ᠪᠤᠳᠠᠰ᠎ᠤᠨ ᠪᠤᠰᠤ ᠰᠤᠶᠤᠯ᠎ᠤᠨ ᠦᠪ᠎ᠤᠨ ᠵᠢᠵᠢᠭ ᠮᠡᠳᠡᠯᠭᠡ
ᠮᠣᠩᠭᠤᠯ ᠦᠨᠳᠦᠰᠦᠲᠡᠨ᠎ᠤ ᠳᠥᠷᠪᠡᠨ ᠤᠲᠠᠰᠤᠲᠤ ᠬᠤᠭᠤᠷ ᠪᠣᠯ ᠮᠣᠩᠭᠤᠯ ᠦᠨᠳᠦᠰᠦᠲᠡᠨ᠎ᠤ ᠦᠪᠡᠷᠮᠢᠴᠡ ᠣᠨᠴᠠᠯᠢᠭ᠎ᠲᠠᠢ ᠬᠥᠭ᠌ᠵᠢᠮ᠎ᠤᠨ ᠵᠢᠮᠰᠡᠭ᠎ᠤᠨ ᠨᠢᠭᠡ ᠪᠤᠯᠬᠤ ᠶᠤᠮ᠃ ᠦᠨᠳᠦᠷ ᠬᠦᠭ᠎ᠤᠨ ᠳᠦᠷᠪᠡᠨ ᠤᠲᠠᠰᠤᠲᠤ ᠬᠤᠭᠤᠷ᠂ ᠳᠤᠮᠳᠠ ᠬᠦᠭ᠎ᠤᠨ ᠳᠦᠷᠪᠡᠨ ᠤᠲᠠᠰᠤᠲᠤ ᠬᠤᠭᠤᠷ᠂ ᠳᠤᠤᠷ᠎ᠠ ᠬᠦᠭ᠎ᠤᠨ ᠳᠦᠷᠪᠡᠨ ᠤᠲᠠᠰᠤᠲᠤ ᠬᠤᠭᠤᠷ ᠭᠡᠵᠦ ᠭᠤᠷᠪᠠᠨ ᠵᠦᠢᠯ ᠬᠤᠪᠢᠶᠠᠳᠠᠭ᠃ ᠦᠨᠳᠦᠷ ᠬᠦᠭ᠎ᠤᠨ ᠳᠥᠷᠪᠡᠨ ᠤᠲᠠᠰᠤᠲᠤ ᠬᠤᠭᠤᠷ᠎ᠤᠨ ᠳᠠᠭᠤ ᠨᠢ ᠴᠢᠩᠬᠢᠨᠠᠮ᠎ᠠ ᠳᠤᠳᠤ ᠪᠥᠭᠡᠳ ᠭᠣᠴᠣᠯᠠᠯ ᠬᠥᠭ᠌ᠵᠢᠮ᠂ ᠬᠤᠤᠰᠯᠠᠯ ᠬᠥᠭ᠌ᠵᠢᠮ᠂ ᠬᠠᠮᠲᠤᠷᠠᠯ ᠬᠥᠭ᠌ᠵᠢᠮ᠎ᠢ ᠲᠠᠲᠠᠬᠤᠳ᠋ᠦ᠍ ᠬᠡᠷᠡᠭ᠌ᠯᠡᠨ᠎ᠡ᠃ ᠳᠤᠮᠳᠠ ᠳᠤᠤᠷ᠎ᠠ ᠬᠦᠭ᠎ᠤᠨ ᠳᠥᠷᠪᠡᠨ ᠤᠲᠠᠰᠤᠲᠤ ᠬᠤᠭᠤᠷ᠎ᠤ᠋ᠨ ᠳᠠᠭᠤ ᠨᠢ ᠬᠦᠩᠬᠢᠨᠠᠮᠡ ᠲᠦᠯᠭᠡᠨ ᠪᠠᠢᠵᠤ᠂ ᠤᠶᠠᠩᠭ᠎ᠠ ᠵᠢᠨ ᠬᠦᠭᠵᠢᠮ᠎ᠢ ᠲᠠᠲᠠᠬᠤ᠎ᠳᠤ ᠳᠠᠪᠠᠭᠤᠯᠢᠬ ᠲᠠᠢ ᠪᠦᠭᠡᠳ ᠭᠤᠤᠯᠳᠠᠭᠤ ᠬᠣᠷᠴᠢᠨ᠎ᠤ ᠬᠤᠭᠤᠷ᠎ᠤᠨ ᠦᠯᠢᠭᠡᠷ᠂ ᠬᠣᠯᠪᠣᠭ᠎ᠠ ᠬᠡᠯᠡᠬᠦ᠎ᠳᠤ ᠬᠠᠪᠰᠤᠷᠭᠠᠨ ᠬᠥᠭ᠌ᠵᠢᠮᠳᠡᠳᠡᠭ᠃ ᠲᠡᠳᠡᠭᠡᠷ ᠨᠢ ᠮᠤᠩᠭᠤᠯ ᠦᠨᠳᠦᠰᠦᠲᠡᠨ᠎ᠤ ᠠᠷᠠᠳ ᠲᠦᠮᠡᠨ᠎ᠤ ᠰᠣᠶᠣᠯ᠎ᠦᠨ ᠠᠮᠢᠳᠤᠷᠠᠯ ᠳᠤᠮᠳᠠ ᠮᠠᠰᠢ ᠴᠢᠬᠤᠯᠠ ᠪᠠᠢᠷᠢ ᠰᠠᠭᠤᠷᠢ ᠲᠠᠢ᠃ ᠶᠤᠸᠠᠨ ᠤᠯᠤᠰ᠎ᠠᠴᠠ ᠰᠡᠭᠦᠯᠡᠷ ᠳᠥᠷᠪᠡᠨ ᠤᠲᠠᠰᠤᠲᠤ ᠬᠤᠭᠤᠷ᠎ᠤᠨ ᠤᠷᠠᠯᠢᠭ ᠥᠷᠭᠡᠨ ᠵᠢᠡᠷ ᠤᠯᠠᠮᠵᠢᠯᠠᠭ᠍ᠳᠠᠵᠤ᠂ ᠥᠪᠥᠷ ᠮᠣᠩᠭᠤᠯ᠂ ᠯᠢᠶᠣᠤᠨᠢᠩ᠂ ᠭᠢᠷᠢᠨ᠂ ᠬᠠᠷᠠᠮᠥ᠋ᠷᠡᠨ ᠪᠣᠯᠤᠨ ᠤᠮᠠᠷᠠᠲᠤ ᠣᠷᠣᠨ ᠵᠡᠷᠭᠡ ᠬᠢᠲᠠᠳ ᠦᠨᠳᠦᠰᠦᠲᠡᠨ ᠲᠥᠪᠯᠡᠷᠡᠨ ᠰᠠᠭᠤᠭ᠍ᠰᠠᠨ ᠭᠠᠵᠠᠷ ᠣᠷᠣᠨ᠎ᠳᠤ ᠨᠢᠭᠡ ᠦᠶ᠎ᠡ ᠳᠡᠯᠭᠡᠷᠡᠵᠦ᠍᠂ ᠬᠢᠲᠠᠳ ᠦᠨᠳᠦᠰᠦᠲᠡᠨ᠎ᠤ ᠠᠷᠠᠳ᠎ᠤᠨ ᠦᠯᠢᠭᠡᠷ ᠬᠡᠯᠡᠬᠦ᠎ᠳᠤ ᠠᠯᠤᠰ ᠬᠡᠲᠦ᠍᠎ᠶ᠋ᠢᠨ ᠨᠥᠯᠥᠭᠡ ᠦᠵᠡᠭᠦᠯᠦᠭ᠌ᠰᠡᠨ ᠪᠠᠢᠨ᠎ᠠ᠃ 2006 ᠣᠨ᠎ᠳᠤ᠂ ᠮᠣᠩᠭᠣᠯ ᠦᠨᠳᠦᠰᠦᠲᠡᠨ᠎ᠦ ᠳᠥᠷᠪᠡᠨ ᠤᠲᠠᠰᠤᠲᠤ ᠬᠤᠭᠤᠷ᠎ᠤᠨ ᠬᠥᠭ᠌ᠵᠢᠮ ᠲᠥᠷᠥ᠎ᠶ᠋ᠢᠨ ᠶᠠᠪᠤᠳᠠᠯ ᠤᠨ ᠬᠣᠷᠢᠶᠠᠨ᠎ᠤ ᠵᠥᠪᠱᠢᠶᠡᠷᠡᠯ᠎ᠢᠶᠡᠷ ᠲᠦᠷᠦᠬᠦᠦ ᠪᠦᠯᠦᠭ᠎ᠤᠨ ᠤᠯᠤᠰ᠎ᠤᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ᠌ ᠴᠢᠨᠠᠷᠲᠠᠶ ᠲᠥᠷᠥᠯ ᠵᠦᠢᠯ᠎ᠦᠨ ᠨᠡᠷᠡᠰ᠎ᠲᠦ ᠵᠢᠭ᠍ᠰᠠᠭᠠᠭ᠍ᠳᠠᠪᠠ᠃
ᠠᠶᠠᠰ᠎ᠤᠨ ᠰᠠᠯᠬᠢ ᠬᠣᠷᠴᠢᠨ᠎ᠤ ᠲᠠᠯ᠎ᠠ ᠨᠤᠲᠤᠭ᠎ᠢ ᠢᠯᠪᠢᠭᠦᠶᠡ᠂ ᠳᠠᠩᠳᠠ ᠣᠨᠴᠠᠭᠠᠢ ᠨᠢᠭᠡ ᠠᠶ᠎ᠠ ᠳᠠᠭᠤᠨ ᠰᠤᠨᠤᠷ᠎ᠢ ᠬᠦᠨᠳᠡᠳᠡᠭ᠃ ᠲᠠᠷᠠ ᠨᠢ ᠮᠣᠷᠢᠨ ᠲᠦᠪᠡᠷᠭᠡᠨ ᠪᠢᠰᠢ᠂ ᠮᠠᠯᠴᠢᠳ᠎ᠤᠨ ᠳᠠᠭᠤᠤ ᠴᠤ᠌ ᠪᠢᠰᠢ᠂ ᠬᠠᠷᠢᠨ ᠳᠥᠷᠪᠡᠨ ᠤᠳᠠᠰᠤᠨ ᠡᠴᠡ ᠴᠤᠤᠷᠢᠶᠠᠳᠤᠬᠤ ᠬᠤᠭᠤᠷ᠎ᠤᠨ ᠠᠶᠠᠯᠭᠤ ᠪᠣᠯᠣᠨ᠎ᠠ᠃ ᠡᠪᠦᠭᠡᠨ ᠬᠥᠮᠦᠨ ᠦᠯᠢᠭᠡᠷ ᠬᠡᠯᠡᠵᠦ ᠪᠠᠢᠭ᠎ᠠ ᠴᠤ᠌ ᠶᠤᠮᠰᠢᠭ᠂ ᠭᠣᠣᠯ᠎ᠤ᠋ᠨ ᠤᠰᠤᠨ ᠲᠤᠯᠭᠢᠶᠠᠯᠠᠨ ᠤᠷᠤᠰᠴᠤ ᠪᠠᠢᠭ᠎ᠠ ᠴᠤ᠌ ᠶᠤᠮᠰᠢᠭ!

ᠡᠦ ᠪᠤᠤ ᠵᠦ᠍ ᠳᠦᠷᠪᠡᠨ ᠤᠲᠠᠰᠤᠲᠤ ᠬᠤᠭᠤᠷ ᠬᠦᠭ᠌ᠵᠢᠮᠳᠡᠵᠦ ᠤᠯᠠᠭᠠᠨᠮᠦ᠋ᠴᠢᠷᠤᠨᠲᠤᠭᠯᠠᠭᠴᠢ ᠪᠦᠵᠢᠭ᠌ ᠪᠦᠵᠢᠭᠯᠡᠨ᠎ᠡ
ᠲᠦᠩᠯᠢᠶᠣᠣ ᠬᠣᠲᠠ᠎ᠶᠢᠨ ᠬᠣᠷᠴᠢᠨ ᠵᠡᠭᠦᠨ ᠭᠠᠷᠤᠨ ᠳᠤᠮᠳᠠᠳᠤ ᠬᠣᠱᠢᠭᠤᠨ᠎ᠳᠤ ᠢᠷᠠᠭᠤ ᠰᠠᠢᠬᠠᠨ ᠠᠶᠠᠯᠭᠤ ᠮᠠᠯᠴᠢᠳ᠎ᠤ᠋ᠨ ᠭᠡᠷ᠎ᠡᠴᠡ ᠳᠤᠭᠤᠯᠳᠠᠨ᠎ᠠ᠃ ᠮᠣᠩᠭᠣᠯ ᠦᠨᠳᠦᠰᠦᠲᠡᠨ᠎ᠦ᠌ ᠳᠥᠷᠪᠡᠨ ᠤᠲᠠᠰᠤᠲᠤ ᠬᠤᠭᠤᠷ᠎ᠤ᠋ᠨ ᠬᠥᠭ᠌ᠵᠢᠮ᠎ᠤᠨ ᠥᠪᠥᠷ ᠮᠣᠩᠭᠣᠯ᠎ᠤ᠋ᠨ ᠥᠪᠡᠷᠲᠡᠭᠡᠨ ᠵᠠᠰᠠᠬᠤ ᠣᠷᠣᠨ᠎ᠤ᠋ ᠳᠡᠰ᠎ᠦ᠋ᠨ ᠪᠣᠳᠠᠰ᠎ᠤ᠋ᠨ ᠪᠤᠰᠤ ᠰᠣᠶᠣᠯ᠎ᠤ᠋ᠨ ᠥᠪ᠎ᠦ᠋ᠨ ᠲᠥᠯᠥᠭᠡᠯᠡᠬᠦ᠌ ᠴᠢᠨᠠᠷᠲᠠᠢ ᠤᠯᠠᠮᠵᠢᠯᠠᠭᠴᠢ ᠡᠦ ᠪᠤᠤ ᠵᠣ᠌ ᠳᠥᠷᠪᠡᠨ ᠤᠲᠠᠰᠤᠲᠤ ᠬᠤᠭᠤᠷᠢ᠋ᠢᠡᠨ ᠲᠠᠲᠠᠨ᠎ᠠ᠃ ᠬᠤᠭᠤᠷ᠎ᠤᠨ ᠳᠤᠮᠪᠤ ᠪᠠᠨ ᠮᠤᠭᠠᠢ ᠵᠢᠨ ᠠᠷᠠᠰᠤ ᠪᠡᠷ ᠪᠦᠷᠢᠵᠦ᠂ ᠳᠥᠷᠪᠡᠨ ᠤᠳᠠᠰᠤᠨ ᠡᠴᠡ ᠮᠦᠩᠭᠦᠨ ᠭᠡᠷᠡᠯ ᠲᠠᠲᠠᠨ᠎ᠠ᠃ 《ᠡᠨᠡ ᠪᠣᠯ ᠡᠪᠦᠭᠡ ᠳᠡᠭᠡᠳᠦᠰ᠎ᠡᠴᠡ ᠤᠯᠠᠮᠵᠢᠯᠠᠵᠤ ᠢᠷᠡᠭ᠌ᠰᠡᠨ ᠠᠶᠠᠯᠭᠤ ᠪᠤᠯᠤᠨ᠎ᠠ》 ᠭᠡᠳ ᠲᠡᠷᠡ ᠳᠦᠷᠪᠡᠨ ᠤᠲᠠᠰᠤᠲᠤ ᠬᠤᠭᠤᠷ᠎ᠤ᠋ᠨ ᠰᠡᠢᠯᠦᠮᠡᠯ ᠬᠤᠸᠠᠷᠢ ᠢᠯᠢᠭᠰᠡᠭᠡᠷ ᠶᠠᠷᠢᠨ᠎ᠠ᠃
ᠲᠠᠪᠢ ᠵᠢᠨ ᠳᠠᠪᠠᠭ᠎ᠠ ᠵᠢ ᠳᠠᠪᠠᠭᠰᠠᠨ ᠡᠦ ᠪᠣᠣ ᠵᠦ᠍ ᠤᠢ ᠴᠡᠭᠡᠵᠢᠨ᠎ᠳᠡᠭᠡᠨ ᠪᠠᠭ᠎ᠠ ᠨᠠᠰᠤᠨ᠎ᠤ ᠦᠳᠡᠰᠢ ᠵᠢᠨ ᠶᠠᠪᠤᠳᠠᠯ ᠵᠢᠡᠨ ᠳᠤᠲᠤᠷᠬᠠᠢ ᠴᠡᠭᠡᠵᠢᠯᠡᠭᠰᠡᠭᠡᠷ᠄ 《ᠠᠪᠤ ᠡᠳᠦᠷ ᠲᠠᠷᠢᠶᠠᠨ ᠠᠵᠢᠯ᠎ᠳᠠᠭᠠᠨ ᠶᠠᠭᠠᠷᠠᠨ᠂ ᠣᠷᠣᠢ ᠲᠣᠰᠣᠨ ᠳ᠋ᠧᠩ᠎ᠤᠨ ᠭᠡᠷᠡᠯ ᠳ᠋ᠤ ᠳᠥᠷᠪᠡᠨ ᠤᠲᠠᠰᠤᠲᠤ ᠬᠤᠭᠤᠷ ᠵᠢᠡᠨᠲᠠᠲᠠᠳᠠᠭ᠂ ᠬᠤᠭᠤᠷ᠎ᠤᠨ ᠠᠶᠠᠯᠭᠤ ᠰᠡᠳᠭᠢᠯ᠎ᠢ ᠬᠥᠳᠡᠯᠭᠡᠨ᠂ ᠮᠠᠨ᠎ᠤ ᠠᠬ᠎ᠠ ᠡᠭᠡᠴᠢ ᠳᠡᠭᠦᠦ ᠭᠡᠳᠦᠭᠦᠯᠡ ᠰᠣᠨᠣᠰᠴᠤ ᠪᠠᠢᠭᠰᠠᠭᠠᠷ ᠤᠨᠲᠠᠴᠢᠬᠠᠨ᠎ᠠ᠃ ᠲᠡᠷᠡ ᠦᠶ᠎ᠡ᠎ᠳᠦ ᠪᠢᠳᠡ ᠳᠥᠷᠪᠡᠨ ᠤᠲᠠᠰᠤᠲᠤ ᠬᠤᠭᠤᠷ᠎ᠢ ᠨᠢ ᠤᠷᠤᠯᠳᠤᠵᠤ ᠪᠤᠯᠬᠤ ᠦᠭᠡᠢ᠂ ᠡᠪᠳᠡᠯᠡᠬᠦ᠌ᠡᠴᠡ ᠠᠶᠤᠨ᠎ᠠ》᠃ ᠲᠡᠷᠡ ᠨᠠᠢ᠍ᠮᠠ ᠶᠢᠰᠦᠨ ᠨᠠᠰᠤᠲᠠᠢ᠎ᠳᠠᠭᠠᠨ ᠠᠪᠤ ᠵᠢᠨ ᠵᠢᠡᠨ ᠭᠠᠳᠠᠭ᠍ᠰᠢ ᠭᠠᠷᠬᠤ ᠵᠢ ᠳᠠᠯᠢᠮᠳᠠᠭᠤᠯᠤᠨ᠂ ᠳᠥᠷᠪᠡᠨ ᠤᠲᠠᠰᠤᠲᠤ ᠬᠤᠭᠤᠷ᠎ᠢ ᠨᠢᠬᠤᠯᠠᠭᠠᠢᠯᠠᠵᠤ ᠪᠣᠯᠪᠠᠰᠤᠷᠠᠳᠠᠭ ᠪᠠᠢᠪᠠ᠂ᠲᠡᠭᠦᠨ ᠡᠴᠡ ᠬᠣᠢᠰᠢ ᠡᠨᠡ ᠬᠦ᠌ ᠤᠷᠠᠯᠢᠭ᠎ᠲᠠᠢ ᠰᠠᠯᠤᠰᠢ ᠦᠭᠡᠢ ᠪᠠᠷᠢᠯᠳᠤᠯᠭ᠎ᠠ ᠲᠠᠢ ᠪᠤᠯᠵᠠᠢ᠃ ᠲᠡᠭᠦᠨ᠎ᠦ ᠶᠠᠷᠢᠶᠠᠨ᠎ᠳᠤ ᠳᠥᠷᠪᠡᠨ ᠤᠲᠠᠰᠤᠲᠤ ᠬᠤᠭᠤᠷᠪᠤᠯ ᠬᠣᠷᠴᠢᠨ᠎ᠤ ᠠᠷᠠᠳ᠎ᠤᠨ ᠳᠠᠭᠤᠤ᠎ᠶ᠋ᠢ ᠳᠠᠭᠤᠯᠠᠬᠤ᠎ᠳᠤ ᠬᠠᠪᠰᠤᠷᠭᠠᠳᠠᠭ ᠬᠦᠭ᠌ᠵᠢᠮ᠎ᠤᠨ ᠵᠢᠮᠰᠡᠭ ᠲᠡᠳᠦᠢ ᠦᠭᠡᠢ᠂ ᠨᠡᠩ ᠴᠦ᠍ ᠦᠶ᠎ᠡ ᠵᠢᠨ ᠦᠶ᠎ᠡ ᠵᠢᠨ ᠠᠮᠢᠳᠤᠷᠠᠯ᠎ᠤᠨ ᠳᠤᠷᠠᠰᠤᠮᠵᠢ ᠪᠣᠯᠣᠨ᠎ᠠ᠃ ᠭᠡᠷ ᠳᠣᠲᠣᠷ᠎ᠠ ᠳᠡᠯᠭᠡᠨ ᠦᠵᠡᠭᠦᠯᠵᠦ ᠪᠠᠢᠭ᠎ᠠ ᠬᠠᠭᠤᠴᠢᠨ ᠭᠡᠷᠡᠯ ᠵᠢᠷᠤᠭᠳᠤᠲᠤᠷᠠ ᠳᠥᠷᠪᠡᠨ ᠤᠲᠠᠰᠤᠲᠤ ᠬᠤᠭᠤᠷ᠎ᠢ ᠬᠤᠷᠢᠮ ᠨᠠᠢᠷ ᠳᠡᠭᠡᠷ᠎ᠡ ᠰᠥᠨᠢᠵᠢᠨ ᠲᠠᠲᠠᠵᠤ ᠪᠠᠢᠬᠰᠠᠨ ᠪᠠᠢᠳᠠᠯ᠎ᠢ ᠲᠡᠮᠳᠡᠭ᠌ᠯᠡᠵᠦ᠍᠂ ᠡᠨᠡ ᠬᠦ᠌ ᠤᠷ᠎ᠠ ᠮᠡᠷᠭᠡᠵᠢᠯ᠎ᠤᠨ ᠠᠮᠢᠳᠤᠷᠠᠯ ᠳᠤᠮᠳᠠᠬᠢ ᠠᠮᠢᠵᠢᠷᠠᠯ᠎ᠤᠨ ᠬᠦᠴᠦᠨ᠎ᠢ ᠭᠡᠷᠡᠴᠢᠯᠡᠵᠡᠶ᠃
2006 ᠣᠨ᠎ᠳᠤ᠂ ᠲᠥᠷᠥ᠎ᠶ᠋ᠢᠨ ᠶᠠᠪᠤᠳᠠᠯ᠎ᠤᠨ ᠬᠣᠷᠢᠶᠠᠨ᠎ᠤ ᠵᠥᠪᠱᠢᠶᠡᠷᠡᠯ ᠵᠢᠡᠷ ᠡᠨᠡ ᠬᠦ᠌ ᠡᠷᠲᠡᠨ᠎ᠦ ᠤᠷ᠎ᠠ ᠮᠡᠷᠭᠡᠵᠢᠯ ᠲᠦᠷᠦᠬᠦᠦ ᠪᠦᠯᠦᠭ᠎ᠤᠨ ᠤᠯᠤᠰ᠎ᠤᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ᠌ ᠴᠢᠨᠠᠷᠲᠠᠶ ᠲᠥᠷᠥᠯ ᠵᠦᠢᠯ᠎ᠦᠨ ᠨᠡᠷᠡᠰ᠎ᠲᠦ ᠵᠢᠭ᠍ᠰᠠᠭᠠᠭᠳᠠᠵᠠᠢ᠃ ᠲᠡᠭᠦᠨ᠎ᠡᠴᠡ ᠬᠣᠢᠰᠢ ᠦ᠋ ᠪᠣᠣ ᠵᠦ᠍ ᠳᠥᠷᠪᠡᠨ ᠤᠲᠠᠰᠤᠲᠤᠬᠤᠭᠤᠷᠤᠨ ᠲᠦᠯᠦᠭᠡ ᠨᠡᠩ ᠶᠠᠭᠠᠷᠠᠬᠤ ᠪᠣᠯᠤᠭᠰᠠᠨ ᠪᠠᠢᠨ᠎ᠠ᠃

ᠨᠡᠩ ᠣᠯᠠᠨ ᠬᠦᠮᠦᠨ ᠡᠦ ᠪᠤᠤ ᠵᠦ᠍ ᠡᠴᠡ ᠳᠥᠷᠪᠡᠨ ᠤᠲᠠᠰᠤᠲᠤ ᠬᠤᠭᠤᠷᠲᠠᠲᠠᠬᠤ ᠵᠢ ᠰᠤᠷᠬᠤ ᠪᠤᠯᠵᠠᠢ
ᠡᠦ ᠪᠤᠤ ᠵᠦ᠍᠄ 《ᠡᠨᠡ ᠬᠦ᠌ ᠤᠷ᠎ᠠ ᠮᠡᠷᠭᠡᠵᠢᠯ᠎ᠢ ᠤᠯᠠᠮᠵᠢᠯᠠᠬᠤ ᠪᠤᠯ ᠮᠢᠨᠦ᠍ ᠬᠠᠮᠤᠭ᠎ᠤᠨ ᠶᠡᠬᠡ ᠬᠦᠰᠡᠯ ᠪᠣᠯᠤᠨ᠎ᠠ》 ᠭᠡᠵᠦ ᠰᠤᠷᠪᠤᠯᠵᠢᠯᠠᠭ᠍ᠴᠢ᠎ᠳᠤ ᠬᠡᠯᠡᠯ᠎ᠠ᠂ ᠣᠳᠣ ᠲᠡᠭᠦᠨ ᠡᠴᠡ ᠳᠥᠷᠪᠡᠨ ᠤᠲᠠᠰᠤᠲᠤ ᠬᠤᠭᠤᠷ ᠲᠠᠲᠠᠬᠤ ᠵᠢ ᠰᠤᠷᠬᠤ ᠬᠦᠮᠦᠰ ᠤᠯᠠᠮ᠎ᠠᠴᠠ ᠤᠯᠠᠮ ᠣᠯᠠᠱᠢᠷᠠᠵᠤ᠂ ᠡᠪᠦᠭᠡᠨ ᠪᠤᠭᠤᠷᠤᠯ ᠡᠴᠡ ᠦᠰᠪᠦᠷᠢ ᠵᠢᠨ ᠬᠡᠦᠬᠡᠳ ᠬᠦᠷᠲᠡᠯ᠎ᠡ ᠪᠦᠷ ᠪᠤᠢ᠃ ᠪᠠᠶᠠᠷ ᠳᠤᠷᠠᠰᠭᠠᠯ᠎ᠤᠨ ᠡᠳᠦᠷ ᠪᠣᠯᠬᠤ ᠪᠦᠷᠢ ᠲᠡᠷᠡ ᠪᠠᠰᠠ ᠪᠤᠰᠤᠳ ᠳᠥᠷᠪᠡᠨ ᠤᠲᠠᠰᠤᠲᠤ ᠬᠤᠭᠤᠷ᠎ᠤᠨ ᠪᠠᠬᠠᠲᠠᠳ᠎ᠲᠠᠢ ᠬᠠᠮᠲᠤ ᠲᠣᠭ᠍ᠯᠠᠯᠲᠠ ᠭᠠᠷᠭᠠᠳᠠᠭ᠃ ᠲᠠᠷᠢᠶᠠᠯᠠᠩ᠎ᠤᠨ ᠰᠤᠯᠠ ᠰᠡᠯᠡᠭᠦᠦ ᠴᠠᠭ᠎ᠲᠤ ᠲᠡᠳᠡ ᠭᠠᠷ ᠤᠲᠠᠰᠤᠨ᠎ᠤ ᠳᠡᠯᠭᠡᠴᠡ ᠪᠡᠷ ᠳᠠᠮᠵᠢᠨ ᠱᠢᠨ᠎ᠡ ᠠᠶ᠎ᠠ ᠰᠤᠷᠴᠠᠭᠠᠳᠠᠭ᠃
《ᠡᠳᠡᠭᠡᠷ ᠵᠢᠯ᠎ᠳ᠋ᠦ᠍ ᠲᠦᠩᠯᠢᠶᠣᠣ ᠬᠣᠲᠠ᠎ᠶᠢᠨ ᠨᠠᠰᠤᠲᠠᠢᠴᠤᠳ᠎ᠤ᠋ᠨ ᠶᠡᠬᠡ ᠰᠤᠷᠭᠠᠭᠤᠯᠢ᠂ ᠲᠦᠩᠯᠢᠶᠣᠣ ᠬᠣᠲᠠ᠎ᠶᠢᠨ ᠬᠣᠷᠴᠢᠨ ᠵᠡᠭᠦᠨ ᠭᠠᠷᠤᠨ ᠳᠤᠮᠳᠠᠳᠤ ᠬᠤᠱᠢᠭᠤᠨᠤ᠋ ᠶᠣᠯᠤᠨᠮᠣᠳᠣ ᠪᠠᠯᠭᠠᠰᠤᠨ᠎ᠤ᠋ ᠭᠣᠣᠯ ᠰᠤᠷᠭᠠᠭᠤᠯᠢ ᠴᠥᠮ ᠳᠥᠷᠪᠡᠨ ᠤᠲᠠᠰᠤᠲᠤ ᠬᠤᠭᠤᠷ᠎ᠤᠨ ᠳᠤᠷ᠎ᠠ ᠰᠤᠨᠢᠷᠬᠠᠯ᠎ᠤᠨ ᠠᠩᠭᠢᠭᠠᠷᠭᠠᠵᠠᠢ᠂ ᠡᠨᠡ ᠵᠢᠯ᠎ᠦ᠋ᠨ 4 ᠰᠠᠷ᠎ᠠ᠎ᠳ᠋ᠤ ᠮᠠᠨ᠎ᠤ᠋ ᠡᠨᠳᠡ ᠪᠠᠰᠠ ᠲᠦᠩᠯᠢᠶᠣᠣ ᠬᠣᠲᠠ᠎ᠶᠢᠨ ᠳᠥᠷᠪᠡᠨ ᠤᠲᠠᠰᠤᠲᠤ ᠬᠤᠭᠤᠷ᠎ᠤᠨ ᠬᠥᠭ᠌ᠵᠢᠮᠦ᠋ᠨ ᠤᠷᠤᠯᠳᠤᠭᠠᠨ ᠡᠷᠬᠢᠯᠡᠪᠡ᠃ ᠤᠯᠠᠮ᠎ᠠᠴᠠ ᠤᠯᠠᠮ ᠨᠡᠩ ᠣᠯᠠᠨ ᠬᠥᠮᠥᠨ ᠳᠥᠷᠪᠡᠨ ᠤᠲᠠᠰᠤᠲᠤ ᠬᠤᠭᠤᠷ᠎ᠢ ᠣᠢᠯᠠᠭᠠᠵᠤ᠂ ᠳᠦᠷᠪᠡᠨ ᠤᠲᠠᠰᠤᠲᠤ ᠬᠤᠭᠤᠷ ᠲᠦ᠍ ᠳᠤᠷ᠎ᠠ ᠰᠤᠨᠢᠷᠬᠠᠯ ᠲᠠᠢ ᠪᠣᠯᠵᠤ ᠪᠠᠢᠨ᠎ᠠ᠂ ᠪᠢ ᠲᠣᠩ ᠪᠠᠶᠠᠷᠯᠠᠵᠤ ᠪᠠᠢᠨ᠎ᠠ》 ᠭᠡᠵᠦ ᠡᠦ ᠪᠤᠤ ᠵᠦ᠍ ᠶᠠᠷᠢᠨ᠎ᠠ᠃

ᠲᠦᠩᠯᠢᠶᠣᠣ ᠬᠣᠲᠠ᠎ᠶᠢᠨ ᠬᠣᠷᠴᠢᠨ ᠵᠡᠭᠦᠨ ᠭᠠᠷᠤᠨ ᠳᠤᠮᠳᠠᠳᠤ ᠬᠣᠱᠢᠭᠤ ᠪᠤᠯ 《ᠳᠤᠮᠳᠠᠳᠤ ᠤᠯᠤᠰ᠎ᠤ᠋ᠨ ᠳᠥᠷᠪᠡᠨ ᠤᠲᠠᠰᠤᠲᠤ ᠬᠤᠭᠤᠷ᠎ᠤ᠋ᠨ ᠰᠣᠶᠣᠯ᠎ᠤ᠋ᠨ ᠨᠤᠲᠤᠭ》 ᠪᠤᠯᠤᠨ᠎ᠠ᠂ ᠵᠢᠷᠤᠭ ᠪᠣᠯ ᠲᠤᠬᠠᠢ᠎ᠶᠢᠨ ᠭᠠᠵᠠᠷ᠎ᠤ᠋ᠨ ᠮᠦᠽᠧᠢᠳ᠋ᠦ᠍ ᠬᠠᠳᠠᠭᠠᠯᠠᠵᠤ ᠪᠠᠢᠭ᠎ᠠ ᠳᠥᠷᠪᠡᠨ ᠤᠲᠠᠰᠤᠲᠤ ᠬᠤᠭᠤᠷ᠎ᠤᠳ
ᠲᠦᠩᠯᠢᠶᠣᠣ ᠬᠣᠲᠠ᠎ᠶᠢᠨ ᠬᠣᠷᠴᠢᠨ ᠵᠡᠭᠦᠨ ᠭᠠᠷᠤᠨ ᠳᠤᠮᠳᠠᠳᠤ ᠬᠣᠱᠢᠭᠤ 《ᠳᠤᠮᠳᠠᠳᠤ ᠤᠯᠤᠰ᠎ᠤ᠋ᠨ ᠳᠥᠷᠪᠡᠨ ᠤᠲᠠᠰᠤᠲᠤ ᠬᠤᠭᠤᠷ᠎ᠤᠨ ᠰᠣᠶᠣᠯ᠎ᠤ᠋ᠨ ᠨᠤᠲᠤᠭ》 ᠬᠡᠮᠡᠭ᠌ᠳᠡᠵᠦ᠍᠂ ᠡᠨᠳᠡ ᠶᠡᠷᠦ᠍᠎ᠨᠢ ᠤᠯᠠᠮᠵᠢᠯᠠᠬᠤ ᠦᠯᠢᠭᠡᠷ ᠳᠤᠲᠠᠭ᠍ᠳᠠᠬᠤ ᠦᠭᠡᠢ᠃ ᠵᠠᠯᠠᠭᠤ ᠬᠥᠭ᠌ᠵᠢᠮᠴᠢᠳ ᠲᠦᠷᠪᠡᠨ ᠤᠲᠠᠰᠤᠲᠤ ᠬᠤᠭᠤᠷᠵᠢᠡᠨ ᠴᠠᠭ ᠦᠶ᠎ᠡ᠎ᠲᠠᠢ ᠵᠤᠯᠭᠠᠭᠤᠯᠤᠨ᠂ ᠡᠷᠲᠡᠨ᠎ᠤ ᠬᠦᠭ ᠠᠶᠠᠰ᠎ᠲᠦ ᠱᠢᠨ᠎ᠡ ᠳᠠᠯᠠᠪᠴᠢ ᠤᠷᠭᠤᠭᠤᠯᠬᠤ᠎ᠶ᠋ᠢ ᠪᠤᠳᠤᠵᠤ ᠶᠠᠪᠤᠨ᠎ᠠ᠃
