ᠪᠤᠳᠠᠰᠤᠨ ᠪᠤᠰᠤ ᠰᠤᠶᠤᠯᠤᠨ ᠦᠪᠤᠨ ᠲᠦᠭᠦᠮ ᠮᠡᠳᠡᠯᠭᠡ
ᠠᠯᠠᠱᠠ ᠭᠡᠪᠢᠰ ᠦᠢᠯᠡᠳᠭᠦ ᠠᠵᠤ ᠦᠢᠯᠡᠰ ᠨᠢ ᠨᠢᠭᠡᠨᠳᠡ 300 ᠵᠢᠯᠤᠨ ᠲᠡᠦᠭᠡ ᠲᠠᠢ ᠪᠤᠯᠵᠠᠢ᠃ ᠴᠢᠩ ᠤᠯᠤᠰᠤᠨ ᠪᠠᠳᠠᠷᠠᠭᠤᠯᠳᠤ ᠲᠦᠷᠦ ᠵᠢᠨ ᠦᠶᠠᠳᠤ ᠳ᠋ᠢᠩ ᠶᠤᠸᠠᠨ ᠶᠢᠩ ᠨᠢᠭᠡᠨᠳᠡ ᠠᠨᠭᠬᠠᠳᠠᠭᠴᠢ ᠭᠡᠪᠢᠰᠤᠨ ᠭᠠᠷ ᠦᠢᠯᠡᠳᠭᠡᠯᠤᠨ ᠭᠠᠵᠠᠷᠢ ᠪᠠᠢᠭᠤᠯᠵᠤ᠂ ᠬᠤᠷᠢᠳᠤᠭᠠᠷ ᠵᠠᠭᠤᠨᠦ ᠲᠦᠴᠢᠭᠡᠳ ᠤᠨᠦ ᠰᠡᠭᠦᠯᠴᠢ ᠪᠡᠷ ᠳ᠋ᠢᠩ ᠶᠤᠸᠠᠨ ᠶᠢᠩ ᠭᠡᠪᠢᠰ ᠨᠢ ᠨᠢᠭᠡᠨᠳᠡ ᠲᠡᠯᠡᠭᠡᠢᠳᠤ ᠠᠯᠳᠠᠷᠰᠢᠭᠰᠠᠨ ᠪᠠᠢᠨ᠎ᠠ᠃ ᠲᠦᠯᠦᠭᠡᠯᠡᠭᠴᠢ ᠴᠢᠨᠠᠷᠳᠠᠢ ᠪᠦᠳᠦᠭᠡᠯ 《ᠭᠤᠷᠪᠠᠨ ᠭᠦᠭᠡ》 (ᠭᠦᠨ ᠭᠦᠢᠭᠡᠨ ᠨᠢ ᠠᠳᠠᠯᠢ ᠪᠤᠰᠤ ᠵᠢᠨ ᠭᠤᠷᠪᠠᠨ ᠵᠦᠢᠯᠤᠨ ᠭᠦᠭᠡ ᠦᠨᠭᠭᠡ) ᠡᠷᠳᠡᠨᠦ ᠲᠠᠭᠤᠷᠢᠶᠠᠮᠠᠯ ᠭᠡᠪᠢᠰ ᠨᠢ ᠲᠡᠭᠷᠢ ᠵᠢᠨ ᠭᠦᠭᠡ᠂ ᠭᠠᠵᠠᠷᠤᠨ ᠰᠢᠷ᠎ᠠ ᠦᠨᠭᠭᠡ ᠪᠡᠷ ᠭᠤᠤᠯ ᠦᠨᠭᠭᠡ ᠪᠤᠯᠭᠠᠵᠤ᠂ ᠠᠷᠠᠳᠤᠨ ᠲᠤᠮᠳᠠ ᠦᠶ᠎ᠠ ᠲᠠᠮᠵᠢᠨ ᠤᠯᠠᠮᠵᠢᠯᠠᠭᠳᠠᠭᠰᠠᠨ ᠵᠠᠨᠭᠭᠢᠳᠬᠤ ᠮᠡᠷᠭᠡᠵᠢᠯᠢ ᠭᠡᠷᠡᠭᠯᠡᠨ ᠤᠷᠳᠤᠨᠦ ᠵᠢᠷᠤᠭ ᠲᠦᠷᠰᠦ ᠵᠢ ᠲᠠᠭᠤᠷᠢᠶᠠᠨ ᠤᠷᠠᠨ ᠭᠡᠭᠡᠨᠴᠢᠷ ᠵᠤᠭᠢᠶᠠᠭᠰᠠᠨ ᠪᠠᠢᠨ᠎ᠠ᠃ 2008 ᠤᠨᠳᠤ᠂ ᠭᠡᠪᠢᠰ ᠨᠡᠭᠡᠭᠦ ᠮᠡᠷᠭᠡᠵᠢᠯ (ᠠᠯᠠᠱᠠ ᠭᠡᠪᠢᠰ ᠨᠡᠭᠡᠭᠦ ᠮᠡᠷᠭᠡᠵᠢᠯ) ᠨᠢ ᠬᠤᠶᠠᠳᠤᠭᠠᠷ ᠪᠦᠯᠦᠭᠤᠨ ᠤᠯᠤᠰ ᠤ᠋ᠨ ᠲᠡᠰᠤᠨ ᠪᠤᠳᠠᠰᠤᠨ ᠪᠤᠰᠤ ᠰᠤᠶᠤᠯᠤᠨ ᠦᠪᠤᠨ ᠲᠦᠯᠦᠭᠡᠯᠡᠭᠴᠢ ᠴᠢᠨᠠᠷᠳᠠᠢ ᠲᠦᠷᠦᠯ ᠵᠦᠢᠯᠤᠨ ᠨᠡᠷᠡᠰ ᠲᠤ᠌ ᠵᠢᠭᠰᠠᠭᠠᠭᠳᠠᠵᠠᠢ᠃
ᠬᠠᠨ ᠲᠡᠭᠷᠢ ᠠᠯᠠᠱᠠᠵᠢᠨ ᠤᠷᠠᠨ ᠲᠠᠷᠬᠠᠳ ᠡᠭᠡ ᠭᠠᠵᠠᠷ ᠲᠤ᠌ ᠦᠨᠭᠭᠡᠳᠦ ᠡᠭᠦᠯᠡ ᠵᠢ ᠨᠡᠭᠦᠯᠭᠡᠭᠰᠡᠨ ᠶᠤᠮᠰᠢᠭ ᠭᠤᠢᠳᠠ ᠰᠠᠢᠬᠠᠨ ᠭᠡᠪᠢᠰᠢ ᠨᠡᠭᠡᠳᠡᠭ᠃ ᠲᠠᠷᠠ ᠨᠢ ᠲᠠᠷᠤᠢ ᠴᠢᠩ ᠤᠯᠤᠰᠤᠨ ᠲᠡᠭᠷᠢ ᠲᠡᠳᠭᠦᠭᠴᠢ ᠵᠢᠨ ᠡᠭᠢᠨᠦ ᠦᠶᠠᠳᠤ ᠠᠯᠠᠱᠠ ᠨᠤᠳᠤᠭ ᠲᠤ᠌ ᠶᠡᠭᠡ ᠪᠠᠷ ᠲᠡᠯᠭᠡᠷᠡᠭᠰᠡᠨ ᠭᠡᠪᠢᠰ ᠨᠡᠭᠡᠭᠦ ᠮᠡᠷᠭᠡᠵᠢᠯ ᠪᠠᠢᠵᠤ᠂ ᠠᠷᠠᠪ ᠭᠡᠪᠢᠰ ᠪᠤᠯᠤᠨ ᠪᠡᠭᠡᠵᠢᠩ ᠮᠠᠶᠢᠭᠤᠨ ᠤᠷᠳᠤᠨᠦ ᠭᠡᠪᠢᠰ ᠨᠡᠭᠡᠭᠦ ᠤᠯᠠᠮᠵᠢᠯᠠᠯᠳᠤ ᠮᠡᠷᠭᠡᠵᠢᠯᠢ ᠤᠶᠠᠯᠳᠤᠭᠤᠯᠤᠭᠰᠠᠨ ᠪᠠᠢᠵᠤ᠂ ᠭᠡᠪᠢᠰ ᠨᠡᠭᠡᠮᠠᠯᠤᠨ ᠠᠵᠢᠯ ᠲᠦᠷᠦᠯᠳᠤ ᠦᠪᠡᠷᠮᠢᠴᠡ ᠤᠨᠴᠠᠯᠢᠭ ᠵᠢᠡᠷ ᠵᠢᠡᠨ ᠤᠨᠴᠠᠯᠠᠭᠳᠠᠵᠤ᠂ ᠦᠪᠡᠷᠮᠢᠴᠡ ᠤᠨᠴᠠᠯᠢᠭ ᠪᠠ ᠭᠤᠢᠳᠠ ᠰᠠᠢᠬᠠᠨ ᠵᠢᠷᠤᠭ ᠲᠦᠷᠰᠦ ᠪᠡᠷ ᠵᠢᠡᠨ ᠲᠡᠯᠡᠭᠡᠢ ᠳ᠋ᠠᠭᠢᠨ᠎ᠠ ᠭᠠᠢᠬᠠᠭᠳᠠᠵᠠᠢ᠃
