ᠮᠢᠩᠭᠠᠨ ᠣᠨ᠎ᠤ ᠬᠠᠳᠬᠤᠮᠠᠯ ᠠᠮᠢᠵᠢᠷᠠᠯ᠎ᠤᠨ ᠬᠦᠴᠦᠨ ᠵᠢᠡᠷ ᠪᠢᠯᠬᠠᠨ᠎ᠠ
2026-01-14 11:34:27
ᠵᠣᠬᠢᠶᠠᠭ᠍ᠴᠢ᠄
ᠮᠦᠩᠬᠡᠴᠢᠯᠠᠭᠤ ᠴᠸᠨ ᠶᠠᠩ
ᠣᠩᠱᠢᠭ᠍ᠰᠠᠨ ᠣᠳᠠᠭ᠎ᠠ᠄
★★★☆☆

《ᠪᠣᠳᠠᠰ᠎ᠤᠨ ᠪᠤᠰᠤ ᠰᠣᠶᠣᠯ᠎ᠤᠨ ᠥᠪ᠎ᠦᠨ ᠲᠦᠭᠦᠮ ᠮᠡᠳᠡᠯᠭᠡ》


ᠬᠢᠳᠠᠨᠴᠤᠳ ᠮᠠᠯᠵᠢᠵᠦ ᠠᠩᠨᠠᠬᠤ ᠎ᠪᠠᠷ ᠭᠤᠣᠯ ᠪᠣᠯᠭᠠᠵᠤ᠂ ᠬᠤᠪᠴᠠᠰᠣ ᠵᠠᠰᠠᠯ᠎ᠨᠢ ᠤᠮᠠᠷᠠᠳᠣ ᠎ᠶ᠋ᠢᠨ ᠨᠡᠬᠦᠳᠡᠯᠴᠢᠨ ᠦᠨᠳᠦᠰᠦᠳᠡᠨ᠎ᠤ ᠦᠪᠡᠷᠮᠢᠴᠡ ᠣᠨᠴᠠᠯᠢᠭ᠎ᠲᠠᠢ᠂ ᠬᠢᠳᠠᠨ ᠢᠵᠠᠭᠤᠷᠳᠠᠳ ᠭᠤᠶᠣ ᠨᠠᠷᠢᠯᠢᠭ ᠬᠠᠳᠭᠤᠮᠠᠯ ᠎ᠢ  ᠮᠠᠰᠢ ᠪᠠᠬᠠᠷᠬᠠᠨ ᠡᠷᠬᠢᠮᠯᠡᠳᠡᠭ᠃ ᠬᠢᠳᠠᠨ ᠬᠠᠳᠭᠤᠮᠠᠯ ᠤᠷ᠎ᠠ ᠮᠡᠷᠭᠡᠵᠢᠯ᠎ᠢ ᠴᠢᠬᠤᠯᠠᠴᠢᠯᠠᠨ᠂ ᠪᠦᠲᠦᠭᠡᠯ ᠨᠢ ᠶᠡᠷᠦᠩᠬᠡᠢ ᠳ᠋ᠡᠭᠡᠨ ᠨᠡᠯᠢᠶᠡᠳ ᠭᠤᠶᠤ ᠬᠡᠬᠡᠨᠴᠢᠷ᠂ ᠬᠠᠳᠬᠤᠮᠠᠯᠯᠠᠬᠤ ᠠᠷᠭ᠎ᠠ᠎ᠨᠢ ᠠᠮᠢᠳᠤᠯᠢᠭ ᠪᠠᠢᠵᠤ᠂ ᠲᠡᠭᠰᠢ᠂ ᠵᠢᠭ᠌ᠳᠡ᠂ ᠨᠢᠭ᠍ᠲᠠ᠂ ᠦᠩᠭᠡ ᠢᠯᠭᠠᠷᠠᠮ᠎ᠠ ᠵᠡᠷᠭᠡ ᠣᠨᠴᠠᠯᠢᠭ᠎ᠲᠠᠢ᠂ ᠬᠢᠳᠠᠨ ᠬᠠᠳᠭᠤᠮᠠᠯ ᠠᠮᠢᠳᠤ ᠳᠦᠷᠰᠦᠯᠢᠭ ᠪᠠᠢᠬᠤ ᠵᠢ ᠬᠥᠭᠡᠭᠡᠴᠡᠯᠳᠦᠵᠦ᠍᠂ ᠬᠤᠵᠢᠮ᠎ᠤᠨ ᠳᠠᠭᠤᠷᠢᠶᠠᠮᠠᠯ ᠬᠠᠳᠭᠤᠮᠠᠯ᠎ᠳᠤ ᠮᠠᠰᠢ ᠶᠡᠭᠡ ᠨᠥᠯᠥᠭᠡ ᠦᠵᠡᠭᠦᠯᠵᠦ᠍᠂ ᠠᠷᠠᠳ᠎ᠤᠨ ᠬᠠᠳᠭᠤᠮᠠᠯ ᠤᠷᠠᠯᠢᠭ᠎ᠤᠨ ᠬᠥᠭ᠌ᠵᠢᠯᠲᠡ᠎ᠳᠤ ᠠᠯᠤᠰ ᠬᠡᠲᠦ᠍᠎ᠶ᠋ᠢᠨ ᠨᠥᠯᠥᠭᠡ ᠲᠠᠢ᠃ 2018 ᠣᠨ᠎ᠳᠤ᠂ ᠬᠢᠳᠠᠨ ᠬᠠᠳᠭᠤᠮᠠᠯ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠲᠠᠰ ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠬᠦ᠌ ᠴᠢᠨᠠᠷᠲᠠᠶ ᠲᠥᠷᠥᠯ ᠵᠦᠢᠯ᠎ᠤᠨ ᠨᠡᠷᠡᠰ᠎ᠲᠦ᠍ ᠵᠢᠭ᠍ᠰᠠᠭᠠᠭᠳᠠᠵᠠᠢ᠃


