《 ᠵᠠᠩᠭᠠᠷ 》 ᠎ᠤ᠋ᠨ ᠦᠪᠦᠷ ᠮᠤᠩᠭᠤᠯ᠎ᠳᠡᠬᠢ ᠤᠯᠠᠮᠵᠢᠯᠠᠯ ᠬᠦᠭᠵᠢᠯ᠎ᠤᠨ ᠰᠢᠨ᠎ᠠ ᠤᠷᠤᠰᠬᠠᠯ
2025-12-10 10:18:41
ᠵᠣᠬᠢᠶᠠᠭ᠍ᠴᠢ᠄
​ ᠰᠡᠷᠭᠦᠯᠡᠩᠴᠡᠴᠡᠭ ᠴᠣᠯᠮᠣᠨ
ᠣᠩᠱᠢᠭ᠍ᠰᠠᠨ ᠣᠳᠠᠭ᠎ᠠ᠄
★★★☆☆

● ᠲᠤᠮᠳᠠᠳᠤ ᠤᠯᠤᠰ᠎ᠤᠨ ᠭᠤᠷᠪᠠᠨ ᠶᠡᠭᠡ ᠪᠠᠭᠠᠳᠤᠷᠯᠢᠬ ᠲᠤᠤᠯᠢ ᠵᠢᠨ ᠨᠢᠭᠡ

● ᠮᠤᠩᠭᠤᠯ ᠲᠡᠦᠭᠡ ᠪᠠ ᠤᠷᠠᠨ ᠵᠤᠬᠢᠶᠠᠯ᠎ᠤᠨ ᠭᠤᠷᠪᠠᠨ ᠤᠷᠬᠢᠯ᠎ᠤᠨ ᠨᠢᠭᠡ

● ᠤᠯᠤᠰ᠎ᠤᠨ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ

— ᠲᠤᠤᠯᠢ 《ᠵᠠᠩᠭᠠᠷ》 ᠢ᠋ ᠪᠦᠲᠦᠭᠡᠯᠴᠢ᠎ᠪᠡᠷ ᠤᠯᠠᠮᠵᠢᠯᠠᠨ ᠰᠢᠨᠡᠴᠢᠯᠡᠵᠦ ᠬᠥᠭᠵᠢᠭᠦᠯᠬᠦ ᠭᠤᠷᠪᠠᠨ ᠰᠢᠷᠢᠰ ᠦᠢᠯᠡ ᠠᠵᠢᠯᠯᠠᠭ᠎ᠠ ᠵᠢᠨ ᠲᠤᠬᠠᠢ ᠬᠦᠦᠷᠨᠢᠯ



QQ20251210-101715.png


ᠨᠠᠮ᠎ᠤᠨ ᠲᠦᠪ ᠬᠤᠷᠢᠶ᠎ᠠ ᠪᠠ ᠶᠡᠷᠦᠩᠬᠡᠢ ᠱᠦᠵᠢ ᠰᠢ ᠵᠢᠨ ᠫᠢᠩ ᠳᠤᠮᠳᠠᠳᠤ᠎ᠶ᠋ᠢᠨ ᠱᠢᠯᠢᠳᠡᠭ ᠤᠯᠠᠮᠵᠢᠯᠠᠯᠳᠤ ᠰᠤᠶᠤᠯ᠎ᠢ ᠤᠯᠠᠮᠵᠢᠯᠠᠨ ᠬᠦᠭᠵᠢᠬᠦᠯᠵᠦ᠂ ᠴᠦᠭᠡᠨ ᠳᠤᠭᠠᠳᠤ ᠦᠨᠳᠦᠰᠦᠲᠡᠨ᠎ᠤ ᠰᠤᠶᠤᠯ᠎ᠤᠨ ᠬᠠᠮᠠᠭᠠᠯᠠᠯᠳᠠ ᠪᠠ ᠤᠯᠠᠮᠵᠢᠯᠠᠯ᠎ᠢ ᠲᠡᠬᠡᠳᠦ ᠬᠡᠮᠵᠢᠶ᠎ᠡ᠎ᠪᠠᠷ ᠴᠢᠬᠤᠯᠠᠴᠢᠯᠠᠨ ᠦᠵᠡᠭᠰᠡᠭᠡᠷ ᠢᠷᠡᠭᠰᠡᠨ ᠡᠴᠡ ᠳᠤᠮᠳᠠᠳᠤ ᠤᠯᠤᠰ ᠤ᠋ᠨ ᠭᠤᠷᠪᠠᠨ ᠲᠤᠮᠤ ᠪᠠᠭᠠᠲᠤᠷᠯᠢᠭ ᠲᠤᠤᠯᠢ ᠢ᠋ᠢᠨ ᠨᠢᠭᠡ᠂ ᠮᠤᠡᠭᠭᠤᠯ ᠲᠡᠦᠭᠡ ᠪᠠ ᠤᠷᠠᠨ ᠵᠤᠬᠢᠶᠠᠯ᠎ᠤᠨ ᠭᠤᠷᠪᠠᠨ ᠤᠷᠬᠢᠯ (《ᠮᠤᠩᠭᠤᠯ᠎ᠤᠨ ᠨᠢᠭᠤᠴᠠ ᠲᠤᠪᠴᠢᠶᠠᠨ》᠂ 《ᠭᠡᠰᠡᠷ᠎ᠤᠨ ᠲᠤᠤᠯᠢ》᠂ 《ᠵᠠᠩᠭᠠᠷ᠎ᠤᠨ ᠲᠤᠤᠯᠢ》) ᠤ᠋ᠨ ᠨᠢᠭᠡ 《ᠵᠠᠡᠭᠭᠠᠷ》 2021 ᠤᠨ ᠳ᠋ᠤ ᠳᠤᠮᠳᠠᠳᠤ ᠤᠯᠤᠰ ᠤ᠋ᠨ ᠲᠠᠪᠤᠳᠤᠭᠠᠷ ᠡᠭᠡᠯᠵᠢ ᠢ᠋ᠢᠨ ᠪᠤᠳᠠᠰ ᠤ᠋ᠨ ᠪᠤᠰᠤ ᠰᠤᠶᠤᠯ ᠤ᠋ᠨ ᠦᠪ ᠢ᠋ᠢᠡᠷ ᠪᠦᠷᠢᠳᠬᠡᠭᠳᠡᠵᠦ᠂ ᠤᠷᠴᠢᠮ᠎ᠤᠨ ᠵᠢᠯ᠎ᠤᠳ ᠲᠦ᠍ ᠦᠪᠦᠷ ᠮᠤᠩᠭᠤᠯ ᠤᠷᠤᠨ᠎ᠳᠤ᠂ ᠤᠨᠴᠠᠭᠠᠢᠯᠠᠨ ᠲᠤᠮᠳᠠᠳᠤ ᠪᠠᠭ᠎ᠠ ᠰᠤᠷᠭᠠᠭᠤᠯᠢ ᠵᠢᠨ ᠰᠤᠷᠭᠠᠭᠤᠯᠢ ᠵᠢᠨ ᠬᠦᠷᠢᠶᠡᠨ᠎ᠳᠤ《ᠵᠠᠩᠭᠠᠷ᠎ᠤᠨ ᠠᠷᠪᠠᠨ ᠬᠤᠶᠠᠷ ᠪᠠᠭᠠᠳᠤᠷ᠎ᠤᠨ ᠮᠠᠬᠳᠠᠭᠠᠯ》᠂ 《ᠵᠠᠩᠭᠠᠷ᠎ᠤᠨ ᠮᠠᠭᠳᠠᠭᠠᠯ》᠎ᠢ᠋ ᠲᠠᠭᠤᠯᠠᠨ ᠬᠠᠢᠯᠠᠬᠤ ᠦᠵᠡᠭᠳᠡᠯ ᠲᠦᠭᠡᠮᠡᠯ ᠪᠤᠯᠤᠭᠰᠠᠨ ᠪᠦᠭᠡᠳ ᠵᠠᠩᠭᠠᠷ᠎ᠤᠨ ᠰᠤᠳᠤᠯᠤᠯ ᠵᠢᠴᠢ ᠵᠠᠩᠭᠠᠷ᠎ᠤᠨ ᠰᠤᠶᠤᠯ᠎ᠤᠨ ᠤᠯᠠᠮᠵᠢᠯᠠᠯ ᠶᠡᠭᠡ ᠢᠳᠡ ᠬᠦᠭ ᠲᠠᠢ ᠶᠠᠪᠤᠭᠳᠠᠬᠤ ᠪᠤᠯᠵᠠᠢ᠃ ᠵᠢᠱ᠌ᠢᠶᠡᠯᠡᠪᠡᠯ᠂ ᠠᠨᠳᠠ ᠬᠠᠮᠳᠤᠯᠢᠬ 《ᠵᠠᠩᠭᠠᠷ᠎ᠤᠨ ᠠᠷᠪᠠᠨ ᠬᠤᠶᠠᠷ ᠪᠠᠭᠠᠳᠤᠷ᠎ᠤᠨ ᠮᠠᠬᠳᠠᠭᠠᠯ》 ᠎ᠢ᠋ ᠲᠠᠭᠤᠯᠠᠵᠦ᠂ ᠲᠤᠮᠳᠠᠳᠤ ᠵᠢᠨ ᠤᠷᠠᠯᠢᠬ᠎ᠤᠨ ᠲᠠᠢᠰᠠ ᠵᠢ ᠲᠤᠷᠬᠢᠭᠤᠯᠤᠭᠰᠠᠨ; ᠬᠠᠩᠬᠢᠨ ᠬᠤᠰᠢᠭᠤᠨ᠎ᠤ ᠠᠯᠳᠠᠷᠳᠤ ᠵᠠᠩᠭᠠᠷ᠎ᠤᠨ ᠲᠤᠤᠯᠢ ᠵᠢ ᠬᠤᠯᠤᠰᠤᠨ ᠦᠵᠦᠭ ᠵᠢᠡᠷ ᠪᠢᠴᠢᠵᠦ ᠭᠠᠷᠭᠠᠵᠠᠢ; ᠤᠳᠤᠭ ᠬᠤᠰᠢᠭᠤᠨ᠎ᠤ  ᠴᠠᠭᠠᠨᠳᠡᠭᠳᠡᠭᠡ ᠨᠠᠰᠤᠳᠠᠨ ᠲᠠᠪᠤᠨ ᠮᠸᠲ᠋ᠷ ᠭᠠᠷᠤᠢ ᠤᠷᠳᠤ ᠲᠤᠷᠭᠠᠨ ᠲᠡᠭᠡᠷ᠎ᠡ ᠵᠠᠩᠭᠠᠷ᠎ᠤᠨ ᠲᠤᠤᠯᠢ ᠵᠢ ᠬᠠᠳᠬᠤᠮᠠᠯᠯᠠᠵᠦ ᠭᠠᠷᠭᠠᠵᠠᠢ ᠃

ᠡᠨᠡ ᠶᠡᠭᠡ ᠰᠤᠶᠤᠯ᠎ᠤᠨ ᠤᠯᠠᠮᠵᠢᠯᠠᠯ᠎ᠤᠨ ᠲᠤᠳᠤᠷ᠎ᠠ ᠲᠤᠷᠠᠳᠤᠭᠤᠰᠢᠳᠠᠢ ᠨᠢᠭᠡᠨ ᠠᠵᠢᠯᠯᠠᠭ᠎ᠠ ᠪᠤᠯ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠴᠥᠭᠡᠨ ᠲᠣᠭᠠᠲᠤ ᠦᠨᠳᠦᠰᠦᠲᠡᠨ᠎ᠤ ᠰᠤᠳᠤᠷ ᠪᠢᠴᠢᠭ ᠴᠤᠭᠯᠠᠭᠤᠯᠤᠨ ᠡᠮᠬᠢᠳᠬᠡᠵᠦ ᠰᠤᠳᠤᠯᠬᠤ ᠲᠠᠰᠤᠭ᠎ᠠᠴᠠ ᠭᠣᠣᠯᠯᠠᠨ ᠡᠷᠬᠢᠯᠡᠵᠦ᠂ ᠦᠦᠰᠢᠨ ᠬᠣᠰᠢᠭᠤᠨ᠎ᠤ ᠦᠨᠳᠦᠰᠦᠲᠡᠨ᠎ᠤ ᠬᠡᠷᠡᠭ ᠡᠷᠬᠢᠯᠡᠬᠦ ᠵᠥᠪᠯᠡᠯ᠎ᠠᠴᠠ ᠲᠠᠭᠠᠭᠠᠴᠢᠯᠠᠨ ᠡᠷᠬᠢᠯᠡᠭᠰᠡᠨ ᠲᠤᠤᠯᠢ 《ᠵᠠᠩᠭᠠᠷ》 ᠎ᠢ᠋ ᠪᠦᠲᠦᠭᠡᠯᠴᠢ᠎ᠪᠡᠷ ᠤᠯᠠᠮᠵᠢᠯᠠᠨ ᠰᠢᠨᠡᠴᠢᠯᠡᠵᠦ ᠬᠥᠭᠵᠢᠭᠦᠯᠬᠦ ᠰᠢᠷᠢᠰ ᠦᠢᠯᠡ ᠠᠵᠢᠯᠯᠠᠭ᠎ᠠ ᠦᠢᠷ᠎ᠠ᠎ᠳᠤ ᠬᠦᠬᠡᠬᠤᠳᠠ᠎ᠳᠤ ᠶᠠᠪᠤᠬᠳᠠᠪᠠ᠃ ᠡᠨᠡ ᠬᠦ᠌  ᠰᠢᠷᠢᠰ  ᠠᠵᠢᠯᠯᠠᠭ᠎ᠠ ᠨᠢ 《ᠳᠤᠮᠳᠠᠳᠤ ᠤᠯᠤᠰ᠎ᠦᠨ 〈ᠵᠠᠩᠭᠠᠷ〉 ᠰᠤᠳᠤᠯᠤᠯ》 ᠨᠣᠮ᠎ᠤᠨ ᠨᠡᠭᠡᠭᠡᠯᠲᠡ᠎ᠶᠢᠨ ᠶᠣᠰᠣᠯᠠᠯ᠂ ᠦᠦᠰᠢᠨ ᠬᠣᠰᠢᠭᠤᠨ᠎ᠤ 《ᠵᠠᠩᠭᠠᠷ》 ᠪᠠᠭᠠᠴᠤᠳ ᠬᠡᠦᠬᠡᠳ᠎ᠤᠨ ᠤᠷᠠᠯᠢᠭ᠋᠎ᠤᠨ ᠪᠦᠯᠬᠦᠮ᠎ᠦᠨ 《ᠵᠠᠩᠭᠠᠷᠴᠢ ᠬᠡᠦᠬᠡᠳ》CD ᠴᠣᠮᠣᠭ᠎ᠤᠨ ᠲᠠᠷᠬᠠᠭᠠᠯᠳᠠ ᠵᠢᠨ ᠶᠣᠰᠣᠯᠠᠯ ᠵᠢᠴᠢ 《ᠦᠨᠳᠦᠰᠦᠲᠡᠨ᠎ᠤ ᠪᠦᠯᠬᠦᠮᠳᠡᠯ 》 ᠨᠡᠷᠡᠮᠵᠢᠲᠤ ᠲᠤᠤᠯᠢ 《ᠵᠠᠩᠭᠠᠷ》 ᠎ᠤ᠋ᠨ ᠰᠡᠳᠦᠪᠲᠦ ᠬᠡᠦᠬᠡᠳ ᠪᠠᠭᠠᠴᠤᠳ᠎ᠤᠨ ᠤᠷᠠᠨ ᠵᠢᠷᠤᠭ᠎ᠤᠨ ᠤᠷᠤᠯᠳᠤᠭᠠᠨ᠎ᠤ ᠱᠠᠩᠨᠠᠯ ᠣᠯᠭᠣᠬᠤ ᠶᠣᠰᠣᠯᠠᠯ ᠪᠠ ᠵᠢᠷᠤᠭ᠎ᠤᠨ ᠦᠵᠡᠰᠬᠦᠯᠡᠩ᠂ ᠲᠤᠤᠯᠢ 《ᠵᠠᠩᠭᠠᠷ》 ᠎ᠢ᠋ ᠪᠦᠲᠦᠭᠡᠯᠴᠢ᠎ᠪᠠᠷ ᠤᠯᠠᠮᠵᠢᠯᠠᠨ ᠬᠥᠭᠵᠢᠭᠦᠯᠬᠦ ᠲᠤᠬᠠᠢ ᠰᠤᠳᠤᠯᠤᠨ ᠶᠠᠷᠢᠯᠴᠠᠬᠤ ᠬᠤᠷᠠᠯ ᠵᠡᠷᠭᠡ ᠠᠭᠤᠯᠭ᠎ᠠ ᠵᠢᠨ ᠲᠤᠭᠤᠷᠢᠨ᠎ᠳᠤ ᠶᠠᠪᠤᠭᠳᠠᠵᠤ᠂ ᠠᠷᠠᠳ᠎ᠤᠨ ᠳᠤᠮᠳᠠ ᠬᠠᠢᠯᠠᠳᠠᠭ 《ᠵᠠᠩᠭᠠᠷ》 ᠎ᠢ᠋ ᠤᠯᠠᠨ ᠬᠡᠯᠪᠡᠷᠢ᠎ᠪᠠᠷ ᠤᠯᠠᠮᠵᠢᠯᠠᠨ ᠬᠥᠭᠵᠢᠭᠦᠯᠵᠦ ᠪᠠᠢᠭ᠎ᠠ ᠨᠢ ᠪᠤᠳᠠᠳᠤ ᠦᠢᠯᠡᠳᠤᠯᠭᠡ ᠵᠢᠨ ᠲᠤᠮᠳᠠ ᠰᠢᠨ᠎ᠠ ᠨᠢᠭᠡᠨ ᠬᠦᠭᠵᠢᠯᠳᠡ ᠵᠢᠨ ᠭᠠᠷᠤᠭ᠎ᠠ ᠪᠡᠨ ᠡᠯᠬᠦᠭᠰᠡᠨ᠎ᠢ ᠬᠠᠷᠠᠭᠤᠯᠵᠤ ᠪᠢᠯᠡ᠃

                               —  ᠨᠠᠢᠷᠠᠭᠤᠯᠤᠬᠴᠢ ᠡᠴᠡ


《ᠵᠠᠩᠭᠠᠷᠴᠢ ᠬᠡᠦᠬᠡᠳ》 ᠤ᠋ᠨ ᠢᠷᠠᠭᠤ ᠡᠭᠡᠰᠢᠭᠯᠡᠩ ᠲᠤᠤᠯᠢ ᠵᠢᠨ ᠱᠠᠳ᠎ᠢ ᠴᠢᠪᠬᠠᠳᠠᠨᠠᠮ

《 ᠲᠠᠩᠰᠤᠭ ᠪᠤᠮᠪᠠ ᠬᠠᠭᠠᠨ᠎ᠤ ᠠᠴᠢ ᠭᠡᠨ᠎ᠡ ᠯᠡ

ᠦᠵᠦᠩ ᠠᠯᠳᠠᠷ ᠬᠠᠭᠠᠨ᠎ᠤ ᠬᠥᠪᠡᠭᠦᠨ ᠭᠡᠨ᠎ᠡ

ᠦᠶ᠎ᠡ᠎ᠶᠢᠨ ᠥᠨᠥᠴᠢᠨ ᠪᠣᠭᠳᠠ ᠨᠣᠶᠠᠨ

ᠵᠠᠩᠭᠠᠷ ᠭᠡᠳᠡᠭ ᠬᠠᠭᠠᠨ ᠪᠠᠢᠭᠰᠠᠨ ᠰᠠᠨᠵᠠᠢ ᠭᠡᠨ᠎ᠡ ᠯᠡ ᠁》 ᠬᠡᠮᠡᠬᠦ ᠪᠢᠴᠢᠬᠠᠨ ᠵᠠᠩᠭᠠᠷᠴᠢᠳ᠎ᠤᠨ ᠬᠠᠢᠯᠠᠬᠤ 《ᠵᠠᠩᠭᠠᠷ᠎ᠤᠨ ᠣᠷᠣᠰᠢᠯ ᠪᠦᠯᠦᠭ 》 ᠵᠢᠡᠷ ᠲᠤᠤᠯᠢ 《ᠵᠠᠩᠭᠠᠷ》 ᠎ᠤ᠋ᠨ ᠰᠢᠷᠢᠰ ᠠᠵᠢᠯᠯᠠᠭ᠎ᠠ ᠵᠢᠨ ᠬᠥᠰᠢᠭᠡ ᠵᠢ ᠢᠷᠠᠬᠤ ᠨᠢ ᠤᠳᠬ᠎ᠠ ᠢᠷᠠᠭᠤ ᠪᠤᠯᠵᠠᠢ᠃ ᠪᠢᠴᠢᠬᠠᠨ ᠵᠠᠩᠭᠠᠷᠴᠢᠳ᠎ᠦᠨ ᠴᠡᠭᠡᠯᠬᠡᠨ ᠬᠣᠭᠣᠯᠠᠢ᠂ ᠣᠷᠭᠢᠯᠤᠮ᠎ᠠ ᠬᠠᠯᠠᠭᠤᠨ ᠬᠠᠢᠷ᠎ᠠ ᠰᠡᠳᠬᠢᠯᠭᠡ ᠲᠣᠪᠰᠢᠭᠤᠷ ᠬᠥᠭᠵᠢᠮ᠎ᠦᠨ ᠠᠶᠠᠯᠭᠤ᠎ᠳᠤ ᠠᠭᠤᠰᠤᠨ᠂ 《ᠵᠠᠩᠭᠠᠷ》 ᠎ᠤ᠋ᠨ ᠲᠤᠤᠯᠢ᠎ᠳᠡᠬᠢ ᠪᠠᠭᠠᠲᠤᠷᠯᠢᠭ᠋ ᠦᠯᠢᠭᠡᠷ᠎ᠢ ᠨᠢᠳᠦᠨ᠎ᠳᠤ ᠦᠵᠡᠭᠳᠡᠮ᠎ᠠ ᠭᠠᠷ᠎ᠲᠤ ᠪᠠᠷᠢᠭ᠍ᠳᠠᠲᠠᠯ᠎ᠠ ᠰᠠᠢᠬᠠᠨ ᠲᠤᠭᠯᠠᠪᠠ ᠃

