ᠤᠯᠠᠮᠵᠢᠯᠠᠯᠳᠤ ᠰᠤᠶᠤᠯ᠎ᠢ ᠵᠠᠯᠭᠠᠮᠵᠢᠯᠠᠨ ᠲᠤᠮᠳᠠᠳᠤ ᠵᠢᠨ ᠰᠤᠶᠤᠯ᠎ᠢ ᠪᠠᠳᠠᠷᠠᠭᠤᠯᠤᠨᠠᠮ
2025-12-31 11:20:34
ᠵᠣᠬᠢᠶᠠᠭ᠍ᠴᠢ᠄
ᠦᠵᠡᠰᠭᠦᠯᠡᠩ
ᠣᠩᠱᠢᠭ᠍ᠰᠠᠨ ᠣᠳᠠᠭ᠎ᠠ᠄
★★★☆☆

ᠬᠠᠷᠢᠭᠤᠴᠠᠭᠰᠠᠨ ᠨᠠᠢᠷᠠᠭᠤᠯᠤᠭᠴᠢ ᠵᠢᠨ ᠦᠭᠡ

2025 ᠤᠨ᠎ᠤ ᠰᠡᠭᠦᠯᠴᠢ ᠵᠢᠨ᠎ᠳᠤᠭᠠᠷ ᠵᠢᠡᠷ 《ᠲᠤᠮᠳᠠᠳᠤ ᠵᠢᠨ ᠰᠤᠶᠤᠯ》 ᠮᠠᠨᠢ ᠡᠷᠭᠢᠮ ᠭᠦᠨᠳᠦᠳᠦ ᠤᠨᠭᠰᠢᠭᠴᠢᠳ ᠲᠠᠭᠠᠨ ᠡᠨᠡ ᠤᠨ᠎ᠦ ᠳ᠋ᠦᠨᠭᠨᠠᠯᠳᠠ ᠵᠢᠨ ᠬᠠᠭᠤᠳᠠᠰᠤ ᠪᠠᠨ ᠲᠤᠰᠢᠶᠠᠵᠤ ᠪᠠᠢᠨᠠᠮ᠃ ᠲᠤᠮᠳᠠᠳᠤ ᠵᠢᠨ ᠦᠨᠳᠦᠰᠦᠳᠡᠨ᠎ᠤ ᠬᠠᠮᠳᠤ ᠵᠢᠨ ᠴᠤᠭᠴᠠ ᠵᠢᠨ ᠤᠬᠠᠮᠰᠠᠷ᠎ᠢ ᠨᠡᠩ ᠪᠠᠳᠤ ᠴᠤᠭᠴᠠᠯᠠᠵᠤ᠂ ᠲᠤᠮᠳᠠᠳᠤ ᠵᠢᠨ ᠰᠢᠯᠢᠳᠡᠭ ᠰᠤᠶᠤᠯ᠎ᠢ ᠨᠡᠩ ᠰᠠᠢᠳᠤᠷ ᠤᠬᠠᠭᠤᠯᠬᠤ ᠵᠢᠨ ᠲᠦᠯᠦᠭᠡ 2025 ᠤᠨ᠎ᠳᠤ ᠲᠤᠰ ᠨᠢᠭᠤᠷ ᠨᠢ ᠭᠤᠤᠯᠳᠠᠭᠤ ᠪᠤᠳᠠᠰ᠎ᠤᠨ ᠪᠤᠰᠤ ᠰᠤᠶᠤᠯ᠎ᠤᠨ ᠦᠪ᠎ᠤᠨ ᠲᠤᠭᠤᠷᠢᠨ᠎ᠳᠤ ᠮᠡᠳᠡᠭᠡᠯᠡᠯ ᠭᠢᠵᠤ᠂ ᠬᠤᠷᠴᠢᠨ᠎ᠤ ᠲᠠᠮᠠᠭᠢᠨ ᠬᠠᠪᠳᠠᠭ᠎ᠠ ᠵᠢᠨ ᠬᠠᠳᠬᠤᠮᠠᠯ᠂ ᠠᠯᠠᠱᠠ ᠨᠤᠳᠤᠭ᠎ᠤᠨ ᠭᠡᠪᠢᠰ ᠨᠡᠭᠡᠭᠦ ᠮᠡᠷᠭᠡᠵᠢᠯ᠂ ᠲᠤᠳᠤᠭᠠᠳᠤ ᠭᠠᠳᠠᠭᠠᠳᠤ ᠵᠢᠨ ᠭᠡᠷᠡᠭᠯᠡᠭᠴᠢᠳ᠎ᠤᠨ ᠬᠠᠯᠠᠭᠤᠨ ᠬᠦᠷᠢᠶᠡᠯᠡᠯ᠎ᠢ ᠤᠯᠤᠭᠰᠠᠨ ᠬᠤᠯᠤᠰᠤᠨ ᠵᠢᠷᠤᠭ᠂ ᠵᠢᠢ ᠤᠪᠤᠭᠳᠤ ᠵᠢᠨ ᠬᠤᠨᠢᠨ ᠠᠷᠠᠰᠤᠨ ᠵᠢᠷᠤᠭ᠂ ᠡᠳᠦᠭᠡ ᠪᠤᠯᠳᠠᠯ᠎ᠠ ᠤᠯᠠᠮᠵᠢᠯᠠᠭᠳᠠᠨ ᠲᠡᠯᠭᠡᠷᠡᠵᠤ ᠪᠦᠭᠦᠢ ᠤᠷᠳᠤᠨ᠎ᠤ ᠤᠷᠠᠯᠢᠭ ᠪᠤᠯᠬᠤ ᠭᠢᠳᠡᠨ ᠬᠠᠳᠬᠤᠮᠠᠯ᠂ ᠭᠦᠯᠦᠨ ᠪᠤᠢᠷ᠎ᠤᠨ ᠦᠨᠢ ᠡᠷᠳᠡᠨ ᠡᠴᠡ ᠦᠪᠯᠡᠭᠰᠡᠨ ᠡᠭᠡ ᠪᠠᠢᠭᠠᠯᠢ ᠵᠢᠨ ᠦᠨᠭᠭᠡ ᠲᠠᠢ ᠤᠶᠠᠵᠤ ᠪᠤᠳᠤᠬᠤ ᠮᠡᠷᠭᠡᠵᠢᠯ᠂ ᠠᠯᠳᠠᠨ ᠤᠳᠠᠰᠤ ᠪᠡᠷ ᠤᠷᠠᠯᠠᠵᠤ ᠰᠢᠯ ᠪᠤᠳᠤᠭ ᠰᠠᠢᠯᠳᠡᠭ ᠹᠠᠯᠠᠨ ᠤᠷᠠᠯᠠᠯ᠂ ᠤᠷᠠᠨ ᠬᠠᠢᠴᠢ ᠲᠤᠭᠯᠠᠭᠤᠯᠤᠭᠰᠠᠨ ᠬᠠᠢ ᠤᠪᠤᠭᠳᠤ ᠵᠢᠨ ᠴᠠᠭᠠᠰᠤᠨ ᠬᠠᠢᠴᠢᠯᠠᠮᠠᠯ᠂ ᠵᠠᠭᠤᠨ ᠤᠨ᠎ᠤ ᠲᠡᠦᠭᠡ ᠵᠢ ᠠᠴᠢᠶᠠᠯᠠᠵᠤ᠂ ᠲᠤᠮᠳᠠᠳᠤ ᠦᠷᠦᠨ᠎ᠠ ᠵᠢ ᠠᠭᠤᠰᠤᠯᠴᠠᠭᠤᠯᠤᠭᠰᠠᠨ ᠡᠷᠭᠦᠨ᠎ᠠ ᠭᠤᠤᠯ᠎ᠤᠨ ᠪᠠᠷᠠᠭᠤᠨ ᠡᠷᠭᠢ᠎ᠳ᠋ᠡᠭᠢ ᠮᠤᠳᠤᠨ ᠭᠡᠷ᠂ ᠦᠨᠳᠦᠰᠦᠳᠡᠨ᠎ᠤ ᠪᠦᠯᠭᠦᠮᠳᠡᠯ᠎ᠤᠨ ᠦᠷ᠎ᠠ ᠵᠢ ᠰᠠᠴᠤᠭᠰᠠᠨ ᠵᠤᠤ ᠵᠢᠶᠦ᠋ᠨ᠎ᠤ ᠮᠦᠽᠸᠢ ᠵᠢᠨ ᠭᠦᠷᠢᠶᠡᠯᠡᠩ᠂ ᠦᠨᠢ ᠤᠳᠠᠭᠠᠨ ᠲᠡᠦᠭᠡ ᠲᠠᠢ ᠤᠷᠴᠦᠨ ᠦᠨᠳᠦᠰᠦᠳᠡᠨ᠎ᠤ ᠭᠦᠷᠦᠭᠡᠰᠦᠨ ᠠᠷᠠᠰᠤᠨ ᠬᠤᠪᠴᠠᠰᠤ ᠵᠠᠰᠠᠯ᠂ ᠢᠮᠠᠬᠤ ᠵᠢᠨ ᠲᠡᠳᠦᠢ ᠵᠠᠢ᠎ᠳᠤ ᠡᠩ ᠶᠢᠷᠳᠢᠨᠴᠦ ᠵᠢ ᠪᠠᠭᠳᠠᠭᠠᠨ ᠤᠷᠠᠯᠠᠭᠰᠠᠨ ᠬᠤᠯᠤ ᠵᠢᠨ ᠰᠠᠢᠯᠤᠮᠠᠯ᠂ ᠮᠢᠨᠭᠭᠠᠨ ᠵᠢᠯ᠎ᠤᠨ ᠤᠯᠠᠮᠵᠢᠯᠠᠯ ᠲᠠᠢ ᠴᠠᠢ ᠵᠢᠨ ᠤᠷᠠᠯᠢᠭ᠂ ᠡᠪᠯᠢᠭ ᠲᠠᠭᠠᠷᠠᠭᠤᠯᠤᠨ ᠨᠠᠷᠢᠯᠢᠭ ᠰᠠᠢᠯᠵᠤ ᠨᠢᠮᠪᠠᠢ ᠱᠤᠭᠤᠭᠰᠠᠨ ᠮᠤᠳᠤᠨ ᠡᠳ᠋ᠯᠡᠯ ᠭᠡᠷᠡᠭᠰᠡᠯ᠂ ᠰᠢᠶᠠᠨᠪᠢ ᠵᠢᠨ ᠭᠠᠢᠬᠠᠮᠰᠢᠭᠳᠤ ᠠᠯᠳᠠᠨ ᠤᠷᠠᠯᠠᠯ᠂ ᠰᠢᠨ᠎ᠠ ᠠᠮᠢᠵᠢᠷᠠᠯ ᠵᠢᠡᠨ ᠤᠯᠤᠭᠰᠠᠨ ᠵᠠᠭᠤᠨ ᠵᠢᠯ᠎ᠤᠨ ᠤᠷᠠᠯᠢᠭ ᠪᠤᠯᠬᠤ ᠬᠡᠨᠭᠭᠡᠷᠭᠡ ᠵᠢᠨ ᠲᠠᠭᠤᠯᠠᠯ᠂ ᠲᠠᠯ᠎ᠠ ᠵᠢᠨ ᠭᠦᠨ ᠡᠴᠡ ᠰᠦ ᠵᠢᠨ ᠦᠨᠦᠷ ᠠᠨᠭᠭᠢᠯᠤᠭᠰᠠᠨ ᠤᠯᠠᠮᠵᠢᠯᠠᠯᠳᠤ ᠴᠠᠭᠠᠨ ᠢᠳᠡᠭᠡ᠂ ᠡᠴᠢᠨ᠎ᠡ ᠲᠡᠦᠭᠡ ᠭᠦᠤᠷᠨᠢᠭ᠌ᠰᠡᠨ ᠲᠦᠷᠪᠡᠨ ᠤᠳᠠᠰᠤᠳᠤ ᠬᠤᠭᠤᠷ ᠭᠡᠭᠦ ᠵᠡᠷᠭᠡ ᠨᠠᠢᠳᠠ 22 ᠬᠤᠭᠤᠴᠠᠭ᠎ᠠ ᠵᠢᠨ ᠵᠢᠷᠤᠭ ᠵᠤᠭᠢᠶᠠᠯ ᠰᠢᠭᠦᠮᠵᠢ ᠬᠠᠪᠰᠤᠷᠭᠠᠭᠰᠠᠨ ᠮᠡᠳᠡᠭᠡᠯᠡᠯ ᠭᠢᠭᠰᠡᠨ ᠪᠠᠢᠨ᠎ᠠ᠃ ᠰᠢᠨ᠎ᠠ ᠤᠨ᠎ᠳᠤ 《ᠲᠤᠮᠳᠠᠳᠤ ᠵᠢᠨ ᠰᠤᠶᠤᠯ》 ᠮᠠᠨᠢ ᠨᠡᠩ ᠰᠠᠢᠨ ᠨᠡᠩ ᠰᠢᠯᠢᠳᠡᠭ ᠠᠭᠤᠯᠭ᠎ᠠ ᠭᠡᠯᠪᠠᠷᠢ ᠪᠡᠷ ᠤᠨᠭᠰᠢᠭᠴᠢᠳ᠎ᠤᠨ ᠠᠯᠠᠭᠠᠨ᠎ᠳᠤ ᠲᠡᠯᠭᠡᠭᠳᠡᠵᠤ᠂ ᠲᠤᠮᠳᠠᠳᠤ ᠵᠢᠨ ᠰᠢᠯᠢᠳᠡᠭ ᠰᠤᠶᠤᠯ᠎ᠢ ᠨᠠᠩ ᠰᠠᠢᠳᠤᠷ ᠤᠬᠠᠭᠤᠯᠵᠤ᠂ ᠲᠤᠮᠳᠠᠳᠤ ᠵᠢᠨ ᠦᠨᠳᠦᠰᠦᠳᠡᠨ᠎ᠤ ᠬᠠᠮᠳᠤ ᠵᠢᠨ ᠴᠤᠭᠴᠠ ᠵᠢᠨ ᠤᠬᠠᠮᠰᠠᠷ᠎ᠢ ᠪᠠᠳᠤ ᠴᠤᠭᠴᠠᠯᠬᠠᠤ᠎ᠳᠤ ᠦᠪᠡᠷ᠎ᠤᠨ ᠭᠦᠴᠦᠨ ᠴᠢᠳᠠᠯ ᠵᠢᠡᠨ ᠡᠷᠭᠦᠭᠦ ᠨᠢ ᠲᠠᠮᠵᠢᠭ ᠦᠭᠡᠢ᠃


bc8de01e-f3bc-4740-a40d-77dabae3bc0f.png


ᠤᠨ ᠵᠢᠯ ᠤᠷᠴᠢᠵᠤ᠂ ᠤᠷᠴᠢᠯᠠᠩ ᠲᠡᠯᠡᠭᠡᠢ ᠤᠯᠠᠷᠢᠭᠰᠠᠭᠠᠷ ᠪᠠᠰᠠ ᠨᠢᠭᠡᠨ ᠬᠠᠭᠤᠴᠢᠨ ᠤᠨ ᠠᠶᠠᠷᠯᠠᠨ ᠤᠳᠴᠦ᠂ ᠰᠢᠨ᠎ᠠ ᠤᠨ ᠪᠤᠱᠤᠭᠠᠨ᠎ᠠ ᠰᠠᠭᠠᠳᠠᠬᠤ ᠪᠤᠯᠤᠯ᠎ᠠ᠃ ᠦᠨᠭᠭᠡᠷᠡᠭᠰᠡᠨ ᠨᠢᠭᠡ ᠵᠢᠯ ᠵᠢᠡᠨ ᠡᠷᠭᠢᠴᠡᠭᠦᠯᠭᠦᠶ᠎ᠠ 《ᠲᠤᠮᠳᠠᠳᠤ ᠵᠢᠨ ᠰᠤᠶᠤᠯ》 ᠮᠠᠨᠢ ᠠᠮᠵᠢᠯᠳᠠ ᠤᠯᠤᠯᠳᠠ ᠪᠡᠷ ᠲᠦᠭᠦᠷᠡᠩ᠃ ᠭᠡᠭᠦ᠎ᠳᠡᠭᠡᠨ ᠠᠭᠢᠨ ᠰᠡᠳᠭᠢᠵᠤ ᠡᠡᠮᠵᠢᠨ ᠲᠡᠭᠦᠯᠳᠡᠷᠵᠢᠭᠦᠯᠬᠦ ᠵᠦᠢᠯ ᠴᠤ᠌ ᠴᠦᠭᠡᠨ ᠪᠤᠰᠤ ᠪᠠᠢᠨᠠᠮ᠃