QQ20260114-113044.png

        

ᠬᠠᠳᠭᠤᠮᠠᠯ  ᠲᠠᠢ ᠪᠣᠭ᠍ᠴᠣ



ᠦᠷᠯᠦᠭᠡ ᠵᠢᠨ ᠨᠠᠷᠠᠨ᠎ᠤ ᠪᠤᠮᠠᠨ ᠰᠠᠴᠤᠷᠠᠭ ᠤᠯᠠᠭᠠᠨᠬᠠᠳᠠ ᠬᠤᠲᠠ᠎ᠶ᠋ᠢᠨ ᠨᠢᠩᠴᠧᠩ ᠱᠢᠶᠠᠨ᠎ᠢ ᠭᠡᠷᠡᠯᠲᠦᠭᠦᠯᠦᠨ᠎ᠡ᠂ ᠨᠢᠭᠡ ᠳᠡᠯᠭᠡᠭᠦᠷ ᠲᠦ᠍ 20ᠭᠠᠷᠤᠢ ᠰᠤᠷᠤᠭ᠍ᠴᠢ ᠬᠠᠳᠭᠤᠮᠠᠯ᠎ᠤᠨ ᠲᠠᠯᠪᠢᠭᠤᠷ᠎ᠢ ᠬᠦᠷᠢᠶᠡᠯᠡᠨ ᠰᠠᠭᠤᠵᠠᠭᠠᠭᠠᠳ᠂ ᠲᠤᠷᠭᠠᠨ ᠤᠲᠠᠰᠤ ᠵᠢ ᠬᠤᠷᠤᠭᠤ ᠪᠡᠷ ᠵᠢᠡᠨ ᠢᠮᠡᠷᠳᠦᠨ ᠶᠠᠭᠠᠷᠠᠯᠲᠠᠢ ᠬᠠᠳᠬᠤᠨ᠎ᠠ᠃ ᠢᠦᠢ ᠾᠧ ᠫᠢᠩ ᠨᠢᠭᠡ ᠰᠤᠷᠤᠭ᠍ᠴᠢ᠎ᠳᠤ ᠬᠠᠳᠬᠤᠮᠠᠯ ᠬᠠᠳᠬᠤᠬᠤ ᠵᠢ ᠡᠶᠡᠯᠳᠡᠭ ᠳᠤᠲᠤᠨᠤ ᠵᠢᠭᠠᠵᠤ ᠪᠠᠢᠯ᠎ᠠ᠃

ᠬᠢᠳᠠᠨ ᠤᠷ᠎ᠠ ᠮᠡᠷᠭᠡᠵᠢᠯ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠬᠦ᠌ ᠴᠢᠨᠠᠷᠲᠠᠶ ᠤᠯᠠᠮᠵᠢᠯᠠᠭ᠍ᠴᠢ ᠪᠣᠯᠤᠭ᠍ᠰᠠᠨ᠎ᠢᠦᠢ ᠾᠧ ᠫᠢᠩ᠎ᠤᠨ ᠬᠠᠳᠬᠤᠮᠠᠯ ᠯᠤᠭ᠎ᠠ ᠵᠢᠨ ᠪᠠᠷᠢᠯᠳᠤᠯᠭ᠎ᠠ ᠨᠢ ᠠᠯᠢ ᠡᠷᠲᠡ ᠪᠠᠭ᠎ᠠ ᠨᠠᠰᠤᠨ ᠳ᠋ᠤᠨᠢ  ᠦᠨᠳᠦᠰᠦᠯᠡᠭᠰᠡᠨ ᠪᠠᠢᠳᠠᠭ᠃ ᠲᠡᠭᠦᠨ᠎ᠤ ᠤᠢ ᠴᠡᠭᠡᠵᠢᠨ᠎ᠳᠤ ᠨᠠᠭᠠᠴᠤ᠌ ᠡᠮᠡᠭᠡ ᠨᠢ ᠬᠠᠨᠵᠤᠨ ᠳᠡᠭᠡᠷ᠎ᠡ ᠰᠠᠭᠤᠭᠠᠳ᠂ ᠬᠢᠳᠠᠨ᠎ᠤ ᠳᠡᠭᠡᠳᠦᠰ᠎ᠦ᠋ᠨ ᠲᠤᠬᠠᠢ ᠳᠣᠮᠣᠭ᠎ᠢ ᠶᠠᠷᠢᠵᠦ ᠦᠭᠬᠦ᠎ᠳᠤ ᠡᠵᠢ ᠨᠢ ᠳᠠᠩᠳᠠ ᠬᠠᠵᠠᠭᠤ ᠳ᠋ᠤᠨᠢ ᠰᠠᠭᠤᠭᠠᠳ ᠲᠣᠷᠭᠠᠨ ᠤᠲᠠᠰᠤ᠎ᠬᠠᠳᠬᠤᠮᠠᠯ ᠎ᠤᠨ ᠲᠠᠯᠪᠢᠭᠤᠷ᠎ᠢ ᠤᠷᠤᠯᠳᠤᠵᠤ ᠪᠠᠢᠳᠠᠭ᠂ ᠲᠤᠷᠭᠠᠨ ᠤᠲᠠᠰᠤ ᠵᠢ ᠰᠠᠯᠭᠠᠨ ᠵᠡᠭᠦᠦ ᠬᠠᠳᠬᠤᠬᠤ ᠳᠠᠭᠤᠨ ᠪᠣᠯᠤᠨ ᠳᠣᠮᠣᠭ ᠦᠯᠢᠭᠡᠷ ᠨᠡᠢᠯᠡᠭᠡᠳ᠂ ᠢᠦᠢ ᠾᠧ ᠫᠢᠩ᠎ᠢ ᠠᠶᠠᠨᠳᠠᠭᠠᠨ ᠨᠦᠯᠦᠭᠡᠯᠡᠭᠰᠡᠨ ᠪᠠᠢᠯ᠎ᠠ᠃ ᠬᠠᠳᠭᠤᠮᠠᠯ᠎ᠤᠨ ᠲᠠᠯᠪᠢᠭᠤᠷ ᠳᠡᠭᠡᠷ᠎ᠡ ᠣᠷᠢᠶᠠᠭᠰᠠᠨ ᠵᠦᠢᠯ ᠎ᠤᠨ ᠦᠩᠭᠡ ᠲᠠᠢ ᠲᠤᠷᠭᠠᠨ ᠤᠲᠠᠰᠤ ᠥᠩᠭᠡᠷᠡᠭ᠌ᠰᠡᠨ ᠪᠠ ᠢᠷᠡᠭᠡᠳᠦᠢ᠎ᠵᠢ ᠬᠣᠯᠪᠣᠭ᠍ᠰᠠᠨ ᠰᠢᠵᠢᠮ ᠰᠢᠭ ᠲᠡᠭᠦᠨ ᠎ᠦ ᠤᠢ ᠲᠤᠢ᠎ᠳᠦ ᠰᠡᠮᠡᠬᠡᠷ ᠤᠯᠠᠮᠵᠢᠯᠠᠯ᠎ᠤᠨ ᠦᠷ᠎ᠡ ᠵᠢ ᠲᠠᠷᠢᠬᠰᠠᠨ ᠪᠠᠢᠯ᠎ᠠ᠃


