ᠡᠪᠦᠯ
2025-12-24 11:23:01
ᠵᠣᠬᠢᠶᠠᠭ᠍ᠴᠢ᠄
ᠪᠠ᠊·ᠪᠠᠭᠠᠲᠤᠷ
ᠣᠩᠱᠢᠭ᠍ᠰᠠᠨ ᠣᠳᠠᠭ᠎ᠠ᠄
★★★☆☆

ᠨᠠᠮᠤᠷ ᠨᠠᠮᠤᠷ᠎ᠤᠨ ᠰᠡᠭᠦᠯ᠎ᠢ ᠱᠢᠪᠳᠤᠷᠴᠤ᠌ ᠨᠠᠭᠠᠱᠢᠯᠠᠵᠤ ᠢᠷᠡᠭᠡ ᠠᠴᠢᠶᠠᠨ ᠴᠥᠷᠬᠡᠯᠡᠭᠡ ᠱᠢᠭ

ᠨᠠᠷᠠᠨ᠎ᠤ ᠬᠠᠯᠠᠭᠤᠨ ᠢᠯᠴᠢ᠎ᠶ᠋ᠢ ᠬᠥᠭᠡᠭᠡᠵᠦ᠍ ᠨᠠᠭᠠᠲᠤ ᠤᠷᠤᠭᠤ᠎ᠪᠠᠨ ᠪᠥᠬᠦᠢᠭᠡ ᠬᠤᠨᠢᠨ ᠰᠥᠷᠦᠭ ᠱᠢᠭ

ᠡᠩᠭᠡᠷ ᠰᠤᠵᠠᠭ᠎ᠤᠨ ᠱᠢᠷᠭᠠᠯᠬᠠᠨ᠎ᠳᠤ ᠶᠠᠪᠤᠵᠤ ᠥᠷᠥᠭᠡᠯᠳᠡᠵᠦ᠍ ᠬᠡᠪᠲᠡᠭᠡ ᠬᠥᠪᠳᠥᠨ᠎ᠤ ᠪᠤᠬ᠎ᠠ ᠱᠢᠭ᠋

ᠡᠳᠦᠷ ᠰᠦᠨᠢ᠎ᠶ᠋ᠢᠨ ᠵᠢᠩ᠎ᠢ ᠬᠤᠯᠠᠭᠤᠵᠤ ᠡᠪᠦᠷ ᠬᠥᠯᠬᠦᠯᠵᠡᠭᠦᠯᠦᠭᠡ ᠬᠦᠢᠲᠡᠨ᠎ᠤ ᠮᠤᠬᠤᠷ ᠱᠢᠭ᠋




ᠬᠦᠩᠭᠡᠨ ᠬᠠᠶᠠᠯᠠᠭ᠎ᠠ ᠨᠠᠮᠵᠦᠷᠳᠠᠵᠤ ᠬᠥᠳᠥᠰᠥᠨ ᠳᠡᠪᠡᠯ᠎ᠤᠨ ᠱᠢᠭ᠍ᠯᠠᠭ᠎ᠠ᠎ᠶ᠋ᠢ ᠨᠡᠪᠲᠡᠯᠬᠦ᠌ ᠱᠢᠭ

ᠬᠥᠯᠳᠡᠭᠦᠦ ᠱᠢᠪᠠᠭ᠍ᠠᠢ ᠪᠣᠮᠪᠣᠭᠤᠨᠠᠭᠤᠯᠵᠤ ᠬᠥᠲᠥᠯᠵᠦ᠍ ᠢᠷᠡᠭᠡ ᠪᠣᠷᠣᠯᠠᠭ᠎ᠢ ᠵᠢᠭ᠌ᠵᠢᠭᠦᠷᠡᠭᠦᠯᠬᠦ᠌ ᠱᠢᠭ