ᠲᠤᠤᠯᠢ 《 ᠵᠠᠩᠭᠠᠷ 》 ᠎ᠢ᠋ ᠪᠦᠲᠦᠭᠡᠯᠴᠢ᠎ᠪᠡᠷ ᠤᠯᠠᠮᠵᠢᠯᠠᠨ ᠰᠢᠨᠡᠴᠢᠯᠡᠵᠦ ᠬᠥᠭᠵᠢᠭᠦᠯᠬᠦ ᠰᠢᠷᠢᠰ  ᠦᠢᠯᠡ ᠠᠵᠢᠯᠯᠠᠭ᠎ᠠ᠎ᠶᠢᠨ ᠠᠬᠤᠢ ᠲᠠᠯᠠᠪᠠᠶ᠎ᠳᠤ᠂ ᠦᠦᠰᠢᠨ ᠬᠣᠰᠢᠭᠤᠨ᠎ᠤ 《ᠵᠠᠩᠭᠠᠷ》 ᠪᠠᠭᠠᠴᠤᠳ ᠬᠡᠦᠬᠡᠳ᠎ᠤᠨ ᠤᠷᠠᠯᠢᠭ᠋᠎ᠤᠨ ᠪᠦᠯᠬᠦᠮ᠎ᠤᠨ 《 ᠵᠠᠩᠭᠠᠷᠴᠢ ᠬᠡᠦᠬᠡᠳ》 CD ᠴᠣᠮᠣᠭ᠎ᠤᠨ ᠲᠠᠷᠬᠠᠭᠠᠯᠳᠠ ᠵᠢᠨ ᠶᠣᠰᠣᠯᠠᠯ ᠡᠢᠨ ᠬᠦ᠌ ᠢᠳᠡ ᠬᠦᠭ ᠲᠠᠢ ᠶᠠᠪᠤᠭᠳᠠᠬᠤ ᠨᠢ ᠡᠨᠡ ᠶᠤᠮ᠃ ᠲᠤᠰ ᠤᠷᠠᠯᠢᠭ᠋᠎ᠤᠨ ᠪᠦᠯᠬᠦᠮ᠎ᠢ ᠦᠤᠰᠢᠨ ᠨᠤᠳᠤᠭ ᠲᠠᠢ ᠨᠠᠷᠠᠳᠤ ᠬᠦᠳᠤᠯᠦᠭᠴᠢ ᠤᠶᠠᠡᠭᠭ᠎ᠠ ᠬᠢᠭᠡᠳ ᠰᠢᠨᠵᠢᠶᠠᠡᠭ ᠨᠤᠳᠤᠭ ᠲᠠᠢ 《ᠵᠠᠡᠭᠭᠠᠷ》 ᠤ᠋ᠨ ᠪᠤᠳᠠᠰ᠎ᠤᠨ ᠪᠤᠰᠤ ᠰᠤᠶᠤᠯ᠎ᠤᠨ ᠦᠪ ᠎ᠤ᠋ᠨ ᠦᠪᠯᠡᠨ ᠤᠯᠠᠮᠵᠢᠯᠠᠬᠴᠢ ᠲᠦᠯᠦᠮᠵᠢ ᠡᠴᠡ 2022 ᠣᠨ᠎ᠤ 3 ᠰᠠᠷ᠎ᠠ᠎ᠳᠤ  ᠪᠠᠢᠭᠤᠯᠵᠤ᠂  《ᠵᠠᠩᠭᠠᠷ》 ᠲᠤᠤᠯᠢ᠎ᠳᠦ ᠠᠭᠤᠯᠤᠭᠰᠠᠨ ᠡᠬᠡ ᠣᠷᠣᠨᠴᠢ ᠦᠵᠡᠯ᠂ ᠪᠠᠭᠠᠲᠤᠷᠯᠢᠭ᠋ ᠵᠣᠷᠢᠭ᠋ ᠰᠠᠨᠠᠭ᠎ᠠ᠂ ᠰᠢᠳᠤᠷᠭᠤ ᠶᠣᠰᠣ᠌᠂ ᠡᠪ ᠨᠢᠭᠡᠳᠦᠯ ᠵᠡᠷᠭᠡ ᠬᠥᠮᠥᠯᠢᠭ ᠦᠨᠡᠲᠦ ᠵᠦᠢᠯᠡᠰ᠎ᠢ ᠬᠡᠦᠬᠡᠳ ᠪᠠᠭᠠᠴᠤᠳ᠎ᠲᠤ ᠥᠪᠯᠡᠭᠦᠯᠦᠨ ᠤᠯᠠᠮᠵᠢᠯᠠᠭᠤᠯᠬᠤ᠂ ᠲᠦᠭᠡᠭᠡᠨ ᠳᠡᠯᠭᠡᠷᠡᠭᠦᠯᠬᠦ᠎ᠳᠦ ᠬᠦᠴᠦ ᠪᠠᠨ ᠲᠠᠯᠪᠢᠨ ᠬᠢᠴᠢᠶᠡᠩᠭᠦᠢᠯᠡᠨ ᠠᠵᠢᠯᠯᠠᠭᠰᠠᠭᠠᠷ ᠤᠳᠤ᠎ᠳᠤ ᠬᠦᠷᠴᠠᠢ᠃ ᠤᠬᠤᠷᠬᠠᠨ 3 ᠵᠢᠯ᠎ᠦᠨ ᠬᠤᠭᠤᠴᠠᠭᠠᠨ᠎ᠳᠤ᠂ ᠤᠷᠠᠯᠢᠭ᠎ᠤᠨ ᠪᠦᠯᠬᠦᠮ ᠨᠢ ᠦᠦᠰᠢᠨ ᠬᠣᠰᠢᠭᠤᠨ᠎ᠤ ᠪᠠᠨ ᠬᠠᠮᠢᠶ᠎ᠠ ᠪᠦᠬᠦᠢ ᠪᠠᠢᠭᠤᠯᠭ᠎ᠠ ᠨᠢᠭᠡᠴᠢ ᠵᠢᠨ ᠵᠢᠯᠣᠭᠣᠳᠤᠯᠭ᠎ᠠ ᠬᠠᠮᠲᠤᠷᠠᠯᠴᠠᠭ᠎ᠠ ᠳᠣᠣᠷ᠎ᠠ ᠨᠢᠭᠡᠨᠲᠡ 2800 ᠰᠢᠬᠠᠮ ᠬᠡᠦᠬᠡᠳ ᠪᠠᠭᠠᠴᠤᠳ ᠲᠡᠷᠡᠴᠢᠯᠡᠨ ᠲᠤᠮᠤᠴᠤᠳ᠎ᠲᠤ ᠪᠣᠯᠪᠠᠰᠤᠷᠠᠯ ᠬᠦᠷᠲᠡᠭᠡᠵᠦ᠂ ᠤᠯᠤᠰ᠎ᠤᠨ ᠳᠣᠲᠣᠭᠠᠳᠤ ᠭᠠᠳᠠᠭᠠᠳᠤ ᠵᠢᠨ ᠨᠡᠶ᠋ᠢᠲᠡ 50 ᠭᠠᠷᠤᠢ ᠤᠳᠠᠭᠠᠨ᠎ᠤ ᠤᠳᠬ᠎ᠠ ᠤᠷᠠᠯᠢᠭ᠎ᠤᠨ ᠲᠤᠰᠬᠠᠢ ᠲᠠᠢᠰᠠᠨ ᠳᠡᠭᠡᠷ᠎ᠡ 《ᠵᠠᠩᠭᠠᠷ》 ᠎ᠤ᠋ᠨ ᠦᠵᠡᠭᠦᠯᠭᠡ ᠲᠤᠭᠯᠠᠯᠳᠠ᠎ᠭᠠᠷᠭᠠᠵᠠᠢ᠃

《ᠵᠠᠩᠭᠠᠷᠴᠢ ᠬᠡᠦᠬᠡᠳ》 CD ᠴᠣᠮᠣᠭ᠎ᠲᠤ᠂ 《ᠵᠠᠩᠭᠠᠷ》 ᠲᠤᠤᠯᠢ ᠵᠢᠨ ᠰᠣᠩᠭᠣᠳᠠᠭ ᠱᠠᠳ ᠮᠥᠷ᠎ᠦᠳ ᠡᠴᠡ 《 ᠵᠠᠩᠭᠠᠷ᠎ᠤᠨ ᠣᠷᠣᠰᠢᠯ ᠪᠦᠯᠦᠭ》᠂ 《ᠵᠠᠩᠭᠠᠷ᠎ᠤᠨ ᠠᠷᠪᠠᠨ ᠬᠣᠶᠠᠷ ᠪᠠᠭᠠᠲᠤᠷ᠎ᠤᠨ ᠮᠠᠭᠲᠠᠭᠠᠯ》 ᠵᠡᠷᠭᠡ ᠬᠡᠦᠬᠡᠳ᠎ᠤᠨ ᠲᠤᠷ᠎ᠠ ᠰᠤᠨᠢᠷᠬᠠᠯ᠎ᠳᠤ ᠲᠣᠬᠢᠷᠠᠭᠰᠠᠨ ᠪᠡᠶ᠎ᠡ ᠪᠡᠨ ᠳᠠᠭᠠᠭᠠᠭᠰᠠᠨ 12 《ᠵᠠᠩᠭᠠᠷ》 ᠎ᠤ᠋ᠨ ᠮᠠᠭᠲᠠᠭᠠᠯ ᠡᠭᠡᠰᠢᠭᠯᠡᠩ᠎ᠢ ᠡᠮᠬᠢᠳᠬᠡᠨ ᠣᠷᠣᠭᠤᠯᠤᠭᠰᠠᠨ ᠪᠠ ᠡᠨᠡ ᠬᠦ᠌ ᠴᠣᠮᠣᠭ᠎ᠤᠨ ᠮᠡᠨᠳᠦᠯᠡᠭᠰᠡᠨ ᠨᠢ ᠦᠦᠰᠢᠨ ᠬᠣᠰᠢᠭᠤᠨ᠎ᠤ 《ᠵᠠᠩᠭᠠᠷ》 ᠪᠠᠭᠠᠴᠤᠳ ᠬᠡᠦᠬᠡᠳ᠎ᠤᠨ ᠤᠷᠠᠯᠢᠭ᠋᠎ᠤᠨ ᠪᠦᠯᠬᠦᠮ᠎ᠦᠨ ᠪᠣᠳᠠᠰ᠎ᠤᠨ ᠪᠤᠰᠤ ᠰᠣᠶᠣᠯ᠎ᠤᠨ ᠥᠪ᠎ᠢ ᠤᠯᠠᠮᠵᠢᠯᠠᠨ ᠵᠠᠯᠭᠠᠮᠵᠢᠯᠠᠵᠤ᠂ ᠤᠬᠠᠭᠤᠯᠤᠨ ᠳᠡᠯᠭᠡᠷᠡᠭᠦᠯᠵᠦ ᠪᠠᠢᠭ᠎ᠠ ᠦᠷ᠎ᠡ ᠪᠦᠲᠦᠭᠡᠯ᠎ᠤᠨ ᠬᠢᠨ ᠲᠥᠪᠯᠡᠷᠡᠩᠭᠦᠢ ᠢᠯᠡᠷᠡᠭᠦᠯᠤᠯ ᠪᠤᠯᠤᠯ᠎ᠠ᠃


QQ20251210-101726.png


— 《ᠵᠠᠩᠭᠠᠷᠴᠢ ᠬᠡᠦᠬᠡᠳ》 CD ᠴᠣᠮᠣᠭ ᠨᠢ ᠭᠣᠣᠯᠳᠠᠭᠤ ᠰᠢᠨᠵᠢᠶᠠᠩ ᠣᠢᠷᠠᠳ᠎ᠤᠨ 10 ᠬᠤᠪᠢ 《ᠵᠠᠩᠭᠠᠷ᠎ᠤᠨ ᠮᠠᠭᠲᠠᠭᠠᠯ》 ᠪᠤᠶᠤ 《ᠵᠠᠩᠭᠠᠷ》 ᠎ᠤ᠋ᠨ ᠣᠷᠣᠰᠢᠯ ᠮᠠᠭᠲᠠᠭᠠᠯ᠎ᠤᠨ ᠲᠡᠭᠦᠪᠦᠷᠢ ᠪᠣᠯᠤᠭᠰᠠᠨ ᠵᠢᠡᠷ ᠵᠢᠡᠨ ᠥᠩᠭᠡᠷᠡᠭᠰᠡᠨ᠎ᠦ ᠤᠯᠤᠰ᠎ᠤᠨ ᠳᠣᠲᠣᠭᠠᠳᠤ ᠭᠠᠳᠠᠭᠠᠳᠤ ᠵᠢᠨ 《ᠵᠠᠩᠭᠠᠷ》 ᠎ᠲᠸ᠋ ᠬᠣᠯᠪᠣᠭᠳᠠᠬᠤ ᠳᠠᠭᠤᠤ ᠪᠢᠴᠢᠯᠭᠡ ᠵᠢᠨ ᠬᠡᠪᠯᠡᠯ ᠪᠤᠶᠤ ᠴᠣᠮᠣᠭ᠎ᠤᠳ ᠡᠴᠡ ᠢᠯᠭᠠᠬᠳᠠᠵᠤ ᠪᠠᠢᠭ᠎ᠠ᠃ 《ᠵᠠᠩᠭᠠᠷ》ᠪᠣᠯ ᠨᠢᠭᠡ ᠶᠣᠰᠣᠨ᠎ᠤ ᠮᠠᠭᠲᠠᠭᠠᠯ᠎ᠤᠨ ᠴᠢᠭᠤᠯᠭᠠᠨ ᠮᠥᠨ᠃ ᠵᠠᠩᠭᠠᠷᠴᠢ ᠭᠡᠳᠡᠭ ᠪᠣᠯ ᠦᠨᠡᠨᠳᠡᠭᠡᠨ ᠲᠤᠰᠬᠠᠢ ᠮᠡᠷᠭᠡᠵᠢᠯ᠎ᠦᠨ ᠮᠠᠭᠲᠠᠭᠠᠯᠴᠢ ᠪᠣᠯᠬᠣᠷ 《 ᠵᠠᠩᠭᠠᠷ 》 ᠎ᠤ᠋ᠨ ᠣᠷᠣᠰᠢᠯ ᠪᠦᠯᠦᠭ᠎ᠦᠨ ᠮᠠᠭᠲᠠᠭᠠᠯ᠎ᠢ ᠰᠤᠷᠬᠤ ᠭᠡᠳᠡᠭ ᠨᠢ ᠳᠠᠷᠤᠢ 《ᠵᠠᠩᠭᠠᠷ》 ᠎ᠤ᠋ᠨ ᠦᠨᠳᠦᠰᠦᠨ ᠬᠡᠪ ᠵᠠᠭᠪᠤᠷ᠎ᠢ ᠰᠤᠷᠴᠤ ᠤᠯᠠᠮᠵᠢᠯᠠᠬᠤ ᠵᠢᠨ ᠡᠬᠢᠯᠡᠯ ᠪᠣᠯᠣᠨ᠎ᠠ᠃ ᠲᠤᠰ ᠴᠣᠮᠣᠭ ᠨᠢ 《 ᠵᠠᠩᠭᠠᠷ 》 ᠎ᠤ᠋ᠨ ᠣᠷᠣᠰᠢᠯ ᠮᠠᠭᠲᠠᠭᠠᠯ ᠪᠤᠶᠤ 《ᠵᠠᠩᠭᠠᠷ》 ᠎ᠤ᠋ᠨ ᠬᠠᠶ᠋ᠢᠯᠠᠯᠭ᠎ᠠ ᠵᠢᠨ ᠬᠦᠭ ᠠᠶᠠᠯᠭᠤ ᠬᠢᠭᠡᠳ ᠦᠭᠡ ᠬᠡᠯᠡᠯᠭᠡ᠎ᠶᠢ ᠬᠡᠦᠬᠡᠳ᠎ᠲᠤ ᠶᠠᠭᠰᠢᠲᠠᠯ᠎ᠠ ᠡᠵᠡᠮᠰᠢᠭᠦᠯᠬᠦ᠎ᠳᠦ ᠵᠣᠷᠢᠭᠤᠯᠤᠭᠰᠠᠨ ᠵᠢᠡᠷ ᠵᠢᠡᠨ 《ᠵᠠᠩᠭᠠᠷ》 ᠎ᠢ᠋ ᠠᠩᠬ᠎ᠠ ᠡᠬᠢᠯᠡᠵᠦ ᠰᠤᠷᠴᠤ ᠳᠡᠯᠭᠡᠷᠡᠭᠦᠯᠬᠦ᠎ᠳᠦ ᠴᠢᠬᠤᠯᠠ ᠨᠢᠭᠡᠨ ᠰᠤᠷᠬᠤ ᠪᠢᠴᠢᠭ ᠲᠡᠳᠦᠢ ᠦᠭᠡᠢ᠂ ᠳᠠᠭᠤᠤ ᠬᠥᠭᠵᠢᠮ᠎ᠦᠨ ᠪᠣᠯᠪᠠᠰᠤᠷᠠᠯ ᠪᠤᠶᠤ ᠳᠠᠭᠤᠯᠠᠵᠤ ᠵᠦᠴᠦᠭᠡᠯᠡᠬᠦ᠎ᠳᠤ ᠲᠤᠲᠠᠭᠳᠠᠵᠤ ᠪᠣᠯᠣᠰᠢ ᠦᠭᠡᠢ ᠯᠠᠪᠯᠠᠬᠤ ᠮᠠᠲᠸᠷᠢᠶᠠᠯ ᠬᠠᠩᠭᠠᠭᠰᠠᠨ ᠪᠠᠢᠨ᠎ᠠ ᠭᠡᠵᠦ ᠥᠪᠥᠷ ᠮᠣᠩᠭᠣᠯ᠎ᠤᠨ ᠶᠡᠬᠡ ᠰᠤᠷᠭᠠᠭᠤᠯᠢ ᠵᠢᠨ 《ᠵᠠᠩᠭᠠᠷ》 ᠰᠤᠳᠤᠯᠤᠯ᠎ᠤᠨ ᠲᠥᠪ᠎ᠦᠨ ᠡᠷᠬᠢᠯᠡᠭᠴᠢ᠂ ᠫᠷᠤᠹᠸᠰᠰᠤᠷ ᠳ·ᠳᠠᠶᠠ ᠡᠴᠡ ᠲᠤᠰ ᠴᠣᠮᠣᠭ᠎ᠲᠤ ᠦᠨᠡᠯᠡᠯᠲᠡ ᠥᠭᠭᠦᠯ᠎ᠡ᠃

《ᠵᠠᠩᠭᠠᠷ》 ᠪᠣᠯ ᠮᠣᠩᠭᠣᠯᠴᠤᠳ᠎ᠤᠨ ᠬᠠᠮᠤᠭ᠎ᠤᠨ ᠤᠷᠳᠤ ᠳᠠᠭᠤᠤ ᠮᠥᠨ᠃ ᠲᠡᠭᠦᠨ᠎ᠢ ᠬᠠᠢᠯᠠᠵᠤ ᠳᠠᠭᠤᠯᠠᠬᠤ ᠦᠶ᠎ᠡ ᠵᠢᠨ ᠨᠢᠭᠡᠨ ᠥᠪᠡᠷᠮᠢᠴᠡ ᠵᠠᠩᠰᠢᠯ ᠭᠡᠪᠡᠯ᠂ ᠤᠷᠢᠳ ᠵᠢᠡᠷ 《ᠵᠠᠩᠭᠠᠷ᠎ᠤᠨ ᠮᠠᠭᠳᠠᠭᠠᠯ》 ᠪᠤᠶᠤ 《ᠵᠠᠩᠭᠠᠷ》 ᠎ᠤ᠋ᠨ ᠣᠷᠣᠰᠢᠯ ᠮᠠᠭᠲᠠᠭᠠᠯ ᠭᠡᠬᠦ ᠣᠬᠣᠷ ᠳᠠᠭᠤᠤ᠎ᠶᠢ ᠳᠠᠭᠤᠯᠠᠳᠠᠭ ᠤᠯᠠᠮᠵᠢᠯᠠᠯ ᠲᠠᠢ᠃ ᠲᠡᠷᠡ ᠨᠢ ᠵᠠᠩᠭᠠᠷ᠎ᠤᠨ ᠪᠠᠭᠠᠲᠤᠷᠴᠤᠳ᠎ᠢ 《 ᠵᠠᠩᠭᠠᠷ 》 ᠬᠠᠢᠯᠠᠵᠤ ᠪᠦᠬᠦᠢ ᠠᠬᠤᠢ ᠲᠠᠯᠠᠪᠠᠢ᠎ᠳᠤ ᠤᠷᠢᠵᠤ ᠢᠷᠡᠭᠦᠯᠬᠦ ᠪᠤᠶᠤ ᠠᠭᠤᠯᠠ ᠤᠰᠤᠨ᠎ᠤ ᠡᠵᠡᠳ ᠰᠠᠬᠢᠭᠤᠰᠤ᠎ᠶᠢ ᠪᠠᠶᠠᠰᠬᠠᠵᠤ ᠪᠠᠢᠭ᠎ᠠ ᠤᠴᠢᠷ ᠲᠠᠢ᠂ ᠮᠥᠨ ᠴᠤ᠌ ᠵᠠᠩᠭᠠᠷᠴᠢ ᠡᠴᠡ ᠪᠤᠮᠪᠠ ᠵᠢᠨ ᠣᠷᠣᠨ᠎ᠤ ᠳᠦᠷᠢ ᠲᠥᠯᠥᠪ᠎ᠢ ᠰᠣᠨᠣᠰᠤᠭ᠍ᠴᠢ᠎ᠳᠤ ᠲᠠᠨᠢᠯᠴᠠᠭᠤᠯᠬᠤ ᠪᠡᠷ ᠳᠠᠮᠵᠢᠭᠤᠯᠤᠨ᠂ ᠤᠯᠠᠨ᠎ᠤ ᠰᠡᠳᠬᠢᠯ ᠰᠠᠨᠠᠭ᠎ᠠ᠎ᠶᠢ 《ᠵᠠᠩᠭᠠᠷ》 ᠎ᠤ᠋ᠨ ᠵᠦᠭ ᠬᠠᠨᠳᠤᠭᠤᠯᠵᠤ᠂ 《ᠵᠠᠩᠭᠠᠷ》 ᠬᠠᠢᠯᠠᠬᠤ᠎ᠳᠤ ᠪᠡᠯᠡᠳᠬᠡᠯ ᠬᠢᠵᠦ ᠪᠠᠢᠭ᠎ᠠ ᠶᠠᠪᠤᠳᠠᠯ ᠪᠣᠯᠬᠣᠷ ᠲᠤᠰ ᠴᠣᠮᠣᠭ᠎ᠲᠤ 《ᠵᠠᠩᠭᠠᠷ》 ᠎ᠤ᠋ᠨ ᠣᠷᠣᠰᠢᠯ ᠮᠠᠭᠲᠠᠭᠠᠯ᠎ᠢ ᠣᠷᠣᠭᠤᠯᠤᠭᠰᠠᠨ ᠨᠢ ᠮᠠᠰᠢ ᠭᠦᠨᠵᠡᠭᠡᠢ ᠤᠳᠬ᠎ᠠ ᠤᠴᠢᠷ ᠲᠠᠢ ᠪᠣᠯᠤᠭᠰᠠᠨ ᠪᠠᠢᠳᠠᠭ ᠃

ᠣᠨᠴᠠᠭᠠᠢᠯᠠᠨ ᠲᠤᠷᠠᠳᠤᠭᠤᠰᠢᠳᠠᠢ ᠨᠢ᠂ ᠲᠤᠰ ᠴᠣᠮᠣᠭ ᠨᠢ ᠣᠳᠣᠬᠠᠨ ᠪᠣᠯᠳᠠᠯᠠᠬᠢ᠂ ᠤᠯᠤᠰ᠎ᠤᠨ ᠳᠣᠲᠣᠭᠠᠳᠤ ᠭᠠᠳᠠᠭᠠᠳᠤ᠎ᠳᠤ ᠬᠡᠪᠯᠡᠭᠳᠡᠭᠡ 《ᠵᠠᠩᠭᠠᠷ》 ᠎ᠤ᠋ᠨ ᠲᠤᠰᠬᠠᠢ ᠰᠡᠳᠦᠪᠲᠦ ᠬᠠᠮᠤᠭ ᠠᠩᠬᠠᠨ᠎ᠤ ᠪᠠᠭᠠᠴᠤᠳ ᠬᠡᠦᠬᠡᠳ᠎ᠤᠨ CD ᠴᠣᠮᠣᠭ ᠪᠣᠯᠤᠭᠰᠠᠨ᠎ᠤ ᠬᠤᠪᠢ᠎ᠳᠤ᠂ ᠪᠠᠭᠠᠴᠤᠳ ᠬᠡᠦᠬᠡᠳ᠎ᠤᠨ ᠬᠠᠷᠠᠭᠠᠰᠤ ᠡᠴᠡ ᠡᠷᠲᠡᠨ᠎ᠦ ᠲᠤᠤᠯᠢᠰ᠎ᠤᠨ ᠦᠯᠢᠭᠡᠷ᠎ᠢ ᠬᠠᠢᠯᠠᠨ ᠠᠮᠢᠯᠠᠭᠤᠯᠵᠤ ᠴᠢᠳᠠᠭᠰᠠᠨ ᠵᠢᠡᠷ ᠪᠠᠷᠠᠬᠤ ᠦᠭᠡᠢ᠂ ᠤᠯᠤᠰ᠎ᠤᠨ ᠲᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ  ᠪᠤᠯᠬᠤ 《ᠵᠠᠩᠭᠠᠷ》 ᠎ᠢ᠋ ᠵᠠᠯᠠᠭᠤᠴᠤᠳ ᠪᠠᠭᠠᠴᠤᠳ᠎ᠲᠤ ᠤᠯᠠᠮᠵᠢᠯᠠᠬᠤ᠎ᠳᠤ ᠮᠠᠰᠢ ᠨᠥᠭᠡᠴᠡ ᠲᠠᠢ ᠬᠡᠪ ᠦᠯᠢᠭᠡᠷ ᠪᠣᠯᠵᠤ ᠴᠢᠳᠠᠵᠠᠢ᠃


QQ20251210-101737.png


ᠵᠢᠷᠤᠭᠴᠢᠨ ᠬᠡᠤᠭᠡᠳ ᠎ᠤᠨ ᠤᠷᠠᠯᠢᠭ᠎ᠤᠨ ᠶᠢᠷᠲᠢᠨᠴᠦ ᠪᠤᠮᠪᠠ ᠵᠢᠨ ᠤᠷᠤᠨ᠎ᠢ ᠪᠤᠳᠤᠭᠯᠠᠷᠤᠨ 

— ᠡᠵᠢ ᠠ᠋᠂ ᠨᠢᠭᠡᠳᠦᠭᠡᠷ ᠳᠡᠰ᠎ᠤᠨ ᠵᠢᠷᠤᠭ ᠪᠣᠯ ᠵᠠᠩᠭᠠᠷ᠎ᠤᠨ ᠠᠷᠵᠠᠬ ᠮᠠᠩᠭᠤᠰ᠎ᠢ ᠳᠠᠷᠤᠭᠰᠠᠨ ᠵᠢᠷᠤᠭ ᠪᠣᠯᠣᠨ᠎ᠠ᠃