QQ20260114-113055.png


ᠢᠤᠢ ᠾᠸ ᠫᠢᠩ ᠬᠠᠳᠭᠤᠮᠠᠯ᠎ᠤᠨ ᠮᠡᠷᠭᠡᠵᠢᠯ   ᠵᠢᠭᠠᠨ᠎ᠠ


1996 ᠣᠨ᠎ᠳᠤ᠂ 32 ᠨᠠᠰᠤᠲᠠᠢ ᠢᠦᠢ ᠾᠧ ᠫᠢᠩ ᠨᠢᠭᠡ ᠨᠠᠰᠤ ᠪᠠᠨ ᠬᠤᠪᠢᠷᠠᠭᠤᠯᠬᠤ ᠰᠣᠩᠭᠣᠯᠲᠠ ᠬᠢᠭᠰᠡᠨ ᠪᠠᠢᠯ᠎ᠠ᠃ ᠲᠡᠷᠡ ᠦᠶ᠎ᠡ᠎ᠳᠤ ᠢᠦᠢ ᠾᠧ ᠫᠢᠩ ᠬᠥᠮᠦᠨ ᠪᠦᠬᠦᠨ᠎ᠳᠤ ᠪᠠᠬᠠᠷᠤᠭᠳᠠᠬᠤ 《ᠲᠡᠮᠦᠷ ᠠᠶᠠᠭ᠎ᠠ 》 ᠲᠠᠢ ᠪᠠᠢᠭᠰᠠᠨ ᠪᠣᠯᠪᠠᠴᠤ᠌ 《ᠭᠠᠷ ᠤᠷᠠᠯᠠᠯ ᠪᠣᠯ ᠡᠪᠦᠭᠡ ᠳᠡᠭᠡᠳᠦᠰ᠎ᠤᠨ ᠤᠯᠠᠮᠵᠢᠯᠠᠭ᠍ᠰᠠᠨ ᠰᠣᠶᠣᠯ᠎ᠤᠨ ᠳᠤᠷᠠᠰᠤᠮᠵᠢ ᠮᠥᠨ᠂ ᠮᠠᠨ᠎ᠤ ᠦᠶ᠎ᠡ ᠳ᠋ᠦ ᠲᠠᠰᠤᠯᠳᠠᠭᠤᠯᠵᠤ ᠪᠣᠯᠬᠤ ᠦᠭᠡᠢ》 ᠭᠡᠬᠦ᠌ ᠪᠣᠳᠣᠯ ᠡᠳᠦᠷ ᠢᠷᠡᠬᠦᠶ᠎ᠡ ᠠᠶᠤᠤᠯᠢᠬᠠᠢ ᠴᠠᠭᠡᠵᠢᠨ᠎ᠳᠤᠨᠢ ᠤᠷᠤᠵᠤ ᠢᠷᠡᠳᠡᠭ ᠪᠤᠯᠪᠠ᠃ ᠡᠴᠦᠰ᠎ᠲᠡᠭᠡᠨ  ᠲᠡᠷᠡ 《ᠲᠡᠮᠦᠷ ᠠᠶᠠᠭ᠎ᠠ》 ᠪᠠᠨ ᠡᠷᠡᠰ ᠱᠢᠭᠤᠷᠬᠠᠢ᠎ᠬᠠᠶᠠᠭᠠᠳ᠂ ᠨᠢᠭᠡ ᠯᠡ ᠰᠡᠳᠬᠢᠯ ᠵᠢᠡᠷ ᠬᠢᠳᠠᠨ ᠬᠠᠳᠭᠤᠮᠠᠯ᠎ᠤᠨ ᠶᠢᠷᠲᠢᠨᠴᠦ᠍᠎ᠳᠤ ᠱᠤᠩᠪᠠᠨ᠂ ᠡᠨᠡ ᠬᠦ᠌ ᠮᠢᠩᠭᠠᠨ ᠤᠨ᠎ᠤ ᠤᠷ᠎ᠠ ᠮᠡᠷᠭᠡᠵᠢᠯ᠎ᠤᠨ ᠲᠤᠰᠬᠠᠢ ᠤᠯᠠᠮᠵᠢᠯᠠᠭᠴᠢ  ᠪᠣᠯᠤᠭ᠍ᠰᠠᠨ ᠪᠠᠢᠨ᠎ᠠ᠃