2008 ᠤᠨᠳᠤ᠂ ᠭᠡᠪᠢᠰ ᠨᠡᠭᠡᠭᠦ ᠮᠡᠷᠭᠡᠵᠢᠯ (ᠠᠯᠠᠱᠠ ᠭᠡᠪᠢᠰ ᠨᠡᠭᠡᠭᠦ ᠮᠡᠷᠭᠡᠵᠢᠯ) ᠨᠢ ᠤᠯᠤᠰᠤᠨ ᠬᠤᠶᠠᠳᠤᠭᠠᠷ ᠪᠦᠯᠦᠭ ᠪᠤᠳᠠᠰᠤᠨ ᠪᠤᠰᠤ ᠰᠤᠶᠤᠯᠤᠨ ᠦᠪᠤᠨ ᠲᠦᠯᠦᠭᠡᠯᠡᠭᠴᠢ ᠴᠢᠨᠠᠷᠳᠠᠢ ᠲᠦᠷᠦᠯ ᠵᠦᠢᠯᠤᠨ ᠨᠡᠷᠡᠰ ᠲᠤ᠌ ᠵᠢᠭᠰᠠᠭᠠᠭᠳᠠᠵᠠᠢ᠃

ᠤᠷᠠᠨ ᠨᠠᠷᠢᠨ ᠭᠡᠪᠢᠰ ᠨᠡᠭᠡᠭᠦ ᠮᠡᠷᠭᠡᠵᠢᠯ
ᠠᠯᠠᠱᠠ ᠪᠠᠷᠠᠭᠤᠨ ᠬᠤᠰᠢᠭᠤᠨᠦ ᠦᠨᠳᠦᠰᠦᠳᠡᠨᠦ ᠤᠨᠴᠠᠯᠢᠭᠳᠤ ᠭᠡᠪᠢᠰᠤᠨ ᠬᠢᠵᠠᠭᠠᠷᠳᠤ ᠬᠠᠷᠢᠭᠤᠴᠠᠯᠭᠠᠳᠤ ᠺᠤᠮᠫᠠᠨᠢ ᠵᠢᠨ ᠲᠡᠯᠭᠡᠨ ᠦᠵᠡᠭᠦᠯᠭᠦ ᠲᠢᠨᠭᠭᠢᠮᠳᠤ ᠤᠷᠤᠪᠠᠯ᠂ ᠡᠯ᠎ᠠ ᠵᠦᠢᠯᠤᠨ ᠭᠡᠪᠢᠰ ᠬᠠᠷᠠᠭᠠᠨ᠎ᠠ ᠲᠤᠳᠤᠷᠠᠨ᠎ᠠ᠃ 《ᠡᠨᠡ ᠪᠤᠯ 〈ᠭᠤᠷᠪᠠᠨ ᠭᠦᠭᠡ〉 ᠡᠷᠳᠡᠨᠤ ᠭᠢ ᠲᠠᠭᠤᠷᠢᠶᠠᠭᠰᠠᠨ ᠭᠡᠪᠢᠰ ᠪᠤᠯᠤᠨ᠎ᠠ᠃ ᠲᠡᠭᠡᠷ᠎ᠠ ᠨᠢ ᠤᠳᠠᠪᠠᠯ᠎ᠠ ᠴᠡᠴᠡᠭ᠂ ᠭᠦᠭᠵᠢᠮ ᠰᠢᠳᠠᠷ᠎ᠠ ᠵᠢᠷᠤᠭ ᠤᠷᠠᠨ ᠪᠢᠴᠢᠯᠭᠡ ᠭᠡᠭᠦ ᠮᠡᠳᠦ ᠵᠢᠨ ᠲᠤᠮᠳᠠᠳᠤ ᠵᠢᠨ ᠤᠯᠠᠮᠵᠢᠯᠠᠯᠳᠤ ᠵᠢᠷᠤᠭ ᠲᠦᠷᠰᠦ ᠪᠠᠢᠵᠤ᠂ ᠭᠡᠷᠡᠭᠯᠡᠭᠦᠳᠤ ᠲᠤᠭᠢᠷᠠᠮᠵᠢᠳᠠᠢ; ᠡᠨᠡ ᠪᠤᠯ ᠲᠤᠷᠭᠠᠨ ᠨᠡᠭᠡᠮᠡᠯᠳᠦ ᠭᠡᠪᠢᠰ ᠪᠠᠢᠵᠤ᠂ ᠴᠢᠨᠠᠷ ᠰᠠᠢᠳᠠᠢ ᠲᠤᠷᠭᠠᠨ ᠰᠢᠷᠭᠡᠭ ᠵᠢᠡᠷ ᠡᠭᠡ ᠮᠠᠲᠸᠷᠢᠶᠠᠯ ᠪᠤᠯᠭᠠᠵᠤ ᠨᠠᠷᠢᠯᠢᠭ ᠨᠡᠭᠡᠵᠤ᠂ ᠤᠯᠠᠮᠵᠢᠯᠠᠯᠳᠤ ᠤᠷ᠎ᠠ ᠮᠡᠷᠭᠡᠵᠢᠯ ᠪᠠ ᠤᠳᠤᠭᠢᠴᠢᠯᠠᠭᠰᠠᠨ ᠭᠤᠸ᠎ᠠ ᠰᠠᠢᠬᠠᠨᠢ ᠤᠷᠭᠠᠨᠢᠭ ᠵᠢᠡᠷ ᠤᠶᠠᠯᠳᠤᠭᠤᠯᠵᠠᠢ᠃ ᠡᠳᠡᠭᠡᠷ ᠭᠡᠪᠢᠰ ᠲᠡᠭᠡᠷ᠎ᠠ ᠲᠤᠤᠷᠠᠢ ᠵᠢᠨ ᠤᠢ᠂ ᠲᠡᠮᠡᠭᠡ᠂ ᠮᠠᠨᠳᠤᠯ ᠬᠠᠳᠠᠨ ᠵᠢᠷᠤᠭ ᠵᠡᠷᠭᠡ ᠪᠠᠢᠵᠤ᠂ ᠮᠠᠨᠦ ᠠᠯᠠᠱᠠ ᠤᠷᠤᠨᠦ ᠤᠨᠴᠠᠯᠢᠭᠳᠤ ᠡᠯᠸᠮᠸᠨ᠋ᠲᠢ ᠠᠭᠤᠰᠬᠠᠭᠰᠠᠨ ᠁》 ᠭᠡᠵᠤ ᠲᠤᠰ ᠺᠤᠮᠫᠠᠨᠢ ᠵᠢᠨ ᠭᠡᠷᠡᠭ ᠮᠡᠳᠡᠭᠴᠢ ᠹᠸᠩ ᠭᠦᠢ ᠶᠢᠩ ᠰᠤᠷᠪᠤᠯᠵᠢᠯᠠᠭᠴᠢᠳᠤ ᠲᠠᠨᠢᠯᠴᠠᠭᠤᠯᠤᠨ᠎ᠠ᠃

ᠠᠵᠢᠯᠴᠢᠳ ᠤᠯᠠᠮᠵᠢᠯᠠᠯᠳᠤ ᠠᠷᠭ᠎ᠠ ᠪᠡᠷ ᠭᠡᠪᠢᠰ ᠨᠡᠭᠡᠨᠠ
ᠦᠶ᠎ᠡ ᠤᠯᠠᠷᠢᠨ ᠤᠯᠠᠮᠵᠢᠯᠠᠭᠰᠠᠨ ᠨᠠᠷᠢᠨ ᠪᠤᠳᠤᠯᠢᠶᠠᠨᠳᠠᠢ ᠭᠠᠷ ᠤᠷᠠᠯᠠᠯᠤᠨ ᠠᠷᠤᠳᠤ ᠤᠷᠠᠨ ᠲᠠᠷᠬᠠᠨᠦ ᠵᠤᠷᠢᠭ ᠰᠠᠨᠠᠭ᠎ᠠ ᠨᠢᠭᠤᠭᠳᠠᠵᠤ ᠪᠠᠢᠳᠠᠭ᠃ ᠹᠸᠩ ᠭᠦᠢ ᠶᠢᠩ ᠪᠤᠯ ᠲᠤᠰ ᠲᠦᠷᠦᠯᠤᠨ ᠮᠡᠷᠭᠡᠵᠢᠯᠤᠨ ᠦᠪᠡᠷᠳᠡᠭᠡᠨ ᠵᠠᠰᠠᠬᠤ ᠤᠷᠤᠨᠦ ᠲᠡᠰᠤᠨ ᠪᠤᠳᠠᠰᠤᠨ ᠪᠤᠰᠤ ᠰᠤᠶᠤᠯᠤᠨ ᠦᠪᠤᠨ ᠲᠦᠯᠦᠭᠡᠯᠡᠭᠴᠢ ᠴᠢᠨᠠᠷᠳᠠᠢ ᠤᠯᠠᠮᠵᠢᠯᠠᠭᠴᠢ ᠪᠤᠯᠤᠨ᠎ᠠ᠃ ᠤᠯᠠᠨ ᠵᠢᠯᠤᠨ ᠲᠤᠷᠰᠢ ᠲᠡᠷᠡᠪᠠᠷ ᠠᠵᠢᠯᠳᠠᠳ ᠵᠢᠡᠨ ᠲᠠᠭᠠᠭᠤᠯᠤᠨ ᠲᠤᠰ ᠦᠨᠢ ᠡᠷᠳᠡᠨᠦ ᠮᠡᠷᠭᠡᠵᠢᠯᠢ ᠤᠯᠠᠮᠵᠢᠯᠠᠨ ᠪᠠᠳᠠᠷᠠᠭᠤᠯᠵᠤ᠂ ᠭᠡᠪᠢᠰᠤᠨ ᠵᠢᠷᠤᠭ ᠲᠦᠷᠰᠦ ᠵᠢ ᠰᠢᠨᠡᠴᠢᠯᠡᠨ᠂ ᠪᠦᠳᠦᠭᠡᠭᠳᠡᠭᠦᠨᠦ ᠵᠢᠷᠤᠭ ᠲᠦᠷᠰᠦ ᠴᠢᠨᠠᠷ ᠴᠢᠨᠰᠠᠭ᠎ᠠ ᠪᠠ ᠰᠤᠶᠤᠯᠤᠨ ᠠᠭᠤᠯᠬᠤᠨᠢ ᠲᠡᠭᠡᠭᠰᠢᠯᠡᠭᠦᠯᠵᠤ᠂ ᠮᠡᠷᠭᠡᠵᠢᠯᠤᠨ ᠤᠯᠠᠮᠵᠢᠯᠠᠯᠳᠤ ᠰᠢᠨ᠎ᠠ ᠭᠦᠴᠦᠨ ᠨᠡᠮᠡᠷᠢᠯᠡᠭᠰᠡᠨ ᠪᠠᠢᠨ᠎ᠠ᠃

ᠹᠸᠩ ᠭᠦᠢ ᠶᠢᠩ (ᠵᠡᠭᠦᠨᠳᠡᠭᠢ) ᠵᠢᠭᠤᠯᠴᠢᠯᠠᠭᠰᠠᠳ ᠲᠤ᠌ ᠠᠯᠠᠱᠠ ᠭᠡᠪᠢᠰᠤᠨ ᠲᠤᠬᠠᠢ ᠲᠠᠨᠢᠯᠴᠠᠭᠤᠯᠤᠨ᠎ᠠ
ᠵᠢᠷᠤᠵᠤ ᠲᠦᠯᠦᠪᠯᠡᠭᠦ ᠲᠠᠰᠤᠭ ᠲᠤ᠌ ᠠᠵᠢᠯᠳᠠᠳ ᠭᠡᠪᠢᠰ ᠲᠡᠭᠡᠷᠡᠭᠢ ᠮᠠᠨᠳᠠᠷᠠᠸ᠎ᠠ ᠴᠡᠴᠡᠭᠢ ᠨᠠᠷᠢᠨ ᠨᠢᠮᠪᠠᠢ ᠤᠷᠠᠯᠠᠵᠤ᠂ ᠦᠢᠯᠡᠳᠪᠦᠷᠢ ᠵᠢᠨ ᠲᠠᠰᠤᠭ ᠲᠤ᠌ ᠡᠮᠡᠭᠳᠡᠢ ᠠᠵᠢᠯᠴᠢᠳ ᠪᠤᠯᠪᠠᠰᠤᠷᠠᠨᠭᠭᠤᠢ ᠪᠡᠷ ᠨᠡᠭᠡᠮᠡᠯᠤᠨ ᠮᠠᠰᠢᠨᠢ ᠠᠵᠢᠯᠯᠠᠭᠤᠯᠤᠨ᠂ ᠡᠳᠦᠷ ᠪᠤᠯᠭᠠᠨ ᠦᠨᠭᠭᠡ ᠢᠯᠭᠠᠷᠠᠭᠰᠠᠨ ᠵᠢᠷᠤᠭ ᠲᠦᠷᠰᠦ ᠵᠢ ᠨᠡᠭᠡᠵᠤ ᠭᠠᠷᠭᠠᠨ᠎ᠠ ᠁ ᠠᠯᠠᠱᠠ ᠭᠡᠪᠢᠰ ᠨᠢ ᠲᠦᠰᠦᠪᠯᠡᠭᠦ᠂ ᠨᠡᠭᠡᠭᠦ᠂ ᠲᠡᠭᠰᠢᠯᠡᠭᠦ᠂ ᠬᠠᠢᠴᠢᠯᠠᠬᠤ᠂ ᠤᠭᠢᠶᠠᠬᠤ ᠭᠡᠭᠦ ᠮᠡᠳᠦ ᠵᠢᠨ ᠶᠠᠪᠤᠴᠠ ᠵᠢ ᠲᠠᠮᠵᠢᠭᠠᠳ ᠪᠦᠳᠦᠭᠡᠭᠳᠡᠵᠤ᠂ ᠪᠦᠭᠡᠯᠢᠭ᠂ ᠬᠠᠷᠢᠮᠠᠬᠠᠢ ᠴᠢᠨᠠᠷ ᠵᠢᠡᠷ ᠰᠠᠢᠨ᠂ ᠦᠨᠭᠭᠡ ᠨᠢ ᠭᠤᠶᠤ ᠵᠡᠷᠭᠡ ᠤᠨᠴᠠᠯᠢᠭ ᠲᠠᠢ ᠪᠠᠢᠵᠤ᠂ ᠭᠡᠷᠡᠭᠯᠡᠭᠡᠨᠦ ᠴᠢᠨᠠᠷ ᠪᠠ ᠦᠵᠡᠮᠦᠷᠢ ᠵᠢᠨ ᠴᠢᠨᠠᠷᠢ ᠬᠠᠷᠢᠯᠴᠠᠨ ᠠᠭᠤᠰᠬᠠᠭᠰᠠᠨ ᠪᠠᠢᠳᠠᠭ᠃

ᠭᠡᠪᠢᠰ ᠤᠬᠢᠶᠠᠨ᠎ᠠ
ᠤᠯᠠᠮᠵᠢᠯᠠᠯᠳᠤ ᠠᠯᠠᠱᠠ ᠭᠡᠪᠢᠰ ᠨᠢ ᠨᠤᠳᠤᠭᠤᠨ ᠢᠮᠠᠭᠠᠨ ᠨᠤᠤᠯᠤᠭᠤᠷᠢ ᠰᠢᠯᠢᠵᠤ ᠭᠡᠷᠡᠭᠯᠡᠳᠡᠭ᠃ ᠤᠢᠷ᠎ᠠ ᠵᠢᠨ ᠵᠢᠯ ᠡᠴᠡ ᠹᠸᠩ ᠭᠦᠢ ᠶᠢᠩ ᠪᠦᠯᠭᠦᠮ ᠵᠢᠡᠨ ᠲᠠᠭᠠᠭᠤᠯᠤᠨ ᠰᠢᠨ᠎ᠠ ᠵᠢ ᠡᠭᠦᠳᠦᠨ ᠰᠢᠪᠳᠤᠯᠤᠯᠳᠠ ᠭᠢᠵᠤ᠂ ᠰᠢᠯᠢᠳᠡᠭ ᠲᠤᠷᠭᠠᠨ ᠰᠢᠷᠭᠡᠭ ᠵᠢᠡᠷ ᠮᠠᠲᠸᠷᠢᠶᠠᠯ ᠪᠤᠯᠭᠠᠵᠤ᠂ ᠲᠤᠷᠭᠠᠨ ᠨᠡᠭᠡᠮᠡᠯᠳᠦ ᠭᠡᠪᠢᠰᠤᠨ ᠮᠡᠷᠭᠡᠵᠢᠯᠤᠨ ᠲᠦᠪᠰᠢᠨᠢ ᠲᠡᠭᠡᠭᠰᠢᠯᠡᠭᠦᠯᠵᠤ᠂ 120 ᠪᠤᠯᠤᠨ 200 ᠲᠤᠷᠭᠠᠨ ᠰᠢᠷᠭᠡᠭᠤᠨ ᠭᠡᠪᠢᠰᠢ ᠨᠡᠭᠡᠵᠤ᠂ ᠵᠠᠬ᠎ᠠ ᠲᠡᠯᠭᠡᠭᠦᠷᠤᠨ ᠲᠤᠰᠬᠠᠯ ᠰᠠᠢᠨ ᠪᠠᠢᠨ᠎ᠠ᠃ 《ᠮᠠᠨᠦ ᠺᠤᠮᠫᠠᠨᠢ ᠪᠠᠰᠠ ᠤᠷᠠᠯᠢᠭᠤᠨ ᠭᠡᠪᠢᠰ᠂ ᠡᠯᠭᠦᠮᠡᠯ ᠭᠡᠪᠢᠰ᠂ ᠮᠠᠰᠢᠨ ᠲᠡᠷᠭᠡᠨᠦ ᠭᠡᠪᠢᠰ ᠭᠡᠭᠦ ᠮᠡᠳᠦ ᠵᠢᠨ ᠤᠯᠠᠨ ᠰᠢᠷᠢᠰ ᠭᠡᠪᠢᠰ ᠦᠢᠯᠡᠳᠪᠦᠷᠢᠯᠡᠵᠤ᠂ ᠭᠡᠷᠡᠭᠯᠡᠭᠴᠢᠳᠤᠨ ᠰᠤᠨᠭᠭᠤᠯᠳᠠ ᠵᠢ ᠦᠷᠭᠡᠳᠭᠡᠨ᠂ ᠤᠯᠠᠮᠵᠢᠯᠠᠯᠤᠨ ᠲᠤᠮᠳᠠ ᠭᠦᠭᠵᠢᠭᠦᠯᠵᠤ᠂ ᠭᠦᠭᠵᠢᠯᠳᠡ ᠵᠢᠨ ᠲᠤᠮᠳᠠ ᠬᠠᠮᠠᠭᠠᠯᠠᠨ᠂ ᠦᠨᠢ ᠡᠷᠳᠡᠨᠦ ᠮᠡᠷᠭᠡᠵᠢᠯᠢ ᠨᠡᠩ ᠰᠢᠨ᠎ᠠ ᠨᠡᠩ ᠤᠷᠳᠤ ᠠᠶᠠᠨᠳᠤ ᠭᠦᠷᠭᠡᠭᠰᠡᠨ ᠪᠠᠢᠨ᠎ᠠ》 ᠭᠡᠵᠤ ᠹᠸᠩ ᠭᠦᠢ ᠶᠢᠩ ᠶᠠᠷᠢᠨ᠎ᠠ᠃

ᠹᠸᠩ ᠭᠦᠢ ᠶᠢᠩ (ᠵᠡᠭᠦᠨᠳᠡᠭᠢ) ᠠᠵᠢᠯᠳᠠᠳ ᠵᠢᠡᠨ ᠵᠢᠯᠤᠭᠤᠳᠤᠨ᠎ᠠ
2024 ᠤᠨᠳᠤ᠂ ᠲᠤᠰ ᠺᠤᠮᠫᠠᠨᠢ ᠠᠯᠠᠱᠠ ᠭᠡᠪᠢᠰ ᠨᠡᠭᠡᠭᠦ ᠮᠡᠷᠭᠡᠵᠢᠯᠤᠨ ᠪᠤᠳᠠᠰᠤᠨ ᠪᠤᠰᠤ ᠰᠤᠶᠤᠯᠤᠨ ᠦᠪᠤᠨ ᠦᠢᠯᠡᠳᠭᠡᠯᠤᠨ ᠭᠠᠵᠠᠷᠢ ᠨᠡᠭᠡᠭᠡᠵᠤ᠂ 《ᠲᠦᠰᠦᠪᠯᠡᠭᠦ᠂ ᠰᠤᠳᠤᠯᠬᠤ᠂ ᠦᠢᠯᠡᠳᠪᠦᠷᠢᠯᠡᠭᠦ᠂ ᠪᠤᠷᠤᠯᠠᠭᠤᠯᠬᠤ》 ᠵᠢ ᠨᠢᠭᠡ ᠴᠤᠭᠴᠠᠵᠢᠭᠤᠯᠤᠭᠰᠠᠨ ᠪᠦᠭᠦ ᠭᠡᠯᠭᠢᠶᠠᠳᠤ ᠡᠵᠡᠨᠭᠨᠡᠯᠳᠡ ᠵᠢᠨ ᠭᠡᠯᠪᠠᠷᠢ ᠵᠢ ᠪᠠᠢᠭᠤᠯᠵᠤ᠂ ᠲᠤᠬᠠᠢ ᠵᠢᠨ ᠭᠠᠵᠠᠷᠤᠨ ᠤᠯᠠᠨ ᠲᠦᠮᠡᠨ ᠳᠤ ᠠᠵᠢᠯ ᠤᠯᠬᠤ ᠵᠠᠪᠰᠢᠶᠠᠨ ᠬᠠᠨᠭᠭᠠᠵᠤ᠂ 《ᠪᠤᠳᠠᠰᠤᠨ ᠪᠤᠰᠤ ᠰᠤᠶᠤᠯᠤᠨ ᠦᠪᠢ ᠤᠯᠠᠮᠵᠢᠯᠠᠬᠤ》 ᠪᠠ 《ᠤᠷᠤᠯᠭ᠎ᠠ ᠪᠠᠨ ᠨᠡᠮᠡᠭᠳᠡᠭᠦᠯᠦᠨ ᠪᠠᠶᠠᠵᠢᠨ ᠴᠢᠨᠡᠭᠡᠯᠢᠭᠵᠢᠭᠦ》 ᠬᠤᠤᠰ ᠦᠷ᠎ᠠ ᠠᠰᠢᠭᠢ ᠪᠤᠢ ᠪᠤᠯᠭᠠᠵᠠᠢ᠃ ᠤᠷᠠᠨ ᠲᠠᠷᠬᠠᠳᠤᠨ ᠪᠠᠷᠢᠮᠳᠠᠯᠠᠯ ᠪᠠ ᠰᠢᠨ᠎ᠠ ᠵᠢ ᠡᠭᠦᠳᠦᠨ ᠰᠦᠪᠡᠭᠴᠢᠯᠡᠭᠦ ᠲᠤᠮᠳᠠ ᠠᠯᠠᠱᠠ ᠭᠡᠪᠢᠰ ᠨᠡᠭᠡᠭᠦ ᠮᠡᠷᠭᠡᠵᠢᠯ ᠨᠢ ᠰᠢᠨ᠎ᠠ ᠠᠮᠢᠵᠢᠷᠠᠯᠤᠨ ᠭᠦᠴᠦᠨ ᠲᠠᠢ ᠪᠤᠯᠤᠭᠰᠠᠨ ᠪᠠᠢᠨ᠎ᠠ᠃

ᠨᠡᠭᠡᠭᠰᠡᠨ ᠭᠡᠪᠢᠰ ᠵᠢᠡᠨ ᠪᠠᠢᠴᠠᠭᠠᠨ᠎ᠠ
《ᠠᠯᠠᠱᠠ ᠭᠡᠪᠢᠰ ᠨᠡᠭᠡᠭᠦ ᠮᠡᠷᠭᠡᠵᠢᠯ ᠢ ᠤᠯᠠᠮᠵᠢᠯᠠᠨ ᠵᠠᠯᠭᠠᠮᠵᠢᠯᠠᠬᠤ ᠲᠤᠮᠳᠠ ᠪᠢᠳᠠ ᠬᠠᠭᠤᠴᠢᠨᠦ ᠤᠯᠠᠮᠵᠢᠯᠠᠯᠳᠤ ᠮᠡᠷᠭᠡᠵᠢᠯᠤᠨ ᠤᠭᠢ ᠱᠦᠯᠳᠦ ᠵᠢ ᠨᠢ ᠦᠯᠡᠳᠡᠭᠡᠭᠦ ᠵᠢᠨ ᠲᠠᠭᠠᠦ ᠪᠠᠰᠠ ᠵᠠᠬ᠎ᠠ ᠲᠡᠯᠭᠡᠭᠦᠷᠤᠨ ᠭᠡᠷᠡᠭᠴᠡᠭᠡ ᠱᠠᠭᠠᠷᠳᠠᠯᠭ᠎ᠠ ᠵᠢ ᠦᠨᠳᠦᠰᠦᠯᠡᠨ ᠲᠠᠰᠤᠷᠠᠯᠳᠠ ᠦᠭᠡᠢ ᠰᠢᠨ᠎ᠠ ᠵᠢ ᠡᠭᠦᠳᠴᠦ᠂ ᠤᠯᠠᠮᠵᠢᠯᠠᠬᠤ ᠵᠢᠨ ᠲᠠᠭᠠᠦ ᠰᠢᠨᠡᠴᠢᠯᠡᠵᠤ᠂ ᠰᠢᠨᠡᠴᠢᠯᠡᠭᠦ ᠵᠢᠨ ᠲᠠᠭᠠᠦ ᠭᠦᠭᠵᠢᠭᠦᠯᠵᠤ᠂ ᠭᠦᠭᠵᠢᠭᠦᠯᠭᠦ ᠵᠢᠨ ᠲᠠᠭᠠᠦ ᠬᠠᠮᠠᠭᠠᠯᠠᠨ᠂ ᠤᠯᠠᠮᠵᠢᠯᠠᠯᠳᠤ ᠮᠡᠷᠭᠡᠵᠢᠯᠢ ᠰᠢᠨ᠎ᠠ ᠠᠮᠢᠵᠢᠷᠠᠯ ᠲᠠᠢ ᠪᠤᠯᠭᠠᠨ᠎ᠠ》 ᠭᠡᠵᠤ ᠹᠸᠩ ᠭᠦᠢ ᠶᠢᠩ ᠶᠠᠷᠢᠨ᠎ᠠ᠃

ᠭᠡᠪᠢᠰ ᠨᠡᠭᠡᠭᠦ ᠦᠢᠯᠡᠳᠪᠦᠷᠢᠶ᠋ᠢᠨ ᠲᠠᠰᠤᠭ