ᠦᠩᠭᠡ᠎ᠶᠢᠨ ᠴᠡᠴᠡᠭᠡᠰ ᠣᠯᠠᠷᠢᠯ ᠶ᠋ᠢᠡᠨ ᠲᠠᠭᠠᠵᠦ ᠭᠣᠨᠲᠠᠵᠦ ᠭᠠᠩᠬᠣᠬᠣ ᠳ᠋ᠦ ᠣᠷᠠᠨ ᠵᠣᠬᠢᠶᠠᠯ᠎ᠤᠨ 《ᠦᠨᠢᠷ ᠴᠡᠴᠡᠭ》 ᠲᠡᠯᠡᠬᠡᠢ᠎ᠶᠢᠨ ᠴᠢᠮᠡᠭᠡ ᠴᠢᠩᠨᠠᠬᠰᠠᠨ ᠭᠠᠬᠴᠠᠭᠠᠷᠲᠠᠯ ᠦᠭᠡᠢ ᠦᠨᠢᠷ ᠲᠡᠯᠭᠡᠷ ᠬᠠᠷᠠᠭ᠎ᠠ ᠪᠡᠷ᠂ ᠲᠡᠯᠭᠡᠷᠡᠬᠦ᠎ᠶᠢᠨ ᠬᠦᠰᠡᠯ ᠡᠪᠦᠷᠯᠡᠭᠰᠡᠨ ᠭᠠᠩᠲᠠᠯ ᠦᠭᠡᠢ ᠴᠡᠴᠡᠭ᠎ᠤᠨ ᠠᠩᠬᠢᠯᠣᠮ᠎ᠠ ᠠᠭᠠᠷ ᠲᠦ᠍ ᠤᠨ ᠤᠨ᠎ᠤ ᠦᠩᠭᠡ ᠪᠣᠲᠣᠬ ᠪᠣᠯᠣᠨ ᠰᠠᠷ᠎ᠠ ᠰᠠᠷ᠎ᠠ᠎ᠶᠢᠨ ᠦᠨᠦᠷ ᠠᠮᠲᠠ ᠪᠡᠷ ᠣᠩᠰᠢᠬᠴᠢ ᠵᠣᠬᠢᠶᠠᠯᠴᠢᠳ᠎ᠤᠨ ᠶ᠋ᠢᠡᠨ ᠠᠯᠠᠭᠠᠨ ᠳ᠋ᠦ ᠴᠡᠴᠡᠭᠯᠡᠨ ᠣᠷᠭᠣᠬᠰᠠᠭᠠᠷ ᠦᠨᠦᠲᠦᠷ ᠪᠣᠯᠪᠠ᠃
11 ᠰᠠᠷ᠎ᠠ᠎ᠶᠢᠨ 25᠎ᠤ᠋ ᠡᠳᠦᠷ᠂ 《ᠦᠨᠢᠷ ᠴᠡᠴᠡᠭ》 ᠰᠡᠳᠬᠦᠯ᠎ᠤᠨ ᠬᠡᠪᠯᠡᠯ ᠡᠬᠢᠯᠡᠭᠰᠡᠨ 70 ᠵᠢᠯ᠎ᠤᠨ ᠣᠢ᠎ᠶᠢᠨ ᠶᠠᠷᠢᠯᠴᠠᠬᠣ ᠬᠣᠷᠠᠯ ᠬᠦᠬᠡᠬᠣᠲᠠ ᠳ᠋ᠦ ᠶᠠᠪᠣᠬᠲᠠᠪᠠ᠃ ᠶᠠᠷᠢᠯᠴᠠᠬᠣ ᠬᠣᠷᠠᠯ ᠳ᠋ᠦ ᠲᠣᠮᠲᠠᠲᠣ ᠣᠯᠣᠰ᠎ᠤᠨ ᠵᠣᠬᠢᠶᠠᠯᠴᠢᠳ᠎ᠤᠨ ᠡᠪᠯᠡᠯ᠎ᠤᠨ ᠬᠠᠮᠢᠶ᠎ᠠ ᠪᠦᠬᠦᠢ ᠣᠲᠣᠷᠢᠲᠣᠯᠭ᠎ᠠ ᠪᠣᠯᠣᠨ ᠣᠷᠣᠨ᠎ᠤ ᠲᠣᠲᠣᠨᠠ ᠭᠠᠲᠠᠨᠠᠬᠢ ᠶᠡᠬᠡ ᠲᠡᠭᠡᠲᠦ ᠰᠣᠷᠭᠠᠭᠣᠯᠢ᠎ᠶᠢᠨ ᠡᠷᠳᠡᠮᠲᠡᠨ ᠲᠣᠰᠬᠠᠢ ᠮᠡᠷᠭᠡᠵᠢᠯᠲᠡᠨ᠂ ᠵᠣᠬᠢᠶᠠᠯᠴᠢ ᠰᠢᠬᠦᠮᠵᠢᠯᠡᠭᠴᠢᠳ᠎ᠤᠨ ᠲᠦᠯᠦᠭᠡᠯᠡᠭᠴᠢ ᠪᠣᠯᠣᠨ ᠠᠬ᠎ᠠ ᠲᠡᠬᠦᠦ ᠰᠡᠳᠬᠦᠯ᠎ᠤᠨ ᠲᠦᠯᠦᠭᠡᠯᠡᠭᠴᠢ ᠵᠢᠴᠢ 《ᠦᠨᠢᠷ ᠴᠡᠴᠡᠭ》 ᠰᠡᠳᠬᠦᠯ ᠳ᠋ᠦ ᠠᠵᠢᠯᠯᠠᠵᠦ ᠦᠩᠭᠡᠷᠡᠭᠰᠡᠨ ᠠᠬᠠᠮᠠᠳ ᠨᠠᠢᠷᠠᠭᠣᠯᠣᠬᠴᠢ ᠨᠢᠭᠡ ᠲᠣᠣᠷ᠎ᠠ ᠬᠣᠷᠠᠨ ᠴᠣᠬᠯᠠᠷᠠᠵᠦ᠂ 《ᠦᠨᠢᠷ ᠴᠡᠴᠡᠭ》 ᠰᠡᠳᠬᠦᠯ ᠯᠣᠭᠡ ᠦᠶᠡᠷᠭᠡᠨ ᠲᠠᠨᠢᠯᠴᠠᠵᠦ᠂ ᠦᠵᠦᠭ ᠬᠣᠷᠴᠠᠯᠠᠨ ᠦᠰᠦᠭ ᠬᠡᠯᠬᠢᠵᠦ ᠣᠶᠠᠩᠭ᠎ᠠ ᠪᠦᠲᠦᠭᠡᠵᠦ ᠢᠷᠡᠭᠰᠡᠨ ᠣᠯᠠ ᠮᠦᠷ ᠶ᠋ᠢᠡᠨ ᠡᠷᠬᠢᠴᠡᠬᠦᠯᠵᠦ᠂ ᠣᠷᠠᠨ ᠵᠣᠬᠢᠶᠠᠯ᠎ᠤᠨ ᠣᠷᠲᠣ᠎ᠶᠢᠨ ᠦᠵᠦᠬᠦᠷᠡ ᠬᠦᠨᠤ ᠢᠷᠣᠭᠠᠷᠠ 《ᠦᠨᠢᠷ ᠴᠡᠴᠡᠭ》 ᠰᠡᠳᠬᠦᠯ ᠦᠷᠬᠦᠯᠵᠢᠯᠡᠨ ᠦᠭᠡ᠎ᠶᠢᠨ ᠬᠦᠴᠦᠲᠡᠢ᠂ ᠦᠬᠦᠯᠡᠪᠦᠷᠢ᠎ᠶᠢᠨ ᠬᠦᠨᠳᠦᠲᠡᠢ᠎ᠶᠢ ᠬᠠᠷᠠᠭᠣᠯᠣᠨ ᠣᠷᠠᠨ ᠵᠣᠬᠢᠶᠠᠯ᠎ᠤᠨ ᠠᠭᠣᠲᠠᠮ ᠲᠠᠯ᠎ᠠ ᠳ᠋ᠦ ᠦᠨᠢᠲᠡ ᠲᠡᠯᠭᠡᠷᠡᠬᠦ᠎ᠶᠢ ᠨᠢ ᠬᠦᠰᠡᠨ ᠵᠦᠩᠨᠡᠭᠰᠡᠨ ᠪᠠᠢᠨ᠎ᠠ᠃
70 ᠵᠢᠯ᠂ ᠲᠡᠦᠬᠡ᠎ᠶᠢᠨ ᠣᠷᠲᠣ ᠠᠶᠠᠨ ᠳ᠋ᠦ ᠬᠢᠯᠠᠰ ᠬᠣᠷᠣᠮ ᠲᠡᠳᠦᠢ ᠴᠦ᠍ ᠲᠠᠶᠠᠭᠠᠷ ᠣᠯᠠᠨ᠎ᠤ ᠣᠶᠣᠨ᠎ᠤ ᠲᠡᠵᠢᠭᠡᠯ ᠪᠣᠯᠣᠬᠰᠠᠨ《ᠦᠨᠢᠷ ᠴᠡᠴᠡᠭ》ᠰᠡᠳᠬᠦᠯ ᠳ᠋ᠦ ᠠᠪᠴᠣ ᠬᠡᠯᠡᠪᠡᠯ᠂ ᠦᠩᠭᠡ ᠲᠡᠬᠦᠯᠲᠡᠷ ᠦᠨᠦᠷ ᠠᠩᠬᠢᠯᠣᠭᠣᠨ ᠦᠯᠡᠮᠵᠢ ᠠᠮᠵᠢᠯᠲᠠ ᠲᠠᠢ ᠭᠡᠷᠡᠯ ᠰᠠᠴᠣᠷᠠᠩᠭᠣᠢ ᠵᠠᠮᠨᠠᠯ ᠪᠣᠯᠬᠣ ᠶᠣᠮ᠃ 70 ᠵᠢᠯ᠎ᠤᠨ ᠲᠣᠷᠰᠢᠲᠡ《ᠦᠨᠢᠷ ᠴᠡᠴᠡᠭ》 ᠰᠡᠳᠬᠦᠯ᠂ ᠦᠪ ᠰᠣᠶᠣᠯ᠎ᠤᠨ ᠰᠢᠮᠡᠲᠦ ᠬᠦᠷᠦᠰᠦ ᠳ᠋ᠦ ᠦᠨᠳᠦᠰᠦ ᠬᠦᠨ ᠬᠠᠳᠬᠣᠵᠦ᠂ ᠪᠣᠮᠠᠨ ᠤᠨ᠎ᠤ ᠪᠢᠯᠢᠭ᠎ᠤᠨ ᠰᠠᠩ ᠶ᠋ᠢᠡᠷ ᠦᠭᠬᠢᠶᠡᠮᠦᠷ ᠲᠡᠵᠢᠭᠡᠯ ᠶ᠋ᠢᠡᠨ ᠪᠣᠯᠭᠠᠵᠦ᠂ ᠡᠨᠡᠷᠢᠯᠲᠦ ᠨᠠᠮ᠎ᠤᠨ ᠬᠠᠢᠷ᠎ᠠ ᠬᠠᠯᠠᠮᠵᠢ᠎ᠶᠢᠨ ᠢᠯᠴᠢ ᠲᠣᠯᠠᠭᠠᠨᠢ ᠬᠦᠷᠲᠡᠨ᠂ ᠡᠷᠢᠨ ᠴᠠᠬ᠎ᠤᠨ ᠬᠦᠭ ᠠᠶᠠᠰ᠎ᠤᠨ ᠢᠲᠡᠷᠬᠡᠭ ᠰᠦᠯᠲᠡ᠎ᠶᠢ ᠰᠢᠬᠦᠲᠡᠷᠢᠯᠡᠵᠦ᠂ ᠬᠠᠪᠣᠷ᠂ ᠵᠣᠨ᠂ ᠨᠠᠮᠣᠷ᠂ ᠡᠪᠦᠯ ᠭᠡᠵᠦ ᠣᠯᠠᠷᠢᠯ ᠢᠯᠭᠠᠯ ᠦᠭᠡᠢ᠂ ᠬᠠᠯᠠᠭᠣᠨ᠂ ᠲᠣᠯᠠᠭᠠᠨ᠂ ᠴᠢᠬᠢᠭ᠂ ᠨᠣᠢᠲᠠᠨ ᠭᠡᠵᠦ ᠨᠦᠬᠦᠴᠡᠯ ᠰᠢᠯᠢᠯ ᠦᠭᠡᠢ ᠪᠠᠲᠠᠷᠠᠨ ᠲᠣᠯᠠᠯᠵᠠᠵᠦ ᠪᠠᠬᠰᠢᠷᠠᠨ ᠲᠡᠯᠭᠡᠷᠡᠭᠡᠳ᠂ ᠠᠮᠢᠯᠠᠯ᠎ᠤᠨ ᠴᠣᠬ ᠵᠢᠪᠬᠣᠭ᠎ᠠ ᠲᠠᠢ᠂ ᠠᠰᠢᠲᠠ᠎ᠶᠢᠨ ᠬᠦᠰᠡᠯ ᠨᠠᠢᠲᠠᠪᠣᠷᠢ ᠲᠠᠢ ᠭᠠᠩᠬᠣᠨ ᠲᠡᠯᠭᠡᠷᠡᠭᠰᠡᠭᠡᠷ ᠢᠷᠡᠵᠡᠢ᠃

《ᠦᠨᠢᠷ ᠴᠡᠴᠡᠭ》 ᠤ᠋ᠨ ᠬᠤᠷᠢᠶᠠᠡᠭᠭᠤᠢ
《ᠦᠨᠢᠷ ᠴᠡᠴᠡᠭ》 ᠤ᠋ᠨ ᠦᠨᠳᠦᠰᠦ ᠬᠦᠨ ᠰᠣᠷᠪᠣᠯᠵᠢ ᠪᠠᠲᠣ
— 70 ᠵᠢᠯ᠎ᠤᠨ ᠲᠣᠷᠰᠢ 《ᠦᠨᠢᠷ ᠴᠡᠴᠡᠭ》 ᠨᠢ ᠨᠠᠮ᠎ᠤᠨ ᠣᠳᠬ᠎ᠠ ᠣᠷᠠᠯᠢᠬ᠎ᠤᠨ ᠴᠢᠭᠯᠡᠯᠲᠡ ᠲᠦᠷᠦ᠎ᠶᠢᠨ ᠪᠣᠲᠣᠯᠭ᠎ᠠ᠎ᠶᠢᠨ ᠵᠢᠯᠣᠭᠣᠲᠣᠯᠭ᠎ᠠ ᠲᠣᠣᠷ᠎ᠠ᠂ 《ᠠᠷᠠᠳ ᠲᠦᠮᠡᠨ ᠳ᠋ᠦ ᠦᠢᠯᠡᠴᠢᠯᠡᠬᠦ᠂ ᠨᠡᠢᠭᠡᠮ ᠵᠢᠷᠣᠮ ᠳ᠋ᠦ ᠦᠢᠯᠡᠴᠢᠯᠡᠬᠦ》 ᠴᠢᠭᠯᠡᠯ ᠪᠠ 《ᠦᠩᠭᠡ᠎ᠶᠢᠨ ᠴᠡᠴᠡᠭ᠎ᠢ ᠵᠡᠷᠭᠡ ᠪᠡᠷ ᠲᠡᠯᠭᠡᠷᠡᠬᠦᠯᠵᠦ᠂ ᠡᠷᠳᠡᠮᠲᠡᠨ ᠪᠦᠬᠦᠨ᠎ᠢ ᠴᠢᠯᠦᠭᠡᠲᠡᠢ ᠶᠠᠷᠢᠯᠴᠠᠭᠣᠯᠬᠣ》 ᠴᠢᠭᠯᠡᠯᠲᠡ᠎ᠶᠢ ᠪᠠᠷᠢᠮᠲᠠᠯᠠᠨ᠂ ᠢᠮᠠᠬᠲᠠ ᠴᠠᠬ ᠦᠶ᠎ᠡ ᠲᠠᠢ ᠪᠠᠨ ᠵᠡᠷᠭᠡ ᠪᠡᠷ ᠣᠷᠣᠬᠰᠢᠯᠠᠵᠦ᠂ ᠠᠷᠠᠳ ᠲᠦᠮᠡᠨ ᠲᠠᠢ ᠪᠠᠨ ᠰᠡᠳᠬᠢᠯ ᠶ᠋ᠢᠡᠨ ᠨᠢᠭᠡᠳᠴᠦ᠂ ᠠᠷᠠᠳ ᠲᠦᠮᠡᠨ᠎ᠤ ᠠᠮᠢᠲᠣᠷᠠᠯ ᠲᠡᠮᠡᠴᠡᠯ᠎ᠢ ᠪᠢᠴᠢᠭᠯᠡᠵᠦ᠂ ᠴᠠᠬ ᠦᠶ᠎ᠡ᠎ᠶᠢᠨ ᠵᠤᠷᠢᠬ ᠰᠠᠨᠠᠭ᠎ᠠ᠎ᠶᠢ ᠢᠯᠡᠷᠡᠬᠦᠯᠵᠦ᠂ ᠦᠪᠦᠷ ᠮᠣᠩᠭᠣᠯ᠎ᠤᠨ ᠣᠷᠠᠨ ᠵᠣᠬᠢᠶᠠᠯ᠎ᠤᠨ ᠠᠮᠵᠢᠯᠲᠠ ᠪᠦᠲᠦᠮᠵᠢ᠎ᠶᠢ ᠬᠠᠷᠠᠭᠣᠯᠬᠣ ᠴᠢᠬᠣᠯᠠ ᠭᠡᠭᠡᠪᠴᠢ ᠪᠣᠯᠣᠬᠰᠠᠨ ᠪᠠᠢᠨ᠎ᠠ ᠭᠡᠵᠦ ᠶᠠᠷᠢᠯᠴᠠᠬᠣ ᠬᠣᠷᠠᠯ ᠳ᠋ᠦ ᠣᠷᠣᠯᠴᠠᠬᠰᠠᠨ ᠠᠷᠪᠠᠨ ᠭᠣᠷᠪᠠᠲᠣᠭᠠᠷ ᠬᠣᠭᠣᠴᠠᠭᠠᠨ᠎ᠤ ᠪᠦᠬᠦ ᠣᠯᠣᠰ᠎ᠤᠨ ᠣᠯᠣᠰ ᠲᠦᠷᠦ᠎ᠶᠢᠨ ᠵᠦᠪᠯᠡᠯᠭᠡᠨ᠎ᠤ ᠪᠠᠢᠩᠭᠣᠶᠢᠨ ᠭᠡᠰᠢᠬᠦᠨ᠂ ᠲᠣᠮᠲᠠᠲᠣ ᠣᠯᠣᠰ᠎ᠤᠨ ᠵᠣᠬᠢᠶᠠᠯᠴᠢᠳ᠎ᠤᠨ ᠡᠪᠯᠡᠯ᠎ᠤᠨ ᠲᠡᠳ᠋ ᠲᠡᠷᠢᠬᠦᠯᠡᠭᠴᠢ ᠪᠠᠢ ᠭᠸᠩ ᠱᠸᠩ ᠶᠠᠷᠢᠵᠦ ᠪᠠᠢᠯ᠎ᠠ ᠃

ᠪᠠᠳᠠᠷᠠᠨ ᠲᠡᠯᠭᠡᠷᠡᠭᠡ 《ᠦᠨᠢᠷ ᠴᠡᠴᠡᠭ》
ᠲᠡᠢᠮᠦ ᠡ᠂ 《ᠠᠷᠠᠳ ᠲᠦᠮᠡᠨ ᠳ᠋ᠦ ᠦᠢᠯᠡᠴᠢᠯᠡᠬᠦ᠂ ᠨᠡᠢᠭᠡᠮ ᠵᠢᠷᠣᠮ ᠳ᠋ᠦ ᠦᠢᠯᠡᠴᠢᠯᠡᠬᠦ》 ᠪᠣᠯ 《ᠦᠨᠢᠷ ᠴᠡᠴᠡᠭ》 ᠤ᠋ᠨ ᠦᠨᠢᠲᠡ᠎ᠶᠢᠨ ᠪᠠᠷᠢᠮᠲᠠᠯᠠᠯ ᠪᠣᠯᠬᠣ ᠪᠦᠭᠡᠳ ᠦᠨᠦᠲᠦᠷ ᠪᠣᠯᠲᠠᠯ᠎ᠠ ᠦᠩᠭᠡ ᠢᠯᠭᠠᠷᠠᠨ ᠮᠢᠷᠠᠯᠵᠠᠨ ᠲᠡᠯᠭᠡᠷᠡᠭᠰᠡᠨᠤ ᠬᠢᠨᠢ ᠦᠨᠳᠦᠰᠦ ᠰᠢᠯᠲᠠᠭᠠᠨ ᠪᠠᠢᠵᠦ ᠲᠠᠭᠠᠷᠠᠬᠣ ᠶᠣᠮ᠃ 70 ᠵᠢᠯ᠎ᠤᠨ ᠡᠮᠦᠨ᠎ᠡ᠂ ᠬᠡᠪᠯᠡᠯ ᠡᠬᠢᠯᠡᠬᠦ ᠳ᠋ᠣᠭᠠᠷ ᠲᠠᠭᠠᠨ 《ᠠᠵᠢᠯᠴᠢᠳ᠂ ᠲᠠᠷᠢᠶᠠᠴᠢᠳ᠂ ᠮᠠᠯᠴᠢᠳ᠎ᠤᠨ ᠵᠠᠯᠠᠭᠣ ᠵᠣᠬᠢᠶᠠᠯᠴᠢᠳ᠎ᠢ ᠪᠦᠯᠬᠦᠮᠲᠡᠬᠦᠯᠦᠨ ᠲᠡᠳᠡᠨ᠎ᠢ ᠬᠦᠮᠦᠵᠢᠬᠦᠯᠵᠦ᠂ ᠣᠯᠠᠨ ᠲᠦᠮᠡᠨ ᠳ᠋ᠦ ᠬᠢᠯᠪᠡᠷ ᠣᠢᠯᠠᠭᠠᠬᠲᠠᠬᠣ ᠮᠣᠩᠭᠣᠯ ᠬᠡᠯᠡᠨ᠎ᠤ ᠣᠷᠠᠨ ᠵᠣᠬᠢᠶᠠᠯ ᠶ᠋ᠢᠡᠷ ᠬᠠᠩᠭᠠᠨ᠂ ᠲᠡᠷᠢᠬᠦᠨ᠎ᠤ ᠦᠨᠳᠦᠰᠦᠲᠡᠨ ᠨᠣᠬᠦᠳ᠎ᠤᠨ ᠰᠢᠯᠢᠲᠡᠭ ᠣᠷᠠᠨ ᠵᠣᠬᠢᠶᠠᠯ᠎ᠤᠨ ᠣᠷᠴᠢᠭᠣᠯᠭ᠎ᠠ᠎ᠶᠢ ᠴᠦ᠍ ᠨᠡᠢᠲᠡᠯᠡᠬᠦ ᠪᠣᠯᠣᠨ᠎ᠠ》 ᠭᠡᠮᠡᠨ ᠲᠣᠩᠬᠠᠬᠯᠠᠬᠰᠠᠨ ᠪᠦᠭᠡᠳ ᠡᠬᠦᠨ᠎ᠢ ᠪᠠᠨ ᠲᠣᠭᠣᠰᠢᠯᠠᠭᠣᠯᠣᠨ ᠦᠢᠯᠡᠲᠦᠯᠭᠡᠵᠢᠬᠦᠯᠬᠦᠶᠢ ᠪᠠᠷᠢᠮᠲᠠᠯᠠᠵᠦ᠂ ᠬᠡᠳᠦ ᠣᠲᠠᠭ᠎ᠠ ᠨᠡᠷ᠎ᠡ ᠪᠠᠨ ᠬᠠᠯᠠᠵᠦ᠂ ᠲᠣᠬᠢᠲᠠᠢ ᠠᠯᠪᠠᠨ ᠭᠡᠷ ᠣᠯᠬᠣ᠎ᠶᠢᠨ ᠲᠣᠰᠠᠲᠠ ᠬᠣᠷᠢ ᠰᠢᠬᠠᠮ ᠣᠲᠠᠭ᠎ᠠ ᠨᠡᠬᠦᠵᠦ ᠪᠠᠭᠣᠵᠦ ᠶᠠᠪᠣᠬᠰᠠᠨ ᠴᠦ᠍ ᠮᠣᠩᠭᠣᠯ ᠣᠷᠠᠨ ᠵᠣᠬᠢᠶᠠᠯ᠎ᠢ ᠴᠡᠴᠡᠭᠯᠡᠬᠦᠯᠦᠨ ᠬᠦᠭᠵᠢᠬᠦᠯᠬᠦ ᠲᠠᠷᠬᠠᠨ ᠬᠠᠷᠢᠭᠣᠴᠠᠯᠭ᠎ᠠ ᠪᠣᠯᠣᠨ ᠬᠦᠨᠲᠦ ᠡᠬᠦᠷᠭᠡ ᠪᠠᠨ ᠪᠣᠲᠣ ᠴᠡᠭᠡᠵᠢᠯᠡᠵᠦ᠂ ᠨᠠᠮ᠎ᠤᠨ ᠣᠳᠬ᠎ᠠ ᠣᠷᠠᠯᠢᠬ᠎ᠤᠨ ᠴᠢᠭᠯᠡᠯᠲᠡ ᠲᠦᠷᠦ᠎ᠶᠢᠨ ᠪᠣᠲᠣᠯᠭ᠎ᠠ᠎ᠶᠢ ᠣᠬᠠᠭᠣᠯᠬᠣ᠂ ᠡᠯ᠎ᠡ ᠦᠨᠳᠦᠰᠦᠲᠡᠨ᠎ᠤ ᠵᠣᠬᠢᠶᠠᠯᠴᠢ᠎ᠶᠢ ᠬᠦᠮᠦᠵᠢᠬᠦᠯᠦᠨ ᠪᠦᠯᠬᠦᠮᠲᠡᠬᠦᠯᠬᠦ ᠴᠢᠬᠣᠯᠠ ᠰᠠᠭᠣᠷᠢᠨ ᠭᠠᠵᠠᠷ ᠪᠣᠯᠣᠬᠰᠠᠭᠠᠷ ᠢᠷᠡᠵᠡᠢ᠃
70 ᠵᠢᠯ᠎ᠤᠨ ᠲᠣᠷᠰᠢᠲᠠ᠂ 《ᠦᠨᠢᠷ ᠴᠡᠴᠡᠭ》 ᠰᠡᠳᠬᠦᠯ ᠵᠦᠪ ᠣᠨᠣᠪᠴᠢᠲᠠᠢ ᠣᠯᠣᠰ ᠲᠦᠷᠦ᠎ᠶᠢᠨ ᠴᠢᠭᠯᠡᠯ ᠪᠠ ᠰᠡᠳᠬᠦᠯ ᠡᠷᠬᠢᠯᠡᠬᠦ ᠣᠲᠣᠷᠢᠲᠣᠮᠵᠢ᠎ᠶᠢ ᠪᠠᠷᠢᠮᠲᠠᠯᠠᠵᠦ᠂ ᠦᠷᠭᠡᠨ ᠣᠯᠠᠨ ᠣᠳᠬ᠎ᠠ ᠣᠷᠠᠯᠢᠬ᠎ᠤᠨ ᠠᠵᠢᠯᠲᠠᠳ᠎ᠢ ᠪᠦᠯᠬᠦᠮᠲᠡᠬᠦᠯᠦᠨ ᠲᠠᠢᠴᠢᠯᠠᠵᠦ᠂ ᠦᠪᠦᠷ ᠮᠣᠩᠭᠣᠯ᠎ᠤᠨ ᠦᠩ ᠰᠢᠮᠡᠯᠢᠭ ᠬᠦᠷᠦᠰᠦᠨ ᠳ᠋ᠦ ᠬᠦᠨ ᠦᠨᠳᠦᠰᠦᠯᠡᠵᠦ᠂ ᠦᠪᠦᠷ ᠮᠣᠩᠭᠣᠯ᠎ᠤᠨ ᠦᠨᠳᠦᠰᠦᠲᠡᠨ ᠨᠣᠬᠦᠳ᠎ᠤᠨ ᠠᠷᠠᠳ ᠲᠦᠮᠡᠨ᠎ᠤ ᠲᠡᠮᠡᠴᠡᠯ᠎ᠤᠨ ᠲᠡᠦᠬᠡᠨ ᠶᠠᠪᠣᠴᠠ ᠪᠠ ᠰᠠᠢᠨ ᠰᠠᠢᠬᠠᠨ ᠠᠮᠢᠲᠣᠷᠠᠯ᠎ᠢ ᠮᠠᠬᠲᠠᠨ ᠲᠠᠭᠣᠯᠠᠵᠦ᠂ ᠨᠠ᠊ · ᠰᠠᠢᠨᠴᠣᠬᠲᠣᠶᠢᠨ 《ᠪᠠᠶᠠᠷ᠎ᠤᠨ ᠲᠠᠭᠣᠯᠠᠯ》᠂ ᠪ·ᠪᠦᠷᠢᠨᠪᠡᠬᠢ᠎ᠶᠢᠨ 《ᠠᠮᠢᠯᠠᠯ᠎ᠤᠨ ᠪᠡᠯᠭᠡᠲᠦ ᠴᠡᠴᠡᠭ》᠂ ᠯᠢᠭᠲᠡᠨᠤ 《ᠠᠮᠢᠲᠣᠷᠠᠯ᠎ᠤᠨ ᠯᠣᠬᠢᠬ》᠂ ᠴᠢ᠊· ᠮᠡᠷᠭᠡᠨᠤ 《ᠭᠣᠯᠢᠶ᠎ᠠ᠎ᠶᠢᠨ ᠲᠠᠭᠣᠨ》 ᠁ ᠵᠡᠷᠭᠡ ᠣᠯᠠᠨ᠎ᠠ ᠠᠯᠲᠠᠷᠰᠢᠬᠰᠠᠨ ᠰᠣᠩᠭᠣᠲᠠᠬ ᠪᠦᠲᠦᠭᠡᠯ ᠤ᠋ᠤᠨ ᠪᠦᠷ 《ᠦᠨᠢᠷ ᠴᠡᠴᠡᠭ》 ᠤ᠋ᠨ ᠲᠡᠨᠵᠢᠨ ᠳ᠋ᠦ ᠦᠩᠭᠡ ᠪᠠᠲᠠᠷᠠᠨ ᠲᠡᠯᠭᠡᠷᠡᠵᠦ ᠣᠩᠰᠢᠬᠴᠢᠳ᠎ᠤᠨ ᠲᠠᠭᠠᠰᠢᠶᠠᠯ᠎ᠢ ᠬᠦᠷᠲᠡᠭᠰᠡᠨ ᠶᠣᠮ᠃ ᠡᠢᠨᠬᠦ ᠬᠡᠳᠦᠨ ᠦᠶ᠎ᠡ᠎ᠶᠢᠨ ᠵᠣᠬᠢᠶᠠᠯᠴᠢᠳ《ᠦᠨᠢᠷ ᠴᠡᠴᠡᠭ》 ᠡᠴᠡ ᠣᠷᠠᠨ ᠵᠣᠬᠢᠶᠠᠯ᠎ᠤᠨ ᠠᠶᠠᠨ ᠳ᠋ᠦ ᠮᠣᠷᠲᠠᠵᠦ᠂ ᠦᠭᠡᠰ᠎ᠢ ᠢᠷᠠᠭᠣᠬᠠᠨ ᠶ᠋ᠢᠡᠷ ᠴᠣᠬᠴᠠᠯᠠᠨ᠂ ᠦᠭᠡ᠎ᠶᠢ ᠦᠯᠡᠮᠵᠢ ᠲᠣᠲᠣᠷᠬᠠᠢ ᠲᠦᠷᠰᠦᠯᠡᠨ᠂ ᠴᠢᠨᠠᠷ᠎ᠢ ᠣᠢ ᠲᠣᠢᠨ ᠳ᠋ᠦ ᠰᠢᠩᠭᠡᠲᠡᠯ᠎ᠡ ᠦᠵᠡᠬᠦᠯᠦᠭᠰᠡᠨ ᠣᠷᠠᠨ ᠪᠦᠲᠦᠭᠡᠯ ᠤ᠋ᠤᠨ ᠨᠢ ᠡᠨᠲᠡ ᠮᠡᠨᠲᠦᠯᠡᠵᠦ ᠣᠩᠰᠢᠬᠴᠢᠳ᠎ᠤᠨ ᠬᠠᠷᠠᠭ᠎ᠠ᠎ᠶᠢ ᠪᠠᠶᠠᠰᠬᠠᠨ ᠣᠶᠣᠨ᠎ᠢ ᠣᠮᠲᠠᠯᠠᠵᠦ ᠪᠠᠢᠬᠰᠠᠨ ᠪᠢᠯᠡ᠃ ᠬᠣᠪᠢᠰᠬᠠᠯᠲᠣ ᠣᠷᠠᠨ ᠵᠣᠬᠢᠶᠠᠯ᠂ ᠰᠢᠷᠬ᠎ᠠ ᠰᠣᠷᠪᠢ᠎ᠶᠢᠨ ᠣᠷᠠᠨ ᠵᠣᠬᠢᠶᠠᠯ᠂ ᠰᠢᠨ᠎ᠡ ᠮᠢᠩᠭᠠᠨᠤ ᠣᠷᠠᠨ ᠵᠣᠬᠢᠶᠠᠯ ᠭᠡᠬᠦᠴᠢᠯᠡᠨ ᠣᠲᠣ ᠦᠶ᠎ᠡ᠎ᠶᠢᠨ ᠮᠣᠩᠭᠣᠯ ᠣᠷᠠᠨ ᠵᠣᠬᠢᠶᠠᠯ᠎ᠤᠨ ᠪᠦᠬᠦᠢ ᠯᠡ ᠣᠷᠣᠰᠬᠠᠯ ᠪᠦᠯᠦᠭ᠎ᠤᠨ ᠵᠣᠬᠢᠶᠠᠯᠴᠢᠳ᠎ᠤᠨ ᠵᠣᠬᠢᠶᠠᠯ ᠪᠦᠲᠦᠭᠡᠯ᠎ᠢ ᠪᠦᠷ 《ᠦᠨᠢᠷ ᠴᠡᠴᠡᠭ》 ᠡᠴᠡ ᠲᠣᠢᠮᠣᠯᠠᠨ ᠣᠩᠰᠢᠵᠦ ᠪᠣᠯᠲᠠᠬ᠃
1979 ᠤᠨ ᠳ᠋ᠦ 《ᠦᠨᠢᠷ ᠴᠡᠴᠡᠭ》 ᠰᠡᠳᠬᠦᠯ᠎ᠤᠨ 《ᠴᠡᠴᠡᠭ᠎ᠤᠨ ᠬᠣᠷ᠎ᠠ》 ᠪᠣᠯᠣᠩ᠎ᠤᠨ ᠰᠠᠭᠣᠷᠢᠨ ᠲᠡᠭᠡᠷ᠎ᠡ 《ᠲᠡᠯᠡᠬᠡᠢ᠎ᠶᠢᠨ ᠣᠳᠬ᠎ᠠ ᠵᠣᠬᠢᠶᠠᠯ》 ᠰᠡᠳᠬᠦᠯ᠎ᠢ ᠡᠬᠦᠰᠭᠡᠨ ᠡᠷᠬᠢᠯᠡᠵᠦ᠂ ᠭᠠᠲᠠᠭᠠᠲᠣ᠎ᠶᠢᠨ ᠰᠣᠩᠭᠣᠲᠠᠬ ᠪᠦᠲᠦᠭᠡᠯ᠎ᠢ ᠣᠷᠴᠢᠭᠣᠯᠣᠨ ᠲᠠᠨᠢᠯᠴᠠᠭᠣᠯᠬᠣ ᠪᠡᠷ ᠭᠣᠣᠯᠲᠠᠯᠭ᠎ᠠ ᠪᠣᠯᠭᠠᠪᠠ᠃ 1981 ᠤᠨ ᠳ᠋ᠦ《ᠦᠨᠢᠷ ᠴᠡᠴᠡᠭ》 ᠰᠡᠳᠬᠦᠯ᠎ᠤᠨ ᠣᠨᠣᠯ ᠰᠢᠬᠦᠮᠵᠢ ᠪᠣᠯᠣᠩ ᠡᠴᠡ ᠬᠦᠭᠵᠢᠵᠦ ᠰᠠᠯᠪᠣᠷᠢᠯᠠᠬᠰᠠᠨ 《ᠠᠯᠲᠠᠨ ᠲᠦᠯᠬᠢᠬᠦᠷ》 ᠰᠡᠳᠬᠦᠯ ᠬᠡᠪᠯᠡᠯ ᠡᠬᠢᠯᠡᠵᠦ᠂ ᠮᠣᠩᠭᠣᠯ ᠬᠡᠯᠡᠨ᠎ᠤ ᠣᠷᠠᠨ ᠵᠣᠬᠢᠶᠠᠯ᠎ᠤᠨ ᠣᠨᠣᠯ ᠰᠢᠬᠦᠮᠵᠢ᠎ᠶᠢᠨ ᠴᠢᠬᠣᠯᠠ ᠰᠠᠭᠣᠷᠢᠨ ᠪᠣᠯᠵᠠᠢ᠃ 2021 ᠤᠨ ᠳ᠋ᠦ᠂ 《ᠦᠨᠢᠷ ᠴᠡᠴᠡᠭ》 ᠰᠡᠳᠬᠦᠯ᠎ᠤᠨ ᠬᠣᠷᠢᠶ᠎ᠠ ᠬᠢᠭᠡᠳ《ᠲᠠᠯ᠎ᠠ ᠨᠣᠲᠣᠬ》 ᠰᠡᠳᠬᠦᠯ᠎ᠤᠨ ᠬᠣᠷᠢᠶ᠎ᠠ᠎ᠶᠢ ᠨᠡᠢᠯᠡᠬᠦᠯᠣᠨ᠂ ᠦᠪᠦᠷ ᠮᠣᠩᠭᠣᠯ᠎ᠤᠨ ᠣᠳᠬ᠎ᠠ ᠵᠣᠬᠢᠶᠠᠯ ᠰᠡᠳᠬᠦᠯ᠎ᠤᠨ ᠬᠣᠷᠢᠶ᠎ᠠ᠎ᠶᠢ ᠪᠠᠢᠭᠣᠯᠵᠣ᠂ 《ᠲᠠᠯ᠎ᠠ ᠨᠣᠲᠣᠬ》᠂ 《ᠦᠨᠢᠷ ᠴᠡᠴᠡᠭ》᠂ 《ᠲᠡᠯᠡᠬᠡᠢ᠎ᠶᠢᠨ ᠣᠳᠬ᠎ᠠ ᠵᠣᠬᠢᠶᠠᠯ》 ᠭᠡᠬᠦ ᠭᠣᠷᠪᠠᠨ ᠰᠡᠳᠬᠦᠯ᠎ᠢ ᠨᠠᠢᠷᠠᠭᠣᠯᠣᠨ ᠬᠡᠪᠯᠡᠬᠦᠯᠬᠦ ᠪᠣᠯᠪᠠ᠃ ᠴᠠᠬ ᠦᠶ᠎ᠡ ᠦᠭᠰᠦᠵᠦ ᠬᠣᠪᠢᠷᠠᠬᠰᠠᠨ ᠴᠦ᠍ ᠴᠢᠭᠯᠡᠯ ᠵᠣᠷᠢᠯᠲᠠ ᠬᠡᠵᠢᠶᠡᠲᠡ ᠬᠣᠪᠢᠷᠠᠰᠢ ᠦᠭᠡᠢ᠃ ᠰᠢᠨ᠎ᠡ ᠴᠠᠬ ᠦᠶ᠎ᠡ ᠳ᠋ᠦ 《ᠦᠨᠢᠷ ᠴᠡᠴᠡᠭ》 ᠰᠡᠳᠬᠦᠯ 《ᠴᠠᠭᠠᠰᠣᠨ ᠰᠡᠳᠬᠦᠯ + ᠲᠣᠭᠠᠴᠢᠯᠠᠬᠰᠠᠨ ᠵᠠᠭᠣᠴᠢᠯᠠᠭᠣᠷ》 ᠲᠠᠮᠵᠢᠭᠣᠯᠭᠠᠶᠢᠨ ᠬᠡᠯᠪᠡᠷᠢ ᠪᠡᠷ ᠲᠣᠮᠲᠠᠲᠣ ᠣᠯᠣᠰ᠎ᠤᠨ ᠴᠦᠭᠡᠨ ᠲᠣᠭᠠᠲᠣ ᠦᠨᠳᠦᠰᠦᠲᠡᠨ᠎ᠤ ᠣᠷᠠᠨ ᠵᠣᠬᠢᠶᠠᠯ᠎ᠤᠨ ᠦᠢᠯᠡᠰ᠎ᠤᠨ ᠴᠡᠴᠡᠭᠯᠡᠨ ᠬᠦᠭᠵᠢᠬᠦ᠎ᠶᠢ ᠠᠬᠢᠭᠣᠯᠵᠦ᠂ ᠦᠨᠳᠦᠰᠦᠲᠡᠨ ᠨᠣᠬᠦᠳ᠎ᠤᠨ ᠶᠠᠪᠣᠯᠴᠠᠭ᠎ᠠ ᠰᠣᠯᠢᠯᠴᠠᠭ᠎ᠠ ᠠᠭᠣᠰᠣᠯᠴᠠᠯ᠎ᠢ ᠠᠬᠢᠭᠣᠯᠬᠣ᠂ ᠲᠣᠮᠲᠠᠲᠣ᠎ᠶᠢᠨ ᠦᠨᠳᠦᠰᠦᠲᠡᠨ᠎ᠤ ᠬᠠᠮᠲᠣ᠎ᠶᠢᠨ ᠴᠣᠬᠴᠠ᠎ᠶᠢᠨ ᠣᠬᠠᠮᠰᠠᠷ᠎ᠢ ᠪᠠᠲᠣ ᠴᠣᠬᠴᠠᠯᠠᠬᠣ᠂ ᠲᠣᠮᠲᠠᠲᠣ᠎ᠶᠢᠨ ᠦᠨᠳᠦᠰᠦᠲᠡᠨ᠎ᠤ ᠬᠠᠮᠲᠣ᠎ᠶᠢᠨ ᠣᠶᠣᠨ ᠰᠠᠨᠠᠭᠠᠨ᠎ᠤ ᠭᠡᠷ ᠣᠷᠣᠨ᠎ᠢ ᠪᠠᠢᠭᠣᠯᠬᠣ ᠳ᠋ᠦ ᠢᠲᠡᠪᠬᠢᠲᠡᠢ ᠬᠣᠪᠢ ᠨᠡᠮᠡᠷᠢ ᠦᠵᠡᠬᠦᠯᠵᠦ᠂ 《ᠠᠨᠠᠷ᠎ᠤᠨ ᠦᠷ᠎ᠡ》᠂ 《ᠮᠣᠩᠭᠣᠯ ᠮᠣᠷᠢᠨ᠎ᠤ ᠵᠣᠷᠢᠬ ᠰᠠᠨᠠᠭ᠎ᠠ》 ᠵᠡᠷᠭᠡ ᠲᠣᠰᠬᠠᠢ ᠪᠣᠯᠣᠩ ᠨᠡᠭᠡᠭᠡᠵᠦ ᠴᠠᠬ ᠦᠶ᠎ᠡ᠎ᠶᠢᠨ ᠬᠦᠭ ᠠᠶᠠᠰ ᠲᠦ᠍ ᠨᠡᠢᠴᠡᠭᠰᠡᠨ ᠵᠣᠬᠢᠶᠠᠯ ᠪᠦᠲᠦᠭᠡᠯ᠎ᠢ ᠨᠡᠢᠲᠡᠯᠡᠬᠦ᠎ᠶᠢᠨ ᠲᠠᠭᠠᠣ ᠵᠠᠯᠠᠭᠣ ᠵᠣᠬᠢᠶᠠᠬᠴᠢᠳᠤᠨ ᠦᠰᠦᠨ ᠪᠣᠢᠵᠢᠯᠲᠠ ᠳ᠋ᠦ ᠠᠩᠬᠠᠷᠣᠯ ᠬᠠᠨᠲᠣᠭᠣᠯᠣᠬᠰᠠᠨ《ᠣᠷᠠᠨ ᠵᠣᠬᠢᠶᠠᠯ᠎ᠤᠨ ᠠᠬᠣᠢ ᠲᠠᠯᠠᠪᠠᠢ》᠂《ᠦᠷ᠎ᠤᠨ ᠴᠣᠯᠮᠣᠨ》᠂ 《ᠵᠠᠯᠠᠭᠣᠴᠣᠳ᠎ᠤᠨ ᠮᠠᠷᠱ》 ᠵᠡᠷᠭᠡ ᠣᠨᠴᠠᠯᠢᠬᠲᠣ ᠪᠣᠯᠣᠩᠢ ᠲᠦᠰᠦᠪᠯᠡᠵᠦ᠂ ᠭᠣᠣᠯᠲᠠᠯᠭ᠎ᠠ ᠲᠠᠢ ᠵᠣᠬᠢᠶᠠᠯᠴᠢᠳ᠎ᠤᠨ ᠡᠬᠡ ᠪᠢᠴᠢᠭ ᠵᠠᠰᠠᠬᠣ ᠪᠣᠯᠪᠠᠰᠣᠷᠠᠯ᠎ᠤᠨ ᠠᠩᠬᠢ᠂ ᠵᠣᠬᠢᠶᠠᠯ ᠪᠦᠲᠦᠭᠡᠯ᠎ᠤᠨ ᠰᠣᠲᠣᠯᠣᠨ ᠶᠠᠷᠢᠯᠴᠠᠬᠣ ᠬᠣᠷᠠᠯ ᠵᠡᠷᠭᠡ ᠰᠢᠷᠢᠰ ᠠᠵᠢᠯᠯᠠᠭ᠎ᠠ᠎ᠶᠢ ᠪᠠᠢᠩᠭᠣᠶᠢᠨ ᠴᠢᠨᠠᠷᠲᠠᠢ ᠡᠷᠬᠢᠯᠡᠵᠦ᠂ ᠲᠦᠷᠪᠡᠨ ᠵᠢᠯ ᠲᠠᠷᠠᠭᠠᠯᠠᠨ ᠲᠣᠮᠲᠠᠲᠣ᠎ᠶᠢᠨ ᠦᠨᠳᠦᠰᠦᠲᠡᠨ᠎ᠤ ᠬᠠᠮᠲᠣ᠎ᠶᠢᠨ ᠴᠣᠬᠴᠠ᠎ᠶᠢᠨ ᠣᠬᠠᠮᠰᠠᠷ᠎ᠢ ᠪᠠᠲᠣ ᠴᠣᠬᠴᠠᠯᠠᠬᠣ ᠭᠣᠣᠯᠲᠠᠯᠭ᠎ᠠ ᠲᠠᠢ ᠵᠣᠬᠢᠶᠠᠯᠴᠢ᠎ᠶᠢᠨ ᠡᠬᠡ ᠪᠢᠴᠢᠭ ᠵᠠᠰᠠᠬᠣ ᠠᠩᠬᠢ ᠪᠠ 《ᠦᠨᠳᠦᠰᠦᠨ ᠱᠠᠲᠣᠨ᠎ᠤ ᠡᠬᠡ ᠪᠢᠴᠢᠭ ᠵᠠᠰᠠᠬᠣ ᠠᠩᠬᠢ》 ᠵᠡᠷᠭᠡ᠎ᠶᠢ ᠡᠷᠬᠢᠯᠡᠵᠦ᠂ ᠭᠣᠷᠪᠠᠨ ᠵᠢᠯ ᠲᠠᠷᠠᠭᠠᠯᠠᠨ ᠵᠠᠯᠠᠭᠣ ᠵᠣᠬᠢᠶᠠᠯᠴᠢᠳ᠎ᠤᠨ ᠲᠣᠰᠬᠠᠢ ᠳ᠋ᠣᠭᠠᠷ ᠭᠠᠷᠭᠠᠵᠦ᠂ ᠣᠮᠠᠷᠠᠲᠣ ᠬᠢᠯᠢ᠎ᠶᠢᠨ ᠰᠣᠶᠣᠯ᠎ᠤᠨ ᠪᠦᠲᠦᠭᠡᠨ ᠪᠠᠢᠭᠣᠯᠣᠯᠲᠠ ᠳ᠋ᠦ ᠠᠮᠢᠵᠢᠷᠠᠯ᠎ᠤᠨ ᠬᠦᠴᠦᠨ ᠨᠡᠮᠡᠷᠢᠯᠡᠭᠰᠡᠨ ᠪᠠᠢᠨ᠎ᠠ᠃
《ᠦᠨᠢᠷ ᠴᠡᠴᠡᠭ》 ᠤ᠋ᠨ ᠦᠩᠭᠡ ᠲᠡᠬᠦᠯᠲᠡᠷ ᠦᠵᠡᠮᠵᠢ ᠭᠣᠶᠣᠬᠠᠨ
— ᠪᠢ ᠲᠡᠭᠡᠷ᠎ᠡ ᠵᠠᠭᠣᠨ᠎ᠤ ᠲᠠᠯᠠᠭᠠᠳ ᠤᠨ ᠳ᠋ᠦ 《ᠦᠨᠢᠷ ᠴᠡᠴᠡᠭ》 ᠲᠠᠢ ᠲᠠᠨᠢᠯᠴᠠᠬᠰᠠᠨ ᠶᠣᠮ᠃ ᠡᠬᠢᠯᠡᠭᠡᠳ 《ᠦᠨᠢᠷ ᠴᠡᠴᠡᠭ》 ᠭᠡᠰᠡᠨ ᠨᠡᠷ᠎ᠡ᠎ᠶᠢ ᠨᠢ ᠬᠦᠷᠲᠡᠯ᠎ᠡ 《ᠰᠠᠢᠬᠠᠨ ᠦᠨᠦᠷ ᠲᠠᠢ ᠴᠡᠴᠡᠭ》 ᠭᠡᠮᠡᠨ ᠣᠢᠯᠠᠭᠠᠵᠦ ᠪᠠᠢᠯ᠎ᠠ᠃ ᠠ᠊ · ᠣᠳᠼᠠᠷ ᠪᠠᠬᠰᠢ᠎ᠶᠢᠨ 《ᠨᠠᠨᠳᠢᠨ ᠪᠡᠯᠡᠭ》 ᠭᠡᠬᠦ ᠵᠣᠬᠢᠶᠠᠯ ᠨᠠᠲᠠᠲᠣ ᠬᠦᠨ ᠰᠠᠭᠣᠬᠲᠠᠯ ᠦᠯᠡᠲᠡᠭᠡᠭᠰᠡᠨ᠃ ᠲᠡᠭᠡᠭᠡᠳ ᠵᠣᠬᠢᠶᠠᠯ ᠣᠩᠰᠢᠵᠦ ᠪᠠᠢᠬᠰᠠᠨ ᠡᠴᠡ ᠪᠠᠨ ᠪᠢᠴᠢᠪᠡᠯ ᠶᠠᠮᠠᠷ ᠪᠣᠢ ᠭᠡᠬᠦ ᠪᠣᠲᠣᠯ ᠣᠷᠭᠣᠬᠰᠠᠨ᠃ ᠲᠡᠷᠡ ᠦᠶ᠎ᠡ ᠳ᠋ᠦ ᠡᠬᠡ ᠪᠢᠴᠢᠭ ᠢᠯᠡᠭᠡᠬᠦ ᠳ᠋ᠦ ᠲᠣᠬᠲᠣᠢᠶᠢᠨ ᠨᠢᠭᠡ ᠦᠨᠴᠦᠭᠢ ᠬᠠᠢᠴᠢᠯᠠᠭᠠᠳ ᠲᠣᠣᠷ᠎ᠠ ᠨᠢ ᠡᠬᠡ ᠪᠢᠴᠢᠭ ᠭᠡᠵᠦ ᠪᠢᠴᠢᠪᠡᠯ ᠵᠣᠭᠣᠰ ᠠᠪᠲᠠᠬ ᠦᠭᠡᠢ ᠪᠢᠯᠡ᠃ ᠲᠡᠭᠡᠵᠦ ᠪᠠᠢᠲᠠᠯ᠎ᠠ ᠮᠢᠨᠦ 《ᠲᠦᠷᠪᠡᠨ ᠴᠠᠬ》 ᠭᠡᠬᠦ ᠰᠢᠯᠦᠭ 1980 ᠤᠨ ᠳ᠋ᠦ 《ᠦᠨᠢᠷ ᠴᠡᠴᠡᠭ》 ᠲᠦ᠍ ᠨᠡᠢᠲᠡᠯᠡᠭᠲᠡᠵᠦ᠂ ᠣᠲᠠᠯ ᠦᠭᠡᠢ ᠪᠠᠰᠠ 《ᠬᠠᠢᠷ᠎ᠠ ᠰᠡᠳᠬᠢᠯ᠎ᠤᠨ ᠬᠦᠪᠦᠷᠡᠯ》 ᠭᠡᠬᠦ ᠰᠢᠯᠦᠭ ᠨᠡᠢᠲᠡᠯᠡᠭᠲᠡᠪᠡ᠃ ᠨᠡᠢᠲᠡᠯᠡᠭᠰᠡᠨ ᠵᠣᠬᠢᠶᠠᠯᠶ᠋ᠢᠡᠨ ᠬᠠᠷᠠᠭᠠᠳ ᠪᠠᠶᠠᠷᠯᠠᠬᠰᠠᠨᠢ ᠴᠣᠬᠣᠮ ᠶᠠᠭᠣᠨ ᠬᠡᠯᠡᠬᠦ ᠠᠵᠢ? ᠬᠡᠳᠦᠨ ᠬᠣᠨᠣᠬ ᠶ᠋ᠢᠡᠷ ᠲᠣᠬᠲᠣᠯᠣᠬᠰᠠᠨ ᠰᠡᠳᠬᠢᠯ ᠶ᠋ᠢᠡᠨ ᠲᠠᠷᠣᠵᠦ ᠴᠢᠲᠠᠬᠣ ᠦᠭᠡᠢ᠂ ᠬᠣᠶᠠᠷ ᠭᠠᠷ ᠴᠡᠴᠡᠷᠡᠲᠡᠭ ᠪᠠᠢᠯ᠎ᠠ᠃ ᠲᠡᠭᠡᠭᠡᠳ ᠡᠨᠡᠬᠦ ᠬᠡᠪ᠎ᠤᠨ ᠪᠣᠰᠣ ᠪᠠᠢᠲᠠᠯ ᠶ᠋ᠢᠡᠨ ᠪᠣᠰᠣᠳ ᠲᠦ᠍ ᠮᠡᠳᠡᠭᠲᠡᠬᠦ ᠦᠭᠡᠢ ᠭᠡᠮᠡᠨ ᠰᠣᠷᠭᠠᠭᠣᠯᠢ᠎ᠶᠢᠨ ᠬᠦᠷᠢᠶᠡᠨ᠎ᠤ ᠮᠣᠲᠣᠨ ᠲᠣᠮᠲᠠ ᠣᠴᠢᠵᠦ ᠡᠯᠢᠭᠡ ᠲᠦᠷᠦᠬᠦᠯᠡᠨ ᠬᠡᠪᠲᠡᠭᠡᠳ ᠰᠡᠳᠬᠦᠯ᠎ᠤᠨ ᠬᠠᠭᠣᠲᠠᠰᠣᠶᠢ ᠵᠦᠪ ᠲᠠᠯ᠎ᠠ ᠡᠴᠡ ᠨᠢ ᠬᠠᠷᠠᠵᠦ ᠣᠩᠰᠢᠭᠠᠳ ᠬᠠᠨᠣᠬᠰᠠᠨ ᠦᠭᠡᠢ ᠪᠠᠰᠠ ᠲᠡᠭᠡᠭᠰᠢ ᠬᠠᠷᠠᠵᠦ ᠬᠡᠪᠲᠡᠭᠡᠳ ᠨᠠᠷᠠᠨ᠎ᠤ ᠲᠣᠣᠷ᠎ᠠ ᠪᠣᠷᠣᠭᠣ ᠲᠠᠯ᠎ᠠ ᠡᠴᠡ ᠨᠢ ᠣᠩᠰᠢᠵᠦ ᠴᠦ᠍ ᠦᠵᠡᠭᠰᠡᠨ ᠭᠡᠵᠦ ᠪᠠᠷᠠᠭᠣᠨ ᠬᠣᠢᠲᠣ᠎ᠶᠢᠨ ᠦᠨᠳᠦᠰᠦᠲᠡᠨ᠎ᠤ ᠶᠡᠬᠡ ᠰᠣᠷᠭᠠᠭᠣᠯᠢ᠎ᠶᠢᠨ ᠫᠷᠣᠹᠸᠰᠰᠣᠷ ᠴᠡᠪᠰᠢᠭ 《ᠦᠨᠢᠷ ᠴᠡᠴᠡᠭ》 ᠰᠡᠳᠬᠦᠯ ᠳ᠋ᠦ ᠵᠣᠬᠢᠶᠠᠯ ᠪᠦᠲᠦᠭᠡᠯ ᠨᠡᠢᠲᠡᠯᠡᠬᠦᠯᠵᠦ ᠪᠠᠢᠬᠰᠠᠨ ᠦᠩᠭᠡᠷᠡᠯᠲᠡ ᠪᠡᠨ ᠡᠷᠬᠢᠴᠡᠬᠦᠯᠦᠨ ᠲᠣᠷᠠᠳᠬᠠᠨᠠ᠃

1978 ᠤᠨ ᠤ᠋ 4 ᠳ᠋ᠤᠭᠡᠷ ᠬᠤᠭᠤᠴᠠᠭ᠎ᠠ ᠵᠢᠨ 《ᠦᠨᠢᠷ ᠴᠡᠴᠡᠭ》 ᠪᠤᠯᠤᠨ 1957 ᠤᠨ᠎ᠤ ᠪᠦᠬᠦ ᠤᠷᠤᠨ᠎ᠤ ᠵᠠᠯᠠᠭᠤ ᠵᠤᠬᠢᠶᠠᠯᠴᠢᠳ᠎ᠤᠨ ᠪᠤᠯᠪᠠᠰᠤᠷᠠᠯ ᠤ᠋ᠨ ᠠᠡᠭᠭᠢ ᠵᠢᠨ ᠰᠤᠷᠤᠯᠭᠠᠳᠠᠳ
《ᠦᠨᠢᠷ ᠴᠡᠴᠡᠭ》 ᠦᠬᠦᠯᠡᠯᠭᠡ᠂ ᠨᠠᠢᠷᠠᠭᠣᠯᠣᠯ᠂ ᠰᠢᠯᠦᠭ᠂ ᠰᠢᠬᠦᠮᠵᠢ ᠁ ᠭᠡᠵᠦ ᠦᠩᠭᠡ ᠮᠢᠷᠠᠯᠵᠠᠨ ᠢᠯᠭᠠᠷᠠᠲᠠᠬ᠃ ᠬᠡᠷᠪᠡ ᠬᠡᠭᠡᠷ᠎ᠡ᠎ᠶᠢᠨ ᠴᠡᠴᠡᠭᠡᠰ ᠲᠦ᠍ ᠠᠯᠠᠬ ᠡᠷᠪᠡᠬᠡᠢ᠂ ᠠᠵᠢᠯᠴᠢ ᠵᠦᠭᠡᠢ ᠲᠠᠲᠠᠬᠲᠠᠨ ᠡᠷᠬᠢᠯᠲᠦᠲᠡᠭ ᠭᠡᠲᠡᠭ ᠶᠣᠮ ᠪᠣᠯ ᠣᠳᠬ᠎ᠠ᠎ᠶᠢᠨ ᠴᠢᠮᠡᠭ ᠪᠣᠯᠣᠬᠰᠠᠨ 《ᠦᠨᠢᠷ ᠴᠡᠴᠡᠭ》 ᠨᠢ ᠦᠶ᠎ᠡ ᠦᠶ᠎ᠡ᠎ᠶᠢᠨ ᠣᠷᠠᠨ ᠵᠣᠬᠢᠶᠠᠯ ᠳ᠋ᠦ ᠬᠠᠢᠷᠠᠲᠠᠢ ᠬᠦᠮᠦᠰ᠎ᠤᠨ ᠲᠣᠷ᠎ᠠ ᠪᠠᠬ᠎ᠠ᠎ᠶᠢ ᠲᠠᠲᠠᠵᠦ᠂ ᠴᠢᠨᠠᠬᠰᠢᠯᠠᠨ ᠣᠩᠰᠢᠬᠴᠢ ᠡᠴᠡ ᠪᠠᠨ ᠵᠣᠬᠢᠶᠠᠬᠴᠢ ᠪᠣᠯᠭᠠᠨ ᠬᠦᠮᠦᠵᠢᠬᠦᠯᠦᠭᠰᠡᠨ ᠶᠣᠮ᠃
ᠵᠣᠬᠢᠬᠣ ᠣᠳᠬ᠎ᠠ ᠡᠴᠡ ᠬᠡᠯᠡᠪᠡᠯ᠂ 《ᠦᠨᠢᠷ ᠴᠡᠴᠡᠭ》 ᠲᠠᠢ ᠬᠣᠯᠪᠣᠭ᠎ᠠ ᠦᠭᠡᠢ ᠣᠷᠠᠨ ᠪᠦᠲᠦᠭᠡᠯᠴᠢ᠂ ᠣᠩᠰᠢᠬᠴᠢ ᠭᠡᠮᠡᠨ ᠠᠯᠠᠭ᠎ᠠ᠃ ᠰᠢᠨ᠎ᠡ ᠲᠣᠮᠲᠠᠲᠣ ᠣᠯᠣᠰ᠎ᠤᠨ ᠬᠠᠮᠣᠬᠤᠨ ᠡᠷᠳᠡ ᠬᠡᠪᠯᠡᠯ ᠡᠬᠢᠯᠡᠭᠰᠡᠨ ᠴᠦᠬᠡᠨ ᠲᠣᠭᠠᠲᠣ ᠦᠨᠳᠦᠰᠦᠲᠡᠨ᠎ᠤ ᠦᠭᠡ ᠬᠡᠯᠡ ᠦᠰᠦᠭ ᠪᠢᠴᠢᠭ᠎ᠤᠨ ᠣᠷᠠᠨ ᠵᠣᠬᠢᠶᠠᠯ᠎ᠤᠨ ᠰᠡᠳᠬᠦᠯ ᠪᠣᠯᠣᠬᠰᠠᠨᠤ ᠬᠣᠪᠢ ᠳ᠋ᠦ᠂ 《ᠦᠨᠢᠷ ᠴᠡᠴᠡᠭ》 ᠰᠡᠳᠬᠦᠯ ᠨᠢ ᠣᠩᠰᠢᠲᠠᠬ᠂ ᠪᠢᠴᠢᠲᠡᠭ ᠬᠦᠮᠦᠰ᠎ᠤᠨ ᠣᠷᠣᠢ᠎ᠶᠢᠨ ᠴᠢᠮᠡᠭ᠂ ᠣᠷᠠᠨ ᠵᠣᠬᠢᠶᠠᠯ᠎ᠤᠨ ᠲᠣᠯᠠᠭᠠᠨ ᠦᠯᠦᠭᠡᠢ ᠪᠣᠯᠣᠬᠰᠠᠭᠠᠷ ᠢᠷᠡᠭᠰᠡᠨ ᠶᠣᠮ᠃ 1957 ᠤᠨ ᠳ᠋ᠦ ᠡᠷᠬᠢᠯᠡᠭᠰᠡᠨ 《ᠦᠨᠢᠷ ᠴᠡᠴᠡᠭ》 ᠰᠡᠳᠬᠦᠯ᠎ᠤᠨ ᠠᠩᠬᠠᠲᠣᠭᠠᠷ ᠬᠣᠭᠣᠴᠠᠭᠠᠨ᠎ᠤ ᠵᠣᠬᠢᠶᠠᠨ ᠪᠦᠲᠦᠭᠡᠯᠭᠡ᠎ᠶᠢᠨ ᠰᠣᠷᠣᠯᠴᠠᠬᠣ ᠠᠩᠬᠢ ᠡᠴᠡ ᠣᠲᠣ ᠪᠣᠯᠲᠠᠯ᠎ᠠ ᠨᠡᠢᠲᠡ 50 ᠭᠠᠷᠣᠢ ᠣᠲᠠᠭ᠎ᠠ᠎ᠶᠢᠨ ᠡᠯ᠎ᠡ ᠲᠦᠷᠦᠯ᠎ᠤᠨ ᠰᠣᠷᠣᠯᠴᠠᠬᠣ ᠠᠩᠬᠢ᠂ ᠪᠢᠯᠢᠭ᠎ᠤᠨ ᠴᠣᠬᠯᠠᠭᠠᠨ ᠪᠣᠯᠣᠨ ᠡᠬᠡ ᠪᠢᠴᠢᠭ ᠨᠠᠢᠷᠠᠭᠤᠯᠬᠤ ᠠᠩᠬᠢ ᠵᠡᠷᠭᠡ᠎ᠶᠢ ᠡᠷᠬᠢᠯᠡᠵᠦ᠂ 3000 ᠭᠠᠷᠣᠢ ᠬᠦᠮᠦᠨ ᠪᠣᠯᠪᠠᠰᠣᠷᠠᠯ ᠳ᠋ᠦ ᠣᠷᠣᠯᠴᠠᠵᠦ᠂ ᠣᠯᠠᠩᠬᠢ ᠨᠢ ᠪᠦᠷ ᠮᠣᠩᠭᠣᠯ ᠣᠷᠠᠨ ᠵᠣᠬᠢᠶᠠᠯ᠎ᠤᠨ ᠭᠣᠣᠯᠯᠠᠬᠴᠢ ᠬᠦᠴᠦᠨ ᠪᠣᠯᠵᠦ ᠦᠰᠦᠨ ᠪᠣᠢᠵᠢᠬᠰᠠᠨ ᠪᠢᠯᠡ᠃
ᠣᠷᠠᠨ ᠵᠣᠬᠢᠶᠠᠯ᠎ᠤᠨ ᠬᠣᠷ᠎ᠠ ᠰᠢᠮ᠎ᠡ ᠪᠡᠷ ᠦᠰᠴᠦ ᠣᠷᠭᠣᠬᠰᠠᠨ 《ᠦᠨᠢᠷ ᠴᠡᠴᠡᠭ》 ᠰᠡᠳᠬᠦᠯ ᠦᠨᠦᠲᠦᠷ ᠠᠭᠣᠯᠠ ᠲᠠᠯ᠎ᠠ᠎ᠶᠢ ᠪᠦᠷᠬᠦᠲᠡᠯ᠎ᠡ ᠭᠠᠩᠬᠣᠨ ᠲᠡᠯᠭᠡᠷᠡᠵᠦ᠂ ᠣᠲᠣᠳ ᠬᠢᠯᠠᠯᠵᠠᠵᠦ ᠴᠡᠴᠡᠭᠡᠰ ᠠᠯᠠᠬᠯᠠᠬᠰᠠᠨ ᠬᠠᠭᠣᠲᠠᠰᠣ ᠪᠦᠬᠦᠨ ᠳ᠋ᠡᠭᠡᠨ ᠣᠳᠬ᠎ᠠ᠎ᠶᠢᠨ ᠭᠡᠭᠡ ᠰᠠᠴᠣᠷᠠᠭᠣᠯᠵᠦ᠂ ᠣᠲᠣ ᠦᠶ᠎ᠡ᠎ᠶᠢᠨ ᠮᠣᠩᠭᠣᠯ ᠣᠷᠠᠨ ᠵᠣᠬᠢᠶᠠᠯ᠎ᠤᠨ ᠬᠡᠳᠦᠨ ᠦᠶ᠎ᠡ᠎ᠶᠢᠨ ᠬᠢᠨᠢ ᠪᠦᠪᠡᠢᠯᠡᠨ ᠦᠯᠦᠭᠡᠢᠲᠡᠵᠦ᠂ ᠵᠣᠬᠢᠶᠠᠯᠴᠢ ᠰᠢᠯᠦᠭᠴᠢ ᠪᠣᠯᠬᠣ ᠮᠦᠷᠦᠭᠡᠲᠦᠯ ᠶ᠋ᠢᠡᠨ ᠪᠡᠶᠡᠯᠡᠬᠦᠯᠬᠦ ᠳ᠋ᠣᠨᠢ ᠬᠦᠴᠦᠨ ᠶ᠋ᠢᠡᠨ ᠡᠷᠬᠦᠵᠦ᠂ ᠭᠡᠷᠡᠯᠲᠦ ᠬᠠᠭᠣᠲᠠᠰᠣᠨ ᠳ᠋ᠠᠭᠠᠨ ᠨᠡᠢᠲᠡᠯᠡᠭᠰᠡᠨ ᠭᠡᠭᠡᠨ ᠮᠦᠷ ᠪᠠᠲᠠᠬ ᠲᠠᠢ ᠵᠣᠬᠢᠶᠠᠯ ᠪᠦᠲᠦᠭᠡᠯ ᠶ᠋ᠢᠡᠷ ᠶ᠋ᠢᠡᠨ ᠮᠣᠩᠭᠣᠯ ᠣᠷᠠᠨ ᠵᠣᠬᠢᠶᠠᠯ᠎ᠤᠨ ᠣᠷ᠎ᠠ᠎ᠶᠢᠨ ᠰᠠᠩ ᠳ᠋ᠦ ᠦᠨ᠎ᠡ ᠲᠠᠢ ᠴᠡᠨ᠎ᠡ ᠲᠠᠢ ᠦᠪ ᠦᠯᠡᠲᠡᠭᠡᠵᠡᠢ᠃ 70 ᠵᠢᠯ᠎ᠤᠨ ᠲᠣᠷᠰᠢ᠂ 《ᠦᠨᠢᠷ ᠴᠡᠴᠡᠭ》 ᠰᠡᠳᠬᠦᠯ ᠲᠠᠷ ᠬᠠᠷᠢᠬᠣ ᠦᠭᠡᠢ᠂ ᠲᠠᠮᠢᠷ ᠰᠣᠯᠠᠷᠠᠬᠣ ᠦᠭᠡᠢ᠂ ᠬᠦᠯ ᠠᠯᠲᠠᠬᠣ ᠦᠭᠡᠢ᠂ ᠬᠦᠭ ᠠᠨᠲᠠᠬᠣ ᠦᠭᠡᠢ ᠣᠷᠣᠬᠰᠢ ᠵᠢᠳᠬᠦᠵᠦ᠂ ᠣᠲᠣᠬᠠᠨ ᠪᠣᠯᠲᠠᠯ᠎ᠠ ᠨᠡᠢᠲᠡ 4000 ᠭᠠᠷᠣᠢ ᠵᠣᠬᠢᠶᠠᠯᠴᠢ᠎ᠶᠢᠨ 20000 ᠭᠠᠷᠣᠢ ᠣᠷᠠᠨ ᠪᠦᠲᠦᠭᠡᠯ ᠬᠢᠭᠡᠳ 3000 ᠭᠠᠷᠣᠢ ᠬᠣᠪᠢ ᠣᠷᠠᠨ ᠵᠢᠷᠣᠬ ᠪᠣᠯᠣᠨ ᠭᠡᠷᠡᠯ ᠵᠢᠷᠣᠬᠢ ᠨᠡᠢᠲᠡᠯᠡᠵᠠᠢ᠃ ᠶᠠᠭᠣ᠎ᠲᠠᠢ ᠪᠠᠶᠠᠷ᠂ ᠶᠠᠮᠠᠷ ᠶᠡᠬᠡ ᠵᠠᠪᠰᠢᠶᠠᠨ ᠠᠵᠢ⁈
《ᠦᠨᠢᠷ ᠴᠡᠴᠡᠭ》ᠰᠡᠳᠬᠦᠯ ᠪᠣᠯ ᠵᠦᠪᠬᠡᠨ ᠵᠣᠬᠢᠶᠠᠯ ᠨᠡᠢᠲᠡᠯᠡᠬᠦ ᠲᠠᠪᠴᠠᠩ ᠲᠡᠳᠦᠢ ᠪᠢᠰᠢ᠂ ᠨᠡᠩ ᠴᠦ᠍ ᠵᠣᠬᠢᠶᠠᠯᠴᠢᠳ ᠨᠠᠢᠷᠠᠭᠣᠯᠣᠬᠴᠢᠳᠤᠨ ᠲᠣᠷᠭᠠᠨ ᠦᠯᠦᠭᠡᠢ ᠮᠦᠷᠲᠡᠭᠡᠨ ᠰᠣᠶᠣᠯ ᠣᠷᠠᠯᠢᠬ᠎ᠤᠨ ᠠᠯᠲᠠᠨ ᠬᠦᠬᠦᠷᠭᠡ ᠪᠣᠯᠬᠣ ᠶᠣᠮ᠃ ᠬᠡᠪᠯᠡᠯ ᠡᠬᠢᠯᠡᠭᠰᠡᠨ ᠡᠴᠡ ᠨᠠᠭᠠᠰᠢ ᠰᠡᠳᠬᠦᠯ ᠨᠢ ᠲᠣᠯᠰᠲ᠋ᠣᠢ᠂ ᠫᠦᠱᠺᠢᠨ᠂ ᠴᠸᠬᠣᠸ᠂ ᠭᠣᠷᠺᠢ ᠵᠡᠷᠭᠡ ᠭᠠᠲᠠᠭᠠᠲᠣ᠎ᠶᠢᠨ ᠵᠣᠬᠢᠶᠠᠯᠴᠢᠳ᠎ᠤᠨ ᠰᠣᠩᠭᠣᠲᠠᠬ ᠪᠦᠲᠦᠭᠡᠯ ᠬᠢᠭᠡᠳ 《ᠰᠢᠯᠦᠭᠯᠡᠯᠲᠦ ᠨᠣᠮ》᠂ ᠲᠠᠩ᠎ᠤᠨ ᠰᠢᠯᠦᠭ᠂ ᠰᠦᠩ᠎ᠤᠨ ᠲᠠᠭᠣᠯᠠᠯ ᠵᠢᠴᠢ ᠮᠣᠣ ᠳ᠋ᠦᠨ᠂ ᠬᠦᠸᠸ ᠮᠦᠸᠸ ᠿᠦᠸᠸ᠂ ᠯᠣᠣ ᠱᠸ᠂ ᠠᠢ ᠴᠢᠩ᠂ ᠮᠦᠸᠸ ᠶᠠᠨ ᠵᠡᠷᠭᠡ ᠨᠡᠷᠡᠲᠦ ᠵᠣᠬᠢᠶᠠᠯᠴᠢᠳ᠎ᠤᠨ ᠪᠦᠲᠦᠭᠡᠯ᠎ᠢ ᠣᠷᠴᠢᠭᠣᠯᠣᠨ ᠨᠡᠢᠲᠡᠯᠡᠵᠦ᠂ ᠣᠷᠠᠨ ᠵᠣᠬᠢᠶᠠᠯ᠎ᠤᠨ ᠬᠠᠷᠢᠯᠴᠠᠭ᠎ᠠ ᠰᠣᠯᠢᠯᠴᠠᠭ᠎ᠠ᠎ᠶᠢ ᠠᠬᠢᠭᠣᠯᠵᠦ᠂ ᠣᠩᠰᠢᠬᠴᠢᠳ᠎ᠤᠨ ᠬᠠᠷᠠᠭᠠᠰᠣ᠎ᠶᠢ ᠲᠡᠯᠡᠪᠡ᠃ ᠡᠬᠦᠨ᠎ᠤ ᠬᠠᠮᠲᠣ ᠨᠡᠭᠡᠭᠡᠯᠲᠡᠲᠡᠢ ᠪᠠᠬᠲᠠᠭᠠᠮᠵᠢᠲᠠᠢ ᠲᠦᠷᠢ ᠪᠠᠢᠲᠠᠯ ᠶ᠋ᠢᠡᠷ ᠰᠣᠶᠣᠯ᠎ᠤᠨ ᠬᠦᠬᠦᠷᠭᠡ᠎ᠶᠢᠨ ᠦᠢᠯᠡᠲᠦᠯ ᠶ᠋ᠢᠡᠨ ᠪᠠᠲᠠᠷᠠᠭᠣᠯᠵᠦ ᠰᠡᠳᠬᠦᠯ ᠳ᠋ᠦ ᠨᠡᠢᠲᠡᠯᠡᠭᠰᠡᠨ ᠰᠢᠯᠢᠲᠡᠭ ᠪᠦᠲᠦᠭᠡᠯ ᠶ᠋ᠢᠡᠨ ᠬᠢᠲᠡᠳ ᠶ᠋ᠢᠡᠷ ᠣᠷᠴᠢᠭᠣᠯᠵᠦ᠂ 《ᠠᠷᠠᠳ᠎ᠤᠨ ᠣᠳᠬ᠎ᠠ ᠵᠣᠬᠢᠶᠠᠯ》᠂ 《ᠦᠨᠳᠦᠰᠦᠲᠡᠨ᠎ᠤ ᠣᠳᠬ᠎ᠠ ᠵᠣᠬᠢᠶᠠᠯ》᠂ 《ᠠᠷᠪᠠᠲᠣᠭᠠᠷ ᠰᠠᠷ᠎ᠠ》 ᠵᠡᠷᠭᠡ ᠰᠡᠳᠬᠦᠯ ᠳ᠋ᠦ ᠨᠡᠢᠲᠡᠯᠡᠵᠦ᠂ ᠲᠡᠷᠡᠴᠢᠯᠡᠨ ᠣᠯᠠᠨ ᠣᠯᠣᠰ᠎ᠤᠨ ᠲᠠᠷᠬᠠᠭᠠᠯᠲᠠ ᠪᠡᠷ ᠲᠠᠮᠵᠢᠨ ᠦᠪᠦᠷ ᠮᠣᠩᠭᠣᠯ᠎ᠤᠨ ᠣᠷᠠᠨ ᠵᠣᠬᠢᠶᠠᠯ᠎ᠢ ᠲᠡᠯᠡᠬᠡᠢ ᠳ᠋ᠡᠬᠢᠨ ᠳ᠋ᠦ ᠬᠠᠨᠲᠣᠭᠣᠯᠵᠦ᠂ ᠣᠯᠠᠨ ᠦᠨᠳᠦᠰᠦᠲᠡᠨ᠎ᠤ ᠣᠳᠬ᠎ᠠ ᠵᠣᠬᠢᠶᠠᠯ᠎ᠤᠨ ᠵᠣᠬᠢᠶᠠᠨ ᠪᠦᠲᠦᠭᠡᠯᠭᠡ᠎ᠶᠢᠨ ᠬᠠᠮᠲᠣ ᠪᠡᠷ ᠴᠡᠴᠡᠭᠯᠡᠨ ᠬᠦᠭᠵᠢᠬᠦ᠎ᠶᠢ ᠠᠬᠢᠭᠣᠯᠣᠬᠰᠠᠨ ᠪᠠᠢᠨ᠎ᠠ᠃
《ᠦᠨᠢᠷ ᠴᠡᠴᠡᠭ》 ᠤ᠋ᠨ ᠦᠨᠦᠷ ᠠᠩᠬᠢᠯᠣᠭᠣᠨ ᠦᠢᠯᠡᠰ ᠰᠠᠷᠠᠭᠣᠯ
— ᠮᠣᠩᠭᠣᠯ ᠣᠷᠠᠨ ᠵᠣᠬᠢᠶᠠᠯ ᠦᠭᠡᠲᠡᠯᠡᠨ ᠮᠠᠨᠲᠣᠵᠦ᠂ ᠵᠣᠬᠢᠶᠠᠯᠴᠢᠳ᠎ᠤᠨ ᠢᠲᠡᠷᠬᠡᠭ ᠬᠦᠴᠦᠨ᠂ ᠲᠠᠢᠴᠢᠨ ᠠᠷᠮᠢ ᠪᠦᠷᠢᠯᠲᠦᠨ ᠪᠣᠵᠠᠭᠠᠢᠷᠠᠬᠣ ᠳ᠋ᠦ 《ᠦᠨᠢᠷ ᠴᠡᠴᠡᠭ》 ᠰᠡᠳᠬᠦᠯ ᠯᠣᠲᠣ ᠶᠡᠬᠡ ᠦᠢᠯᠡᠲᠦᠯ ᠦᠵᠡᠬᠦᠯᠦᠭᠰᠡᠨ ᠶᠣᠮ᠃ ᠬᠡᠲᠦᠨ ᠦᠶ᠎ᠡ᠎ᠶᠢᠨ ᠮᠣᠩᠭᠣᠯ ᠵᠣᠬᠢᠶᠠᠯᠴᠢᠳ 《ᠦᠨᠢᠷ ᠴᠡᠴᠡᠭ》 ᠰᠡᠳᠬᠦᠯ ᠲᠠᠢ ᠪᠠᠨ ᠬᠠᠮᠲᠣ ᠪᠡᠷ ᠦᠰᠦᠨ ᠪᠣᠢᠵᠢᠵᠦ᠂ 《ᠦᠨᠢᠷ ᠴᠡᠴᠡᠭ》 ᠭᠡᠬᠦ ᠡᠨᠡᠬᠦ ᠲᠠᠷᠬᠠᠨ ᠦᠯᠦᠭᠡᠢ ᠳ᠋ᠦ ᠮᠠᠨᠴᠣᠢᠯᠠᠬᠲᠠᠨ ᠪᠠᠢᠵᠦ᠂ ᠮᠣᠩᠭᠣᠯ ᠣᠳᠬ᠎ᠠ ᠵᠣᠬᠢᠶᠠᠯ᠎ᠤᠨ ᠲᠠᠪᠴᠠᠩ ᠳ᠋ᠦ ᠲᠣᠲᠣᠷᠠᠬᠰᠠᠨ ᠶᠣᠮ᠃ ᠲᠡᠭᠡᠬᠦ ᠳ᠋ᠡᠭᠡᠨ 《ᠦᠨᠢᠷ ᠴᠡᠴᠡᠭ》 ᠪᠣᠯ ᠮᠣᠩᠭᠣᠯ ᠣᠷᠠᠨ ᠵᠣᠬᠢᠶᠠᠯ᠎ᠤᠨ ᠦᠨᠳᠦᠷᠴᠡ᠎ᠶᠢ ᠲᠦᠯᠦᠭᠡᠯᠡᠬᠦ ᠪᠡᠯᠭᠡ ᠲᠡᠮᠲᠡᠭ᠂ ᠮᠣᠩᠭᠣᠯ ᠣᠷᠠᠨ ᠵᠣᠬᠢᠶᠠᠯ᠎ᠤᠨ ᠲᠠᠭᠠᠭᠣᠯᠣᠬᠴᠢ ᠪᠣᠯᠣᠨ᠎ᠠ ᠭᠡᠮᠡᠨ ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠫᠷᠣᠹᠸᠰᠰᠣᠷ ᠬᠠᠢᠷᠬᠠᠨ ᠦᠨᠳᠦᠷ ᠦᠨᠡᠯᠡᠵᠦ ᠪᠠᠢᠯ᠎ᠠ᠃

ᠶᠠᠷᠢᠯᠴᠠᠬᠤ ᠬᠤᠷᠠᠯ ᠤ᠋ᠨ ᠠᠬᠤᠢ ᠲᠠᠯᠠᠪᠠᠢ
ᠡᠨᠡ ᠴᠦ᠍ ᠣᠷᠣ ᠲᠠᠢ ᠦᠭᠡ ᠡ᠃ ᠦᠪᠦᠷ ᠮᠣᠩᠭᠣᠯ᠎ᠤᠨ ᠣᠷᠠᠨ ᠵᠣᠬᠢᠶᠠᠯᠴᠢᠳ᠎ᠤᠨ ᠭᠠᠷᠬᠣ ᠶᠣᠰᠣᠲᠠᠢ 《ᠦᠨᠳᠦᠷᠯᠢᠭ》᠂ ᠨᠠᠮᠠᠨᠴᠢᠯᠠᠬᠣ ᠶᠣᠰᠣᠲᠠᠢ 《ᠰᠢᠲᠦᠭᠡᠨ》 ᠪᠣᠯ 《ᠦᠨᠢᠷ ᠴᠡᠴᠡᠭ》 ᠪᠣᠯᠬᠣ ᠶᠣᠮ᠃ 70 ᠵᠢᠯ᠎ᠤᠨ ᠲᠣᠷᠰᠢ 《ᠦᠨᠢᠷ ᠴᠡᠴᠡᠭ》 ᠰᠡᠳᠬᠦᠯ ᠮᠣᠩᠭᠣᠯ ᠣᠷᠠᠨ ᠵᠣᠬᠢᠶᠠᠯ᠎ᠤᠨ ᠲᠣᠬᠴᠢ ᠬᠣᠰᠢᠭᠣᠴᠢ ᠪᠣᠯᠵᠦ᠂ ᠣᠳᠬ᠎ᠠ᠎ᠶᠢᠨ ᠨᠣᠶᠠᠨ ᠲᠠᠪᠠᠭ᠎ᠠ ᠵᠣᠷᠢᠬᠰᠠᠨ ᠦᠶ᠎ᠠ ᠦᠶ᠎ᠡ᠎ᠶᠢᠨ ᠵᠣᠬᠢᠶᠠᠯᠴᠢ᠂ ᠨᠠᠢᠷᠠᠭᠣᠯᠣᠬᠴᠢᠶᠢᠨ ᠬᠦᠲᠡᠯᠮᠦᠷᠢ ᠵᠢᠳᠬᠦᠯ ᠶ᠋ᠢᠡᠷ ᠴᠠᠬ ᠦᠶ᠎ᠡ᠎ᠶᠢᠨ ᠵᠣᠷᠢᠬ ᠰᠠᠨᠠᠭ᠎ᠠ᠎ᠶᠢ ᠣᠩᠰᠢᠬᠴᠢ ᠲᠦᠮᠡᠨ ᠳ᠋ᠡᠭᠡᠨ ᠰᠣᠨᠣᠷᠲᠠᠭᠣᠯᠵᠦ᠂ ᠰᠢᠨ᠎ᠡ ᠦᠵᠡᠯ ᠣᠬᠠᠮᠰᠠᠷ ᠶ᠋ᠢᠡᠷ ᠣᠩᠰᠢᠬᠴᠢ ᠪᠠᠨ ᠵᠡᠪᠰᠡᠭᠯᠡᠵᠦ᠂ ᠨᠠᠮ᠎ᠤᠨ ᠣᠳᠬ᠎ᠠ ᠣᠷᠠᠯᠢᠬ᠎ᠤᠨ ᠴᠢᠭᠯᠡᠯᠲᠡ ᠲᠦᠷᠦ᠎ᠶᠢᠨ ᠪᠣᠲᠣᠯᠭ᠎ᠠ᠎ᠶᠢ ᠲᠣᠭᠣᠰᠢᠯᠠᠭᠣᠯᠣᠨ ᠦᠢᠯᠡᠲᠦᠯᠭᠡᠵᠢᠬᠦᠯᠵᠦ᠂ ᠦᠨᠳᠦᠰᠦᠲᠡᠨ᠎ᠤ ᠪᠦᠯᠬᠦᠮᠲᠡᠯ ᠲᠠᠪᠰᠢᠯᠲᠠ᠎ᠶᠢᠨ ᠦᠢᠯᠡᠰ᠎ᠢ ᠠᠬᠢᠭᠣᠯᠵᠦ ᠲᠣᠮᠲᠠᠲᠣ᠎ᠶᠢᠨ ᠦᠨᠳᠦᠰᠦᠲᠡᠨ᠎ᠤ ᠬᠠᠮᠲᠣ᠎ᠶᠢᠨ ᠴᠣᠬᠴᠠ᠎ᠶᠢᠨ ᠣᠬᠠᠮᠰᠠᠷ᠎ᠢ ᠪᠠᠲᠣ ᠴᠣᠬᠴᠠᠯᠠᠬᠣ ᠳ᠋ᠦ ᠣᠳᠬ᠎ᠠ ᠵᠣᠬᠢᠶᠠᠯ᠎ᠤᠨ ᠬᠦᠴᠦᠨ᠎ᠢ ᠨᠡᠮᠡᠷᠢᠯᠡᠭᠰᠡᠨ ᠶᠣᠮ᠃ 《ᠦᠨᠢᠷ ᠴᠡᠴᠡᠭ》 ᠰᠡᠳᠬᠦᠯ ᠳ᠋ᠦ ᠨᠡᠢᠲᠡᠯᠡᠭᠰᠡᠨ ᠰᠣᠲᠣᠨ ᠪᠦᠲᠦᠭᠡᠯ ᠤ᠋ᠤᠨ ᠨᠢ ᠦᠩᠭᠡ ᠢᠯᠭᠠᠷᠠᠨ ᠮᠢᠷᠠᠯᠵᠠᠨ ᠲᠡᠯᠭᠡᠷᠡᠵᠦ᠂ ᠠᠷᠠᠳ ᠤ᠋ᠨ ᠰᠡᠳᠬᠢᠯ ᠳ᠋ᠦ ᠲᠣᠨᠣᠬᠰᠠᠨ ᠠᠮᠢᠲᠣᠷᠠᠯ᠎ᠤᠨ ᠦᠨᠡᠨ᠎ᠢ ᠲᠣᠯᠢᠲᠠᠬᠰᠠᠨ 300 ᠭᠠᠷᠣᠢ ᠪᠦᠲᠦᠭᠡᠯ ᠨᠢ ᠣᠷᠢᠳ ᠬᠣᠵᠢᠳ ᠪᠦᠬᠦ ᠣᠯᠣᠰ᠎ᠤᠨ ᠴᠦᠭᠡᠨ ᠲᠣᠭᠠᠲᠣ ᠦᠨᠳᠦᠰᠦᠲᠡᠨ᠎ᠤ ᠣᠳᠬ᠎ᠠ ᠵᠣᠬᠢᠶᠠᠯ᠎ᠤᠨ ᠵᠣᠬᠢᠶᠠᠨ ᠪᠦᠲᠦᠭᠡᠯᠭᠡ᠎ᠶᠢᠨ 《ᠠᠵᠢᠨᠠᠢ》 ᠱᠠᠩᠨᠠᠯ᠂ ᠦᠪᠦᠷ ᠮᠣᠩᠭᠣᠯ᠎ᠤᠨ ᠦᠪᠡᠷᠲᠡᠭᠡᠨ ᠵᠠᠰᠠᠬᠣ ᠣᠷᠣᠨ᠎ᠤ ᠣᠶᠣᠨ᠎ᠤ ᠪᠣᠯᠪᠠᠰᠣᠨ᠎ᠤ ᠪᠠᠢᠭᠣᠯᠣᠯᠲᠠ᠎ᠶᠢᠨ 《ᠲᠠᠪᠣᠨ ᠨᠢᠭᠡ᠎ᠶᠢᠨ ᠢᠨᠵᠸᠨ᠋ᠸᠷᠢᠩ》᠎ᠤ᠋ᠨ ᠱᠠᠩᠨᠠᠯ᠂ ᠦᠪᠦᠷ ᠮᠣᠩᠭᠣᠯ᠎ᠤᠨ ᠦᠪᠡᠷᠲᠡᠭᠡᠨ ᠵᠠᠰᠠᠬᠣ ᠣᠷᠣᠨ᠎ᠤ ᠣᠳᠬ᠎ᠠ ᠵᠣᠬᠢᠶᠠᠯ᠎ᠤᠨ ᠵᠣᠬᠢᠶᠠᠨ ᠪᠦᠲᠦᠭᠡᠯᠭᠡ᠎ᠶᠢᠨ ᠰᠣᠯᠣᠩᠭ᠎ᠠ ᠱᠠᠩᠨᠠᠯ ᠵᠡᠷᠭᠡ᠎ᠶᠢ ᠬᠦᠷᠲᠡᠵᠦ᠂ ᠣᠳᠬ᠎ᠠ᠎ᠶᠢᠨ ᠭᠡᠭᠡ ᠰᠠᠴᠣᠷᠠᠵᠦ ᠦᠩᠭᠡ᠎ᠶᠢᠨ ᠴᠡᠴᠡᠭ ᠮᠢᠷᠠᠯᠵᠠᠬᠰᠠᠨ ᠣᠳᠬ᠎ᠠ ᠵᠣᠬᠢᠶᠠᠯ᠎ᠤᠨ ᠦᠷᠨᠢᠯ ᠴᠡᠴᠡᠭᠯᠡᠯ᠎ᠢ ᠠᠬᠢᠭᠤᠯᠪᠠ᠃
《ᠦᠨᠢᠷ ᠴᠡᠴᠡᠭ》 ᠡᠴᠡ ᠪᠡᠬᠡ᠎ᠶᠢᠨ ᠦᠨᠦᠷ ᠬᠠᠩᠬᠣᠯᠵᠦ᠂ ᠪᠢᠯᠢᠭ᠎ᠤᠨ ᠬᠣᠷ᠎ᠠ ᠱᠠᠬᠢᠨ᠎ᠠ᠃ 《ᠦᠨᠢᠷ ᠴᠡᠴᠡᠭ》 ᠰᠡᠳᠬᠦᠯ ᠣᠷᠢᠳ ᠬᠣᠵᠢᠳ《ᠰᠦᠯᠲᠡ ᠴᠣᠮᠣ》 ᠲᠣᠭᠣᠵᠢ᠎ᠶᠢᠨ ᠣᠷᠣᠯᠲᠣᠭᠠᠨ᠂ 《ᠮᠦᠩᠭᠡ ᠲᠡᠭᠷᠢ》 ᠴᠣᠮᠣ ᠰᠢᠯᠦᠭ᠎ᠤᠨ ᠨᠠᠭᠠᠲᠣᠮ᠂ 《ᠨᠠᠢ᠍ᠮᠠᠨ ᠰᠢᠷᠭ᠎ᠠ》 ᠨᠡᠷᠡᠮᠵᠢᠲᠦ ᠣᠷᠣᠯᠲᠣᠭᠠᠨ᠂ 《ᠦᠨᠢᠷ ᠴᠡᠴᠡᠭ》 ᠨᠡᠷᠡᠮᠵᠢᠲᠦ ᠣᠷᠠᠨ ᠵᠣᠬᠢᠶᠠᠯ᠎ᠤᠨ ᠨᠠᠭᠠᠲᠣᠮ ᠵᠡᠷᠭᠡ 50 ᠭᠠᠷᠣᠢ ᠣᠲᠠᠭᠠᠨ᠎ᠤ ᠣᠷᠠᠨ ᠵᠣᠬᠢᠶᠠᠯ᠎ᠤᠨ ᠣᠷᠣᠯᠲᠣᠭᠠᠨ ᠠᠵᠢᠯᠯᠠᠭ᠎ᠠ᠎ᠶᠢ ᠵᠣᠬᠢᠶᠠᠨ ᠪᠠᠢᠭᠣᠯᠵᠦ᠂ ᠱᠠᠩᠨᠠᠯ ᠬᠦᠷᠲᠡᠭᠰᠡᠨ ᠪᠦᠲᠦᠭᠡᠯ 1500 ᠭᠠᠷᠣᠢ ᠪᠡᠷ ᠪᠦᠷᠢᠳᠭᠡᠬᠦᠯᠬᠦ ᠪᠣᠯᠵᠠᠢ᠃ ᠡᠬᠦᠨ ᠳ᠋ᠦ ᠦᠰᠪᠦᠷᠢ ᠵᠠᠯᠠᠭᠣᠴᠣᠳ᠎ᠤᠨ ᠣᠷᠮ᠎ᠠ᠎ᠶᠢ ᠬᠦᠭᠵᠢᠭᠡᠵᠦ᠂ ᠣᠷᠠᠨ ᠵᠣᠬᠢᠶᠠᠯ᠎ᠤᠨ ᠪᠡᠯᠡᠳᠭᠡᠯ ᠬᠦᠴᠦᠨ᠎ᠢ ᠬᠦᠮᠦᠵᠢᠬᠦᠯᠬᠦ ᠪᠡᠷ ᠵᠣᠷᠢᠯᠭ᠎ᠠ ᠪᠣᠯᠭᠠᠬᠰᠠᠨ ᠨᠠᠢ᠍ᠮᠠᠨ ᠮᠣᠵᠢ ᠣᠷᠣᠨ᠎ᠤ ᠶᠡᠬᠡ ᠲᠡᠭᠡᠲᠦ ᠰᠣᠷᠭᠠᠭᠣᠯᠢ᠂ ᠲᠣᠮᠲᠠᠲᠣ ᠵᠡᠷᠭᠡ᠎ᠶᠢᠨ ᠲᠣᠰᠬᠠᠢ ᠮᠡᠷᠭᠡᠵᠢᠯ᠎ᠤᠨ ᠰᠣᠷᠭᠠᠭᠣᠯᠢ ᠪᠣᠯᠣᠨ ᠲᠣᠮᠲᠠᠲᠣ ᠰᠣᠷᠭᠠᠭᠣᠯᠢ᠎ᠶᠢᠨ ᠰᠣᠷᠣᠬᠴᠢᠳ᠎ᠤᠨ《ᠨᠠᠢ᠍ᠮᠠᠨ ᠰᠢᠷᠭ᠎ᠠ》 ᠵᠣᠬᠢᠶᠠᠨ ᠪᠢᠴᠢᠯᠭᠡ᠎ᠶᠢᠨ ᠣᠷᠣᠯᠲᠣᠭᠠᠨᠢ 2002 ᠤᠨ ᠡᠴᠡ ᠡᠬᠢᠯᠡᠨ ᠭᠣᠷᠪᠠᠨ ᠵᠢᠯ ᠳ᠋ᠦ ᠨᠢᠭᠡ ᠣᠲᠠᠭ᠎ᠠ ᠵᠣᠬᠢᠶᠠᠨ ᠪᠠᠢᠭᠣᠯᠵᠦ᠂ ᠣᠲᠣ ᠪᠣᠯᠲᠠᠯ᠎ᠠ 6 ᠣᠲᠠᠭ᠎ᠠ ᠡᠷᠬᠢᠯᠡᠨ ᠶᠠᠪᠣᠬᠲᠠᠭᠣᠯᠵᠦ᠂ 30 ᠲᠦᠮᠡ ᠢᠯᠡᠬᠦᠦ ᠰᠣᠷᠣᠬᠴᠢᠳᠢ ᠲᠠᠢᠴᠢᠯᠠᠨ ᠣᠷᠣᠯᠴᠠᠭᠣᠯᠵᠦ᠂ 2230 ᠭᠠᠷᠣᠢ ᠰᠣᠷᠣᠬᠴᠢᠳ ᠲᠦ᠍ ᠱᠠᠩᠨᠠᠯ ᠣᠯᠭᠣᠵᠦ ᠬᠦᠬᠢᠬᠦᠯᠦᠨ ᠵᠣᠷᠢᠬᠵᠢᠭᠣᠯᠣᠬᠰᠠᠨ ᠪᠠᠢᠨ᠎ᠠ᠃ ᠡᠳᠡᠭᠡᠷ ᠪᠦᠲᠦᠭᠡᠯ ᠤ᠋ᠤᠨ ᠡᠴᠡ 《ᠬᠣᠯᠣᠨᠴᠠᠶᠢᠨ ᠪᠠᠭᠣᠷᠢ》᠂ 《ᠦᠬᠢᠨ ᠵᠠᠶᠠᠭᠠᠨ᠎ᠤ ᠲᠣᠣᠯᠢ》 ᠵᠡᠷᠭᠡ ᠪᠦᠲᠦᠭᠡᠯ ᠨᠢ ᠪᠠᠰᠠ ᠮᠣᠩᠭᠣᠯ ᠬᠡᠯᠡ ᠪᠢᠴᠢᠭ᠎ᠤᠨ ᠰᠣᠷᠬᠣ ᠪᠢᠴᠢᠭ ᠲᠦ᠍ ᠰᠣᠩᠭᠣᠬᠲᠠᠬᠰᠠᠨ ᠪᠢᠯᠡ᠃
《ᠦᠨᠢᠷ ᠴᠡᠴᠡᠭ》 ᠦᠯᠡᠮᠵᠢ ᠠᠮᠵᠢᠯᠲᠠ ᠪᠡᠷ ᠦᠪᠡᠷ᠎ᠢ ᠪᠠᠨ ᠲᠠᠭᠣᠷᠢᠰᠣᠭᠣᠯᠣᠬᠰᠠᠭᠠᠷ᠃ 《ᠦᠨᠢᠷ ᠴᠡᠴᠡᠭ》 ᠰᠡᠳᠬᠦᠯ ᠣᠷᠢᠳ ᠬᠣᠵᠢᠳ ᠦᠪᠡᠷᠲᠡᠭᠡᠨ ᠵᠠᠰᠠᠬᠣ ᠣᠷᠣᠨ᠎ᠤ 《ᠰᠢᠯᠢᠲᠡᠭ ᠰᠡᠳᠬᠦᠯ》᠂ ᠦᠪᠡᠷᠲᠡᠭᠡᠨ ᠵᠠᠰᠠᠬᠣ ᠣᠷᠣᠨ᠎ᠤ ᠠᠩᠬᠠᠲᠣᠭᠠᠷ ᠣᠲᠠᠭᠠᠨ᠎ᠤ 《ᠬᠣᠭᠣᠴᠠᠭᠠᠲᠣ ᠰᠡᠳᠬᠦᠯ᠎ᠤᠨ ᠱᠠᠩᠨᠠᠯ》 (ᠨᠢᠭᠡᠲᠦᠭᠡᠷ ᠲᠡᠰ)᠂ ᠣᠮᠠᠷᠠᠲᠣ ᠣᠷᠣᠨ᠎ᠤ 《ᠠᠷᠪᠠᠨ ᠰᠣᠲᠣᠨ》 ᠰᠡᠳᠬᠦᠯ᠂ ᠲᠣᠮᠲᠠᠲᠣ ᠣᠯᠣᠰ᠎ᠤᠨ ᠭᠣᠷᠪᠠᠲᠣᠭᠠᠷ ᠬᠣᠭᠣᠴᠠᠭᠠᠨ᠎ᠤ ᠰᠡᠳᠬᠦᠯ᠎ᠤᠨ ᠰᠢᠯᠭᠠᠷᠠᠭᠣᠯᠣᠯᠲᠠᠶᠢᠨ《ᠣᠯᠣᠰ᠎ᠤᠨ ᠬᠣᠭᠣᠴᠠᠭᠠᠲᠣ ᠰᠡᠳᠬᠦᠯ᠎ᠤᠨ ᠱᠠᠩᠨᠠᠯ》 ᠤ᠋ᠨ ᠬᠣᠶᠠᠲᠣᠭᠠᠷ ᠲᠡᠰ᠎ᠤᠨ ᠱᠠᠩᠨᠠᠯ ᠵᠡᠷᠭᠡ᠎ᠶᠢ ᠬᠦᠷᠲᠡᠵᠦ᠂ ᠦᠩᠭᠡ ᠦᠩᠭᠡ᠎ᠶᠢᠨ ᠴᠡᠴᠡᠭᠡᠰ ᠲᠣᠮᠲᠠ ᠦᠵᠡᠰᠬᠦᠯᠡᠩ ᠲᠠᠢ ᠴᠢᠮᠡᠭ ᠲᠠᠢ ᠭᠡᠷᠡᠯᠲᠦᠨ᠎ᠡ᠃
ᠴᠠᠬ᠎ᠤᠨ ᠬᠢᠯᠢ᠎ᠶᠢ ᠲᠠᠪᠠᠵᠦ᠂ ᠴᠠᠭᠠᠨ ᠴᠠᠭᠠᠰᠣᠨ᠎ᠠ ᠪᠡᠬᠡᠨ ᠬᠠᠷ᠎ᠠ ᠪᠡᠷ ᠴᠣᠬᠣᠷᠯᠠᠨ ᠲᠡᠯᠭᠡᠷᠡᠭᠰᠡᠨ ᠣᠳᠬ᠎ᠠ ᠵᠣᠬᠢᠶᠠᠯ᠎ᠤᠨ 《ᠦᠨᠢᠷ ᠴᠡᠴᠡᠭ》 ᠦᠨᠢᠲᠡ ᠴᠡᠯ ᠵᠠᠯᠠᠭᠣᠬᠠᠨ ᠶ᠋ᠢᠡᠷ ᠶ᠋ᠢᠡᠨ ᠴᠡᠴᠡᠭᠯᠡᠬᠦ ᠶᠣᠮ ᠡ᠃