ᠡᠬᠡ ᠤᠷᠤᠨ᠎ᠤ ᠠᠶᠠᠯᠭᠤ
2025-12-10 10:08:01
ᠵᠣᠬᠢᠶᠠᠭ᠍ᠴᠢ᠄
ᠡ᠊·ᠮᠠᠩᠯᠠᠢ
ᠣᠩᠱᠢᠭ᠍ᠰᠠᠨ ᠣᠳᠠᠭ᠎ᠠ᠄
★★★☆☆

ᠰᠠᠢᠨ ᠪᠠᠢᠨ᠎ᠠ ᠤᠤ? ᠡᠬᠡ ᠤᠷᠤᠨ ᠮᠢᠨᠢ

ᠲᠠᠯ᠎ᠠ᠎ᠶ᠋ᠢᠨ ᠰᠠᠯᠬᠢ᠎ᠨᠢ ᠠᠷᠴᠠ᠎ᠶ᠋ᠢᠨ ᠦᠨᠦᠷ᠎ᠢᠶᠠᠷ ᠰᠡᠪᠢᠯᠵᠡᠬᠡᠳ

ᠲᠤᠰᠤᠨ ᠬᠤᠷ᠎ᠠ ᠮᠠᠯ᠎ᠤᠨ ᠬᠡᠱᠢᠭ᠎ᠲᠠᠢ ᠱᠢᠪᠡᠷᠡᠭᠡᠳ

ᠲᠠᠨᠠᠨ ᠦᠷᠭᠦᠭᠡ ᠴᠠᠢ᠎ᠶ᠋ᠢᠨ ᠦᠨᠦᠷ᠎ᠢᠶᠠᠷ ᠬᠠᠩᠬᠤᠯᠤᠭᠠᠳ

ᠲᠠᠩᠰᠤᠭ ᠠᠮᠢᠳᠤᠷᠠᠯ ᠴᠡᠩᠭᠡᠯ ᠪᠠᠶᠠᠷ᠎ᠢᠶᠠᠷ ᠭᠦᠭ᠌ᠵᠢᠯᠳᠦᠭᠡᠳ

ᠬᠦᠬᠡ ᠲᠡᠭ᠌ᠷᠢ ᠶ᠋ᠢᠨ ᠮᠠᠨᠳᠠᠯ ᠬᠦᠭᠡᠷᠡᠭᠡᠳ ᠲᠤᠩᠭᠠᠯᠠᠭ᠍ᠬᠠᠨ

ᠬᠦᠬᠡᠮᠳᠦᠭ ᠠᠭᠤᠯᠠᠰ᠎ᠨᠢ ᠤᠮᠤᠭ ᠪᠤᠰᠤᠭ᠎ᠠ ᠰᠦᠷᠵᠢᠭᠦᠬᠡᠨ

ᠬᠦᠱᠢᠬᠡ᠎ᠨᠢ ᠴᠡᠩᠭᠡᠷ ᠨᠠᠭᠤᠷ ᠤᠰᠤᠨ ᠲᠤᠭ᠍ᠳᠠᠭᠤᠬᠠᠨ

ᠬᠦᠮᠦᠨ ᠵᠤᠨ᠎ᠨᠢ ᠬᠦᠰᠡᠯ ᠪᠠᠳᠠᠷᠠᠭᠠᠳ ᠵᠤᠯᠪᠤᠭᠠᠳᠠᠢᠬᠠᠨ

ᠰᠠᠢᠨ ᠪᠠᠢᠨ᠎ᠠ ᠤᠤ? ᠡᠬᠡ ᠤᠷᠤᠨ ᠮᠢᠨᠢ

ᠤᠷᠠᠨ ᠱᠢᠪᠠᠭᠤᠳ ᠮᠦᠴᠢᠷ ᠰᠦᠯᠵᠢᠨ ᠬᠠᠪᠤᠷ᠎ᠤᠨ ᠤᠷᠢᠨ᠎ᠢ ᠲᠠᠭᠤᠯᠠᠭᠠᠳ

