ᠴᠡᠴᠡᠭᠡᠰ ᠬᠥᠭᠡᠮᠡᠢᠯᠡᠭ᠌ᠰᠡᠨ ᠰᠠᠯᠬᠢ
ᠴᠠᠭ᠎ᠤᠨ ᠢᠷᠮᠡᠭᠢ ᠠᠶᠠᠷ ᠵᠠᠢᠮᠤᠭᠤᠯᠤᠨᠠ
ᠴᠤᠤᠷᠢᠶ᠎ᠠ᠎ᠨᠢ ᠦᠯᠦ᠍ ᠲᠠᠨᠢᠭ᠍ᠳᠠᠬᠤ
ᠴᠡᠩᠬᠡᠷᠳᠦᠬᠦ᠌ ᠠᠯᠤᠰ᠎ᠲᠤ ᠵᠡᠷᠭᠡᠯᠭᠡᠨ ᠪᠣᠰᠭᠠᠨ᠎ᠠ
ᠬᠢᠯᠭᠠᠨ᠎ᠠ ᠵᠢᠨ ᠨᠠᠮᠠᠭ᠎ᠠ᠎ᠪᠠᠷ ᠵᠢᠷᠭᠢᠵᠦ᠍ ᠡᠬᠢᠯᠡᠭᠡ ᠨᠠᠮᠤᠷ
ᠬᠠᠢᠷ᠎ᠠ᠎ᠶ᠋ᠢᠨ ᠳᠠᠭᠤᠤ᠎ᠪᠠᠨ ᠠᠰᠭᠠᠷᠠᠨ ᠰᠡᠮᠡᠷᠡᠲᠡᠯᠡ
ᠬᠠᠯᠭᠢᠯᠠᠮᠠ ᠮᠥᠷᠥᠭᠡᠳᠦᠯ᠎ᠢ ᠱᠢᠵᠢᠷ ᠥᠩᠭᠡ᠎ᠪᠠᠷ ᠪᠣᠳᠣᠭ᠍ᠯᠠᠵᠤ
ᠬᠤᠷᠸ᠎ᠠ᠎ᠶ᠋ᠢᠨ ᠣᠢ ᠬᠦᠪᠴᠢ᠎ᠪᠠᠷ ᠪᠤᠲᠠᠷᠠᠲᠠᠯ᠎ᠠ ᠰᠠᠴᠤᠨ᠎ᠠ
ᠨᠣᠮᠢᠨ ᠲᠠᠯ᠎ᠠ᠎ᠶ᠋ᠢᠨ ᠥᠷᠥᠴᠡᠨ᠎ᠠᠴᠠ ᠭᠤᠣᠯ ᠤᠰᠤ ᠴᠡᠩᠬᠡᠷᠯᠡᠵᠦ᠍
ᠨᠠᠢᠷᠠᠭ᠎ᠤᠨ ᠪᠠᠳᠠᠭ᠎ᠤᠨ ᠵᠠᠪᠰᠠᠷ ᠤᠭᠠᠯᠵᠠ ᠬᠡ ᠨᠡᠮᠡᠳᠡᠭ ᠴᠤ᠌
ᠨᠠᠪᠴᠢᠰ ᠭᠤᠭᠤᠵᠢᠬᠤ ᠳᠤᠲᠤᠮ ᠥᠪᠡᠷ᠎ᠢ ᠮᠢᠨᠢ ᠭᠠᠭ᠍ᠴᠠᠭᠠᠷᠳᠠᠭᠤᠯᠤᠨ
ᠨᠠᠷᠠᠨ ᠱᠢᠷᠭᠠᠯ ᠳᠠᠪᠠᠯᠭᠠᠨ ᠤᠶᠠᠷᠠᠯᠢ ᠢᠷᠬᠢᠷᠡᠲᠡᠯᠡ ᠬᠦᠨᠳᠡᠨ᠎ᠡ
ᠱᠢᠭᠦᠳᠡᠷᠢ᠎ᠶ᠋ᠢᠨ ᠮᠦᠬᠦᠯᠢᠭ᠎ᠢᠶᠠᠷ ᠭᠤᠶᠤᠯᠠᠵᠤ ᠵᠢᠷᠤᠭ᠍ᠰᠠᠨ ᠪᠠᠢᠭᠠᠯᠢ
ᠰᠦᠮᠡᠯᠵᠡᠬᠦ᠌ ᠲᠣᠯᠤᠭᠠᠳᠢ ᠪᠣᠳᠠᠩ ᠲᠠᠲᠠᠳᠠᠯᠠ ᠱᠢᠷᠭᠠᠯᠲᠤᠭᠤᠯᠤᠨᠠ
