ᠪᠠᠶᠡᠴᠢ ᠪᠤᠰᠤᠳᠴᠢ ᠲᠠᠯ᠎ᠠ ᠡᠴᠠ ᠪᠤᠲᠤᠯᠬᠢᠯᠠᠬᠤ᠎ᠶᠢᠨ ᠤᠴᠢᠷ
2025-12-19 09:58:18
ᠵᠣᠬᠢᠶᠠᠭ᠍ᠴᠢ᠄
ᠲᠠᠯᠠᠨᠪᠠᠶᠠᠷ
ᠣᠩᠱᠢᠭ᠍ᠰᠠᠨ ᠣᠳᠠᠭ᠎ᠠ᠄
★★★☆☆

ᠠᠯᠢᠪᠠ ᠤᠴᠢᠷ ᠶᠠᠪᠤᠲᠠᠯ ᠎ᠢ ᠪᠡᠶᠠᠴᠢ ᠪᠠ ᠪᠤᠰᠤᠳᠴᠢ ᠲᠠᠯ᠎ᠠ ᠡᠴᠠ ᠰᠠᠶ᠋ᠢᠲᠤᠷ ᠪᠤᠲᠤᠯᠬᠢᠯᠡᠨ ᠦᠵᠡᠬᠥ᠌ ᠪᠣᠯ ᠬᠦᠮᠤᠨ᠎ᠤ ᠠᠮᠢᠲᠤᠷᠠᠯ᠎ᠤᠨ ᠨᠢᠭᠡ ᠶᠡᠬᠡ ᠵᠠᠷᠴᠢᠮ ᠰᠢᠭ᠋ ᠶᠡᠷᠤᠲᠡ᠎ᠶᠢᠨ ᠵᠢᠮ᠎ᠡ ᠪᠤᠯᠤᠭᠰᠠᠨ ᠪᠠᠶ᠋ᠢᠵᠤ ᠲᠠᠭᠠᠷᠠᠨ᠎ᠠ᠃ ᠭᠡᠲᠡᠯ᠎ᠡ ᠤᠲᠤ᠌ ᠴᠦᠭᠡᠨ ᠪᠤᠰᠤ ᠬᠦᠮᠤᠰ  《ᠪᠢ ᠶᠠᠭᠠᠬᠢᠭᠠᠳ》 ᠭᠡᠬᠥ᠌ ᠦᠭᠡ᠎ᠶᠢᠨ ᠤᠴᠢᠷ ᠤᠳᠬ᠎ᠠ᠎ᠳᠤ ᠶᠠᠮᠠᠷ ᠴᠤ᠌ ᠰᠡᠳᠬᠢᠭᠲᠡᠯ ᠦᠭᠡᠢ ᠪᠤᠯᠤᠭᠰᠠᠨ ᠮᠡᠲᠣ ᠬᠡᠷᠪᠡ ᠠᠯᠢ ᠨᠢᠭᠡᠨ ᠨᠦᠬᠥᠷ ᠲᠠᠢ ᠦᠵᠡᠯ ᠪᠤᠲᠤᠯ ᠨᠢᠭᠡᠳᠬᠥ᠌ ᠦᠭᠡᠢ ᠪᠠᠢᠬᠤ᠎ᠳᠦ ᠬᠦᠷᠪᠡᠯ᠂ ᠰᠢᠭᠤᠳ ᠯᠠ ᠦᠪᠡᠷ᠎ᠢ᠎ᠪᠡᠨ ᠵᠦᠪᠲᠤᠬᠡᠵᠤ ᠬᠡᠯᠡ ᠠᠮᠠ ᠪᠤᠯᠳᠠᠭ ᠵᠢᠠᠷ᠂ ᠤᠴᠢᠷ ᠶᠠᠪᠤᠲᠠᠯ ᠎ᠢ ᠪᠦᠷ ᠴᠠᠭᠠᠰᠢ ᠬᠠᠨᠲᠤᠭᠤᠯᠤᠨ᠂ ᠠᠰᠠᠭᠤᠲᠠᠯ᠎ᠢ ᠰᠢ᠌ᠳᠪᠤᠷᠢᠯᠡᠬᠥ᠎ᠳᠤ ᠮᠠᠰᠢ ᠪᠡᠷᠬᠡ ᠪᠤᠲᠤᠯᠢᠶᠡᠨ ᠲᠠᠢ ᠪᠣᠯᠭᠠᠳᠠᠭ ᠪᠠᠶ᠋ᠢᠨ᠎ᠠ᠃ ᠡᠲᠡᠭᠡᠷ ᠬᠦᠮᠤᠰ᠎ᠤᠨ ᠨᠡᠶ᠋ᠢᠲᠡᠯᠢᠭ ᠤᠨᠴᠠᠯᠢᠭ  ᠨᠢ ᠤᠯᠡᠩᠬᠢ᠎ᠳ᠋ᠠᠭᠠᠨ ᠡᠭᠡᠷᠡᠮ᠎ᠡ ᠲᠠᠯ᠎ᠠ᠎ᠶᠢᠨ ᠬᠠᠮᠬᠤᠤᠯ ᠡᠪᠡᠰᠤ ᠰᠢᠭ ᠭᠣᠤ ᠭᠠᠩᠭ᠎ᠠ᠎ᠶᠢᠨ ᠮᠤᠬᠤᠷ᠎ᠲᠤ ᠠᠮᠢᠲᠤᠷᠠᠯ᠎ᠢᠶᠡᠨ ᠠᠷᠭᠠᠴᠠᠭᠠᠵᠤ ᠶᠠᠪᠤᠳᠠᠭ᠃

ᠡᠨᠡ ᠨᠢ ᠲᠠᠷᠤᠢ ᠴᠦᠭᠡᠨ ᠪᠤᠰᠤ ᠬᠦᠮᠤᠰ᠎ᠤᠨ ᠪᠠᠶᠡᠴᠢ ᠪᠤᠰᠤᠳᠴᠢ ᠎ᠶᠢᠨ ᠢᠯᠭᠠᠭ᠎ᠠ ᠵᠦᠷᠢᠶ᠎ᠡ ᠬᠢᠭᠡᠳ ᠲᠤᠲᠤᠭᠠᠲᠤ᠌ ᠠᠭᠤᠯᠬᠤᠨ ᠵᠡᠷᠭᠡ ᠵᠢᠨ ᠬᠠᠷᠢᠴᠠᠭ᠎ᠠ ᠬᠤᠯᠪᠤᠭ᠎ᠠ ᠵᠢ ᠦᠯᠤ ᠤᠶ᠋ᠢᠰᠢᠶᠡᠨ᠂ ᠠᠰᠠᠭᠤᠲᠠᠯ ᠎ᠢ ᠪᠦᠬᠥ᠌ ᠲᠠᠯ᠎ᠠ ᠡᠴᠠ ᠨᠠᠷᠢᠨ ᠰᠢᠷᠢᠨ ᠬᠦᠨᠵᠡᠭᠡᠢ ᠰᠠᠶ᠋ᠢᠬᠠᠨ ᠪᠤᠲᠤᠯᠬᠢᠯᠡᠬᠤ ᠦᠵᠡᠯ ᠰᠤᠷᠲᠠᠯ ᠵᠢᠡᠷ ᠲᠤᠳᠠᠮᠠᠭ ᠮᠦᠷᠳᠡᠬᠡᠨ ᠰᠢᠭᠤᠳ ᠯᠠ ᠦᠪᠡᠷ ᠪᠢ᠎ᠶᠢᠨ ᠦᠵᠡᠯᠲᠡ᠎ᠪᠡᠷ ᠭᠡᠲᠣ 《ᠨᠤᠳᠠᠯᠠᠯ ᠪᠠᠷᠢᠮᠲᠠ》 ᠪᠤᠯᠭᠠᠨ᠂ ᠦᠷᠤᠭᠡᠯ ᠪᠤᠰᠤᠳ ᠲᠠᠢ ᠬᠠᠷᠢᠯᠴᠠᠬᠤ ᠨᠡᠩ ᠴᠢᠨᠠᠭᠰᠢᠯᠠᠪᠠᠯ᠂ ᠭᠡᠷᠡᠬᠥᠯ ᠮᠠᠷᠭᠤᠭᠠᠨ ᠬᠢᠬᠥ᠎ᠶᠢᠨ ᠬᠢᠨᠢ ᠨᠢᠭᠡ ᠶᠡᠬᠡ ᠦᠨᠲᠤᠰᠤ ᠰᠢᠯᠳᠠᠭᠠᠨ ᠪᠤᠯᠤᠭᠰᠠᠨ ᠰᠢᠭ᠋ ᠰᠠᠨᠠᠭᠲᠠᠨ᠎ᠠ᠃ ᠡᠢᠮᠦ ᠡᠴᠠ ᠤᠷᠴᠢᠯᠠᠩ᠎ᠤᠨ ᠤᠯᠠᠭᠠᠨ ᠲᠤᠭᠤᠰᠤᠨ᠎ᠳᠤ᠂ ᠶᠢᠷᠳᠢᠨᠴᠤ᠎ᠶᠢᠨ ᠠᠮᠢᠲᠤᠷᠠᠯ ᠎ᠢ ᠡᠳ᠋ᠯᠡᠵᠣ ᠶᠠᠪᠤᠭ᠎ᠠ ᠶᠠᠮᠠᠷ ᠨᠢᠭᠡᠨ ᠬᠦᠮᠤᠨ᠎ᠳᠦ ᠠᠪᠴᠤ᠌ ᠬᠡᠯᠡᠭᠰᠡᠨ ᠴᠤ᠌ 《ᠨᠡᠶ᠋ᠢᠭᠡᠮ》 ᠭᠡᠲᠡᠭ ᠨᠡᠯᠤᠭᠡᠷ ᠶᠡᠬᠡ ᠲᠠᠯᠠᠢ᠎ᠳᠤ ᠰᠡᠯᠢᠬᠦᠷ ᠵᠢᠠᠨ ᠬᠠᠮᠢᠭᠠᠰᠢ ᠵᠠᠯᠠᠵᠤ ᠶᠠᠭᠠᠬᠢᠵᠤ ᠤᠩᠭᠤᠴᠠ ᠰᠡᠯᠢᠭᠥ᠌ ᠨᠢ ᠴᠢᠬᠤᠯᠠ ᠪᠠᠢᠬᠤ ᠡᠴᠨ ᠭᠠᠳᠠᠨ᠎ᠠ᠂ ᠠᠮᠢᠲᠤᠷᠠᠬᠤᠢ᠎ᠶᠢᠨ ᠦᠵᠡᠯᠲᠡ᠎ᠪᠡᠷ ᠦᠪᠡᠷ᠎ᠢ᠎ᠪᠡᠨ ᠴᠠᠭ ᠢᠮᠠᠭᠳᠠ ᠵᠡᠪᠰᠡᠭᠯᠡᠵᠣ ᠲᠡᠬᠥᠯᠲᠡᠷᠵᠢᠬᠥᠯᠤᠨ᠂ ᠲᠡᠷᠡᠴᠢᠯᠡᠨ ᠪᠠᠶᠠᠷ ᠭᠤᠨᠢᠭ ᠵᠢᠷᠭᠠᠯ ᠵᠤᠪᠠᠯᠠᠩ ᠬᠤᠣᠰ᠎ᠢᠶᠠᠷ ᠢᠷᠡᠲᠡᠭ ᠬᠤᠷᠸ᠎ᠠ᠎ᠳᠤ ᠵᠤᠬᠢᠴᠠᠵᠤ ᠠᠮᠢᠲᠤᠷᠠᠬᠤ᠎ᠶᠢᠨ ᠶᠡᠬᠡ ᠤᠬᠠᠭᠠᠨ᠎ᠢ ᠰᠤᠷᠴᠤ᠌ ᠡᠵᠡᠮᠰᠢᠬᠥ᠌ ᠨᠢ ᠠᠮᠢᠲᠤᠷᠠᠯ ᠤᠶ᠋ᠢᠯᠡᠰ᠎ᠲᠡᠬᠡᠨ ᠬᠠᠨᠲᠤᠬᠣ ᠎ᠶᠢᠨ ᠪᠠᠰᠠ ᠨᠢᠭᠡᠨ ᠴᠢᠬᠤᠯᠠ ᠠᠰᠠᠭᠤᠲᠠᠯ ᠪᠣᠯᠬᠤ ᠶᠤᠮ᠃

ᠶᠠᠷᠢᠶᠠᠨ ᠦᠭᠡᠢ ᠦᠪᠡᠷ ᠪᠢ᠎ᠶᠢᠨ ᠦᠵᠡᠯᠲᠡ᠎ᠪᠡᠷ ᠴᠢᠩᠭ᠎ᠠ ᠪᠠᠶ᠋ᠢᠬᠤ ᠪᠣᠯ ᠶᠡᠬᠡ ᠰᠠᠶ᠋ᠢᠨ ᠶᠠᠪᠤᠲᠠᠯ᠃ ᠭᠡᠬᠥ᠎ᠳ᠋ᠡᠬᠡᠨ ᠶᠠᠭᠤ ᠪᠤᠯᠭᠠᠨ᠎ᠳᠤ ᠦᠪᠡᠷ ᠪᠢ᠎ᠶᠢᠨ ᠠᠰᠢᠭ ᠲᠤᠰᠠ᠎ᠡᠴᠠ ᠡᠬᠥᠰᠴᠤ᠌᠂ ᠪᠠᠶᠡᠴᠢ ᠲᠠᠯ᠎ᠠ ᠡᠴᠠ ᠪᠤᠲᠤᠯᠬᠢᠯᠠᠬᠤ ᠦᠵᠡᠯ ᠰᠤᠷᠲᠠᠯ ᠲᠠᠢ ᠪᠠᠶ᠋ᠢᠵᠤ ᠶᠠᠭᠠᠬᠢᠭᠰᠠᠨ ᠴᠤ᠌ ᠪᠣᠯᠬᠤ ᠦᠭᠡᠢ᠃ ᠬᠡᠷᠪᠡ ᠨᠢᠭᠡ ᠬᠦᠮᠤᠨ ᠠᠮᠢᠲᠤᠷᠠᠯ ᠎ᠳ᠋ᠠᠭᠠᠨ ᠬᠡᠵᠢᠶᠡᠲᠡ ᠦᠪᠡᠷ ᠪᠢ᠎ᠶᠢᠨ ᠠᠰᠢᠭ ᠲᠤᠰᠠ᠎ᠶᠢᠨ ᠡᠮᠤᠨ᠎ᠡ ᠡᠴᠠ ᠦᠬᠥᠨ ᠬᠦᠭᠡᠭᠡᠴᠡᠯᠲᠤᠬᠥ᠌  ᠬᠤᠪᠢᠨᠴᠢᠷ ᠦᠵᠡᠯ ᠰᠤᠷᠲᠠᠯ᠎ᠢᠶᠠᠷ ᠦᠪᠡᠷ᠎ᠢ᠎ᠪᠡᠨ ᠡᠵᠡᠮᠲᠡᠬᠥᠯᠬᠥ᠌ ᠳ᠋ᠤ ᠬᠦᠷᠪᠡᠯ᠂ ᠦᠷᠤᠭᠡᠯ ᠪᠤᠰᠤᠳ᠎ᠦᠨ ᠨᠢᠲᠣ ᠰᠡᠳᠬᠢᠯ᠎ᠳᠤ ᠬᠣᠭ ᠨᠤᠪᠰᠢ ᠰᠢᠭ᠋ ᠦᠵᠡᠭᠲᠡᠵᠣ᠂ ᠠᠶᠠᠨᠲᠠᠭᠠᠨ ᠢᠲᠡᠭᠡᠯ ᠎ᠤᠨ ᠬᠠᠶ᠋ᠢᠷ᠎ᠠ ᠬᠦᠨᠲᠤᠳᠭᠡᠯ᠎ᠴᠤ᠌ ᠦᠭᠡᠢ ᠪᠤᠯᠵᠤ᠂ ᠡᠭᠡᠭᠡ ᠯᠠ ᠰᠦᠷᠤᠭ᠌ ᠡᠴᠠ᠎ᠪᠠᠨ ᠰᠠᠯᠤᠭᠰᠠᠠ ᠮᠠᠯ ᠤᠨᠤᠭ᠎ᠠ ᠰᠢᠭ᠋ ᠡᠴᠤᠰ᠎ᠤᠨ ᠮᠦᠷ᠎ᠲᠦ᠍ ᠰᠡᠬᠥᠲᠡᠷ ᠡᠴᠠ᠎ᠪᠠᠨ ᠦᠬᠡᠷ᠎ᠡ ᠬᠠᠨᠢ ᠦᠭᠡᠢ ᠠᠮᠢᠲᠤᠷᠠᠯ᠎ᠢᠶᠠᠷ ᠨᠠᠰᠤ ᠪᠡᠶ᠎ᠡ᠎ᠪᠡᠨ ᠡᠯᠡᠭᠡᠬᠥ᠌ ᠪᠤᠯᠤᠨ᠎ᠠ᠃ ᠡᠨᠡ ᠨᠢ ᠬᠡᠷᠡᠭ ᠲᠡᠭᠡᠷ᠎ᠡ᠎ᠪᠡᠨ ᠶᠠᠪᠤᠯᠴᠠᠭ᠎ᠠ ᠬᠠᠷᠢᠯᠴᠠᠭᠠᠨ᠎ᠤ ᠵᠠᠮ ᠮᠦᠷ᠎ᠢᠶᠡᠨ ᠬᠠᠰᠢᠵᠤ ᠦᠪᠡᠷ᠎ᠢ᠎ᠪᠡᠨ ᠲᠤᠰᠠᠭᠠᠷᠯᠠᠨ᠂ ᠭᠡᠲᠣ ᠠᠮᠢᠨᠴᠢᠷ ᠬᠤᠪᠢᠨᠴᠢᠷ ᠰᠢᠨᠤᠬᠠᠢ ᠰᠡᠳᠬᠢᠯ᠎ᠲᠠᠢ ᠪᠠᠶ᠋ᠢᠲᠠᠭ᠎ᠤᠨ ᠬᠢᠨᠢ ᠪᠤᠲᠠᠲᠠᠢ ᠢᠯᠡᠷᠡᠯ ᠪᠣᠯᠬᠤ ᠶᠤᠮ᠃ ᠦᠬᠡᠷ᠎ᠡ᠎ᠪᠡᠷ ᠬᠡᠯᠡᠪᠡᠯ᠂ ᠠᠰᠠᠭᠤᠲᠠᠯ᠎ᠢ ᠪᠡᠶᠡᠴᠢ ᠪᠤᠰᠤᠳᠴᠢ ᠲᠠᠯ᠎ᠠ ᠡᠴᠠ ᠪᠤᠲᠤᠯᠬᠢᠯᠡᠨ ᠦᠵᠡᠬᠥ᠌᠂ ᠶᠤᠰᠤ ᠰᠤᠷᠲᠠᠬᠤᠨ᠎ᠤ ᠮᠦᠨ ᠴᠢᠨᠠᠷ ᠵᠡᠷᠭᠡ ᠦᠪᠡᠷ᠎ᠢ᠎ᠪᠡᠨ ᠵᠠᠬᠢᠷᠬᠤ ᠮᠡᠳᠡᠯᠬᠡ ᠪᠤᠯᠪᠠᠰᠤᠷᠠᠯ ᠲᠤᠯᠢᠮᠠᠭ ᠡᠴᠠ ᠪᠤᠯᠤᠭᠰᠠᠨ ᠨᠢ ᠢᠯᠡᠷᠬᠡᠢ ᠃

ᠡᠢᠮᠦ ᠡᠴᠠ ᠪᠢᠳᠡ ᠡᠷᠬᠡᠪᠰᠢ ᠪᠡᠶᠡᠴᠢ ᠪᠤᠰᠤᠳᠴᠢ ᠲᠠᠯ᠎ᠠ ᠡᠴᠠ ᠪᠤᠲᠤᠯᠬᠢᠯᠡᠨ ᠦᠵᠡᠬᠥ᠎ᠶᠢᠨ ᠴᠢᠬᠤᠯᠠ ᠴᠢᠨᠠᠷ᠎ᠲᠤ᠌ ᠬᠦᠨᠵᠡᠭᠡᠢ ᠲᠠᠨᠢᠯᠲᠡ ᠲᠠᠢ ᠪᠠᠶ᠋ᠢᠵᠤ᠂ ᠨᠡᠩ ᠴᠤ᠌ ᠦᠷᠢᠰᠤᠯᠲᠤᠭᠡᠨ ᠶᠡᠬᠡᠲᠠᠢ ᠤᠲᠣᠬᠢ ᠨᠡᠶ᠋ᠢᠭᠡᠮ᠎ᠦᠨ ᠲᠡᠯᠡᠬᠡᠶ᠋ᠢᠴᠢᠯᠡᠯᠲᠡ᠎ᠶᠢᠨ ᠶᠡᠬᠡ ᠤᠷᠴᠢᠨ᠎ᠳᠤ ᠴᠤᠬᠣᠮ ᠶᠠᠭᠠᠬᠢᠵᠤ ᠵᠤᠬᠢᠴᠠᠨ ᠠᠮᠢᠲᠤᠷᠠᠬᠤ᠂ ᠦᠪᠡᠷ᠎ᠢ᠎ᠪᠡᠨ ᠬᠢᠷᠢ ᠵᠡᠷᠭᠡ ᠴᠡᠨᠡᠭᠯᠡᠬᠥ᠌ ᠭᠡᠲᠡᠭ ᠲᠤᠮᠤᠬᠠᠨ ᠤᠴᠢᠷ᠎ᠲᠤ᠌ ᠲᠦᠪ ᠴᠢᠩᠭ᠎ᠠ ᠦᠵᠡᠯ ᠰᠤᠷᠳᠠᠯ ᠲᠠᠢ ᠪᠠᠶ᠋ᠢᠵᠤ᠂ ᠠᠵᠢᠯ ᠤᠶ᠋ᠢᠯᠡᠰ ᠠᠵᠤ ᠠᠮᠢᠲᠤᠷᠠᠯ᠎ᠳ᠋ᠠᠭᠠᠨ  ᠵᠦᠪ ᠤᠪᠤᠷ ᠵᠢᠡᠷ ᠬᠠᠨᠳᠤᠬᠤ ᠬᠡᠷᠡᠭᠳᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号