ᠬᠦᠬᠡᠬᠣᠲᠠ᠎ᠶᠢᠨ ᠴᠠᠰᠣ
2025-12-24 11:27:49
ᠵᠣᠬᠢᠶᠠᠭ᠍ᠴᠢ᠄
ᠰᠠᠢᠨᠪᠠᠶᠠᠷ ​
ᠣᠩᠱᠢᠭ᠍ᠰᠠᠨ ᠣᠳᠠᠭ᠎ᠠ᠄
★★★☆☆

ᠬᠦᠬᠡᠬᠣᠲᠠ᠎ᠶᠢᠨ ᠴᠠᠰᠣ ᠬᠦᠪ ᠬᠦᠩᠭᠡᠭᠡᠨ ᠬᠠᠶᠠᠯᠠᠨ᠎ᠠ

ᠬᠦᠰᠡᠯ᠎ᠤᠨ ᠬᠢᠵᠠᠭᠠᠷ ᠡᠴᠡ ᠪᠦᠵᠢᠬᠦ ᠴᠡᠴᠡᠭᠡᠰ ᠰᠢᠭ ᠨᠠᠮᠢᠷᠠᠨ᠎ᠠ

ᠲᠠᠯᠠᠨ ᠬᠠᠷ᠎ᠠ ᠠᠭᠣᠯᠠ᠎ᠶᠢᠨ ᠮᠦᠩᠬᠦᠨ ᠵᠣᠲᠣᠬ ᠨᠢ ᠬᠢᠯᠠᠯᠵᠠᠭᠠᠳ

ᠲᠡᠯᠡᠬᠡᠢ ᠶᠢᠷᠲᠢᠨᠴᠦ ᠰᠢᠨᠡᠲᠦᠭᠰᠡᠨ ᠮᠡᠲᠦ ᠴᠠᠪ ᠴᠠᠭᠠᠨ




ᠬᠦᠬᠡᠬᠣᠲᠠ᠎ᠶᠢᠨ ᠴᠠᠰᠣ ᠠᠶᠠᠷ ᠠᠶᠠᠷᠬᠠᠨ ᠪᠠᠭᠣᠨ᠎ᠠ

ᠬᠦᠪᠦᠩ ᠣᠩᠭᠠᠷᠢᠯ ᠦᠷᠦᠵᠦ ᠬᠠᠰ᠎ᠤᠨ ᠬᠡᠮᠬᠡᠳᠡᠭ ᠰᠢᠭ ᠯᠠᠪᠰᠠᠨ᠎ᠠ

ᠬᠦᠢᠲᠡᠨ ᠠᠭᠣᠷ ᠰᠠᠪᠰᠠᠭᠣᠯᠣᠨ ᠣᠯᠠᠷᠢᠯ᠎ᠤᠨ ᠵᠢᠰᠦ᠎ᠶᠢ ᠭᠠᠢᠬᠠᠭᠣᠯᠵᠦ

ᠬᠦᠭᠡᠭᠡ ᠡᠪᠦᠯ᠎ᠤᠨ ᠰᠣᠷᠠᠬ ᠲᠠᠮᠵᠢᠭᠣᠯᠣᠨ ᠢᠷᠦᠭᠡᠯ ᠪᠣᠯᠵᠦ ᠲᠡᠯᠭᠡᠷᠡᠨ᠎ᠡ




ᠬᠦᠬᠡᠬᠣᠲᠠ᠎ᠶᠢᠨ ᠴᠠᠰᠣ ᠨᠠᠮ ᠨᠠᠮᠣᠭᠣᠬᠠᠨ ᠣᠷᠣᠨ᠎ᠠ

ᠬᠦᠨᠲᠡᠯᠡᠨ᠎ᠤ ᠭᠠᠵᠠᠷ ᠲᠦ᠍ ᠨᠣᠲᠣᠬ ᠰᠠᠨᠠᠬᠲᠠᠭᠣᠯᠵᠦ ᠣᠢᠮᠣᠷᠠᠨ᠎ᠠ

ᠮᠢᠩᠭᠠᠨ ᠴᠠᠭᠠᠨ ᠡᠷᠪᠡᠬᠡᠢ ᠡᠬᠦᠯᠡᠨ ᠡᠴᠡ ᠲᠣᠷᠣᠬᠰᠢ ᠨᠢᠰᠴᠦ

ᠮᠦᠩᠬᠦᠨ ᠴᠠᠭᠠᠨ ᠢᠰᠡᠭᠡᠢ ᠡᠬᠦᠲᠡᠨ ᠡᠴᠡ ᠴᠢᠨᠠᠬᠰᠢ ᠲᠡᠯᠭᠡᠨ᠎ᠡ




ᠬᠦᠬᠡᠬᠣᠲᠠ᠎ᠶᠢᠨ ᠴᠠᠰᠣ ᠴᠢᠮᠡᠬᠡ ᠦᠭᠡᠢᠬᠡᠨ ᠪᠣᠲᠠᠷᠠᠨ᠎ᠠ

ᠬᠦᠷᠦᠰᠦᠨ᠎ᠤ ᠬᠦᠨ ᠳ᠋ᠦ ᠰᠢᠮᠡᠲᠦᠨ ᠣᠰᠣ ᠪᠣᠯᠵᠦ ᠦᠷᠬᠦᠯᠵᠢᠯᠡᠨ᠎ᠡ

ᠬᠦᠬᠡᠷᠡᠬᠦ ᠬᠠᠪᠣᠷ᠎ᠢ ᠣᠬᠲᠣᠨ ᠲᠦᠮᠡᠨ ᠦᠩᠭᠡ ᠪᠡᠷ ᠴᠡᠴᠡᠭᠯᠡᠬᠦ

ᠬᠦᠪᠦᠩ ᠰᠢᠭ ᠵᠦᠭᠡᠯᠡᠨ ᠴᠠᠰᠣ ᠯᠠᠪᠰᠠᠯᠠᠨ ᠬᠠᠶᠠᠯᠠᠨ᠎ᠠ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号