ᠡᠪᠤᠯ ᠭᠡᠮᠡᠬᠦ᠌ ᠪᠢᠴᠢᠯᠭᠡ
2025-12-24 11:22:03
ᠵᠣᠬᠢᠶᠠᠭ᠍ᠴᠢ᠄
ᠮ᠊·ᠴᠢᠩᠪᠠᠳᠦ
ᠣᠩᠱᠢᠭ᠍ᠰᠠᠨ ᠣᠳᠠᠭ᠎ᠠ᠄
★★★☆☆

ᠦᠨᠳᠤᠷ ᠬᠢᠨᠭ᠌ᠭᠠᠨ᠎ᠤ ᠲᠡᠨᠢᠬᠦᠬᠡᠨ ᠬᠤᠷᠮᠤᠢ᠎ᠳᠤ ᠡᠪᠤᠯ

ᠦᠷᠭᠡᠨ ᠭᠡᠷᠤᠯᠤᠨ᠎ᠤ ᠲᠤᠬᠤᠢ ᠲᠠᠨᠵᠢᠨ᠎ᠳᠤ ᠡᠪᠤᠯ

ᠦᠷ᠎ᠤᠨ ᠰᠠᠯᠬᠢᠨ᠎ᠤ ᠲᠤᠷᠭᠠᠨ ᠭᠡᠯᠠ ᠲᠡᠭᠡᠷ᠎ᠠ ᠡᠪᠤᠯ

ᠦᠷᠦᠭᠡ ᠭᠡᠷ᠎ᠤᠨ ᠲᠤᠭᠤᠨᠤᠨ ᠵᠠᠢᠴᠠ ᠲᠡᠭᠡᠷ᠎ᠠ ᠡᠪᠤᠯ




ᠡᠪᠤᠯ ᠴᠠᠩ ᠰᠠᠪᠰᠠᠭᠠᠳ ᠬᠠᠨᠭ᠌ᠭᠠᠢ᠎ᠳᠤ ᠴᠠᠢᠯᠵᠠᠨ᠎ᠠ

ᠡᠪᠤᠯ ᠴᠠᠭ᠎ᠨᠢ ᠪᠤᠭᠤᠨᠢᠰᠤᠭᠠᠳ ᠡᠳᠤᠷ᠎ᠢ ᠲᠤᠭᠠᠯᠠᠨ᠎ᠠ

ᠡᠪᠤᠯ ᠴᠠᠰᠤ ᠬᠠᠶᠠᠯᠠᠭᠠᠳ ᠬᠠᠷᠠᠴᠠᠨ᠎ᠳᠤ ᠪᠦᠵᠢᠨ᠎ᠠ

ᠡᠪᠤᠯ ᠴᠠᠯ ᠪᠤᠭᠤᠷᠤᠯᠳᠤᠭᠠᠳ ᠦᠯᠢᠭᠡᠷ ᠬᠠᠭᠤᠴᠢᠯᠠᠨ᠎ᠠ




ᠬᠦᠷᠡᠩ ᠲᠡᠮᠡᠭᠡᠳ᠎ᠤᠨ ᠵᠢᠩ᠎ᠤᠨ ᠬᠤᠨᠭ᠌ᠬᠤᠨ᠎ᠳᠤ ᠡᠪᠤᠯ

ᠬᠦᠳᠦᠰᠤᠨ ᠲᠠᠪᠠᠯ᠎ᠤᠨ ᠲᠤᠪᠴᠢᠨ᠎ᠤ ᠭᠡ᠎ᠳᠤ ᠡᠪᠤᠯ

ᠬᠦᠨᠳᠠᠢ ᠭᠤᠪᠢ᠎ᠶ᠋ᠢᠨ ᠴᠢᠮᠬᠢᠬᠦᠨ ᠠᠮᠢᠰᠭᠤᠯ᠎ᠳᠤ ᠡᠪᠤᠯ

ᠬᠦᠭ᠌ᠵᠢᠨ ᠨᠤᠴᠤᠬᠤ ᠲᠤᠯᠭ᠎ᠠ᠎ᠶ᠋ᠢᠨ ᠵᠠᠬ᠎ᠠ᠎ᠳᠤ ᠡᠪᠤᠯ




ᠡᠪᠤᠯ ᠬᠡᠵᠢᠶᠠᠳᠠ ᠤᠯᠠᠷᠢᠯ ᠲᠠᠮᠵᠢᠨ ᠠᠯᠭᠤᠷᠬᠠᠨ ᠢᠷᠠᠨ᠎ᠠ

ᠡᠪᠤᠯ ᠲᠠᠩᠳᠠ ᠬᠠᠨ᠎ᠠ᠎ᠶ᠋ᠢᠨ ᠪᠦᠰᠠᠯᠠᠬᠦᠷ᠎ᠲᠤ ᠴᠠᠩᠳᠤᠨ᠎ᠠ

ᠡᠪᠤᠯ ᠶᠠᠷᠤᠨᠢ ᠡᠪᠤᠭᠡᠳ᠎ᠤᠨ ᠮᠢᠨᠢ ᠲᠤᠮᠤᠭ᠎ᠢ ᠬᠦᠤᠷᠨᠢᠨ᠎ᠠ

ᠡᠪᠤᠯ ᠡᠭᠡᠨᠡᠭ᠌ᠳᠠ ᠤᠷᠳᠤ ᠰᠦᠨᠢ᠎ᠶ᠋ᠢᠨ ᠤᠨᠢᠰᠤᠭ᠎ᠠ ᠲᠠᠢᠯᠤᠨ᠎ᠠ

   ᠴᠠᠰᠤᠨ᠎ᠤ ᠴᠠᠭᠠᠨ ᠠᠶᠠᠯᠭᠤ




ᠰᠠᠪ ᠰᠡᠮᠡᠭᠡᠷᠬᠡᠨ ᠪᠤᠳᠤᠯ᠎ᠤᠨ ᠠᠨᠢᠷ

ᠴᠠᠰᠤᠨ᠎ᠤ ᠴᠠᠭᠠᠨ ᠠᠶᠠᠯᠭᠤ

ᠰᠠᠷᠠᠯ᠎ᠤᠨ ᠲᠤᠷᠭᠠᠨ ᠮᠠᠳᠠᠷᠠᠮᠵᠢ᠎ᠶ᠋ᠢ

ᠨᠠᠮ ᠨᠠᠮᠤᠭᠤᠬᠠᠨ ᠲᠤᠪᠱᠢᠬᠤ ᠠᠢᠵᠠᠮ




ᠠᠶᠠᠷ ᠠᠶᠠᠷᠬᠠᠨ ᠬᠠᠶᠠᠯᠠᠬᠤ ᠴᠠᠰᠤ

ᠡᠷᠭᠡᠰ ᠪᠦᠳᠦᠨ ᠤᠷᠤᠱᠢᠬᠤᠢ᠎ᠶ᠋ᠢᠨ ᠵᠦᠢ

ᠠᠯᠠᠭᠠᠨ ᠲᠡᠭᠡᠷ᠎ᠠ ᠲᠠᠷᠪᠠᠨ ᠪᠦᠵᠢᠬᠦ᠌

ᠡᠰᠡᠨᠢᠯ ᠠᠮᠢᠯᠠᠯ᠎ᠤᠨ ᠭᠡᠭᠡᠨ ᠰᠤᠷᠠᠭ




ᠴᠠᠢᠯᠵᠠᠨ ᠯᠠᠪᠰᠠᠯᠠᠨ ᠪᠠᠭᠤᠬᠤ ᠴᠠᠰᠤ

ᠴᠠᠭ᠍ᠯᠠᠰᠢ ᠦᠭᠡᠢ ᠠᠮᠢᠵᠢᠷᠠᠯ᠎ᠤᠨ ᠡᠭᠡᠱᠢᠭ

ᠴᠡᠴᠡᠭ ᠨᠠᠪᠴᠢᠰ᠎ᠤᠨ ᠵᠠᠬᠦᠳᠤᠨ᠎ᠳᠤ

ᠴᠢᠩ ᠬᠦᠰᠡᠯ᠎ᠤᠨ ᠵᠢᠬᠦᠷ ᠲᠠᠯᠠᠪᠴᠢ ᠬᠤᠪᠢᠯᠤᠨ᠎ᠠ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号