ᠱᠢᠷᠡᠮᠦᠱᠢᠭ᠌ᠰᠡᠨ ᠭᠠᠯ ᠎ᠤᠨ ᠦᠨᠡᠰᠦ ᠎ᠶ᠋ᠢ ᠱᠢᠯᠭᠡᠭᠡᠵᠦ᠍ ᠱᠢᠷᠡᠮᠦᠨ ᠲᠣᠭᠤᠭ᠎ᠠ᠎ᠶ᠋ᠢ ᠬᠠᠯᠠᠭᠠᠬᠤ ᠱᠢᠭ᠋

ᠱᠢᠨ᠎ᠡ ᠱᠥᠯᠥ᠎ᠶ᠋ᠢᠨ ᠪᠣᠬᠢ ᠪᠤᠷᠭᠢᠯᠤᠭᠤᠯᠵᠤ ᠤᠯᠠᠢᠭ᠍ᠰᠠᠨ ᠭᠥᠳᠦᠭᠡ᠎ᠶ᠋ᠢ ᠬᠦᠷᠴᠢᠭᠢᠨᠡᠭᠦᠯᠬᠦ᠌ ᠱᠢᠭ




ᠦᠨᠡᠭᠡᠨ ᠪᠦᠰᠡᠯᠡᠭᠦᠷ᠎ᠤᠨ ᠰᠣᠷ᠎ᠢ ᠮᠥᠩᠭᠦᠯᠡᠵᠦ᠍ ᠡᠪᠦᠭᠡᠳ᠎ᠤᠨ ᠳᠦᠷᠢ᠎ᠶ᠋ᠢ ᠮᠦᠩᠬᠡᠯᠡᠬᠦ᠌ ᠱᠢᠭ

ᠡᠭᠦᠳᠡᠨ ᠱᠤᠩ᠎ᠤᠨ ᠡᠷᠭᠢᠭᠦᠯᠭᠡ᠎ᠶ᠋ᠢ ᠢᠰᠭᠡᠷᠴᠦ᠍ ᠡᠮᠡᠭᠡᠯ᠎ᠤᠨ ᠲᠦᠷᠦᠭᠡ᠎ᠶ᠋ᠢ ᠵᠢᠩᠭᠢᠨᠡᠭᠦᠯᠬᠦ᠌ ᠱᠢᠭ

ᠴᠠᠢᠪᠤᠷ ᠬᠢᠯᠭᠠᠨ᠎ᠠ᠎ᠶ᠋ᠢᠨ ᠨᠠᠮᠠᠭ᠎ᠠ᠎ᠶ᠋ᠢ ᠰᠡᠭ᠌ᠰᠦᠷᠴᠦ᠍ ᠴᠠᠰᠤᠨ᠎ᠤ ᠦᠩᠭᠡ᠎ᠶ᠋ᠢ ᠰᠠᠭᠤᠯᠭᠠᠬᠤ ᠱᠢᠭ᠋

ᠴᠠᠪᠴᠢᠭ᠍ᠰᠠᠨ ᠠᠳᠤᠭᠤᠨ᠎ᠤ ᠴᠠᠷᠭᠢ᠎ᠶ᠋ᠢ ᠪᠥᠭ᠌ᠯᠡᠵᠦ᠍ ᠶᠠᠪᠠᠭᠠᠨ ᠱᠢᠭᠤᠷᠭ᠎ᠠ᠎ᠶ᠋ᠢ ᠭᠦᠶᠦᠯᠭᠡᠬᠦ᠌ ᠱᠢᠭ




ᠨᠣᠬᠠᠢ ᠎ᠶ᠋ᠢᠨ ᠰᠠᠭᠠᠯᠲᠠ᠎ᠶ᠋ᠢᠨ ᠵᠠᠯᠠᠭ᠎ᠠ ᠤᠯᠠᠯᠵᠠᠭᠤᠯᠵᠤ ᠨᠣᠮᠣᠬᠠᠨ ᠪᠣᠷᠣᠯᠠᠭ᠎ᠢ ᠡᠴᠡᠭᠡᠬᠦ᠌ ᠱᠢᠭ