ᠰᠡᠳᠭᠢᠯ᠎ᠢᠶᠠᠨ ᠠᠷᠭᠠᠳᠠᠵᠤ ᠶᠠᠳᠠᠨ ᠭᠡᠭᠡᠯᠵᠡᠮᠡᠷ ᠴᠠᠭ᠎ᠲᠤ
ᠰᠡᠷᠢᠭᠦᠦ ᠲᠠᠲᠠᠮ᠎ᠠ ᠡᠭᠦᠯᠡᠰ᠎ᠢ ᠮᠡᠯᠮᠡᠷᠡᠲᠡᠯᠡ ᠱᠢᠷᠲᠡᠮᠡᠷ
ᠬᠡᠴᠡᠭᠦᠦ ᠡᠭᠡᠱᠢᠭ᠌ᠯᠢᠭᠲᠠᠢ ᠡᠳᠦᠷ ᠬᠤᠨᠤᠭ ᠴᠡᠩᠬᠡᠷᠯᠡᠵᠦ᠍
ᠬᠦᠵᠢ ᠳᠡᠯᠡᠬᠡᠢ᠎ᠶ᠋ᠢᠨ ᠠᠮᠠᠷᠠᠭ ᠨᠣᠲ᠎ᠢ ᠴᠢᠪᠬᠠᠳᠠᠬᠤ᠎ᠠᠴᠠ
ᠬᠥᠯᠢᠴᠡᠯᠢᠶᠠᠨ ᠮᠠᠷᠲᠠᠵᠤ ᠶᠠᠳᠠᠬᠤ ᠮᠢᠨᠦ᠍ ᠯᠠ ᠵᠢᠷᠦᠬᠡ
ᠬᠦᠪᠴᠢ ᠲᠠᠢᠭ᠎ᠠ᠎ᠶ᠋ᠢᠨ ᠳᠡᠭᠡᠭᠦᠷ ᠱᠢᠪᠠᠭᠤ ᠱᠢᠭ᠋ ᠵᠢᠷᠭᠢᠨ᠎ᠡ
ᠴᠡᠩᠬᠡᠷ ᠵᠢᠷᠤᠭᠠᠰᠤ ᠲᠠᠲᠠᠭᠤᠯᠬᠤ ᠪᠥᠯᠢᠶᠡᠨ ᠪᠣᠷᠣᠭᠠᠨ᠎ᠤ ᠳᠤᠰᠤᠯ
ᠴᠡᠯᠡᠢᠬᠦ᠌ ᠨᠠᠭᠤᠷ᠎ᠤᠨ ᠮᠠᠨᠳᠠᠯ᠎ᠳᠤ ᠮᠥᠩᠭᠦᠨ ᠪᠢᠳᠡᠷ ᠲᠠᠲᠠᠭᠤᠯᠤᠨ
ᠰᠠᠮᠤᠷ ᠵᠢᠮᠢᠰ᠎ᠲᠠᠢ ᠡᠭᠡᠱᠢᠭ᠌ᠯᠡᠩᠲᠦ ᠨᠠᠮᠤᠷ᠎ᠤᠨ ᠳᠤᠤᠯᠢᠶᠠᠨ
ᠰᠠᠨᠠᠵᠤ ᠤᠶᠠᠷᠠᠬᠤ᠎ᠳᠤ ᠬᠠᠢᠷ᠎ᠠ᠎ᠶ᠋ᠢᠨ ᠳᠠᠭᠤᠤ᠎ᠪᠠᠷ ᠠᠷᠭᠠᠳᠠᠨ᠎ᠠ
ᠨᠢᠭᠡᠨ ᠬᠡᠯᠬᠢᠶ᠎ᠡ ᠦᠵᠡᠮᠵᠢ ᠦᠪᠡᠷᠰᠡᠳᠢ ᠮᠠᠷᠲᠠᠭᠤᠯᠤᠮᠠᠷ
ᠨᠡᠷᠡᠨ ᠲᠤᠤᠯᠢ᠎ᠶ᠋ᠢᠨ ᠠᠶᠠᠯᠭᠤ ᠭᠠᠨᠳᠠᠷᠢᠰᠤᠨᠢ ᠴᠣᠭ᠍ᠴᠠᠯᠠᠲᠠᠯᠠ
ᠨᠣᠴᠤᠮᠠᠷ ᠤᠯᠠᠢᠬᠤ ᠨᠠᠪᠴᠢᠰ ᠰᠡᠮᠬᠡᠨ ᠰᠡᠭᠦᠷᠡᠰᠦ ᠠᠯᠳᠠᠭᠠᠳ
ᠨᠠᠨᠳᠢᠨ ᠰᠠᠢᠬᠠᠨ᠎ᠢᠶᠠᠨ ᠣᠷᠴᠢᠯᠠᠩ᠎ᠤᠨ ᠭᠦᠨᠳᠤ ᠬᠠᠳᠠᠭᠠᠯᠠᠨ᠎ᠠ