QQ20260114-113105.png

ᠬᠠᠳᠭᠤᠮᠠᠯ ᠎ᠤᠨ  ᠲᠠᠯᠪᠢᠭᠤᠷ ᠎ᠢ ᠎ᠳᠤᠬᠢᠷᠠᠭᠤᠯᠤᠨ᠎ᠡ


ᠡᠨᠡ ᠬᠦ᠌ ᠡᠷᠲᠡᠨ᠎ᠦ᠌ ᠤᠷ᠎ᠠ ᠮᠡᠷᠭᠡᠵᠢᠯ᠎ᠢ᠋ ᠠᠮᠢᠵᠢᠷᠠᠯ᠎ᠤ᠋ᠨ ᠬᠦᠴᠦᠨ᠎ᠲᠡᠢ ᠪᠣᠯᠭᠠᠬᠤ᠎ᠶᠢᠨ ᠲᠥᠯᠥᠭᠡ ᠢᠦᠢ ᠾᠧ ᠫᠢᠩ ᠣᠯᠠᠨᠲᠠ ᠰᠦᠵᠧᠦ᠍᠎ᠬᠤᠲᠠ᠎ᠳᠤ ᠬᠦᠷᠦᠭᠡᠳ ᠪᠠᠭᠰᠢ ᠪᠠᠷᠢᠵᠦ᠂ ᠰᠦᠵᠸᠦ ᠬᠠᠳᠬᠤᠮᠠᠯ᠎ᠤᠨ ᠨᠠᠷᠢᠯᠢᠭ ᠬᠠᠳᠬᠤᠬᠤ ᠠᠷᠭ᠎ᠠ ᠡᠴᠡ ᠰᠢᠮ᠎ᠡ ᠬᠦᠷᠲᠡᠵᠡᠢ᠃ ᠬᠠᠷᠢᠵᠤ ᠢᠷᠡᠭ᠌ᠰᠡᠨ᠎ᠤ ᠳᠠᠷᠠᠭ᠎ᠠ ᠲᠡᠷᠡ ᠤᠷ᠎ᠠ ᠮᠡᠷᠭᠡᠵᠢᠯ᠎ᠤᠨ ᠵᠠᠭᠠᠭ ᠬᠢᠵᠠᠭᠠᠷ᠎ᠢ ᠡᠪᠳᠡᠵᠦ᠍᠂ ᠰᠦᠵᠸᠦ ᠬᠠᠳᠭᠤᠮᠠᠯ᠎ᠤᠨ ᠨᠠᠷᠢᠯᠢᠭ᠂ ᠬᠢᠳᠠᠨ ᠬᠠᠳᠭᠤᠮᠠᠯ᠎ᠤᠨ ᠪᠣᠷᠣᠭ᠍ᠵᠢᠭᠤᠨ ᠬᠢᠭᠡᠳ ᠮᠣᠩᠭᠤᠯ ᠬᠠᠳᠭᠤᠮᠠᠯ᠎ᠤᠨ ᠠᠮᠢᠳᠤᠯᠢᠬ ᠎ᠢ ᠤᠶᠠᠯᠳᠤᠭᠤᠯᠤᠭᠠᠳ᠂ 50 ᠭᠠᠷᠤᠢ ᠵᠦᠢᠯ᠎ᠤᠨ ᠬᠠᠳᠬᠤᠬᠤ ᠠᠷᠭ᠎ᠠ᠎ᠶ᠋ᠢ ᠡᠭᠦᠳᠴᠦ᠍᠂ ᠬᠢᠳᠠᠨ ᠬᠠᠳᠭᠤᠮᠠᠯ᠎ᠢ ᠥᠪᠡᠷᠮᠢᠴᠡ ᠬᠡᠪ ᠨᠠᠮᠪᠠ᠎ᠲᠠᠢ ᠪᠣᠯᠭᠠᠪᠠ᠃


QQ20260114-113117.png

 

ᠭᠠᠵᠠᠷ ᠣᠷᠣᠨ ᠎ᠤ ᠰᠤᠶᠤᠯ  ᠪᠣᠯᠤᠨ ᠣᠨᠴᠠᠯᠢᠭ ᠎ᠢ ᠬᠠᠳᠭᠤᠮᠠᠯ  ᠳᠡᠭᠡᠷ᠎ᠡ ᠢᠯᠡᠷᠡᠭᠦᠯᠦᠨ᠎ᠡ


2006 ᠣᠨ᠎ᠳᠤ᠂ ᠨᠢᠩᠴᠧᠩ ᠱᠢᠶᠠᠨ᠎ᠤ ᠢᠤᠢ ᠱᠢᠤ ᠱᠢᠦᠸᠠᠨ ᠭᠠᠷ ᠤᠷᠠᠯᠠᠯ᠎ᠤᠨ ᠪᠦᠲᠦᠭᠡᠭ᠌ᠳᠡᠬᠦᠨ᠎ᠤ ᠬᠢᠵᠠᠭᠠᠷᠲᠤ ᠺᠣᠮᠫᠠᠨᠢ ᠪᠠᠢᠭᠤᠯᠤᠭ᠍ᠳᠠᠵᠤ᠂ ᠢᠤᠢ ᠡᠾᠧ ᠫᠢᠩ 《ᠺᠣᠮᠫᠠᠨᠢ + ᠰᠠᠭᠤᠷᠢᠨ + ᠲᠠᠷᠢᠶᠠᠴᠢᠨ ᠡᠷᠦᠬᠡ》 ᠵᠢᠨ ᠵᠠᠭ᠍ᠪᠤᠷ᠎ᠢ ᠰᠦᠪᠡᠭ᠌ᠴᠢᠯᠡᠨ ᠭᠠᠷᠭᠠᠵᠠᠢ᠃ ᠲᠡᠷᠡ ᠨᠢᠩᠴᠧᠩ ᠱᠢᠶᠠᠨ ᠎ᠤ ᠠᠭᠤᠯᠠ ᠤᠰᠤ ᠵᠢ ᠪᠠᠷᠠᠲᠠᠯ᠎ᠠ ᠶᠠᠪᠤᠭᠠᠳ᠂ ᠡᠯ᠎ᠡ ᠱᠢᠶᠠᠩ ᠪᠠᠯᠭᠠᠰᠤᠨ ᠎ᠳᠤ ᠶᠠᠳᠠᠭᠤ᠎ᠶ᠋ᠢ ᠲᠡᠳᠬᠦᠬᠦ᠌ ᠦᠢᠯᠡᠳᠪᠦᠷᠢ᠎ᠶ᠋ᠢᠨ ᠲᠠᠰᠤᠭ ᠪᠠᠢᠭᠤᠯᠵᠤ᠂ ᠬᠠᠳᠭᠤᠮᠠᠯ᠎ᠤᠨ ᠤᠷ᠎ᠠ ᠮᠡᠷᠭᠡᠵᠢᠯ᠎ᠢᠶᠠᠨ ᠠᠵᠢᠯ ᠠᠯᠳᠠᠭ᠍ᠰᠠᠳ᠂ ᠬᠥᠳᠡᠭᠡ ᠲᠣᠰᠭᠤᠨ᠎ᠤ ᠡᠮᠡᠭ᠌ᠲᠡᠢᠴᠦᠳ ᠪᠠ ᠵᠡᠮᠳᠡᠭ᠌ᠴᠦᠳ᠎ᠲᠤ ᠤᠯᠠᠮᠵᠢᠯᠠᠨ ᠦᠭ᠌ᠪᠡ᠃ 13 ᠲᠦᠮᠡᠨ ᠬᠦᠮᠦᠨ ᠤᠳᠠᠭᠠᠨ᠎ᠤ ᠪᠣᠯᠪᠠᠰᠤᠷᠠᠯ ᠵᠢᠨᠷ ᠳᠠᠮᠵᠢᠨ᠂ ᠮᠢᠩᠭ᠎ᠠ ᠭᠠᠷᠤᠶ ᠬᠥᠮᠦᠨ ᠨᠠᠷᠢᠯᠢᠭ ᠤᠷ᠎ᠠ ᠮᠡᠷᠭᠡᠵᠢᠯ ᠲᠠᠢ ᠬᠠᠳᠬᠤᠮᠠᠯᠴᠢᠨ ᠪᠣᠯᠵᠤ᠂ ᠭᠠᠷ ᠤᠷᠠᠯᠠᠯ᠎ᠤᠨ ᠬᠠᠨ᠎ᠠ᠎ᠶ᠋ᠢᠨ ᠵᠢᠷᠤᠭ᠂ ᠳᠤᠮᠳᠠᠳᠤ ᠮᠠᠶᠢᠭ᠎ᠤᠨ ᠬᠤᠪᠴᠠᠰᠤ ᠵᠡᠷᠭᠡ ᠬᠡᠳᠦᠨ ᠠᠷᠪᠠᠨ ᠵᠦᠢᠯ᠎ᠤᠨ ᠭᠢᠳᠠᠨ ᠬᠠᠳᠭᠤᠮᠠᠯ᠎ᠤᠨ ᠪᠦᠲᠦᠭᠡᠯ ᠪᠠᠭ᠎ᠠ ᠦᠢᠯᠡᠳᠭᠡᠯ᠎ᠤᠨ ᠭᠠᠵᠠᠷ᠎ᠠᠴᠠ ᠥᠷᠭᠡᠨ ᠠᠭᠤᠳᠠᠮ ᠵᠠᠬ᠎ᠠ ᠳᠡᠯᠭᠡᠭᠦᠷ᠎ᠲᠤ ᠭᠠᠷᠴᠠᠢ᠃ ᠢᠩᠬᠢᠭᠡᠳ ᠬᠠᠳᠭᠤᠮᠠᠯᠴᠢᠳ ᠬᠥᠭ᠌ᠵᠢᠵᠦ ᠪᠠᠳᠠᠷᠠᠬᠤ ᠰᠠᠢᠬᠠᠨ ᠠᠮᠢᠳᠤᠷᠠᠯ ᠪᠠ ᠬᠦᠰᠡᠯ ᠡᠷᠡᠮᠡᠯᠵᠡᠯ᠎ᠵᠢᠡᠨ ᠤᠷᠠᠯᠠᠵᠤ ᠬᠠᠳᠬᠤᠭᠰᠠᠨ ᠪᠠᠢᠨ᠎ᠠ᠃


QQ20260114-113135.png


ᠰᠤᠷᠤᠭ᠍ᠴᠢᠳ ᠨᠢ ᠠᠳᠠᠯᠢ ᠪᠤᠰᠤ ᠪᠦᠲᠦᠭᠡᠯ᠎ᠢ ᠤᠷᠠᠯᠠᠨ ᠬᠠᠳᠭᠤᠨ᠎ᠠ


2018 ᠣᠨ᠎ᠳᠤ᠂ ᠬᠢᠳᠠᠨ ᠬᠠᠳᠭᠤᠮᠠᠯ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠬᠦ᠌ ᠴᠢᠨᠠᠷᠲᠠᠶ ᠲᠥᠷᠥᠯ ᠵᠦᠢᠯ᠎ᠤᠨ ᠨᠡᠷᠡᠰ᠎ᠲᠦ ᠵᠢᠭ᠍ᠰᠠᠭᠠᠭᠳᠠᠪᠠ᠃ 2021 ᠣᠨ᠎ᠳᠤ᠂ ᠬᠢᠳᠠᠨ ᠬᠠᠳᠭᠤᠮᠠᠯ 《ᠥᠪᠥᠷ ᠮᠣᠩᠭᠤᠯ᠎ᠤᠨ ᠪᠡᠯᠡᠭ ᠎ᠤᠨ ᠲᠦᠷᠦᠯ ᠲᠡᠮᠳᠡᠭ᠌》 ᠵᠢᠡᠷ ᠦᠨᠡᠯᠡᠭᠳᠡᠭ᠌ᠰᠡᠨ᠎ᠢᠶᠠᠷ ᠪᠠᠷᠠᠬᠤ ᠥᠬᠡᠶ᠂ ᠭᠠᠳᠠᠭᠠᠳᠤ ᠶᠠᠪᠤᠳᠠᠯ ᠎ᠤᠨ ᠶᠠᠮᠤᠨ᠎ᠪᠠᠰᠠ ᠤᠯᠤᠰ᠎ᠤᠨ ᠪᠡᠯᠡᠭ ᠵᠢᠡᠷ ᠲᠤᠭᠲᠠᠭᠠᠵᠠᠢ᠂  《ᠲᠣᠷᠭᠠᠨ ᠵᠠᠮ》᠂ 《ᠮᠣᠩᠭᠤᠯ ᠮᠣᠷᠢ》 ᠵᠡᠷᠭᠡ ᠪᠦᠲᠦᠭᠡᠯ᠎ᠨᠢ ᠨᠠᠩ ᠴᠤ᠌ ᠤᠯᠤᠰ ᠎ᠤᠨ ᠭᠠᠷ ᠤᠷᠠᠯᠠᠯ᠎ᠤᠨ ᠣᠷᠳᠣᠨ᠎ᠳᠤ ᠰᠤᠨᠭᠭᠤᠭᠳᠠᠨ ᠤᠷᠤᠭ᠍ᠰᠠᠨ ᠪᠠᠢᠨ᠎ᠠ᠃ ᠢᠦᠶ ᠾᠧ ᠫᠢᠩ ᠴᠦ᠍ ᠳᠠᠶᠠᠭᠠᠷ ᠲᠦ᠍ ᠮᠡᠳᠡᠷᠡᠭᠳᠡᠵᠦ᠍᠂ 2018 ᠣᠨ᠎ᠳᠤ ᠬᠢᠳᠠᠨ ᠬᠠᠳᠭᠤᠮᠠᠯ ᠎ᠤᠨ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠪᠣᠳᠠᠰ᠎ᠤᠨ ᠪᠤᠰᠤ ᠰᠣᠶᠣᠯ ᠎ᠤᠨ ᠥᠪ᠎ᠤᠨ ᠲᠥᠯᠥᠭᠡᠯᠡᠬᠦ᠌ ᠴᠢᠨᠠᠷᠲᠠᠶ ᠤᠯᠠᠮᠵᠢᠯᠠᠭᠴᠢ ᠪᠣᠯᠵᠣ ᠂ 2019 ᠣᠨ᠎ᠳᠤ ᠪᠠᠰᠠ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠭᠠᠷ ᠤᠷᠠᠯᠠᠯ᠎ᠤᠨ ᠪᠠᠭ᠍ᠰᠢᠲᠠᠨ᠎ᠵᠢᠡᠷ ᠦᠨᠡᠯᠡᠭ᠌ᠳᠡᠪᠡ᠃


QQ20260114-113226.png


ᠢᠤᠢ ᠾᠸ ᠫᠢᠩ ᠤᠯᠠᠨ ᠤᠯᠤᠰ᠎ᠤᠨ ᠰᠣᠶᠣᠯ᠎ᠤᠨ ᠰᠣᠯᠢᠯᠴᠠᠭᠠᠨ᠎ᠤ ᠠᠵᠢᠯᠯᠠᠭ᠎ᠠ᠎ᠳᠤ ᠣᠷᠣᠯᠴᠠᠵᠤ ᠪᠠᠢᠭ᠎ᠠ ᠨᠢ (ᠮᠠᠲ᠋ᠧᠷᠢᠶᠠᠯ  ᠵᠢᠷᠤᠭ)


