(ᠭᠠᠳᠠᠨᠠ ᠨᠢᠭᠡ ᠪᠠᠳᠠᠭ)
ᠪᠣᠭᠤᠷᠣᠯ ᠠᠯᠳᠠᠢ ᠠᠪᠤᠶ᠋ᠢᠨ ᠮᠢᠨᠢ ᠮᠦᠩᠭᠦᠨ ᠬᠡᠱᠢᠭ
ᠪᠣᠷᠬᠠᠨ ᠴᠠᠭᠠᠨ ᠳ᠋ᠠᠷᠠ ᠡᠭᠡᠶ᠋ᠢᠨ ᠮᠢᠨᠢ ᠮᠦᠩᠭᠡᠶ᠋ᠢᠨ ᠡᠭᠡᠱᠢᠭ
ᠪᠣᠳᠠᠷᠠᠨ ᠣᠨᠠᠬᠤ ᠬᠠᠪᠣᠷᠤᠨ ᠮᠢᠨᠢ ᠬᠤᠩᠭᠤᠷ ᠴᠠᠰᠣᠨ
ᠪᠣᠶᠠᠨᠲᠠᠢ ᠠᠢᠯᠤᠨ ᠭᠠᠳᠠᠨᠠ ᠬᠠᠶᠠᠯᠠᠵᠣ ᠪᠠᠢᠨᠠ
ᠪᠣᠳᠣᠯ ᠴᠢᠨᠢ ᠬᠡᠵᠢᠶᠡᠳᠡ ᠴᠠᠭᠠᠨ ᠪᠠᠢᠭ ᠬᠡᠵᠦ᠍
ᠪᠣᠳᠣᠭᠤ ᠴᠢᠨᠢ ᠦᠨᠢᠳᠡ ᠬᠦᠭᠡᠷᠦᠬᠦᠨ ᠪᠠᠢᠭ ᠬᠡᠵᠦ᠍
ᠪᠣᠬᠠ ᠴᠢᠨᠢ ᠢᠮᠠᠭ᠍ᠳᠠ ᠰᠦᠷᠯᠢᠬᠦᠨ ᠪᠠᠢᠭ ᠬᠡᠵᠦ᠍
ᠪᠣᠯᠠᠭ ᠴᠢᠨᠢ ᠠᠱᠢᠳᠠ ᠷᠠᠰᠢᠶᠠᠯᠢᠬ ᠪᠠᠢᠭ ᠬᠡᠵᠦ᠍
ᠪᠣᠮᠠᠨ ᠣᠳᠣᠳᠠᠢ ᠲᠡᠭ᠌ᠷᠢᠶ᠋ᠢᠨ ᠮᠢᠨᠢ ᠴᠠᠰᠤᠨ
ᠪᠣᠳᠠᠷᠠᠨ ᠪᠣᠳᠠᠷᠠᠨ ᠬᠠᠶᠠᠯᠠᠵᠣ ᠪᠠᠢᠨᠠ
ᠪᠣᠷᠳᠤᠭᠠ ᠡᠪᠡᠰᠦ ᠮᠢᠨᠢ ᠨᠣᠷᠣᠪᠠᠯ ᠨᠣᠷᠤᠭ
ᠪᠣᠯᠵᠤᠭᠠᠲᠠᠢ ᠵᠣᠴᠢᠨ ᠮᠢᠨᠢ ᠨᠣᠵᠣᠭᠤᠷᠠᠪᠠᠯ ᠨᠣᠵᠣᠭᠤᠷᠠᠭ
ᠪᠣᠷᠬᠠᠨ ᠲᠡᠭ᠌ᠷᠢᠶ᠋ᠢᠨ ᠮᠢᠨᠢ ᠬᠠᠪᠣᠷᠤᠨ ᠬᠤᠷᠠ
ᠪᠣᠯᠢᠭᠠᠷᠢᠨ ᠭᠤᠳᠣᠯ ᠬᠤᠳᠭᠤᠮᠠ ᠪᠠᠢᠨᠠ ᠡ
ᠪᠣᠯᠵᠣᠮᠣᠷ ᠱᠢᠪᠠᠭᠤᠳ ᠮᠢᠨᠢ ᠱᠣᠯᠣᠭᠠᠨᠠᠵᠣ ᠪᠠᠢᠭ᠍ᠰᠠᠨ ᠶᠣᠮ
ᠪᠣᠬᠢᠲᠠᠢ ᠭᠠᠩᠰᠠ ᠮᠢᠨᠢ ᠴᠢᠬᠢᠭ᠌ᠰᠢᠵᠦ᠍ ᠪᠠᠢᠭ᠍ᠰᠠᠨ ᠶᠣᠮ
ᠪᠣᠳᠣᠭ᠍ᠳᠣ ᠲᠧᠯᠧᠢ᠍ᠰ ᠮᠢᠨᠢ ᠶᠠᠷᠢᠵᠦ᠍ ᠪᠠᠢᠭ᠍ᠰᠠᠨ ᠶᠣᠮ
ᠪᠣᠴᠠᠭᠠᠳᠠᠭ ᠦᠭᠡᠢ ᠲᠡᠭ᠌ᠷᠢ ᠮᠢᠨᠢ ᠶᠠᠩᠨᠠᠵᠣ ᠪᠠᠢᠭ᠍ᠰᠠᠨ ᠶᠣᠮ
ᠪᠣᠷᠣᠯᠵᠢ ᠮᠢᠨᠢ ᠨᠠᠪᠴᠢᠯᠠᠬᠤ ᠶᠣᠮ ᠳ᠋ᠠ
ᠪᠣᠷᠣ ᠲᠣᠯᠣᠭᠠᠢ ᠮᠢᠨᠢ ᠬᠦᠬᠡᠷᠡᠬᠦ᠌ ᠶᠤᠮ ᠳ᠋ᠠ
ᠪᠣᠮᠠᠨ ᠮᠠᠯ ᠮᠢᠨᠢ ᠲᠣᠭ᠍ᠯᠠᠴᠢᠬᠠᠬᠤ ᠶᠣᠮ ᠳ᠋ᠠ
ᠪᠣᠷᠣᠭᠠᠨᠤ ᠴᠢᠮᠡᠭᠡ ᠰᠣᠨᠣᠰᠳᠠᠬᠤ ᠶᠣᠮ ᠳ᠋ᠠ
ᠴᠠᠰᠣᠲᠠᠢ ᠦᠳᠡᠰᠢ
ᠬᠡᠭᠡᠷᠡ ᠲᠠᠯᠠ ᠨᠢᠬᠡᠯᠬᠡᠨ ᠵᠢᠰᠦᠮᠤᠨ ᠴᠠᠭᠠᠨ ᠠᠳᠣᠭᠤᠨ ᠮᠡᠳᠦ
ᠬᠡᠳᠦᠨ ᠵᠦᠭ ᠦᠯᠦ ᠢᠯᠭᠠᠭ᠍ᠳᠠᠨ ᠶᠠᠭᠠᠨ ᠲᠣᠯᠢ ᠮᠡᠳᠦ
ᠬᠡᠨ ᠬᠡᠨ ᠬᠠᠮᠢᠭᠠ ᠬᠠᠮᠢᠭᠠᠭᠤᠷ ᠪᠠᠭᠤᠵᠣ ᠨᠡᠭᠦᠭ᠌ᠰᠡᠨ ᠠᠢᠯ ᠪᠣᠢ?
ᠬᠡᠯᠳᠡᠭᠡᠢ ᠡᠷᠬᠢ᠂ ᠪᠦᠳᠡᠬᠢ ᠪᠣᠷᠣᠯᠵᠢ ᠠᠯᠢ ᠲᠡᠭ᠌ᠷᠢᠶ᠋ᠢᠨ ᠣᠳᠣᠷ ᠪᠣᠢ
ᠴᠠᠭᠠᠷᠢᠭ᠍ᠯᠠᠨ ᠡᠷᠬᠢᠯᠳᠣᠬᠦ᠌ ᠬᠤᠷᠮᠣᠰᠳᠠᠶ᠋ᠢᠨ ᠨᠢᠳᠦᠨ ᠰᠠᠷᠠᠨᠳᠤ ᠴᠠᠰᠣ ᠰᠠᠷᠢᠭᠠᠳ
ᠴᠠᠭᠠᠳᠣᠬᠢᠨᠢ ᠨᠠᠭᠠᠳᠣᠬᠢ᠂ ᠨᠠᠭᠠᠳᠣᠬᠢᠨᠢ ᠴᠠᠭᠠᠳᠣᠬᠢ ᠰᠦᠮᠡᠭᠡᠷ ᠭᠡᠢᠪᠡᠷ ᠦᠳᠡᠰᠢ
ᠴᠠᠭᠠᠰᠣᠨ ᠲᠡᠪᠳᠡᠷ ᠭᠠᠵᠠᠷᠤᠨ ᠵᠢᠷᠤᠭ ᠲᠡᠯᠬᠡᠨ ᠦᠵᠡᠭ᠌ᠰᠡᠨᠤ ᠭᠡᠷᠡᠭ ᠦᠭᠡᠢ
ᠴᠠᠭᠠᠨ ᠨᠣᠬᠠᠢ ᠬᠤᠴᠠᠬᠤᠨᠢ ᠲᠠᠷᠣᠢ ᠨᠣᠳᠤᠭᠲᠠᠭᠠᠨ ᠢᠷᠡᠭ᠌ᠰᠡᠨᠤ ᠲᠡᠮᠳᠡᠭ ᠡ!