ᠤᠰᠤᠨ ᠵᠡᠷᠬᠡᠯᠬᠡ ᠮᠦᠷᠦᠭᠡᠳᠦᠯ ᠬᠡᠯᠬᠢᠨ ᠵᠤᠨ᠎ᠤ ᠠᠲᠠᠷ᠎ᠢ ᠤᠮᠳᠠᠯᠠᠭᠠᠳ

ᠤᠶᠠᠩᠭ᠎ᠠ ᠲᠠᠭᠤᠣ ᠭᠦᠳᠡᠯᠮᠦᠷᠢ ᠴᠢᠮᠡᠨ ᠨᠠᠮᠤᠷ᠎ᠤᠨ ᠦᠩᠭᠡ᠎ᠶ᠋ᠢ ᠪᠤᠳᠤᠭ᠍ᠯᠠᠭᠠᠳ

ᠤᠬᠠᠭᠠᠨ ᠪᠤᠳᠤᠯ᠎ᠳᠤ ᠭᠡᠷᠡᠯ ᠠᠰᠠᠨ ᠡᠪᠦᠯ᠎ᠤᠨ ᠬᠠᠬᠢᠷ᠎ᠢ ᠲᠤᠯᠠᠭᠠᠯᠠᠭᠠᠳ

ᠡᠩᠭᠡᠷ ᠭᠠᠵᠠᠷ᠎ᠤᠨ ᠢᠷᠭᠤᠢ ᠬᠠᠢᠷ᠎ᠠ᠎ᠶ᠋ᠢᠨ ᠰᠤᠷᠠᠭ ᠴᠢᠩᠨᠠᠭᠠᠳ

ᠡᠯᠢᠭᠡᠨ ᠭᠦᠷᠡᠩ ᠬᠠᠳᠠᠳ ᠪᠦᠷᠭᠦᠳ᠎ᠤᠨ ᠦᠨᠳᠦᠷ᠎ᠲᠤ ᠬᠠᠨᠠᠢᠭᠠᠳ

ᠡᠷᠡᠬᠡᠢ ᠮᠡᠷᠭᠡᠨ ᠲᠤᠤᠯᠢ ᠬᠤᠭᠤᠷ᠎ᠤᠨ ᠤᠳᠠᠰᠤᠨ᠎ᠳᠤ ᠲᠤᠮᠤᠭ᠍ᠰᠢᠭᠠᠳ

ᠡᠷᠢᠨ ᠵᠠᠭᠤᠨ᠎ᠤ ᠠᠯᠬᠤᠭ᠎ᠠ ᠮᠠᠷᠱ᠎ᠤᠨ ᠠᠢᠵᠠᠮ᠎ᠢᠶᠠᠷ ᠴᠡᠨᠡᠭ᠌ᠵᠢᠭᠡᠳ

ᠰᠠᠢᠨ ᠪᠠᠢᠨ᠎ᠠ ᠤᠤ? ᠡᠬᠡ ᠤᠷᠤᠨ ᠮᠢᠨᠢ

ᠤᠶᠠᠭ᠎ᠠ ᠲᠤᠭᠤᠷᠢᠭ᠍ᠰᠠᠨ ᠮᠤᠷᠢᠳ᠎ᠤᠨ ᠲᠡᠯ ᠰᠡᠭᠦᠯ᠎ᠨᠢ ᠪᠤᠰᠤᠭᠠᠳ

ᠤᠳᠤᠮ ᠵᠠᠯᠭᠠᠭ᠍ᠰᠠᠨ ᠦᠷᠡᠰ᠎ᠤᠨ ᠡᠷ᠎ᠡ ᠱᠢᠨᠳᠠᠰᠦ ᠬᠦᠪᠴᠢᠯᠡᠭᠡᠳ

ᠤᠬᠠᠭ᠎ᠠ ᠲᠡᠯᠡᠭ᠌ᠰᠡᠨ ᠨᠤᠮᠤ᠎ᠶ᠋ᠢᠨ ᠭᠤᠷᠮᠤᠰᠤᠨ ᠬᠦᠪᠴᠢ ᠡᠷᠴᠢᠯᠡᠭᠡᠳ