ᠢᠷᠠᠭᠤ ᠠᠯᠳᠠᠷ ᠨᠡᠮᠡᠭ᠌ᠳᠡᠭᠰᠡᠨ ᠴᠤ᠌ ᠢᠦᠢ ᠾᠧ ᠫᠢᠩ ᠤᠯᠠᠮᠵᠢᠯᠠᠯ᠎ᠤᠨ ᠤᠬ ᠰᠠᠨᠠᠭ᠎ᠠ ᠪᠠᠨ ᠮᠠᠷᠲᠠᠭ᠎ᠠ ᠦᠭᠡᠢ᠃ ᠲᠡᠷᠡ ᠬᠠᠳᠭᠤᠮᠠᠯ᠎ᠤᠨ ᠠᠵᠢᠯᠯᠠᠭ᠎ᠠ᠎ᠶ᠋ᠢ ᠨᠡᠢᠭᠡᠮ ᠲᠣᠭᠤᠷᠢᠭ᠂ ᠦᠵᠡᠮᠵᠢ᠎ᠶ᠋ᠢᠨ ᠣᠷᠣᠨ᠂ ᠰᠤᠷᠭᠠᠭᠤᠯᠢ᠎ᠳᠤ ᠣᠷᠣᠭᠤᠯᠬᠤ ᠪᠡᠷ  ᠲᠠᠭᠠᠭᠤᠯᠤᠨ ᠬᠢᠵᠦ᠂ ᠬᠡᠦᠬᠡᠳ᠎ᠤᠳ᠎ᠲᠤ ᠬᠠᠳᠬᠤᠮᠠᠯ᠎ᠤᠨ ᠲᠤᠷᠭᠠᠨ ᠤᠲᠠᠰᠤ ᠵᠢ ᠪᠠᠷᠢᠭᠤᠯᠤᠨ᠂ ᠵᠢᠭᠤᠯᠴᠢᠯᠠᠭ᠍ᠰᠠᠳ᠎ᠲᠤ ᠤᠷ᠎ᠠ ᠮᠡᠷᠭᠡᠵᠢᠯ᠎ᠢ ᠮᠡᠳᠡᠭᠦᠯᠵᠦ᠂ ᠵᠡᠭᠦᠦ ᠤᠲᠠᠰᠤᠨ ᠎ᠤ ᠤᠷᠠᠯᠢᠬ᠎ᠢ ᠨᠡᠩ ᠠᠭᠤᠳᠠᠮ ᠣᠷᠣᠨ ᠵᠠᠢ᠎ᠳᠤ ᠲᠠᠨᠢᠭᠤᠯᠵᠤ ᠤᠢᠯᠠᠭᠠᠭᠤᠯᠤᠭᠰᠠᠨ ᠪᠠᠢᠨ᠎ᠠ ᠃


QQ20260114-113238.png

   

 ᠲᠡᠭᠦᠰᠭᠦ  ᠦᠨᠡᠮᠯᠡᠯ   ᠭᠠᠷᠳᠠᠭᠤᠯᠤᠨ᠎ᠠ


 ᠡᠳᠦᠭᠡ ᠬᠢᠳᠠᠨ ᠬᠠᠳᠭᠤᠮᠠᠯ ᠠᠯᠢ ᠭᠡᠳᠦᠢᠨ ᠭᠠᠷ ᠤᠷᠠᠯᠠᠯ ᠲᠡᠳᠦᠢ ᠪᠢᠰᠢ᠂ ᠬᠠᠷᠢᠨ ᠡᠳᠦᠷ ᠳᠤᠲᠤᠮ᠎ᠤᠨ ᠰᠣᠶᠣᠯ᠎ᠤᠨ ᠰᠤᠳᠠᠰᠤ ᠪᠣᠯᠵᠤ᠂ ᠦᠪᠯᠠᠨ ᠤᠯᠠᠮᠵᠢᠯᠠᠬᠤ ᠪᠠ ᠱᠢᠨ᠎ᠡ᠎ᠶ᠋ᠢ ᠡᠭᠦᠳᠬᠦ᠌ ᠳᠤᠮᠳᠠ ᠴᠠᠭ ᠦᠶ᠎ᠡ᠎ᠶ᠋ᠢᠨ ᠱᠢᠨ᠎ᠡ ᠬᠠᠭᠤᠳᠠᠰᠤ᠎ᠶ᠋ᠢ ᠦᠷᠭᠦᠯᠵᠢᠯᠡᠨ ᠪᠢᠴᠢᠭ᠌ᠯᠡᠵᠦ᠍ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号