ᠨᠣᠢᠲᠠᠨ ᠭᠤᠲᠤᠯ᠎ᠤᠨ ᠤᠯᠠ ᠱᠠᠵᠢᠭᠢᠨᠠᠭᠤᠯᠵᠤ ᠨᠠᠮᠤᠭᠤᠬᠠᠨ ᠳᠡᠯᠡᠬᠡᠢ᠎ᠶ᠋ᠢ ᠥᠷᠭᠦᠭᠡᠬᠦ᠌ ᠱᠢᠭ

ᠡᠪᠬᠡᠭ᠌ᠰᠡᠨ ᠬᠢᠳᠤᠭ᠎ᠠ᠎ᠶ᠋ᠢᠨ ᠢᠷ ᠮᠢᠯᠠᠷᠠᠭᠤᠯᠵᠤ ᠦᠨᠡᠭᠡᠨ ᠱᠣᠭ᠍ᠰᠢᠭ᠎ᠠ᠎ᠶ᠋ᠢ ᠨᠢᠭᠤᠬᠤ ᠱᠢᠭ᠋

ᠡᠮᠦᠨ᠎ᠡ ᠪᠣᠷᠣᠯᠵᠢᠨ᠎ᠤ ᠰᠡᠬᠡᠭᠦᠯ ᠳᠠᠮᠵᠢᠭᠤᠯᠵᠤ ᠡᠳᠦᠷ᠎ᠤᠨ ᠨᠠᠷᠠᠨ᠎ᠢ ᠵᠢᠷᠭᠠᠭᠠᠬᠤ ᠱᠢᠭ᠋




ᠡᠳᠦᠷ ᠡᠳᠦᠷ ᠡᠯᠭᠦᠭᠡ ᠲᠣᠭᠠᠯᠠᠵᠤ ᠬᠡᠦᠬᠡᠳ᠎ᠤᠨ ᠬᠠᠴᠠᠷ᠎ᠲᠤ ᠲᠤᠶᠠᠭᠠᠷᠠᠬᠤ ᠱᠢᠭ᠋

ᠡᠮᠦᠰᠦᠭ᠌ᠰᠡᠨ ᠨᠡᠬᠡᠢ ᠢᠯᠴᠢ ᠲᠥᠭᠡᠨᠡᠵᠦ᠍ ᠥᠳᠭᠡᠨ ᠰᠣᠷᠮᠤᠤᠰᠤᠨ᠎ᠳᠤ ᠵᠢᠮᠰᠡᠭ᠌ᠯᠡᠬᠦ᠌ ᠱᠢᠭ

ᠨᠠᠷᠠᠨ ᠰᠠᠷᠠᠨ᠎ᠢ ᠡᠭᠡᠯᠵᠢᠯᠡᠭᠦᠯᠵᠦ᠍ ᠳᠤᠯᠠᠭᠠᠨ ᠡᠭᠡᠪᠦᠷᠯᠡᠭᠦᠯᠦᠭ᠌ᠰᠡᠨ ᠡᠪᠦᠯᠵᠢᠶᠡᠨ᠎ᠤ ᠬᠦᠷᠡᠩ ᠪᠠᠭᠤᠴᠠ ᠱᠢᠭ᠋

ᠨᠠᠮᠠᠶ᠋ᠢ ᠴᠢᠮᠠᠢ᠍ᠢ ᠳᠤᠷᠠᠰᠤᠭᠤᠯᠵᠤ ᠡᠳᠦᠷ᠎ᠢᠶᠠᠷ ᠪᠠᠭᠤᠯᠭᠠᠭ᠍ᠰᠠᠨ ᠰᠠᠷᠠᠨ᠎ᠤ ᠮᠥᠩᠭᠦᠨ ᠲᠤᠶᠠᠭ᠎ᠠ ᠰᠢᠬ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号