— ᠡᠨᠡ ᠴᠢᠨᠢ ᠠᠯᠳᠠᠷ ᠵᠠᠩᠭᠠᠷ᠎ᠤᠨ ᠬᠦᠯᠦᠭ᠎ᠢ ᠵᠢᠷᠤᠭᠰᠠᠨ ᠪᠠᠢᠨ᠎ᠠ᠃

11 ᠰᠠᠷ᠎ᠠ ᠵᠢᠨ ᠳᠤᠮᠳᠠᠴᠢ ᠪᠡᠷ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠴᠥᠭᠡᠨ ᠲᠣᠭᠠᠲᠤ ᠦᠨᠳᠦᠰᠦᠲᠡᠨ᠎ᠤ ᠰᠤᠳᠤᠷ ᠪᠢᠴᠢᠭ ᠴᠤᠭᠯᠠᠭᠤᠯᠤᠨ ᠡᠮᠬᠢᠳᠬᠡᠵᠦ ᠰᠤᠳᠤᠯᠬᠤ ᠲᠠᠰᠤᠭ᠎ᠠᠴᠠ ᠭᠣᠣᠯᠯᠠᠨ ᠡᠷᠬᠢᠯᠡᠵᠦ᠂ ᠦᠦᠰᠢᠨ ᠬᠣᠰᠢᠭᠤᠨ᠎ᠤ ᠦᠨᠳᠦᠰᠦᠲᠡᠨ᠎ᠤ ᠬᠡᠷᠡᠭ ᠡᠷᠬᠢᠯᠡᠬᠦ ᠵᠥᠪᠯᠡᠯ᠎ᠠᠴᠠ ᠳᠠᠭᠠᠭᠠᠴᠢᠯᠠᠨ ᠡᠷᠬᠢᠯᠡᠭᠰᠡᠨ 《ᠵᠠᠩᠭᠠᠷ》 ᠰᠢᠷᠢᠰ ᠠᠵᠢᠯᠯᠠᠭ᠎ᠠ᠎ᠶᠢᠨ ᠨᠢᠭᠡ ᠪᠤᠯᠬᠤ 《ᠦᠨᠳᠦᠰᠦᠲᠡᠨ᠎ᠤ ᠪᠦᠯᠬᠦᠮᠳᠡᠯ》 ᠨᠡᠷᠡᠮᠵᠢᠲᠤ ᠲᠤᠤᠯᠢ 《ᠵᠠᠩᠭᠠᠷ》 ᠎ᠤ᠋ᠨ ᠰᠡᠳᠦᠪᠲᠦ ᠬᠡᠦᠬᠡᠳ ᠪᠠᠭᠠᠴᠤᠳ᠎ᠤᠨ ᠤᠷᠠᠨ ᠵᠢᠷᠤᠭ᠎ᠤᠨ ᠤᠷᠤᠯᠳᠤᠭᠠᠨ᠎ᠤ ᠱᠠᠩᠨᠠᠯ ᠣᠯᠭᠣᠬᠤ ᠶᠣᠰᠣᠯᠠᠯ᠎ᠤᠨ ᠠᠬᠤᠢ ᠲᠠᠯᠠᠪᠠᠢ᠎ᠳᠤ᠂ ᠪᠢᠴᠢᠬᠠᠨ ᠬᠦᠦ ᠡᠵᠢ ᠲᠠᠢ ᠪᠠᠨ ᠤᠷᠤᠯᠳᠤᠭᠠᠨ᠎ᠳᠤ ᠰᠢᠯᠭᠠᠷᠠᠭᠰᠠᠨ ᠵᠢᠷᠤᠭ᠎ᠤᠳ᠎ᠢ ᠬᠠᠷᠠᠭᠰᠠᠭᠠᠷ ᠵᠣᠭᠣᠭᠳᠠᠨ᠎ᠠ᠃

ᠲᠤᠰ ᠤᠳᠠᠭᠠᠨ᠎ᠤ ᠤᠷᠤᠯᠳᠤᠭᠠᠨ ᠪᠣᠯ 《ᠳᠤᠮᠳᠠᠳᠤ᠎ᠶᠢᠨ ᠦᠨᠳᠦᠰᠤᠳᠡᠨ᠎ᠤ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ ᠴᠣᠭᠴᠠᠯᠠᠬᠤ᠂ ᠦᠨᠳᠦᠰᠦᠲᠡᠨ᠎ᠤ ᠪᠦᠯᠬᠦᠮᠳᠡᠯ᠂ ᠡᠬᠡ ᠤᠯᠤᠰ ᠵᠢᠡᠨ ᠬᠠᠢᠷᠠᠯᠠᠬᠤ᠂ ᠭᠡᠷ ᠣᠷᠣᠨ ᠵᠢᠡᠨ ᠬᠠᠮᠠᠭᠠᠯᠠᠬᠤ》 ᠭᠣᠣᠯ ᠰᠡᠳᠦᠪ᠎ᠤᠨ ᠲᠣᠭᠣᠷᠢᠨ᠎ᠳᠤ 《ᠵᠠᠩᠭᠠᠷ》 ᠎ᠤ᠋ᠨ ᠰᠣᠶᠣᠯ᠎ᠢ ᠪᠦᠲᠦᠭᠡᠯᠴᠢ᠎ᠪᠠᠷ ᠢᠯᠡᠷᠡᠬᠦᠯᠬᠦ ᠪᠡᠷ ᠱᠠᠭᠠᠷᠳᠠᠯᠭ᠎ᠠ ᠪᠤᠯᠭᠠᠭᠰᠠᠨ ᠪᠦᠬᠦ ᠣᠷᠣᠨ᠎ᠤ ᠬᠡᠪᠴᠢᠶᠡᠨ᠎ᠳᠤ ᠶᠠᠪᠤᠭᠳᠠᠭᠰᠠᠨ ᠪᠠᠭᠠᠴᠤᠳ᠎ᠬᠡᠦᠬᠡᠳ᠎ᠤᠨ ᠤᠷᠠᠨ ᠵᠢᠷᠤᠭ᠎ᠤᠨ ᠤᠷᠤᠯᠳᠤᠭᠠᠨ ᠪᠣᠯᠣᠨ᠎ᠠ᠃ ᠤᠷᠤᠯᠳᠤᠭᠠᠨ ᠨᠢ 9 ᠰᠠᠷ᠎ᠠ ᠵᠢᠨ ᠳᠤᠮᠳᠠᠴᠢ ᠡᠴᠡ 10 ᠰᠠᠷ᠎ᠠ ᠵᠢᠨ ᠰᠡᠭᠦᠯᠴᠢ ᠪᠤᠯᠳᠠᠯ᠎ᠠ ᠪᠦᠳᠤᠭᠡᠯ ᠡᠯᠰᠠᠵᠦ᠂ ᠬᠡᠳᠦ ᠤᠳᠠᠭᠠᠨ᠎ᠤ ᠰᠢᠭᠰᠢᠯᠳᠡ ᠪᠡᠷ ᠳᠠᠮᠵᠢᠨ᠂ ᠪᠦᠬᠦ ᠣᠷᠣᠨ᠎ᠤ 12 ᠠᠢᠮᠠᠭ ᠬᠤᠳᠠ ᠡᠴᠡ ᠢᠷᠡᠭᠦᠯᠦᠭᠰᠡᠨ ᠨᠡᠢᠳᠡ 321 ᠪᠦᠲᠦᠭᠡᠯ ᠳᠤᠮᠳᠠ ᠡᠴᠡ 16 ᠪᠦᠲᠦᠭᠡᠯ᠎ᠢ ᠨᠢᠭᠡᠳᠦᠭᠡᠷ᠂ ᠬᠣᠶᠠᠳᠤᠭᠠᠷ᠂ ᠭᠤᠷᠪᠠᠳᠤᠭᠠᠷ ᠳᠡᠰ ᠵᠢᠴᠢ ᠰᠢᠯᠢᠳᠡᠭ ᠳᠡᠰ᠎ᠲᠤ ᠰᠢᠯᠭᠠᠷᠠᠭᠤᠯᠤᠨ ᠱᠠᠩᠨᠠᠵᠠᠢ᠃

— 《ᠵᠠᠩᠭᠠᠷ》᠎ᠤ᠋ᠨ ᠦᠯᠢᠭᠡᠷ᠎ᠢ ᠤᠯᠠᠨ ᠤᠳᠠᠭ᠎ᠠ ᠤᠩᠰᠢᠬᠤ᠎ᠳᠠᠭᠠᠨ ᠵᠠᠩᠭᠠᠷ᠎ᠤᠨ ᠳᠦᠷᠢ᠎ᠶᠢ ᠰᠡᠳᠬᠢᠯ᠎ᠳᠡᠭᠡᠨ ᠤᠯᠠᠨᠳᠠ ᠲᠥᠰᠥᠭᠡᠯᠡᠨ ᠪᠤᠳᠤᠳᠠᠭ᠃ ᠤᠷᠤᠯᠳᠤᠭᠠᠨ᠎ᠳᠦ ᠥᠷᠯᠥᠭ ᠪᠠᠭᠠᠲᠤᠷ ᠵᠠᠩᠭᠠᠷ᠎ᠤᠨ ᠠᠲᠠᠭᠠᠲᠠᠨ ᠵᠢᠡᠨ ᠳᠠᠷᠤᠵᠤ ᠠᠷᠠᠳ ᠲᠦᠮᠡᠨ ᠵᠢᠡᠨ ᠬᠠᠮᠠᠭᠠᠯᠠᠭᠰᠠᠨ ᠳᠦᠷᠢ᠎ᠶᠢ ᠵᠢᠷᠤᠭᠠᠳ ᠨᠢᠭᠡᠳᠦᠭᠡᠷ ᠳᠡᠰ᠎ᠲᠤ ᠤᠷᠤᠬᠰᠠᠨ᠎ᠳᠠᠭᠠᠨ ᠮᠠᠰᠢ ᠪᠠᠶᠠᠷᠯᠠᠵᠤ ᠪᠠᠢᠨ᠎ᠠ᠃ ᠨᠠᠳᠠᠳᠤ ᠮᠠᠰᠢ ᠶᠡᠬᠡ ᠵᠣᠷᠢᠭ᠍ᠵᠢᠭᠤᠯᠤᠯ ᠪᠣᠯᠣᠯ᠎ᠠ ᠭᠡᠵᠦ ᠤᠷᠤᠯᠳᠤᠭᠠᠨ᠎ᠤ ᠲᠡᠷᠢᠭᠦᠨ ᠱᠠᠩᠨᠠᠯ᠎ᠢ ᠭᠠᠷᠳᠠᠭᠰᠠᠨ ᠰᠢᠨ᠎ᠡ ᠪᠠᠷᠭᠤ ᠵᠡᠭᠦᠨ ᠬᠣᠰᠢᠭᠤᠨ᠎ᠤ ᠠᠮᠤᠭᠤᠯᠠᠩ ᠨᠢᠭᠡᠳᠦᠭᠡᠷ ᠳᠤᠮᠳᠠᠳᠤ ᠰᠤᠷᠭᠠᠭᠤᠯᠢ᠎ᠶᠢᠨ ᠰᠤᠷᠤᠭ᠍ᠴᠢ ᠴᠠᠰᠤᠨ᠎ᠠ ᠪᠠᠶᠠᠷᠲᠠᠢᠬᠠᠨ ᠶᠠᠷᠢᠨ᠎ᠠ᠃

ᠬᠡᠦᠬᠡᠳ᠎ᠤᠨ ᠰᠡᠳᠬᠢᠬᠦᠢ᠂ ᠲᠠᠨᠢᠨ ᠮᠡᠳᠡᠬᠦᠢ᠎ᠶᠢ ᠤᠷᠠᠨ ᠵᠢᠷᠤᠭ ᠬᠠᠮᠤᠭ ᠡᠴᠡ ᠲᠣᠳᠣ᠌ ᠢᠯᠡᠷᠡᠬᠦᠯᠳᠡᠭ᠃ ᠤᠬᠠᠭᠠᠯᠢᠭ᠋ ᠬᠡᠦᠬᠡᠳ᠎ᠤᠨ ᠤᠷᠠᠨ ᠵᠢᠷᠤᠭ᠎ᠤᠨ ᠪᠦᠲᠦᠭᠡᠯ ᠠᠯᠳᠠᠷ ᠵᠠᠩᠭᠠᠷ ᠵᠡᠪᠰᠡᠭ ᠵᠢᠡᠨ ᠠᠭᠰᠠᠵᠤ᠂ ᠠᠷᠵᠠᠬ ᠮᠠᠩᠭᠤᠰ᠎ᠢ ᠳᠠᠷᠤᠭᠰᠠᠨ ᠣᠮᠣᠭ ᠰᠦᠷ᠂ ᠡᠪᠦᠯ ᠦᠭᠡᠢ ᠵᠤᠨ ᠦᠬᠦᠯ ᠦᠭᠡᠢ ᠮᠥᠩᠬᠡ ᠦᠷᠬᠦᠯᠵᠢ᠎ᠶᠢᠨ ᠬᠣᠷᠢᠨ ᠲᠠᠪᠤᠨ ᠨᠠᠰᠤᠨ᠎ᠤ ᠬᠡᠪ ᠵᠢᠡᠷ ᠵᠢᠡᠨ ᠪᠠᠢᠳᠠᠭ ᠪᠤᠮᠪᠠ᠎ᠶᠢᠨ ᠣᠷᠣᠨ᠂ ᠬᠥᠮᠥᠨ ᠪᠠᠢᠭᠠᠯᠢ᠎ᠶᠢᠨ ᠡᠶ᠎ᠡ ᠵᠤᠬᠢᠴᠠᠯ᠂ ᠬᠥᠮᠥᠨ ᠬᠥᠮᠥᠨ᠎ᠦ ᠬᠤᠭᠤᠷᠤᠨᠳᠤᠬᠢ ᠡᠪ ᠪᠦᠯᠬᠦᠮᠳᠡᠯ᠎ᠤᠨ ᠥᠩᠭᠡ ᠪᠤᠳᠤᠭ ᠲᠤᠲᠤᠬᠠᠠ ᠬᠠᠷᠠᠭᠳᠠᠵᠤ᠂ ᠲᠤᠤᠯᠢ 《ᠵᠠᠩᠭᠠᠷ》 ᠎ᠤ᠋ᠨ ᠴᠢᠨᠠᠳᠤ᠎ᠶᠢᠨ ᠤᠳᠬ᠎ᠠ᠎ᠶᠢ ᠭᠦᠨᠵᠡᠭᠡᠢ ᠢᠯᠡᠳᠬᠡᠵᠦ ᠴᠢᠳᠠᠭᠰᠠᠨ ᠵᠢᠡᠷ ᠪᠠᠷᠠᠬᠤ ᠦᠬᠡᠢ ᠬᠤᠢᠴᠢ ᠨᠢᠭᠡ ᠦᠶ᠎ᠠ ᠵᠢᠨ ᠬᠢᠨ᠎ᠳᠡᠭᠡᠨ ᠴᠸ᠋ ᠦᠪ ᠰᠤᠶᠤᠯ ᠵᠢᠡᠨ ᠤᠯᠠᠮᠵᠢᠯᠠᠨ ᠤᠢᠯᠠᠭᠠᠭᠤᠯᠤᠭᠰᠠᠨ ᠨᠢ ᠯᠠᠪᠳᠠᠢ᠃

ᠵᠠᠬᠢᠶ᠎ᠠ ᠪᠣᠯ ᠦᠦᠰᠢᠨ ᠬᠣᠰᠢᠭᠤᠨ᠎ᠤ 《ᠵᠠᠩᠭᠠᠷ》 ᠪᠠᠭᠠᠴᠤᠳ ᠬᠡᠦᠬᠡᠳ᠎ᠤᠨ ᠤᠷᠠᠯᠢᠭ᠋᠎ᠤᠨ ᠪᠦᠯᠬᠦᠮ᠎ᠤᠨ ᠪᠢᠴᠢᠬᠠᠨ ᠵᠠᠩᠭᠠᠷᠴᠢ᠎ᠶᠢᠨ ᠨᠢᠭᠡ ᠪᠣᠯᠣᠨ᠎ᠠ᠃ ᠲᠡᠷᠡ ᠪᠡᠷ 《ᠵᠠᠩᠭᠠᠷ》 ᠬᠠᠢᠯᠠᠬᠤ᠎ᠶᠢ 4 ᠵᠢᠯ ᠰᠤᠷᠴᠤ᠂ ᠤᠳᠤ ᠨᠢᠭᠡᠨᠳᠡ 3 - 4 ᠤᠷᠲᠤ ᠪᠦᠯᠦᠭ᠎ᠢ ᠴᠡᠭᠡᠵᠢ᠎ᠪᠠᠷ ᠬᠠᠢᠯᠠᠵᠤ ᠴᠢᠳᠠᠬᠤ ᠪᠣᠯᠵᠠᠢ᠃ ᠵᠠᠬᠢᠶ᠎ᠠ ᠡᠨᠡ ᠤᠳᠠᠭ᠎ᠠ 《ᠵᠠᠩᠭᠠᠷ》 ᠎ᠢ᠋ ᠤᠷᠠᠨ ᠬᠣᠭᠣᠯᠠᠢ ᠪᠡᠷ ᠵᠢᠡᠨ ᠪᠢᠰᠢ᠂ ᠬᠠᠷᠢᠨ ᠤᠷᠠᠨ ᠵᠢᠷᠤᠭ ᠵᠢᠡᠷ ᠢᠯᠡᠳᠬᠡᠵᠦ᠂ ᠤᠷᠤᠯᠳᠤᠭᠠᠨ᠎ᠤ ᠭᠤᠷᠪᠠᠳᠤᠭᠠᠷ ᠳᠡᠰ᠎ᠲᠤ ᠲᠣᠳᠣᠷᠠᠭᠰᠠᠨ ᠪᠠᠢᠯ᠎ᠠ᠃

— ᠮᠢᠨᠦ ᠤᠷᠤᠯᠳᠤᠭᠠᠨ᠎ᠳᠤ ᠲᠡᠪᠰᠢᠬᠦᠯᠦᠭᠰᠡᠨ ᠪᠦᠳᠤᠭᠡᠯ ᠪᠤᠯ ᠵᠠᠩᠭᠠᠷ ᠪᠠ ᠬᠣᠩᠭᠣᠷ᠎ᠦᠨ ᠠᠨᠳᠠ ᠪᠠᠷᠢᠯᠳᠤᠭᠰᠠᠨ ᠦᠯᠢᠭᠡᠷ ᠵᠢᠡᠷ ᠰᠡᠳᠤᠪᠯᠡᠵᠤ ᠵᠢᠷᠤᠵᠠᠢ᠃ ᠠᠷᠠᠭ ᠤᠯᠠᠭᠠᠨ ᠬᠣᠩᠭᠣᠷ ᠪᠣᠯ ᠵᠠᠩᠭᠠᠷ᠎ᠤᠨ ᠠᠷᠪᠠᠨ ᠬᠣᠶᠠᠷ ᠪᠠᠭᠠᠲᠤᠷ᠎ᠤᠨ ᠳᠣᠲᠣᠷᠠᠬᠢ ᠬᠠᠮᠤᠭ᠎ᠤᠨ ᠬᠦᠴᠦ ᠴᠢᠳᠠᠯ᠎ᠲᠠᠢ ᠨᠢᠭᠡ ᠪᠠᠭᠠᠲᠤᠷ ᠪᠣᠯᠣᠨ᠎ᠠ᠃ ᠠᠷᠪᠠᠨ ᠲᠠᠪᠤᠨ ᠲᠣᠯᠣᠭᠠᠢ᠎ᠲᠠᠢ ᠠᠷᠵᠠᠬ ᠬᠠᠷ᠎ᠠ ᠮᠠᠩᠭᠤᠰ ᠵᠠᠩᠭᠠᠷ᠎ᠤᠨ ᠨᠤᠲᠤᠭ᠎ᠢ ᠡᠵᠡᠯᠡᠬᠦ ᠪᠡᠷ ᠢᠷᠡᠬᠦ᠎ᠳᠦ᠂ ᠵᠠᠩᠭᠠᠷ ᠪᠠ ᠬᠣᠩᠭᠣᠷ ᠬᠦᠴᠦ᠎ᠪᠠᠨ ᠬᠠᠮᠲᠤᠳᠬᠠᠨ ᠴᠡᠷᠢᠭ ᠵᠢᠡᠨ ᠳᠠᠢᠴᠢᠯᠠᠨ ᠶᠢᠰᠦ ᠶᠢᠰᠦ᠎ᠶᠢᠨ ᠨᠠᠶᠠᠨ ᠨᠢᠭᠡ ᠤᠳᠠᠭ᠎ᠠ ᠲᠤᠯᠤᠯᠳᠤᠭᠠᠳ ᠮᠠᠩᠭᠤᠰ᠎ᠢ ᠢᠯᠠᠵᠤ᠂ ᠠᠷᠤ ᠪᠤᠮᠪᠠ᠎ᠶᠢᠨ ᠣᠷᠣᠨ᠎ᠢ ᠴᠣᠭᠴᠠᠯᠠᠨ ᠪᠠᠢᠭᠤᠯᠤᠭᠰᠠᠨ ᠦᠯᠢᠭᠡᠷ᠎ᠢ ᠵᠢᠷᠤᠭ ᠲᠠᠭᠠᠨ ᠢᠯᠡᠷᠡᠬᠦᠯᠪᠡ ᠭᠡᠵᠦ ᠵᠠᠬᠢᠶ᠎ᠠ ᠶᠠᠷᠢᠨ᠎ᠠ᠃

— ᠬᠡᠦᠬᠡᠳ᠎ᠤᠨ ᠵᠢᠷᠤᠭ ᠶᠡᠷᠤ ᠡᠴᠡ ᠠᠭᠤᠯᠭ᠎ᠠ᠂ ᠠᠷᠭ᠎ᠠ ᠪᠠᠷᠢᠯ᠎ᠤᠨ ᠬᠤᠪᠢ᠎ᠳᠤ ᠮᠠᠰᠢ ᠴᠢᠯᠦᠭᠡᠲᠡᠢ ᠪᠠᠢᠳᠠᠭ᠃ ᠬᠡᠦᠬᠡᠳ᠎ᠤᠨ ᠵᠢᠷᠤᠭ᠎ᠢ ᠰᠢᠯᠭᠠᠷᠠᠭᠤᠯᠬᠤ᠎ᠳᠤ ᠲᠣᠭᠲᠠᠭᠰᠠᠨ ᠪᠠᠷᠢᠮᠵᠢᠶ᠎ᠠ ᠪᠠᠢᠳᠠᠭ ᠦᠭᠡᠢ᠂ ᠭᠣᠣᠯ ᠨᠢ ᠬᠡᠦᠬᠡᠳ᠎ᠤᠨ ᠰᠡᠳᠬᠢᠮᠵᠢ᠎ᠶᠢ ᠦᠵᠡᠳᠡᠭ᠃ ᠡᠨᠡ ᠤᠳᠠᠭ᠎ᠠ ᠴᠤ᠌ ᠠᠳᠠᠯᠢᠬᠠᠨ᠂ ᠵᠠᠩᠭᠠᠷ ᠪᠠᠭᠠᠲᠤᠷ᠎ᠤᠨ ᠳᠦᠷᠢ᠂ ᠬᠦᠯᠦᠭ ᠮᠣᠷᠢᠨ᠎ᠤ ᠲᠥᠷᠬᠦ᠂ ᠡᠭᠦᠯᠡ ᠮᠠᠨᠠᠨ ᠠᠭᠤᠯᠠ ᠤᠰᠤᠨ᠎ᠤ ᠥᠩᠭᠡ ᠪᠤᠳᠤᠭ᠎ᠤᠨ ᠵᠣᠬᠢᠴᠠᠯ ᠶᠠᠮᠠᠷ ᠪᠠᠢᠬᠤ᠂ ᠵᠢᠷᠤᠭ᠎ᠤᠨ ᠪᠦᠲᠦᠴᠡ ᠲᠣᠳᠣᠷᠬᠠᠢ ᠪᠠᠢᠬᠤ ᠡᠰᠡᠬᠦ᠂ ᠥᠪᠡᠷᠮᠢᠴᠡ ᠪᠦᠲᠦᠭᠡᠯᠴᠢ ᠴᠢᠨᠠᠷ ᠵᠢᠴᠢ ᠰᠢᠨ᠎ᠡ ᠰᠡᠪᠡᠭᠦᠨ ᠬᠠᠷᠠᠭᠠᠰᠤ᠎ᠲᠠᠢ ᠪᠠᠢᠬᠤ ᠡᠰᠡᠬᠦ᠎ᠶᠢ ᠦᠨᠳᠦᠰᠦᠯᠡᠵᠦ ᠰᠢᠯᠭᠠᠷᠠᠭᠤᠯᠤᠭᠰᠠᠨ ᠶᠤᠮ᠃ ᠡᠳᠡᠭᠡᠷ ᠬᠡᠦᠬᠡᠳ᠎ᠤᠨ ᠵᠢᠷᠤᠭ᠎ᠤᠳ ᠡᠴᠡ ᠬᠢᠵᠠᠭᠠᠯᠠᠰᠢ ᠦᠭᠡᠢ ᠲᠥᠰᠥᠭᠡᠯᠡᠨ ᠪᠤᠳᠤᠬᠤ ᠣᠷᠣᠨ ᠵᠠᠢ᠎ᠶᠢ ᠣᠯᠵᠤ ᠬᠠᠷᠠᠭᠰᠠᠨ᠂ ᠲᠤᠤᠯᠢ 《ᠵᠠᠩᠭᠠᠷ》 ᠎ᠢ᠋ ᠤᠷᠠᠨ ᠵᠢᠷᠤᠭ᠎ᠤᠨ ᠬᠡᠯᠪᠡᠷᠢ᠎ᠪᠠᠷ ᠥᠪᠯᠡᠨ ᠤᠯᠠᠮᠵᠢᠯᠠᠵᠤ ᠪᠠᠢᠭ᠎ᠠ ᠨᠢ ᠮᠠᠰᠢ ᠤᠴᠢᠷ ᠤᠳᠬ᠎ᠠ ᠲᠠᠢ ᠡᠬᠢᠯᠡᠯᠲᠡ ᠪᠣᠯᠣᠨ᠎ᠠ ᠭᠡᠵᠦ ᠲᠤᠰ ᠤᠳᠠᠭᠠᠨ᠎ᠤ ᠤᠷᠤᠯᠳᠤᠭᠠᠨ᠎ᠤ ᠬᠢᠨᠠᠬᠴᠢ ᠵᠢᠡ ᠨᠢᠭᠡ ᠪᠤᠯᠤᠬᠰᠠᠨ ᠨᠠᠷᠠᠳᠤ ᠱᠤᠭ ᠵᠢᠷᠤᠬᠴᠢᠨ ᠪᠠ᠊·ᠪᠢᠯᠢᠭ ᠦᠨᠳᠤᠷ ᠦᠨᠡᠯᠠᠯᠳᠠ ᠦᠭᠭᠦᠯ᠎ᠠ᠃

ᠲᠤᠮᠳᠠᠳᠤ ᠤᠯᠤᠰ᠎ᠤᠨ ᠬᠠᠷᠠᠭᠠᠰᠤ ᠡᠴᠡ ᠲᠤᠤᠯᠢ 《ᠵᠠᠩᠭᠠᠷ》 ᠎ᠢ᠋ ᠮᠥᠷᠳᠡᠭᠰᠡᠨ᠂ ᠮᠥᠨ ᠴᠤ᠌ ᠲᠤᠤᠯᠢ 《ᠵᠠᠩᠭᠠᠷ》 ᠎ᠢ᠋ ᠤᠯᠠᠨ ᠲᠦᠮᠡᠨ᠎ᠳᠤ ᠳᠡᠯᠭᠡᠷᠡᠭᠦᠯᠦᠨ ᠲᠠᠨᠢᠭᠤᠯᠬᠤ ᠪᠡᠷ ᠵᠣᠷᠢᠯᠭ᠎ᠠ ᠪᠤᠯᠭᠠᠭᠰᠠᠨ 《ᠲᠤᠮᠳᠠᠳᠤ ᠤᠯᠤᠰ᠎ᠤᠨ (ᠵᠠᠩᠭᠠᠷ) ᠰᠤᠳᠤᠯᠤᠯ 》 ᠨᠣᠮ᠎ᠢ ᠰᠢᠷᠢᠰ ᠠᠵᠢᠯᠯᠠᠭ᠎ᠠ ᠵᠢᠨ ᠠᠬᠤᠢ ᠲᠠᠯᠠᠪᠠᠢ᠎ᠳᠤ ᠲᠠᠷᠬᠠᠭᠠᠵᠤ᠂ ᠦᠵᠡᠭᠴᠢ ᠤᠯᠠᠨ ᠎ᠳᠠᠭᠠᠨ ᠬᠠᠯᠠᠭᠤᠨ ᠪᠡᠯᠡᠭ ᠪᠤᠯᠭᠠᠨ ᠪᠠᠷᠢᠯ᠎ᠠ᠃ ᠲᠤᠰ ᠨᠣᠮ᠎ᠢ ᠥᠪᠥᠷ ᠮᠣᠩᠭᠣᠯ᠎ᠤᠨ ᠶᠡᠬᠡ ᠰᠤᠷᠭᠠᠭᠤᠯᠢ ᠵᠢᠨ《ᠵᠠᠩᠭᠠᠷ》 ᠰᠤᠳᠤᠯᠤᠯ᠎ᠤᠨ ᠲᠥᠪ᠎ᠤᠨ ᠡᠷᠬᠢᠯᠡᠭᠴᠢ᠂ ᠫᠷᠤᠹᠸᠰᠰᠤᠷ ᠳ·ᠳᠠᠶᠠ ᠬᠢᠭᠡᠳ ᠦᠦᠰᠢᠨ ᠬᠣᠰᠢᠭᠤᠨ᠎ᠤ ᠠᠬᠠᠮᠠᠳ ᠵᠣᠬᠢᠶᠠᠯᠴᠢ ᠬᠠᠰᠴᠣᠭᠲᠤ ᠲᠤᠭᠤᠷᠪᠢᠵᠠᠢ᠃

2022 ᠣᠨ᠎ᠳᠤ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠬᠡᠷᠡᠭ ᠡᠷᠬᠢᠯᠡᠬᠦ ᠵᠥᠪᠯᠡᠯ᠎ᠤᠨ ᠴᠥᠭᠡᠨ ᠲᠣᠭᠠᠲᠤ ᠦᠨᠳᠦᠰᠦᠲᠡᠨ᠎ᠦ ᠰᠤᠳᠤᠷ ᠪᠢᠴᠢᠭ᠎ᠢ ᠴᠤᠭᠯᠠᠭᠤᠯᠤᠨ ᠡᠮᠬᠢᠳᠬᠡᠵᠦ ᠰᠤᠳᠤᠯᠬᠤ ᠲᠠᠰᠤᠭ ᠡᠴᠡ ᠦᠦᠰᠢᠨ ᠬᠣᠰᠢᠭᠤᠨ᠎ᠳᠤ᠂ 《ᠵᠠᠩᠭᠠᠷ》 ᠎ᠤ᠋ᠨ ᠠᠮᠠᠨ ᠤᠯᠠᠮᠵᠢᠯᠠᠯ᠎ᠢ ᠰᠡᠷᠭᠦᠭᠡᠬᠦ ᠰᠠᠨᠠᠭᠠᠴᠢᠯᠠᠭ᠎ᠠ ᠭᠠᠷᠭᠠᠨ᠂ ᠦᠦᠰᠢᠨ ᠬᠣᠰᠢᠭᠤᠨ᠎ᠤ ᠦᠨᠳᠦᠰᠦᠲᠡᠨ᠎ᠤ ᠬᠡᠷᠡᠭ ᠡᠷᠬᠢᠯᠡᠬᠦ ᠵᠥᠪᠯᠡᠯ ᠵᠡᠷᠭᠡ ᠬᠠᠮᠢᠶ᠎ᠠ ᠪᠦᠬᠦᠢ ᠪᠠᠢᠭᠤᠯᠭ᠎ᠠ ᠨᠢᠭᠡᠴᠢ᠎ᠶᠢ ᠳᠠᠶ᠋ᠢᠴᠢᠯᠠᠵᠤ᠂ ᠪᠣᠳᠠᠲᠠᠢ ᠵᠢᠭᠠᠨ ᠵᠢᠯᠣᠭᠣᠳᠤᠯᠭ᠎ᠠ ᠬᠢᠭᠰᠡᠨ ᠵᠢᠡᠷ ᠲᠤᠰ ᠬᠣᠰᠢᠭᠤᠨ᠎ᠤ 《ᠵᠠᠩᠭᠠᠷ》 ᠤ᠋ᠨ ᠰᠣᠶᠣᠯ᠎ᠢ ᠤᠯᠠᠮᠵᠢᠯᠠᠨ ᠲᠦᠭᠡᠮᠡᠯᠵᠢᠭᠦᠯᠬᠦ ᠠᠵᠢᠯ ᠢᠳᠡᠭ ᠢᠳᠡᠭ ᠵᠢᠡᠷ ᠭᠦᠨᠵᠡᠭᠡᠢᠷᠡᠵᠦ ᠡᠬᠢᠯᠡᠪᠡ᠃ ᠮᠦᠨ 2022 ᠣᠨ᠎ᠤ ᠰᠡᠭᠦᠯᠴᠢ᠎ᠳᠦ᠂ ᠦᠦᠰᠢᠨ ᠬᠣᠰᠢᠭᠤᠨ᠎ᠤ ᠦᠨᠳᠦᠰᠦᠲᠡᠨ᠎ᠤ ᠬᠡᠷᠡᠭ ᠡᠷᠬᠢᠯᠡᠬᠦ ᠵᠥᠪᠯᠡᠯ ᠡᠴᠡ 《ᠵᠠᠩᠭᠠᠷ》 ᠎ᠤ᠋ᠨ ᠤᠯᠠ ᠮᠥᠷ᠎ᠢ ᠮᠦᠷᠳᠡᠨ ᠬᠠᠢᠬᠤ᠂ 《 ᠵᠠᠩᠭᠠᠷ 》 ᠎ᠤ᠋ᠨ ᠪᠤᠳᠠᠰ᠎ᠤᠨ ᠪᠤᠰᠤ ᠰᠣᠶᠣᠯ᠎ᠤᠨ ᠦᠪ᠎ᠤᠨ ᠤᠯᠠᠮᠵᠢᠯᠠᠨ ᠵᠠᠯᠭᠠᠮᠵᠢᠯᠠᠬᠴᠢ᠎ᠶᠢ ᠬᠥᠮᠥᠵᠢᠭᠦᠯᠬᠦ ᠂ 《 ᠵᠠᠩᠭᠠᠷ》 ᠎ᠤ᠋ᠨ ᠰᠣᠶᠣᠯ᠎ᠤᠨ ᠲᠤᠬᠠᠢ ᠮᠡᠳᠡᠭᠡ ᠴᠢᠮᠡᠭᠡ᠂ ᠡᠷᠳᠡᠮ ᠰᠢᠨᠵᠢᠯᠡᠭᠡᠨ᠎ᠦ ᠠᠵᠢᠯ ᠵᠢᠴᠢ ᠵᠢᠭᠠᠨ ᠰᠤᠷᠭᠠᠯᠲᠠ᠎ᠶᠢ ᠵᠡᠷᠭᠡ ᠪᠡᠷ ᠠᠬᠢᠭᠤᠯᠬᠤ ᠵᠢᠨ ᠲᠥᠯᠥᠭᠡ᠂ ᠥᠪᠥᠷ ᠮᠣᠩᠭᠣᠯ᠎ᠤᠨ ᠶᠡᠬᠡ ᠰᠤᠷᠭᠠᠭᠤᠯᠢ ᠵᠢᠨ 《ᠵᠠᠩᠭᠠᠷ》 ᠰᠤᠳᠤᠯᠤᠯ᠎ᠤᠨ ᠲᠥᠪ᠎ᠦᠨ ᠡᠷᠬᠢᠯᠡᠭᠴᠢ᠂ ᠫᠷᠤᠹᠸᠰᠰᠤᠷ ᠳ·ᠳᠠᠶᠠ ᠬᠢᠭᠡᠳ ᠦᠦᠰᠢᠨ ᠬᠣᠰᠢᠭᠤᠨ᠎ᠤ ᠠᠬᠠᠮᠠᠳ ᠵᠣᠬᠢᠶᠠᠯᠴᠢ ᠬᠠᠰᠴᠣᠭᠲᠤ᠎ᠳᠦ 《ᠵᠠᠩᠭᠠᠷ》 ᠎ᠤ᠋ᠨ ᠭᠠᠷ ᠠᠪᠤᠯᠭ᠎ᠠ ᠵᠢᠨ ᠤᠩᠰᠢᠬᠤ ᠨᠣᠮ᠎ᠢ ᠨᠠᠢᠷᠠᠭᠤᠯᠬᠤ ᠠᠵᠢᠯ᠎ᠢ ᠨᠠᠢᠳᠠᠨ ᠲᠠᠭᠠᠭᠠᠯᠭᠠᠵᠠᠢ᠃


QQ20251210-101757.png


ᠵᠠᠩᠭᠠᠷ ᠰᠤᠳᠤᠯᠤᠭᠴᠢᠳ᠎ᠤᠨ ᠠᠷᠢᠭᠤᠨ ᠬᠦᠳᠡᠯᠮᠦᠷᠢ ᠨᠤᠮ᠎ᠤᠨ ᠪᠤᠶᠠᠨ᠎ᠳᠤᠷ ᠴᠠᠬᠢᠪᠠᠢ

ᠵᠠᠩᠭᠠᠷ᠎ᠤᠨ ᠲᠤᠬᠠᠢ ᠳᠡᠯᠡᠬᠡᠢ ᠨᠡᠶ᠋ᠢᠲᠡ ᠪᠡᠷ ᠵᠢᠡᠨ ᠰᠤᠳᠤᠯᠵᠦ ᠪᠤᠢ᠃ 《ᠲᠤᠮᠳᠠᠳᠤ ᠤᠯᠤᠰ᠎ᠤᠨ (ᠵᠠᠩᠭᠠᠷ) ᠰᠤᠳᠤᠯᠤᠯ》 ᠨᠣᠮ ᠪᠣᠯ ᠲᠤᠮᠳᠠᠳᠤ ᠤᠯᠤᠰ᠎ᠤᠨ ᠡᠷᠳᠡᠮᠲᠡᠳ᠎ᠦᠨ ᠰᠤᠳᠤᠯᠭᠠᠨ᠎ᠤ ᠦᠷ᠎ᠡ ᠪᠦᠲᠦᠭᠡᠯ᠎ᠳᠦ ᠰᠠᠭᠤᠷᠢᠯᠠᠵᠤ᠂ ᠲᠤᠤᠯᠢ 《ᠵᠠᠩᠭᠠᠷ》 ᠎ᠤ᠋ᠨ ᠤᠴᠢᠷ᠂ ᠵᠠᠩᠭᠠᠷᠴᠢ ᠵᠢᠴᠢ 《ᠵᠠᠩᠭᠠᠷ》 ᠎ᠤ᠋ᠨ ᠤᠯᠠᠮᠵᠢᠯᠠᠯ᠂ 《ᠵᠠᠩᠭᠠᠷ》 ᠤᠯᠠᠮᠵᠢᠯᠠᠬᠤ ᠳᠢᠭ ᠶᠣᠰᠣ᠌᠂ 《ᠵᠠᠩᠭᠠᠷ》 ᠎ᠤ᠋ᠨ ᠪᠠᠷ ᠬᠡᠪᠯᠡᠯ᠂ 《ᠵᠠᠩᠭᠠᠷ》 ᠰᠤᠳᠤᠯᠤᠯ᠎ᠤᠨ ᠣᠳᠣᠬᠢ ᠬᠠᠨᠳᠤᠰᠢ ᠵᠡᠷᠭᠡ ᠠᠭᠤᠯᠭ᠎ᠠ ᠨᠤᠭᠤᠳ᠎ᠢ ᠪᠠᠭᠲᠠᠭᠠᠭᠰᠠᠨ᠂ ᠲᠤᠮᠳᠠᠳᠤ ᠤᠯᠤᠰ᠎ᠤᠨ ᠬᠠᠷᠠᠭ᠎ᠠ ᠡᠴᠡ 《 ᠵᠠᠩᠭᠠᠷ》 ᠎ᠢ᠋ ᠲᠤᠯᠢᠳᠠᠵᠦ᠂ ᠲᠤᠮᠳᠠᠳᠤ ᠤᠯᠤᠰ᠎ᠤᠨ 《ᠵᠠᠩᠭᠠᠷ》 ᠰᠤᠳᠤᠯᠭᠠᠨ ᠶᠠᠮᠠᠷ ᠲᠦᠪᠰᠢᠨ᠎ᠳᠦ ᠬᠦᠷᠴᠦ ᠪᠠᠢᠭ᠎ᠠ ᠭᠡᠳᠡᠭ᠎ᠢ ᠬᠠᠷᠠᠭᠤᠯᠤᠨ᠂ ᠭᠣᠣᠯᠳᠠᠭᠤ 《ᠵᠠᠩᠭᠠᠷ》 ᠭᠡᠵᠦ ᠶᠠᠭᠤ ᠪᠣᠯᠬᠤ᠎ᠶᠢ ᠬᠥᠮᠥᠰ᠎ᠲᠦ ᠲᠠᠨᠢᠭᠤᠯᠵᠤ᠂ ᠲᠤᠤᠯᠢ 《ᠵᠠᠩᠭᠠᠷ》 ᠎ᠤ᠋ᠨ ᠦᠨᠳᠦᠰᠦᠨ ᠮᠡᠳᠡᠯᠭᠡ᠎ᠶᠢ ᠲᠦᠭᠡᠮᠡᠯᠵᠢᠬᠦᠯᠬᠦ ᠪᠡᠷ ᠵᠣᠷᠢᠯᠭ᠎ᠠ ᠪᠤᠯᠭᠠᠭᠰᠠᠨ ᠨᠣᠮ ᠪᠣᠯᠬᠤ ᠶᠤᠮ᠃

《ᠭᠡᠰᠡᠷ》᠂ 《ᠵᠠᠩᠭᠠᠷ》᠂ 《ᠮᠠᠨᠠᠰ》 ᠪᠣᠯ ᠳᠤᠮᠳᠠᠳᠤ ᠤᠯᠤᠰ᠎ᠤᠨ ᠭᠤᠷᠪᠠᠨ ᠶᠡᠬᠡ ᠪᠠᠭᠠᠲᠤᠷᠯᠢᠭ᠋ ᠲᠤᠤᠯᠢ ᠪᠣᠯᠣᠨ᠎ᠠ᠂ ᠡᠨᠡ ᠬᠦ᠌ ᠭᠤᠷᠪᠠᠨ ᠲᠤᠤᠯᠢ ᠳᠤᠮᠳᠠᠳᠤ ᠤᠯᠤᠰ ᠲᠤ᠌ ᠲᠤᠢᠯ᠎ᠤᠨ ᠶᠡᠬᠡ ᠨᠥᠯᠥᠭᠡᠯᠡᠬᠦ ᠬᠦᠴᠦᠨ ᠲᠠᠢ ᠪᠡᠷ ᠪᠠᠷᠠᠬᠤ ᠦᠭᠡᠢ᠂ ᠳᠡᠯᠡᠬᠡᠢ ᠳᠡᠭᠡᠷ᠎ᠡ ᠴᠦ᠍ ᠠᠯᠳᠠᠷᠲᠠᠢ ᠪᠠᠢᠵᠤ᠂ ᠬᠥᠮᠥᠨ ᠲᠥᠷᠥᠯᠬᠢᠲᠡᠨ᠎ᠤ ᠬᠠᠮᠲᠤ ᠶ᠋ᠢᠨ ᠰᠣᠶᠣᠯ᠎ᠤᠨ ᠥᠪ ᠪᠤᠯᠬᠤ ᠶᠤᠮ᠃ ᠪᠠᠭᠠᠲᠤᠷᠯᠢᠭ᠋ ᠲᠤᠤᠯᠢ ᠭᠣᠣᠯᠳᠠᠭᠤ ᠰᠢᠳᠤᠷᠭᠤ ᠶᠣᠰᠣ᠌ ᠶ᠋ᠢ ᠮᠠᠨᠳᠤᠭᠤᠯᠬᠤ᠂ ᠭᠡᠷ ᠣᠷᠣᠨ ᠶ᠋ᠢᠡᠨ ᠬᠠᠮᠠᠭᠠᠯᠠᠬᠤ᠂ ᠠᠷᠠᠳ ᠲᠦᠮᠡᠨ ᠳ᠋ᠤ᠌ ᠪᠤᠶᠠᠨ ᠦᠢᠯᠡᠳᠬᠦ ᠬᠠᠮᠲᠤ ᠶ᠋ᠢᠨ ᠭᠣᠣᠯ ᠰᠡᠳᠦᠪ᠎ᠤᠨ ᠲᠣᠭᠣᠷᠢᠨ ᠳ᠋ᠤ᠌ ᠡᠷᠲᠡᠨ᠎ᠤ ᠦᠨᠳᠦᠰᠦᠲᠡᠨ ᠨᠦ᠍ᠭᠦᠳ᠎ᠤᠨ ᠠᠷᠠᠳ ᠲᠦᠮᠡᠨ᠎ᠤ ᠠᠮᠤᠷ ᠲᠣᠭᠲᠠᠭᠤᠨ ᠡᠶ᠎ᠡ ᠨᠠᠢᠷᠠᠮᠳᠠᠭᠤ᠂ ᠡᠷᠬᠡ ᠴᠢᠯᠦᠭᠡ ᠳᠠᠢ ᠵᠣᠯ ᠵᠢᠷᠭᠠᠯᠲᠤ ᠠᠮᠢᠳᠤᠷᠠᠯ ᠎ᠤᠨ ᠬᠥᠭᠡᠭᠡᠴᠡᠯᠳᠦᠯ᠎ᠢ ᠭᠦᠢᠴᠡᠳ ᠢᠯᠡᠷᠡᠭᠦᠯᠦᠭᠰᠡᠨ ᠪᠠᠢᠳᠠᠭ᠃ ᠲᠡᠶ᠋ᠢᠮᠦ ᠪᠣᠯᠬᠣᠷ᠂ 《ᠵᠠᠩᠭᠠᠷ》 ᠳᠤᠮᠳᠠᠳᠤ᠎ᠶᠢᠨ ᠦᠨᠳᠦᠰᠦᠲᠡᠨ᠎ᠤ ᠬᠠᠮᠲᠤ᠎ᠶᠢᠨ ᠤᠶᠤᠨ ᠰᠠᠨᠠᠭᠠᠨ᠎ᠤ ᠭᠡᠷ ᠣᠷᠣᠨ᠎ᠤ ᠬᠣᠪᠣᠷ ᠨᠠᠨᠳᠢᠨ ᠡᠳ᠋ ᠪᠠᠶᠠᠯᠢᠭ᠋ ᠪᠠᠢᠵᠤ᠂ ᠲᠡᠭᠦᠨ᠎ᠳᠤ ᠠᠭᠤᠯᠤᠭᠳᠠᠵᠤ ᠪᠦᠬᠦᠢ ᠡᠬᠡ ᠣᠷᠣᠨᠴᠢ ᠦᠵᠡᠯ᠂ ᠰᠢᠳᠤᠷᠭᠤ ᠶᠣᠰᠣ᠌᠂ ᠡᠪ ᠨᠢᠭᠡᠳᠦᠯ ᠵᠡᠷᠭᠡ ᠤᠯᠠᠨ ᠬᠥᠮᠥᠯᠢᠭ ᠨᠠᠨᠳᠢᠨ ᠵᠦᠢᠯᠡᠰ ᠨᠢ ᠪᠠᠭᠠᠴᠤᠳ ᠬᠡᠦᠬᠡᠳ᠎ᠤᠨ ᠰᠤᠷᠭᠠᠨ ᠬᠥᠮᠦᠵᠢᠯ᠎ᠳᠤ ᠮᠠᠰᠢ ᠦᠭᠭᠦᠭᠡᠵᠢ ᠲᠠᠢ ᠡᠷᠳᠡᠨᠢ ᠪᠣᠯᠵᠤ ᠪᠠᠢᠳᠠᠭ ᠪᠢᠯᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号