ᠤᠷᠳᠦ᠍᠎ᠶ᠋ᠢᠨ ᠴᠡᠩᠭᠡᠷ ᠠᠶᠠᠯᠭᠤ ᠲᠡᠯᠡᠬᠡᠢ᠎ᠶ᠋ᠢᠨ ᠵᠤᠯᠠᠢ ᠦᠨᠦᠰᠦᠭᠡᠳ

ᠨᠠᠰᠤ ᠲᠠᠭᠤᠭ᠍ᠰᠠᠨ ᠪᠤᠭᠤᠷᠤᠯᠴᠤᠳ᠎ᠤᠨ ᠮᠠᠩᠨᠠᠢ᠎ᠶ᠋ᠢᠨ ᠠᠲᠤᠷᠢᠶ᠎ᠠ ᠲᠡᠨᠢ᠌ᠭᠡᠳ

ᠨᠠᠮᠳᠠᠷ ᠴᠠᠳᠢᠭ᠎ᠤᠨ ᠲᠤᠪᠴᠢᠶᠠᠨ᠎ᠳᠤ ᠠᠯᠳᠠᠷ᠎ᠤᠨ ᠴᠢᠮᠡᠭ ᠲᠤᠷᠠᠢᠭᠠᠳ

ᠨᠠᠷᠠᠨ ᠭᠡᠭᠡ᠎ᠲᠠᠢ ᠠᠢᠯ᠎ᠠᠴᠠ ᠨᠢᠯᠬ᠎ᠠ᠎ᠶ᠋ᠢᠨ ᠲᠠᠭᠤᠨ ᠰᠤᠨᠤᠰᠳᠠᠭᠠᠳ

ᠨᠡᠭᠦᠳᠡᠯ᠎ᠤᠨ ᠭᠠᠯ ᠠᠶᠠᠨ ᠦᠳᠡᠰᠢ᠎ᠶ᠋ᠢᠨ ᠰᠠᠷᠠ᠎ᠲᠠᠢ ᠬᠠᠨᠢᠰᠤᠭᠠᠠᠳ

ᠰᠠᠢᠨ ᠪᠠᠢᠨ᠎ᠠ ᠤᠤ? ᠡᠬᠡ ᠤᠷᠤᠨ ᠮᠢᠨᠢ

ᠨᠤᠮᠢᠨ ᠵᠡᠭᠦᠳᠦᠨ᠎ᠤ ᠪᠦᠪᠡᠢ ᠡᠬᠡ ᠤᠷᠤᠨ᠎ᠤ ᠠᠶᠠᠯᠭᠤ

ᠨᠤᠮ᠎ᠤᠨ ᠴᠠᠭᠠᠨ ᠬᠠᠶᠢᠭ ᠡᠬᠡ ᠤᠷᠤᠨ᠎ᠤ ᠴᠢᠪᠬᠠᠳᠠᠰᠤ

ᠨᠤᠶᠠᠨ ᠦᠨᠳᠦᠷ ᠬᠠᠷᠠᠭ᠎ᠠ ᠡᠬᠡ ᠤᠷᠤᠨ᠎ᠤ ᠰᠢᠷᠤᠩᠬᠠᠢ

ᠨᠤᠴᠤᠨ ᠲᠦᠷᠡᠯᠵᠡᠬᠦ᠌ ᠭᠤᠯᠤᠮᠳᠠ ᠡᠬᠡ ᠤᠷᠤᠨ᠎ᠤ ᠴᠠᠮᠬᠠᠭ ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号