ᠤᠳᠬ᠎ᠠ ᠤᠷᠠᠯᠢᠬ᠎ᠤᠨ ᠰᠢᠨ᠎ᠠ ᠡᠭᠦᠳᠦᠯᠳᠡ ᠵᠢᠨ ᠠᠶᠠᠨ᠎ᠤ ᠴᠠᠮᠬᠠᠬ
2025-12-24 11:11:39
ᠵᠣᠬᠢᠶᠠᠭ᠍ᠴᠢ᠄
​ᠭᠤᠤ ᠬᠤᠡᠭ ᠯᠢᠶᠠᠨ
ᠣᠩᠱᠢᠭ᠍ᠰᠠᠨ ᠣᠳᠠᠭ᠎ᠠ᠄
★★★☆☆

— 《ᠠᠯᠳᠠᠨ ᠵᠤᠤᠵᠠᠢ》 ᠲᠤᠰᠬᠠᠢ ᠬᠡᠪᠯᠡᠯ᠎ᠤᠨ 2025 ᠤᠨ᠎ᠤ ᠤᠳᠬᠤᠨ᠎ᠳᠤᠭᠠᠷ᠎ᠤᠨ ᠵᠢᠱᠢᠶᠡᠨ ᠲᠡᠭᠡᠷ᠎ᠡ


ᠬᠠᠷᠢᠭᠤᠴᠠᠭᠰᠠᠨ ᠨᠠᠢᠷᠠᠭᠤᠯᠤᠬᠴᠢ ᠵᠢᠨ ᠦᠭᠡ᠄

2025 ᠤᠨ ᠡᠭᠡᠯ ᠶᠡᠷᠦᠮᠳᠡᠭ ᠠᠳᠠᠯ᠎ᠠ ᠡᠯᠪᠡᠭ ᠠᠮᠵᠢᠯᠳᠠ ᠲᠠᠢ ᠦᠩᠭᠡᠷᠡᠨ ᠤᠳᠤᠯ᠎ᠠ᠃ ᠦᠪᠦᠷ ᠮᠤᠩᠭᠤᠯ᠎ᠤᠨ ᠤᠳᠬ᠎ᠠ ᠤᠷᠠᠯᠢᠬ ᠶᠡᠷᠦᠩᠬᠡᠢ ᠱᠦᠵᠢ ᠰᠢ ᠵᠢᠨ ᠫᠢᠩ᠎ᠤᠨ ᠰᠤᠶᠤᠯ᠎ᠤᠨ ᠦᠵᠡᠯ ᠰᠠᠨᠠᠭᠠᠨ᠎ᠤ ᠵᠢᠯᠤᠭᠤᠳᠤᠯᠭ᠎ᠠ ᠳᠤᠤᠷ᠎ᠠ ᠤᠮᠠᠷᠠᠳᠤ ᠬᠢᠯᠢ ᠵᠢᠨ ᠰᠤᠶᠤᠯ ᠎ᠢ ᠪᠠᠳᠠᠷᠠᠭᠤᠯᠤᠨ ᠬᠦᠭᠵᠢᠬᠦᠯᠬᠦ 2025 ᠤᠨ᠎ᠤ ᠠᠶᠠᠨ᠎ᠳᠠᠭᠠᠨ ᠦᠯᠡᠮᠵᠢ ᠵᠢᠨ ᠪᠦᠲᠦᠮᠵᠢ ᠤᠯᠤᠭᠰᠠᠨ ᠶᠤᠮ ᠃

ᠤᠳᠬ᠎ᠠ ᠤᠷᠠᠯᠢᠬ᠎ᠤᠨ ᠬᠦᠩᠭᠡᠨ ᠮᠤᠷᠢᠳᠤ ᠴᠡᠷᠢᠭ ᠤᠯᠠᠭᠠᠨᠮᠦᠢ᠍ᠴᠢᠷ ᠪᠦᠬᠦ ᠤᠯᠤᠰ ᠲᠡᠬᠢ ᠲᠤᠭᠤᠷᠢᠨ ᠲᠤᠭᠯᠠᠯᠳᠠ ᠬᠢᠵᠦ᠂ ᠰᠤᠶᠤᠯ᠎ᠤᠨ ᠪᠠᠢᠭᠤᠯᠤᠯᠳᠠ᠎ᠳᠤ ᠦᠪᠡᠷ᠎ᠤᠨ ᠭᠡᠰᠡᠨ ᠶᠠᠨᠳᠠᠰᠢ ᠦᠭᠡᠢ ᠬᠤᠪᠢ ᠨᠡᠮᠡᠷᠢ ᠪᠡᠨ ᠡᠷᠭᠦᠭᠰᠡᠨ ᠪᠦᠭᠡᠳ ᠶᠡᠷᠦᠩᠬᠡᠢ ᠱᠦᠵᠢ ᠰᠢ ᠵᠢᠨ ᠫᠢᠩ᠎ᠤᠨ ᠰᠦᠨᠢᠳ ᠪᠠᠷᠠᠭᠤᠨ ᠬᠤᠰᠢᠭᠤᠨ᠎ᠤ  ᠤᠯᠠᠭᠠᠨᠮᠦᠢ᠍ᠴᠢᠷ ᠲᠦ᠍ ᠬᠠᠷᠢᠭᠤ ᠵᠠᠬᠢᠳᠠᠯ ᠢᠷᠡᠭᠦᠯᠦᠭᠰᠡᠨ 8 ᠵᠢᠯ᠎ᠤᠨ ᠤᠢ ᠪᠠᠨ ᠤᠭᠳᠤᠵᠠᠢ; ᠵᠤᠬᠢᠶᠠᠯᠴᠢ ᠨᠠᠷᠠᠩᠭᠤᠸ᠎ᠠ ᠵᠢᠨ ᠲᠤᠭᠤᠵᠢᠰ᠎ᠤᠨ ᠲᠡᠭᠦᠪᠦᠷᠢ 《ᠰᠦᠨᠡᠰᠦᠨ ᠠᠴᠢᠶ᠎ᠠ ᠲᠠᠢ ᠬᠦᠯᠦᠭ》 ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ ᠤᠯᠤᠰ᠎ᠤᠨ ᠴᠦᠭᠡᠨ ᠲᠤᠭᠠᠳᠤ ᠦᠨᠳᠦᠰᠦᠳᠡᠨ᠎ᠤ ᠤᠳᠬ᠎ᠠ ᠵᠤᠬᠢᠶᠠᠯ᠎ᠤᠨ ᠵᠤᠬᠢᠶᠠᠨ ᠪᠦᠲᠦᠭᠡᠯᠭᠡ ