ᠲᠤᠷᠠᠰᠤᠮᠵᠢ ᠬᠦᠪᠦᠷᠡᠭᠡᠳ ᠯᠠ
2025-12-10 10:16:09
ᠵᠣᠬᠢᠶᠠᠭ᠍ᠴᠢ᠄
ᠴᠢ᠊·ᠲᠤᠯᠬᠢᠶᠠᠨ
ᠣᠩᠱᠢᠭ᠍ᠰᠠᠨ ᠣᠳᠠᠭ᠎ᠠ᠄
★★★☆☆

ᠨᠠᠮᠤᠷ᠎ᠤᠨ ᠱᠢᠷᠭᠠᠯ ᠡᠳᠦᠷ᠎ᠤᠳ ᠪᠦᠮᠪᠦᠷᠢᠵᠦ᠍᠂ ᠠᠭᠤᠷ ᠠᠮᠢᠰᠭᠤᠯ ᠬᠦᠢᠳᠡᠷᠡᠨ᠂ ᠤᠳᠠᠯ ᠦᠬᠡᠢ ᠬᠦᠢᠳᠡᠨ᠎ᠤ ᠤᠯᠠᠷᠢᠯ ᠪᠤᠯᠬᠤ᠎ᠨᠢ ᠡ᠃ ᠦᠨᠦᠳᠦᠷ᠎ᠤᠨ ᠪᠤᠳᠤᠭ᠍ᠰᠠᠨ ᠵᠦᠢᠯ ᠬᠤᠵᠢᠮ ᠪᠤᠯᠬᠤ᠎ᠳᠤ ᠴᠡᠩᠭᠡᠷ ᠦᠩᠭᠡ᠎ᠲᠠᠢ ᠲᠤᠷᠠᠰᠤᠮᠵᠢ ᠪᠤᠯᠵᠤ᠂ ᠠᠯᠳᠠᠩᠬᠠᠨ ᠡᠨᠡ ᠡᠳᠦᠷ᠎ᠤᠳ ᠠᠮᠢ ᠨᠠᠰᠤᠨ᠎ᠳᠤ ᠮᠢᠨᠢ ᠭᠡᠷᠡᠯ ᠭᠡᠭᠡ ᠪᠤᠯᠵᠤ ᠬᠤᠴᠤᠷᠬᠤ ᠶᠤᠮ ᠡ᠃ ᠴᠤᠩᠬᠤ᠎ᠪᠠᠷ ᠬᠠᠷᠪᠤᠬᠤ ᠨᠠᠷᠠᠨ᠎ᠤ ᠵᠤᠷᠪᠤᠰ ᠭᠡᠷᠡᠯ ᠡᠶᠡᠪᠡᠷᠬᠦᠦ ᠲᠤᠯᠠᠭᠠᠨ ᠰᠠᠨᠠᠭ᠍ᠳᠠᠵᠤ᠂ ᠠᠮᠢᠳᠤᠷᠠᠯ ᠮᠢᠨᠢ ᠦᠷᠬᠦᠯᠵᠢᠯᠡᠵᠦ᠍ ᠪᠠᠢᠨ᠎ᠠ᠂ ᠦᠷᠬᠦᠯᠵᠢᠯᠡᠬᠦ᠌ ᠶᠤᠮ ᠡ ᠁ ᠭᠡᠵᠦ᠍ ᠪᠡᠶ᠎ᠡ᠎ᠳᠡᠭᠡᠨ ᠱᠢᠪᠡᠨᠡᠴᠢᠭᠡᠭᠡᠳ ᠪᠢᠷ ᠴᠠᠭᠠᠰᠤ᠎ᠪᠠᠨ ᠲᠡᠯᠭᠡᠯ᠎ᠡ᠃

ᠬᠦᠮᠦᠨ᠎ᠤ ᠵᠢᠷᠦᠬᠡ ᠤᠷᠤᠭᠤ᠎ᠪᠠᠨ ᠬᠠᠨᠳᠤᠳᠠᠭ ᠭᠡᠵᠦ᠍ ᠶᠠᠷᠢᠬᠤ᠎ᠶ᠋ᠢ ᠰᠤᠨᠤᠰᠴᠤ᠌ ᠯᠠ᠃ ᠡᠵᠢ ᠠᠪᠤ᠎ᠨᠢ ᠦᠷ᠎ᠡ ᠬᠡᠦᠬᠡᠳ᠎ᠲᠡᠭᠡᠨ ᠭᠤᠮᠤᠳᠠᠭᠠᠳ ᠶᠤᠮ ᠤᠤ᠂ ᠡᠰᠡᠭᠦᠯ᠎ᠡ ᠶᠠᠮᠠᠷ ᠨᠢᠭᠡ ᠵᠢᠮ᠎ᠡ ᠶᠤᠰᠤ᠎ᠶ᠋ᠢ ᠲᠤᠰᠭᠠᠭᠠᠳ ᠲᠡᠷᠡ ᠤᠤ᠃ ᠪᠢ ᠡᠵᠢ᠎ᠳᠡᠭᠡᠨ᠂ ᠦᠷ᠎ᠡ᠎ᠳᠡᠭᠡᠨ ᠶᠠᠮᠠᠷ ᠵᠡᠷᠭᠡ ᠬᠠᠢᠷᠠᠳᠠᠢ᠎ᠶ᠋ᠢ ᠬᠠᠷᠢᠴᠠᠭᠤᠯᠵᠦ᠍ ᠦᠵᠡᠭᠡ ᠦᠬᠡᠢ᠃ ᠮᠤᠳᠤ ᠦᠨᠳᠦᠰᠦ᠎ᠠᠴᠠ᠎ᠪᠠᠨ ᠱᠢᠮ᠎ᠡ ᠠᠪᠴᠤ᠌ ᠰᠠᠯᠠᠭᠠᠯᠠᠳᠠᠭ ᠱᠢᠭ᠋ ᠠᠪᠤ ᠡᠵᠢ᠎ᠠᠴᠠ᠎ᠪᠠᠨ ᠠᠮᠢ ᠤᠯᠵᠤ ᠪᠤᠢᠵᠢᠭ᠍ᠰᠠᠨ᠎ᠠᠴᠠ ᠲᠤᠮᠤ ᠪᠤᠯᠵᠤ ᠲᠤᠰᠠᠭᠠᠷ ᠬᠦᠭ᠌ᠵᠢᠳᠡᠯ᠎ᠡ ᠠᠷᠤ ᠭᠡᠷ ᠠᠪᠤ ᠡᠵᠢ ᠮᠢᠨᠢ ᠲᠦᠱᠢᠭ ᠪᠤᠯᠵᠠᠢ᠃ ᠠᠪᠤ ᠡᠵᠢ ᠮᠢᠨᠢ ᠤᠳᠤ ᠬᠦᠭ᠌ᠰᠢᠷᠡᠵᠦ᠍ ᠦᠳᠡᠯᠵᠡᠢ᠃ ᠦᠪᠡᠷ᠎ᠤᠨ ᠪᠡᠶ᠎ᠡ ᠮᠢᠨᠢ ᠲᠡᠳᠡᠨ᠎ᠳᠡᠭᠡᠨ ᠲᠦᠱᠢᠭ ᠪᠤᠯᠵᠠᠢ᠃ ᠡᠵᠢ᠎ᠶ᠋ᠢᠨ᠎ᠢᠶᠠᠨ ᠲᠡᠷᠭᠡᠳᠡ ᠪᠢ ᠡᠳᠦᠷ᠎ᠤᠨ ᠬᠤᠶᠠᠷ ᠤᠳᠠᠭ᠎ᠠ ᠤᠴᠢᠵᠦ᠍ ᠦᠵᠡᠨ᠎ᠡ᠃ ᠰᠠᠨᠠᠨ᠎ᠠ ᠭᠡᠬᠦ᠌᠎ᠠᠴᠠ ᠢᠯᠡᠬᠦᠦ᠂ ᠰᠠᠨᠠᠭ᠎ᠠ ᠪᠤᠯᠤᠭᠠᠳ ᠯᠠ᠃ ᠡᠵᠢ ᠮᠢᠨᠢ ᠡᠪᠡᠳᠴᠢᠨ ᠡᠮᠭᠡᠭ᠎ᠲᠤ ᠪᠠᠷᠢᠭ᠍ᠳᠠᠵᠦ᠍᠂ ᠠᠷᠠᠢ ᠭᠡᠵᠦ᠍ ᠶᠠᠪᠤᠵᠤ ᠲᠡᠢᠯᠵᠦ᠍ ᠪᠠᠢᠨ᠎ᠠ᠃ ᠵᠠᠷᠢᠮ᠎ᠳᠠᠭᠠᠨ ᠬᠡᠪᠳᠡᠵᠦ᠍ ᠪᠠᠢᠭ᠍ᠰᠠᠨ᠎ᠠᠴᠠ᠎ᠪᠠᠨ ᠪᠤᠶᠤ ᠰᠠᠭᠤᠵᠤ ᠪᠠᠢᠭ᠍ᠰᠠᠨ᠎ᠠᠴᠠ᠎ᠪᠠᠨ ᠪᠤᠰᠭᠤ ᠭᠡᠬᠦ᠌᠎ᠳᠤ ᠬᠦᠴᠢᠷᠳᠡᠵᠦ᠍ ᠪᠤᠰᠤᠳ᠎ᠤᠨ ᠬᠠᠮᠵᠢᠬᠤ᠎ᠶ᠋ᠢ ᠲᠦᠱᠢᠨ᠎ᠡ᠃ ᠡᠮ ᠲᠠᠩ᠎ᠢ᠎ᠨᠢ ᠤᠤᠭᠤᠯᠭᠠᠬᠤ᠂ ᠢᠳᠡᠵᠦ᠍ ᠤᠤᠭᠤᠬᠤ᠎ᠶ᠋ᠢ᠎ᠨᠢ ᠪᠡᠯᠡᠳᠬᠦ᠂ ᠡᠰᠡᠬᠦᠯ᠎ᠡ ᠪᠠᠷ᠎ᠠ ᠪᠤᠯᠤᠶ᠎ᠠ ᠭᠡᠵᠦ᠍ ᠪᠠᠭ᠎ᠠ ᠯᠠ ᠴᠢᠯᠦᠭᠡ ᠤᠯᠳᠠᠭ᠍ᠰᠠᠭᠠᠷ ᠬᠠᠵᠠᠭᠤ᠎ᠶ᠋ᠢᠨ ᠬᠤᠷᠢᠶᠠᠯᠠᠯ᠎ᠢ ᠴᠢᠭ᠌ᠯᠡᠭᠡᠳ ᠬᠦᠷᠦᠨ᠎ᠡ᠃ ᠨᠤᠭᠤᠭ᠎ᠠ ᠵᠠᠭᠤᠰᠢ᠎ᠪᠠᠨ ᠰᠠᠪᠠᠯᠠᠭᠠᠳ ᠠᠰᠠᠷ᠎ᠤᠨ ᠱᠠᠳᠤ᠎ᠪᠠᠷ ᠪᠠᠭᠤᠳᠠᠯ᠎ᠠ ᠲᠠᠨᠢᠳᠠᠭ ᠬᠦᠮᠦᠨ ᠮᠢᠨᠢ ᠤᠴᠠᠷᠠᠪᠠᠯ 《ᠪᠠᠰᠠ ᠯᠠ ᠡᠵᠢ᠎ᠶ᠋ᠢᠨ᠎ᠢᠶᠠᠨ ᠲᠡᠷᠭᠡᠳᠡ ᠤᠴᠢᠬᠤ ᠤᠤ》 ᠭᠡᠵᠦ᠍ ᠢᠨᠢᠶᠡᠮᠰᠦᠭ᠌ᠯᠡᠨ᠎ᠡ᠃ ᠭᠠᠷ᠎ᠲᠠᠭᠠᠨ ᠤᠭᠤᠳᠠ ᠰᠠᠪᠠ ᠪᠠᠷᠢᠭᠠᠳ ᠪᠠᠭᠤᠪᠠᠯ ᠡᠵᠢ ᠠᠪᠤ᠎ᠳᠠᠭᠠᠨ ᠬᠤᠭᠤᠯᠠ ᠪᠤᠳᠠᠭ᠎ᠠ ᠬᠦᠷᠭᠡᠬᠦ᠌ ᠭᠡᠵᠦ᠍ ᠪᠠᠢᠨ᠎ᠠ ᠭᠡᠵᠦ᠍ ᠬᠤᠷᠢᠶᠠᠯᠠᠯ᠎ᠤᠨ ᠲᠠᠨᠢᠳᠠᠭ ᠬᠦᠮᠦᠰ ᠪᠦᠷ ᠮᠡᠳᠡᠴᠢᠭᠡᠭᠡᠳ ᠬᠠᠯᠠᠮᠵᠢᠯᠠᠨ᠎ᠠ᠃

ᠡᠵᠢ ᠵᠠᠷᠢᠮ᠎ᠳᠠᠭᠠᠨ ᠪᠠᠰᠠ ᠤᠴᠢᠷ ᠦᠬᠡᠢ ᠠᠭᠤᠷ᠎ᠢ ᠬᠦᠷᠭᠡᠳᠡᠭ ᠶᠤᠮ᠃ ᠶᠠᠮᠠᠷ ᠴᠦ᠍ ᠤᠴᠢᠷ ᠦᠬᠡᠢ ᠪᠠᠢᠳᠠᠯ᠎ᠠ ᠤᠳᠠᠰᠤ ᠢᠷᠡᠵᠦ᠍ ᠦᠳᠡ᠎ᠶ᠋ᠢᠨ ᠨᠤᠢᠷ᠎ᠢ ᠦᠷᠬᠦᠭᠡᠨ᠎ᠡ᠃ ᠬᠡᠳᠦᠨ ᠡᠳᠦᠷ᠎ᠢᠶᠠᠷ ᠪᠤᠯᠪᠠᠰᠤᠷᠠᠯ᠎ᠳᠤ ᠤᠷᠤᠯᠴᠠᠬᠤ᠎ᠪᠠᠷ ᠬᠤᠯᠠ ᠭᠠᠵᠠᠷ ᠤᠴᠢᠴᠢᠬᠠᠭ᠍ᠰᠠᠨ ᠪᠠᠢᠳᠠᠯ᠎ᠠ ᠬᠤᠢᠨ᠎ᠠ᠎ᠠᠴᠠ ᠤᠳᠠᠰᠤ ᠢᠷᠡᠵᠦ᠍ 《ᠬᠡᠵᠢᠶ᠎ᠡ ᠢᠷᠡᠬᠦ᠌ ᠪᠤᠢ? ᠪᠢ ᠬᠤᠶᠠᠷ ᠵᠢᠩ ᠲᠤᠷᠠᠴᠢᠬᠠᠭ᠍ᠰᠠᠨ᠂ ᠴᠢᠮ᠎ᠠ᠎ᠶ᠋ᠢ ᠢᠷᠡᠳᠡᠯ᠎ᠡ ᠪᠢ ᠦᠬᠦᠴᠢᠭᠡᠬᠦ᠌ ᠮᠠᠭᠠᠳ》 ᠭᠡᠵᠦ᠍ ᠠᠶᠤᠯᠭᠠᠨ᠎ᠠ᠃ ᠡᠵᠢ᠎ᠶ᠋ᠢᠨ ᠡᠪᠡᠳᠴᠢᠨ᠎ᠤ ᠪᠠᠢᠳᠠᠯ᠎ᠢ ᠮᠡᠳᠡᠵᠦ᠍ ᠪᠠᠢᠬᠤ ᠲᠤᠯᠠ ᠪᠢ ᠲᠡᠮᠡᠢ ᠤᠴᠢᠷ ᠪᠤᠯᠭᠠᠬᠤ ᠦᠬᠡᠢ᠂ ᠡᠰᠡᠪᠡᠯ ᠵᠤᠪᠠᠵᠤ ᠨᠢᠭᠡ ᠶᠠᠭᠤᠮ᠎ᠠ ᠪᠤᠯᠬᠤ᠎ᠨᠢ᠃ ᠡᠵᠢ ᠬᠦᠳᠡᠯᠬᠦ᠌ ᠦᠬᠡᠢ ᠪᠤᠯᠤᠭ᠍ᠰᠠᠭᠠᠷ ᠪᠠᠢᠭᠠᠳ ᠮᠠᠷᠢᠶᠠᠯᠠᠭᠠᠳ ᠬᠦᠳᠡᠯᠵᠦ᠍ ᠪᠠᠷᠢᠬᠤ᠎ᠳᠤ ᠤᠯᠠᠮ ᠬᠦᠴᠢᠷ ᠪᠤᠯᠵᠠᠢ᠃ ᠶᠠᠭᠤ᠎ᠨᠢ ᠡᠪᠡᠳᠴᠦ᠍ ᠪᠠᠢᠨ᠎ᠠ ᠭᠡᠪᠡᠯ ᠪᠢ ᠶᠠᠮᠠᠷ ᠡᠮ ᠠᠪᠤᠭᠠᠳ ᠤᠴᠢᠨ᠎ᠠ᠂ ᠵᠠᠷᠢᠮ᠎ᠳᠠᠭᠠᠨ ᠨᠢᠭᠡ ᠯᠠ ᠤᠳᠠᠭ᠎ᠠ ᠤᠤᠭᠤᠪᠠᠯ᠂ ᠬᠡᠷᠡᠭ ᠦᠬᠡᠢ ᠭᠡᠳ ᠬᠠᠶᠠᠴᠢᠬᠠᠨ᠎ᠠ᠃ ᠬᠠᠶᠠ᠎ᠳᠠᠭᠠᠨ ᠭᠠᠷ᠎ᠲᠤ ᠦᠷᠭᠡᠰᠦ ᠤᠷᠤᠴᠢᠬᠠᠯ᠎ᠠ ᠭᠡᠳ ᠤᠳᠠᠰᠤ ᠢᠷᠡᠨ᠎ᠡ᠃ ᠡᠵᠢ᠎ᠶ᠋ᠢᠨ ᠤᠳᠠᠰᠤ᠎ᠨᠢ ᠶᠠᠮᠠᠷ ᠨᠢᠭᠡ ᠱᠢᠯᠳᠠᠭ ᠬᠡᠯᠡᠵᠦ᠍ ᠴᠢᠮ᠎ᠠ᠎ᠶ᠋ᠢ ᠲᠠᠭᠤᠳᠠᠬᠤ ᠬᠡᠷᠡᠭ᠃ ᠮᠢᠨᠦ᠍ ᠠᠵᠢᠯ ᠤᠷᠴᠢᠮ ᠶᠠᠭᠠᠷᠠᠤ ᠱᠢᠦ ᠭᠡᠪᠡᠯ ᠪᠠᠰᠠ ᠤᠳᠠᠰᠤᠳᠠᠬᠤ᠎ᠪᠠᠨ ᠪᠠᠢᠴᠢᠬᠠᠨ᠎ᠠ᠃ ᠠᠢ ᠳ᠋ᠠ᠂ ᠦᠳᠡᠯᠬᠦ᠌᠎ᠶ᠋ᠢᠨ ᠨᠢᠯᠬ᠎ᠠ ᠭᠡᠳᠡᠭ᠎ᠨᠢ ᠡᠢᠮᠦ᠍ ᠶᠤᠮ ᠤᠤ᠃ ᠡᠮᠡᠭᠡ ᠮᠢᠨᠢ ᠠᠮᠢᠳᠤ ᠰᠡᠷᠡᠬᠦᠨ ᠪᠠᠢᠬᠤ᠎ᠳᠤ 《ᠬᠡᠨ ᠦᠳᠡᠯᠵᠦ᠍ ᠦᠵᠡᠯ᠎ᠡ ᠳ᠋ᠡ》 ᠭᠡᠵᠦ᠍ ᠶᠠᠷᠢᠵᠦ᠍ ᠪᠠᠢᠭ᠍ᠰᠠᠨ᠃ ᠡᠪᠡᠳᠴᠢᠨ ᠡᠮᠭᠡᠭ᠎ᠲᠤ ᠪᠠᠷᠢᠭ᠍ᠳᠠᠵᠦ᠍᠂ ᠤᠶᠤᠨ ᠰᠠᠨᠠᠭ᠎ᠠ᠎ᠪᠠᠷ ᠭᠠᠴᠢᠭ᠍ᠳᠠᠵᠦ᠍᠂ ᠰᠡᠳᠭᠢᠯ᠎ᠨᠢ ᠬᠡᠪᠡᠷᠡᠭ ᠪᠤᠯᠤᠭ᠍ᠰᠠᠨ ᠡᠵᠢ᠎ᠪᠠᠨ ᠬᠡᠦᠬᠡᠳ ᠱᠢᠭ ᠠᠷᠭᠠᠳᠠᠬᠤ ᠯᠠ ᠬᠡᠷᠡᠭ᠃

ᠬᠡᠦᠬᠡᠨ ᠮᠢᠨᠢ ᠬᠡᠳᠦᠨ ᠮᠢᠩᠭᠠᠨ ᠭᠠᠵᠠᠷ᠎ᠤᠨ ᠬᠤᠯᠠ ᠪᠠᠢᠳᠠᠭ᠃ ᠵᠠᠷᠢᠮ᠎ᠳᠠᠭᠠᠨ ᠪᠢ ᠬᠡᠦᠬᠡᠨ᠎ᠢᠶᠠᠨ ᠰᠠᠨᠠᠵᠤ ᠬᠠᠷᠠᠩᠭᠤᠢ ᠰᠦᠨᠢ᠎ᠪᠠᠷ ᠨᠢᠯᠪᠤᠰᠤ ᠪᠦᠮᠪᠦᠷᠢᠬᠦᠯᠦᠭ᠌ᠰᠡᠨ ᠤᠳᠠᠭ᠎ᠠ ᠴᠦ᠍ ᠪᠤᠢ᠃ ᠰᠠᠨᠠᠵᠤ ᠪᠠᠢᠨ᠎ᠠ᠂ ᠵᠤᠪᠠᠵᠤ ᠪᠠᠢᠨ᠎ᠠ ᠭᠡᠵᠦ᠍ ᠬᠡᠯᠡᠭᠡᠳ ᠬᠡᠦᠬᠡᠨ᠎ᠤ᠎ᠪᠠᠨ ᠰᠡᠳᠭᠢᠯ᠎ᠢ ᠬᠦᠨᠳᠦᠷᠡᠭᠦᠯᠦᠭᠡᠳ ᠶᠠᠭᠠᠬᠢᠬᠤ ᠪᠤᠢ ᠭᠡᠵᠦ᠍ ᠪᠤᠳᠤᠭᠠᠳ ᠯᠠ ᠲᠡᠰᠦᠭᠡᠳ ᠦᠩᠭᠡᠷᠡᠨ᠎ᠡ᠃ ᠦᠳᠡᠯᠪᠡᠯ ᠪᠢ ᠪᠠᠰᠠ ᠡᠵᠢ ᠱᠢᠭ᠎ᠢᠶᠠᠨ ᠬᠡᠦᠬᠡᠳ᠎ᠲᠡᠭᠡᠨ ᠤᠷᠢᠶᠠᠩᠭᠤ ᠪᠤᠯᠵᠤ᠂ ᠪᠡᠶ᠎ᠡ᠎ᠠᠴᠠ᠎ᠪᠠᠨ ᠰᠠᠯᠭᠠᠬᠤ ᠲᠤᠷ᠎ᠠ ᠦᠬᠡᠢ ᠪᠤᠯᠴᠢᠬᠠᠳᠠᠭ ᠪᠤᠯᠪᠠ ᠤᠤ ᠭᠡᠵᠦ᠍ ᠪᠤᠳᠤᠳᠠᠭ᠃ ᠬᠠᠷᠢ ᠭᠠᠵᠠᠷ ᠠᠵᠢᠯᠯᠠᠵᠤ ᠠᠮᠢᠳᠤᠷᠠᠬᠤ᠎ᠪᠠᠷ ᠱᠢᠭᠤᠳᠣᠭ᠍ᠰᠠᠨ ᠬᠡᠦᠬᠡᠨ᠎ᠳᠡᠭᠡᠨ ᠪᠢ ᠬᠤᠪᠢ᠎ᠪᠠᠨ ᠪᠤᠳᠤᠭ᠍ᠰᠠᠨ ᠭᠡᠷᠡᠭ ᠦᠬᠡᠢ ᠵᠦᠢᠯ ᠶᠠᠷᠢᠭᠠᠳ ᠶᠠᠭᠠᠬᠢᠬᠤ ᠪᠤᠢ᠂ ᠵᠠᠯᠠᠭᠤ ᠬᠦᠮᠦᠨ ᠵᠠᠮ᠎ᠢᠶᠠᠨ ᠦᠪᠡᠷ᠎ᠢᠶᠠᠨ ᠰᠤᠩᠭᠤᠭ ᠭᠡᠵᠦ᠍ ᠪᠡᠶ᠎ᠡ᠎ᠪᠠᠨ ᠲᠠᠢᠳᠭᠤᠷᠠᠭᠤᠯᠳᠠᠭ᠃

ᠡᠵᠢ ᠪᠠ ᠬᠡᠦᠬᠡᠨ᠎ᠤ᠎ᠪᠠᠨ ᠬᠤᠭᠤᠷᠤᠨᠳᠤ ᠲᠠᠳᠠᠯᠳᠤᠭᠠᠳ ᠡᠯᠢᠭᠡ ᠵᠢᠷᠦᠬᠡ ᠮᠢᠨᠢ ᠰᠡᠮᠡᠷᠡᠴᠢᠭᠡᠬᠦ᠌ ᠦᠬᠡᠢ ᠪᠠᠢᠬ᠎ᠠ᠃ ᠪᠢ ᠶᠠᠭᠠᠬᠢᠭ᠍ᠰᠠᠨ ᠴᠦ᠍ ᠡᠵᠢ᠎ᠳᠡᠭᠡᠨ ᠪᠠᠷ᠎ᠠ ᠪᠤᠯᠵᠤ ᠡᠵᠢ ᠮᠢᠨᠢ ᠦᠨᠡᠨ᠎ᠤ ᠭᠠᠵᠠᠷ ᠶᠠᠪᠤᠳᠠᠯ᠎ᠠ ᠰᠠᠯᠬᠤ ᠦᠬᠡᠢ ᠭᠡᠵᠦ᠍ ᠴᠢᠩᠭ᠎ᠠ ᠪᠤᠳᠤᠯ᠎ᠠ᠃

ᠡᠵᠢ ᠵᠦᠭ᠎ᠢᠶᠠᠨ ᠲᠤᠷᠠᠰᠤᠮᠵᠢ ᠬᠦᠪᠦᠷᠡᠬᠦᠯᠵᠦ᠍ ᠪᠤᠳᠤᠬᠤ᠎ᠳᠤ᠂ ᠡᠵᠢ᠎ᠪᠠᠨ ᠡᠷᠳᠡ ᠠᠴᠢᠯᠠᠭ᠍ᠰᠠᠨ ᠦᠬᠡᠢ᠎ᠳᠡᠭᠡᠨ ᠬᠠᠷᠠᠮᠰᠠᠨ᠎ᠠ᠃ ᠡᠵᠢ ᠠᠪᠤ᠎ᠶ᠋ᠢᠨ ᠠᠮᠢᠳᠤᠷᠠᠯ᠎ᠳᠤ ᠡᠷᠳᠡ ᠰᠠᠨᠠᠭ᠎ᠠ ᠲᠠᠯᠪᠢᠵᠦ᠍ ᠬᠠᠷᠠᠭᠠᠯᠵᠠᠵᠦ᠍ ᠰᠠᠨᠠᠭᠤᠯᠤᠭᠠᠳ ᠯᠠ ᠪᠠᠢᠭ᠍ᠰᠠᠨ ᠪᠤᠯ ᠡᠢᠮᠦ᠍ ᠡᠪᠡᠳᠴᠢᠨ᠎ᠳᠤ ᠦᠷᠳᠦᠬᠦ᠌ ᠦᠬᠡᠢ ᠪᠠᠢᠬ᠎ᠠ ᠭᠡᠵᠦ᠍ ᠪᠢ ᠲᠠᠩᠳᠠ ᠪᠡᠶ᠎ᠡ᠎ᠪᠠᠨ ᠵᠢᠮᠡᠯᠡᠳᠡᠭ ᠶᠤᠮ᠃

ᠬᠡᠦᠬᠡᠨ ᠵᠦᠭ᠎ᠢᠶᠠᠨ ᠬᠠᠢᠷ᠎ᠠ ᠬᠠᠯᠬᠢᠯᠠᠬᠤ᠎ᠳᠤ᠂ ᠬᠡᠦᠬᠡᠨ᠎ᠤ ᠮᠢᠨᠢ ᠴᠤᠯᠬᠢᠨ ᠢᠨᠢᠶᠡᠳᠦ᠂ ᠲᠤᠷᠮᠤᠯᠵᠠᠭ᠍ᠰᠠᠨ ᠬᠠᠷᠠᠴᠠ ᠬᠠᠷᠠᠭ᠍ᠳᠠᠭᠠᠳ ᠯᠠ ᠪᠤᠳᠤᠭ᠍ᠳᠠᠭᠠᠳ ᠯᠠ᠂ ᠢᠭ᠌ᠳᠦᠯᠦᠭᠡᠳ ᠯᠠ᠁᠃ ᠬᠡᠦᠬᠡᠨ᠎ᠳᠡᠭᠡᠨ ᠲᠡᠩᠭᠡᠭᠡ ᠤᠷᠤᠳᠠᠯ᠎ᠠ ᠲᠦᠱᠢᠭ ᠪᠤᠯᠤᠨ᠎ᠠ ᠭᠡᠵᠦ᠍ ᠪᠤᠳᠤᠬᠤ᠎ᠪᠠᠷ ᠠᠮᠢᠳᠤᠷᠠᠯ᠎ᠤᠨ ᠢᠳᠡᠭᠡᠯ ᠬᠤᠪᠢ ᠲᠠᠬᠢᠨ᠎ᠢᠶᠠᠷ ᠨᠡᠮᠡᠭ᠌ᠳᠡᠵᠦ᠍᠂ ᠡᠷᠴᠢ ᠵᠤᠷᠢᠭ ᠤᠨᠳᠤᠷᠳᠠᠭ᠃ ᠦᠷ᠎ᠡ ᠬᠡᠦᠬᠡᠳ ᠭᠡᠳᠡᠭ ᠲᠦᠷᠦᠭ᠌ᠰᠡᠨ᠎ᠠᠴᠠ᠎ᠪᠠᠨ ᠠᠪᠤᠭᠠᠳ ᠲᠤᠮᠤ ᠪᠤᠯᠳᠠᠯ᠎ᠠ ᠦᠨᠡᠨ᠎ᠳᠡᠭᠡᠨ ᠲᠠᠰᠤᠷᠠᠯᠳᠠ ᠦᠬᠡᠢ ᠦᠪᠡᠷ᠎ᠠᠴᠠ᠎ᠪᠠᠨ ᠰᠠᠯᠭᠠᠬᠤ ᠶᠠᠪᠤᠴᠠ ᠶᠤᠮ᠃ ᠠᠪᠤ ᠡᠵᠢ ᠭᠡᠳᠡᠭ ᠦᠳᠡᠯᠬᠦ᠌᠎ᠶ᠋ᠢᠨ ᠦᠶ᠎ᠡ᠎ᠳᠤᠨᠢ ᠦᠮᠦᠭ ᠲᠦᠱᠢᠭ ᠪᠤᠯᠳᠠᠭ ᠬᠠᠢᠷ᠎ᠠ᠎ᠶ᠋ᠢᠨ ᠲᠡᠭ᠌ᠷᠢ ᠶᠤᠮ ᠰᠠᠨ᠃

ᠬᠠᠳᠠᠭᠤᠬᠠᠨ ᠬᠤᠷᠸ᠎ᠠ᠎ᠶ᠋ᠢᠨ ᠡᠯᠡ ᠬᠠᠯᠠ᠎ᠳᠤ ᠲᠠᠪᠳᠠᠭ᠍ᠳᠠᠵᠦ᠍᠂ ᠬᠠᠢᠷ᠎ᠠ᠎ᠶ᠋ᠢᠨ ᠲᠤᠬᠠᠢ ᠢᠭ᠌ᠳᠦᠯᠵᠦ᠍ ᠰᠠᠭᠤᠬᠤ᠎ᠳᠤ᠂ ᠦᠨᠦᠳᠦᠷ᠎ᠤᠨ ᠲᠡᠮᠳᠡᠭ᠌ᠯᠡᠭ᠌ᠰᠡᠨ ᠵᠦᠢᠯ ᠮᠢᠨᠢ ᠲᠤᠷᠠᠰᠤᠮᠵᠢ ᠪᠤᠯᠤᠨ ᠬᠤᠴᠤᠷᠬᠤ᠎ᠨᠢ ᠡ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号