ᠬᠤᠷᠴᠢᠨ ᠵᠡᠭᠦᠨ ᠭᠠᠷᠤᠨ ᠳᠤᠮᠳᠠᠳᠤ ᠬᠤᠱᠢᠭᠤᠨ᠎ᠤ ᠤᠯᠠᠭᠠᠨᠮᠥ᠋ᠴᠢᠷ᠎ᠤᠨ ᠪᠣᠯᠪᠠᠰᠤᠷᠠᠯ᠎ᠤᠨ ᠲᠢᠩᠬᠢᠮ᠎ᠳᠤ ᠵᠠᠯᠠᠭᠤ ᠲᠤᠭᠯᠠᠭᠴᠢ ᠵᠠᠩ ᡁᠢ ᠮᠢᠩ ᠳᠥᠷᠪᠡᠨ ᠤᠲᠠᠰᠤᠲᠤ ᠬᠤᠭᠤᠷᠵᠢᠡᠷ ᠣᠬᠤᠷ ᠸᠢᠳᠢᠣ᠋᠎ᠶ᠋ᠢᠨ ᠲᠠᠪᠴᠠᠩᠳᠡᠭᠡᠷᠡᠬᠢ ᠰᠢᠨ᠎ᠡ ᠤᠷᠤᠰᠬᠠᠯ᠎ᠤᠨ ᠠᠶ᠎ᠠ ᠵᠢ ᠲᠠᠲᠠᠬᠤ ᠪᠡᠷ ᠤᠷᠤᠯᠳᠤᠨ᠎ᠠ᠃ 《ᠳᠥᠷᠪᠡᠨ ᠤᠲᠠᠰᠤᠲᠤ ᠬᠤᠭᠤᠷ᠎ᠤᠨ ᠤᠷᠠᠯᠢᠬᠴᠢᠨ ᠰᠦᠨ ᠯᠢᠶᠠᠩ ᠪᠠᠭᠰᠢᠲᠠᠨ ᠪᠤᠯ ᠮᠠᠨ᠎ᠤ ᠡᠨᠳᠡᠬᠢ ᠬᠦᠮᠦᠨ ᠰᠢᠦ 》 ᠭᠡᠵᠦ ᠶᠠᠷᠢᠬᠤ ᠨᠢ ᠡᠨᠡ ᠬᠦ᠌ 《ᠲᠡᠭᠡᠷ᠎ᠠ ᠵᠠᠭᠤᠨ ᠤ ᠶᠡᠷᠡᠭᠡᠳ ᠣᠨ᠎ᠳᠤ ᠲᠦᠷᠦᠭᠰᠡᠨ》 ᠬᠥᠭ᠌ᠵᠢᠮᠴᠢᠨ ᠨᠤᠲᠤᠭ᠎ᠤᠨ᠎ᠢᠶᠠᠨ ᠭᠦᠨ ᠵᠤᠵᠠᠭᠠᠨ ᠳᠥᠷᠪᠡᠨ ᠤᠲᠠᠰᠤᠲᠤ ᠬᠤᠭᠤᠷ᠎ᠤᠨ ᠰᠤᠶᠤᠯᠵᠢᠡᠷ ᠤᠮᠤᠭ ᠪᠠᠬᠠᠳᠤᠯ ᠵᠢᠡᠨ ᠪᠤᠯᠭᠠᠵᠤ ᠪᠠᠢᠬᠤ ᠨᠢ ᠢᠯᠡᠬᠡᠨ᠃ ᠲᠡᠷᠡ ᠪᠠᠰᠠ ᠡᠨᠡ ᠬᠦ᠌ ᠡᠷᠲᠡᠨ᠎ᠦ ᠬᠥᠭ᠌ᠵᠢᠮ᠎ᠦᠨ ᠵᠢᠮᠰᠡᠭ᠎ᠢ ᠬᠡᠷᠬᠢᠨ ᠰᠢᠨ᠎ᠡ ᠪᠡᠷ ᠠᠮᠢᠯᠠᠭᠤᠯᠬᠤ᠎ᠶ᠋ᠢ ᠰᠡᠳᠬᠢᠵᠦ ᠶᠠᠪᠤᠨ᠎ᠠ᠃ ᠲᠡᠭᠦᠨ᠎ᠤ ᠦᠵᠡᠬᠦ᠌᠎ᠪᠠᠷ᠂ ᠳᠥᠷᠪᠡᠨ ᠤᠲᠠᠰᠤᠲᠤ ᠬᠤᠭᠤᠷ᠎ᠢᠶᠠᠷ ᠵᠠᠯᠠᠭᠤᠴᠤᠳ᠎ᠤᠨ ᠪᠠᠭ᠍ᠠᠷᠬᠠᠬᠤ ᠠᠶ᠎ᠠ ᠵᠢ ᠲᠠᠲᠠᠬᠤ᠎ᠨᠢ ᠮᠥᠨ ᠴᠦ᠍ ᠨᠢᠭᠡ ᠵᠦᠢᠯ᠎ᠤᠨ ᠤᠯᠠᠮᠵᠢᠯᠠᠬᠤ ᠬᠡᠯᠪᠡᠷᠢ ᠪᠤᠯᠤᠨ᠎ᠠ ᠭᠡᠨ᠎ᠡ᠃

ᠡᠦ ᠪᠦᠦ ᠵᠦ᠍ ᠰᠤᠷᠤᠭ᠍ᠴᠢᠳ᠎ᠲᠠᠭᠠᠨ ᠳᠥᠷᠪᠡᠨ ᠤᠲᠠᠰᠤᠲᠤ ᠬᠤᠭᠤᠷ ᠲᠠᠲᠠᠬᠤ ᠵᠢ ᠵᠢᠭᠠᠵᠤ ᠪᠠᠢᠭ᠎ᠠ ᠨᠢ
ᠮᠣᠩᠭᠤᠯ ᠬᠡᠷ᠎ᠲᠠᠬᠢ ᠠᠮᠠᠨ ᠤᠯᠠᠮᠵᠢᠯᠠᠯ᠎ᠠᠴᠠ ᠣᠬᠤᠷ ᠸᠢᠳᠢᠤ᠋᠎ᠶ᠋ᠢᠨ ᠴᠠᠭ ᠦᠶ᠎ᠡ᠎ᠳᠡᠬᠢ ᠰᠦᠯᠵᠢᠶᠡᠨᠳ᠋ᠡᠭᠢ ᠳᠠᠮᠵᠢᠭᠤᠯᠭ᠎ᠠ᠂ ᠠᠬᠠᠮᠠᠳ ᠨᠢᠭᠡ ᠦᠶ᠎ᠡ᠎ᠶ᠋ᠢᠨ᠎ᠬᠢᠨ᠎ᠤ ᠤᠤᠯ ᠬᠡᠪ ᠵᠢᠡᠷ ᠨᠢ ᠤᠯᠠᠮᠵᠢᠯᠠᠬᠤ ᠡᠴᠡ ᠵᠠᠯᠠᠭᠤ ᠨᠢᠭᠡ ᠦᠶ᠎ᠡ᠎ᠶ᠋ᠢᠨ ᠬᠢᠨ᠎ᠤ ᠬᠦᠷᠢᠶ᠎ᠡ ᠠᠯᠤᠰᠯᠠᠨ ᠠᠭᠤᠰᠤᠯᠴᠠᠬᠤ ᠬᠦᠷᠲᠡᠯ᠎ᠡ᠂ ᠳᠥᠷᠪᠡᠨ ᠤᠲᠠᠰᠤᠲᠤ ᠬᠤᠭᠤᠷ ᠲᠥᠪ ᠶᠣᠰᠣ᠎ᠶ᠋ᠢ ᠪᠠᠷᠢᠮᠲᠠᠯᠠᠨ ᠱᠢᠨ᠎ᠡ᠎ᠶ᠋ᠢ ᠡᠭᠦᠳᠬᠦ᠌ ᠳᠤᠮᠳᠠ ᠲᠠᠰᠤᠷᠠᠯᠲᠠ ᠦᠭᠡᠢ ᠬᠥᠭ᠌ᠵᠢᠵᠦ ᠪᠤᠢ᠃ 《ᠡᠦ ᠪᠤᠤ ᠵᠣ᠌ ᠨᠠᠷ》 ᠤᠯᠠᠮᠵᠢᠯᠠᠯᠲᠤ ᠬᠦᠭ ᠠᠶᠠᠯᠭᠤ ᠵᠢ ᠰᠠᠬᠢᠨ ᠬᠠᠮᠠᠭᠠᠯᠠᠵᠤ᠂ 《ᠵᠠᠯᠠᠭᠤ ᠵᠠᠩ ᠤᠪᠤᠭᠲᠤ ᠨᠠᠷ》 ᠬᠦᠷᠢᠶ᠎ᠡ ᠴᠠᠷᠠᠭ᠎ᠠ ᠠᠯᠤᠰᠯᠠᠨ ᠠᠭᠤᠰᠤᠯᠴᠠᠬᠤ ᠪᠣᠯᠤᠯᠴᠠᠭ᠎ᠠ᠎ᠶᠢ ᠬᠠᠢᠨ ᠰᠦᠪᠡᠭ᠌ᠴᠢᠯᠡᠨ᠎ᠡ᠂ ᠡᠨᠡ ᠬᠣᠶᠠᠷ ᠬᠦᠴᠦ ᠶᠠᠭ ᠳᠥᠷᠪᠡᠨ ᠤᠲᠠᠰᠤᠲᠤ ᠬᠤᠭᠤᠷ᠎ᠤ᠋ᠨ ᠴᠢᠪᠬᠠᠳᠠᠰᠤ ᠱᠢᠭ᠋ ᠪᠣᠳᠠᠰ᠎ᠤ᠋ᠨ ᠪᠤᠰᠤ ᠰᠣᠶᠣᠯ᠎ᠤ᠋ᠨ ᠥᠪ᠎ᠢ ᠬᠠᠮᠠᠭᠠᠯᠠᠬᠤ ᠬᠥᠭ᠌ᠵᠢᠮ ᠢ᠋ ᠬᠠᠮᠲᠤ᠎ᠪᠠᠷ ᠬᠠᠩᠭᠢᠨᠠᠭᠤᠯᠵᠤ ᠪᠠᠢᠨ᠎ᠠ᠃
ᠵᠢᠷᠭᠠᠬᠤ ᠨᠠᠷᠠᠨ᠎ᠤ ᠲᠤᠶᠠᠭᠠᠨ᠎ᠳᠤ ᠡᠦ ᠪᠤᠤ ᠵᠣ᠌ ᠳᠠᠬᠢᠨᠲᠠ ᠠᠪᠤ᠎ᠶᠢᠨ ᠵᠢᠡᠨ ᠵᠢᠭᠠᠵᠤ ᠦᠭ᠌ᠭᠦᠭ᠌ᠰᠡᠨ ᠠᠩᠬᠠᠨ᠎ᠤ᠋ ᠠᠶ᠎ᠠ ᠵᠢ ᠲᠠᠲᠠᠯ᠎ᠠ᠃ ᠬᠤᠭᠤᠷ᠎ᠤᠨ ᠠᠶᠠᠰ ᠠᠯᠤᠰ᠎ᠢ ᠵᠤᠷᠢᠨ ᠤᠶᠠᠩᠭᠠᠷᠠᠬᠤ᠎ᠨᠢ ᠵᠠᠷᠢᠮ ᠤᠯᠠᠮᠵᠢᠯᠠᠯ ᠤᠯᠠ ᠪᠤᠯᠵᠦ ᠤᠳᠤᠨ᠎ᠠ᠂ ᠭᠡᠪᠡᠴᠦ᠍ ᠵᠢᠩᠬᠢᠨᠢ ᠤᠷᠠᠯᠢᠭ ᠬᠡᠵᠢᠶᠡᠳ᠋ᠡ ᠵᠤᠯᠠ ᠪᠤᠯᠵᠤ ᠦᠷᠭᠦᠯᠵᠢᠯᠡᠨ᠎ᠡ ᠭᠡᠵᠦ᠍ ᠶᠠᠷᠢᠵᠤ ᠪᠠᠢᠭ᠎ᠠ ᠴᠤ᠌ ᠶᠤᠮᠰᠢᠬ᠁