2025 ᠤᠨ᠎ᠳᠤ 《ᠲᠤᠮᠳᠠᠳᠤ ᠵᠢᠨ ᠰᠤᠶᠤᠯ》 ᠨᠢᠭᠤᠷ ᠨᠢ ᠲᠤᠮᠳᠠᠳᠤ ᠵᠢᠨ ᠰᠤᠶᠤᠯ᠎ᠢ ᠤᠬᠠᠭᠤᠯᠤᠨ ᠪᠠᠳᠠᠷᠠᠭᠤᠯᠬᠤ ᠪᠡᠷ ᠡᠭᠦᠷᠭᠡ ᠪᠠᠨ ᠪᠤᠯᠭᠠᠵᠤ᠂ ᠠᠭᠤᠯᠭ᠎ᠠ᠂ ᠨᠢᠭᠤᠷ ᠤᠷᠠᠯᠠᠯ ᠎ᠳᠠᠭᠠᠨ ᠲᠠᠰᠤᠷᠠᠯᠳᠠ ᠦᠭᠡᠢ ᠰᠢᠨ᠎ᠠ ᠵᠢ ᠡᠭᠦᠳᠴᠦ᠂ 《ᠲᠤᠮᠳᠠᠳᠤ ᠵᠢᠨ ᠦᠨᠳᠦᠰᠦᠳᠡᠨ᠎ᠤ ᠬᠠᠮᠳᠤ ᠵᠢᠨ ᠴᠤᠭᠴᠠ ᠵᠢᠨ ᠤᠬᠠᠮᠰᠠᠷ᠎ᠢ ᠪᠠᠳᠤ ᠴᠤᠭᠴᠠᠯᠠᠶ᠎ᠠ·ᠭᠡᠷ ᠤᠷᠤᠨ》᠂ 《ᠲᠤᠮᠳᠠᠳᠤ ᠵᠢᠨ ᠪᠤᠯᠪᠠᠰᠤᠨ᠎ᠤ ᠬᠠᠢᠯᠳᠠ》᠂ 《ᠲᠡᠦᠭᠡ ᠵᠢᠨ ᠲᠤᠷᠠᠰᠬᠠᠯᠳᠤ ᠵᠦᠢᠯᠡᠰ᠎ᠢ ᠦᠭᠦᠯᠡᠭᠦᠢ》᠂ 《ᠪᠤᠳᠠᠰ᠎ᠤᠨ ᠪᠤᠰᠤ ᠰᠤᠶᠤᠯ᠎ᠤᠨ ᠦᠪ᠎ᠢ ᠵᠢᠷᠤᠭ ᠵᠢᠡᠷ ᠦᠭᠦᠯᠡᠭᠦᠢ》 ᠵᠡᠷᠭᠡ ᠨᠢᠭᠤᠷ ᠭᠡᠪᠯᠡᠯ᠎ᠢ ᠪᠠᠭᠳᠠᠭᠠᠵᠤ᠂ ᠭᠡᠷᠡᠯ ᠵᠢᠷᠤᠭ ᠵᠤᠭᠢᠶᠠᠯ ᠰᠢᠭᠦᠮᠵᠢ ᠵᠢᠨ ᠭᠡᠯᠪᠠᠷᠢ ᠪᠡᠷ ᠤᠯᠤᠰ ᠪᠠ ᠤᠷᠤᠨ᠎ᠤ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠯᠦᠭᠡᠯᠡᠭᠴᠢ ᠴᠢᠨᠠᠷᠳᠠᠢ ᠪᠦᠳᠦᠭᠡᠯ ᠪᠤᠯᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠯᠦᠭᠡᠯᠡᠭᠴᠢ ᠵᠢᠨ ᠤᠷᠠᠨ ᠲᠠᠷᠬᠠᠨ᠎ᠤ ᠵᠤᠷᠢᠭ ᠰᠠᠨᠠᠭ᠎ᠠ ᠵᠢ ᠵᠠᠯᠭᠠᠮᠵᠢᠯᠠᠵᠤ᠂ ᠤᠯᠠᠮᠵᠢᠯᠠᠯᠳᠤ ᠰᠤᠶᠤᠯ᠎ᠢ ᠵᠠᠯᠭᠠᠮᠵᠢᠯᠠᠨ ᠭᠦᠭᠵᠢᠭᠦᠯᠵᠤ ᠪᠠᠢᠭ᠎ᠠ ᠰᠡᠳᠭᠢᠯ ᠭᠦᠳᠡᠯᠭᠡᠮ᠎ᠠ ᠦᠢᠯᠡ ᠦᠯᠢᠭᠡᠷ᠎ᠢ ᠤᠨᠭᠰᠢᠭᠴᠢᠳ ᠲᠠᠭᠠᠨ ᠭᠦᠷᠭᠡᠭᠰᠡᠨ ᠪᠠᠢᠨ᠎ᠠ᠃ ᠢᠯᠠᠨᠭᠭᠤᠶ᠎ᠠ ᠬᠤᠭᠤᠴᠠᠭ᠎ᠠ ᠪᠤᠯᠭᠠᠨ᠎ᠤ ᠰᠢᠭᠦᠮᠵᠢ ᠨᠢ ᠤᠯᠠᠮᠵᠢᠯᠠᠯᠳᠤ ᠰᠤᠶᠤᠯ᠎ᠢ ᠵᠠᠯᠭᠠᠮᠵᠢᠯᠠᠨ ᠭᠦᠭᠵᠢᠭᠦᠯᠭᠦ ᠲᠤᠬᠠᠢ ᠭᠤᠤᠯ ᠵᠤᠭᠢᠶᠠᠯ᠎ᠤᠨ ᠵᠢᠡᠨ ᠲᠤᠭᠤᠷᠢᠨ᠎ᠳᠤ ᠡᠰᠢ ᠪᠠᠷᠢᠮᠳᠠ ᠲᠠᠢ ᠦᠭᠦᠯᠡᠵᠤ᠂ ᠪᠦᠭᠦᠢᠯᠡ ᠨᠢᠭᠤᠷ᠎ᠤᠨ ᠤᠳᠬ᠎ᠠ ᠴᠢᠨᠠᠷ᠎ᠢ ᠨᠡᠩ ᠲᠤᠪᠤᠢᠯᠭᠠᠵᠤ᠂ ᠭᠤᠤᠯ ᠤᠳᠬ᠎ᠠ ᠰᠠᠨᠠᠭᠠᠨ᠎ᠳᠠᠭᠠᠨ ᠦᠢᠯᠡᠴᠢᠯᠡᠭᠦᠯᠵᠤ ᠴᠢᠳᠠᠭᠰᠠᠨ ᠪᠠᠢᠨ᠎ᠠ᠃


8e5af4bb-19c1-4a94-b5fd-bd70075581e5.png


《ᠲᠤᠮᠳᠠᠳᠤ ᠵᠢᠨ ᠰᠤᠶᠤᠯ》 ᠨᠢᠭᠤᠷ ᠨᠢ ᠭᠦᠨᠴᠡ ᠲᠠᠢ ᠮᠡᠳᠡᠭᠡᠯᠡᠯ᠂ ᠰᠡᠳᠭᠢᠯ ᠭᠦᠳᠡᠯᠭᠡᠮ᠎ᠠ ᠦᠯᠢᠭᠡᠷ᠂ ᠴᠢᠨᠠᠷᠯᠢᠭ ᠰᠢᠭᠦᠮᠵᠢ᠂ ᠭᠤᠢᠳᠠ ᠰᠠᠢᠬᠠᠨ ᠤᠷᠠᠯᠠᠯ ᠵᠡᠷᠭᠡ ᠪᠡᠷ ᠲᠠᠮᠵᠢᠭᠤᠯᠵᠤ᠂ ᠲᠤᠮᠳᠠᠳᠤ ᠵᠢᠨ ᠦᠨᠳᠦᠰᠦᠳᠡᠨ᠎ᠤ ᠬᠠᠮᠳᠤ ᠵᠢᠨ ᠴᠤᠭᠴᠠ ᠵᠢᠨ ᠤᠬᠠᠮᠰᠠᠷ᠎ᠢ ᠪᠠᠳᠤ ᠴᠤᠭᠴᠠᠯᠠᠬᠤ ᠪᠡᠷ ᠭᠤᠤᠯ ᠰᠢᠵᠢᠮ ᠪᠤᠯᠭᠠᠵᠤ᠂ ᠦᠨᠳᠦᠰᠦᠳᠡᠨ᠎ᠤ ᠪᠦᠯᠭᠦᠮᠳᠡᠯ ᠪᠤᠯᠤᠨ ᠭᠦᠳᠡᠯᠮᠦᠷᠢᠴᠢᠨ ᠲᠦᠮᠡᠨ᠎ᠤ ᠠᠭᠤᠤ ᠶᠡᠭᠡ ᠪᠦᠳᠦᠭᠡᠯᠴᠢ ᠴᠢᠳᠠᠪᠤᠷᠢ ᠵᠢ ᠮᠠᠭᠳᠠᠨ ᠲᠠᠭᠤᠯᠠᠵᠤ᠂ ᠨᠠᠮ᠎ᠤᠨ ᠤᠳᠤᠷᠢᠳᠤᠯᠭ᠎ᠠ ᠲᠤᠤᠷ᠎ᠠ ᠡᠯ᠎ᠠ ᠦᠨᠳᠦᠰᠦᠳᠡᠨ᠎ᠤ ᠠᠷᠠᠳ ᠲᠦᠮᠡᠨ ᠪᠦᠯᠭᠦᠮᠳᠡᠨ ᠲᠡᠮᠡᠴᠡᠵᠤ᠂ ᠭᠦᠭᠵᠢᠨ ᠪᠠᠳᠠᠷᠠᠭᠰᠠᠨ ᠠᠮᠢᠳᠤᠯᠢᠭ ᠵᠢᠱ᠌ᠢᠶ᠎ᠠ ᠵᠢ ᠲᠡᠯᠭᠡᠭᠡᠳ᠂ ᠰᠢᠨ᠎ᠠ ᠴᠠᠭ ᠦᠶ᠎ᠠ ᠵᠢᠨ ᠰᠢᠨ᠎ᠠ ᠠᠮᠢᠳᠤᠷᠠᠯ᠎ᠢ ᠮᠠᠭᠳᠠᠨ ᠲᠠᠭᠤᠯᠠᠭᠰᠠᠨ ᠪᠠᠢᠨ᠎ᠠ᠃

2025 ᠤᠨ᠎ᠤ ᠠᠯᠳᠠᠭ᠎ᠠ ᠤᠨᠤᠭ᠎ᠠ ᠪᠠᠨ ᠳ᠋ᠦᠨᠭᠨᠡᠭᠰᠡᠨ ᠰᠠᠭᠤᠷᠢᠨ ᠲᠡᠭᠡᠷ᠎ᠠ 2026 ᠤᠨ᠎ᠳᠤ᠂ ᠪᠢᠳᠡ ᠦᠷᠭᠦᠯᠵᠢᠯᠡᠨ ᠤᠯᠠᠮᠵᠢᠯᠠᠯᠳᠤ ᠰᠤᠶᠤᠯ᠎ᠢ ᠵᠠᠯᠭᠠᠮᠵᠢᠯᠠᠨ ᠲᠤᠮᠳᠠᠳᠤ ᠵᠢᠨ ᠰᠤᠶᠤᠯ᠎ᠢ ᠪᠠᠳᠠᠷᠠᠭᠤᠯᠬᠤ ᠵᠢᠨ ᠲᠤᠭᠤᠷᠢᠨ᠎ᠳᠤ᠂ ᠲᠤᠮᠳᠠᠳᠤ ᠵᠢᠨ ᠦᠨᠳᠦᠰᠦᠳᠡᠨ᠎ᠤ ᠬᠠᠮᠳᠤ ᠵᠢᠨ ᠴᠤᠭᠴᠠ ᠵᠢᠨ ᠤᠬᠠᠮᠰᠠᠷ᠎ᠢ ᠪᠠᠳᠤ ᠴᠤᠭᠴᠠᠯᠠᠬᠤ ᠪᠡᠷ ᠭᠤᠤᠯ ᠰᠢᠵᠢᠮ ᠪᠤᠯᠭᠠᠵᠤ᠂ ᠤᠯᠤᠰ ᠪᠠ ᠤᠷᠤᠨ᠎ᠤ ᠪᠤᠳᠠᠰ᠎ᠤᠨ ᠪᠤᠰᠤ ᠰᠤᠶᠤᠯ᠎ᠤᠨ ᠦᠪ᠎ᠤᠨ ᠤᠯᠠᠮᠵᠢᠯᠠᠯᠳᠤ ᠤᠷ᠎ᠠ ᠮᠡᠷᠭᠡᠵᠢᠯ ᠵᠡᠷᠭᠡ᠎ᠳᠤ ᠠᠨᠭᠬᠠᠷᠤᠯ ᠵᠢᠡᠨ ᠬᠠᠨᠳᠤᠭᠤᠯᠵᠤ᠂ ᠪᠠᠭ᠎ᠠ ᠪᠡᠷ ᠶᠡᠭᠡ ᠵᠢ᠂ ᠴᠡᠭ ᠵᠢᠡᠷ ᠨᠢᠭᠤᠷ᠎ᠢ ᠢᠯᠡᠳᠭᠡᠵᠤ᠂ ᠰᠤᠶᠤᠯ᠎ᠤᠨ ᠭᠦᠨ ᠠᠭᠤᠯᠬᠤᠨ ᠡᠴᠡ ᠰᠤᠶᠤᠯ᠎ᠤᠨ ᠡᠴᠢᠨ᠎ᠠ ᠴᠢᠨᠠᠷ ᠪᠤᠯᠤᠨ ᠦᠨᠳᠦᠰᠦᠳᠡᠨ᠎ᠤ ᠪᠦᠯᠭᠦᠮᠳᠡᠯ᠎ᠤᠨ ᠠᠭᠤᠯᠬᠤᠨ᠎ᠢ ᠠᠭᠤᠳᠠᠯᠤᠨ᠂ ᠪᠤᠳᠠᠰ᠎ᠤᠨ ᠪᠤᠰᠤ ᠰᠤᠶᠤᠯ᠎ᠤᠨ ᠦᠪ᠎ᠤᠨ ᠤᠯᠠᠮᠵᠢᠯᠠᠭᠴᠢ ᠵᠢᠨ ᠪᠦᠳᠦᠭᠡᠯᠴᠢ ᠴᠢᠨᠠᠷ ᠪᠤᠯᠤᠨ ᠤᠷᠠᠨ ᠲᠠᠷᠬᠠᠨ᠎ᠤ ᠵᠤᠷᠢᠭ ᠰᠠᠨᠠᠭ᠎ᠠ ᠵᠢ ᠭᠦᠨᠵᠡᠭᠡᠢ ᠤᠬᠠᠭᠤᠯᠤᠨ ᠮᠡᠳᠡᠭᠡᠯᠡᠵᠤ᠂ ᠲᠠᠳᠠᠨ᠎ᠦ ᠪᠤᠳᠤᠯ ᠰᠡᠳᠭᠢᠯ᠂ ᠭᠦᠰᠡᠯ ᠵᠤᠷᠢᠯᠳᠠ ᠵᠢ ᠲᠡᠯᠭᠡᠵᠤ᠂ ᠪᠤᠳᠠᠰ᠎ᠤᠨ ᠪᠤᠰᠤ ᠰᠤᠶᠤᠯ᠎ᠤᠨ ᠦᠪ᠎ᠤᠨ ᠤᠯᠠᠮᠵᠢᠯᠠᠯ ᠰᠢᠨᠡᠴᠢᠯᠡᠯ᠎ᠢ ᠨᠡᠩ ᠭᠦᠨᠵᠡᠭᠡᠢ ᠠᠭᠢᠭᠤᠯᠤᠨ᠂ ᠲᠤᠮᠳᠠᠳᠤ ᠵᠢᠨ ᠰᠤᠶᠤᠯ᠎ᠤᠨ ᠭᠦᠭᠵᠢᠯᠳᠡ᠂ ᠰᠤᠶᠤᠯ᠎ᠤᠨ ᠭᠦᠴᠦᠷᠭᠡᠭ ᠤᠷᠤᠨ᠎ᠤ ᠪᠦᠳᠦᠭᠡᠨ ᠪᠠᠢᠭᠤᠯᠤᠯᠳᠠ᠎ᠳᠤ ᠦᠪᠡᠷ᠎ᠤᠨ ᠬᠤᠪᠢ ᠨᠡᠮᠡᠷᠢ ᠪᠠᠨ ᠦᠵᠡᠭᠦᠯᠭᠦ ᠪᠡᠷ ᠦᠷᠭᠦᠯᠵᠢᠯᠡᠨ ᠴᠢᠷᠮᠠᠢᠬᠤ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号