᠦᠷᠢᠶᠡᠯᠡᠩ᠎ᠤᠨ ᠨᠠᠰᠤᠲᠠᠢᠴᠤᠳ ᠥᠪᠡᠷ᠎ᠤᠨ ᠤᠷ᠎ᠠ ᠡᠷᠳᠡᠮ᠎ᠢᠶᠠᠨ ᠭᠠᠢᠬᠠᠭᠤᠯᠤᠨ ᠢᠰᠡᠭᠡᠢ ᠤᠷᠠᠯᠠᠯ᠎ᠤᠨ ᠪᠦᠲᠦᠭᠡᠭ᠌ᠳᠡᠬᠦᠨ᠂ ᠬᠠᠳᠭᠤᠮᠠᠯ᠎ᠤᠨ ᠤᠷᠠᠯᠠᠯ ᠬᠢᠵᠦ᠍᠂ ᠣᠷᠣᠯᠳᠣᠭᠠᠡ ᠬᠥᠳᠡᠯᠭᠡᠭᠡᠨ᠎ᠳᠤ ᠢᠳᠡᠪᠬᠢᠯᠡᠨ ᠣᠷᠣᠯᠴᠠᠵᠦ᠍ ᠤᠷᠮ᠎ᠠ ᠵᠣᠷᠢᠭ᠎ᠵᠢᠡᠨ ᠬᠥᠭ᠌ᠵᠢᠭᠡᠳᠡᠭ᠎ᠵᠢᠡᠷ ᠪᠠᠷᠠᠬᠤ ᠦᠭᠡᠢ ᠬᠠᠮᠲᠤᠷᠠᠭ᠍ᠰᠠᠨ ᠤᠷᠠᠯᠢᠭ᠎ᠤᠨ ᠪᠦᠯᠬᠦᠮ ᠪᠠᠢᠭᠤᠯᠤᠨ᠂ ᠲᠣᠭᠤᠷᠢᠨ ᠲᠣᠭ᠍ᠯᠠᠯᠳᠠ ᠭᠠᠷᠭᠠᠵᠦ᠂ ᠰᠣᠶᠣᠯ ᠤᠷᠠᠯᠢᠭ᠎ᠢᠶᠠᠷ ᠠᠮᠢᠳᠤᠷᠠᠯ᠎ᠤᠨ ᠤᠷᠮ᠎ᠠ ᠰᠡᠳᠭᠢᠯ ᠵᠢᠠᠨ ᠪᠠᠶᠠᠰᠭᠠᠳᠠᠭ᠃ ᠨᠡᠩ ᠴᠦ᠍ ᠵᠠᠷᠢᠮ ᠨᠠᠰᠤᠳᠠᠳ᠎ᠠᠵᠢᠯ᠎ᠤᠨ ᠴᠢᠯᠦᠭᠡ ᠵᠠᠪ᠎ᠵᠢᠡᠨ ᠠᠱᠢᠭ᠍ᠯᠠᠨ ᠪᠣᠣᠪᠤ ᠪᠣᠭᠤᠷᠰᠤᠭ ᠬᠠᠭᠠᠷᠢᠵᠤ ᠬᠤᠳᠠᠯᠳᠤᠬᠤ᠂ ᠪᠣᠣᠰᠠ ᠮᠠᠡᠳᠣᠣ ᠬᠢᠵᠦ᠍ ᠬᠤᠳᠠᠯᠳᠤᠬᠤ᠂ ᠬᠦᠮᠡᠯᠢ᠂ ᠡᠯᠡᠰᠦᠨ᠎ᠤ ᠯᠤᠤᠪᠠᠩ᠎ᠵᠢᠡᠨ ᠨᠤᠲᠤᠭ᠎ᠤᠨ ᠠᠷᠭ᠎ᠠ᠎ᠪᠠᠷ ᠲᠠᠪᠤᠰᠤᠯᠠᠨ ᠬᠤᠳᠠᠯᠳᠤᠬᠤ᠂ ᠨᠤᠲᠤᠭ᠎ᠤᠨ ᠬᠠᠲᠠᠭ᠍ᠰᠠᠨ ᠦᠬᠡᠷ᠎ᠤᠨ ᠮᠢᠬ᠎ᠠ᠂ ᠴᠠᠭᠠᠨ ᠢᠳᠡᠭᠡ ᠎ᠪᠠᠨ ᠬᠤᠳᠠᠯᠳᠤᠨ ᠪᠠᠭ᠎ᠠ ᠪᠤᠰᠤ ᠣᠷᠣᠯᠭ᠎ᠠ ᠣᠯᠵᠦ ᠪᠤᠢ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号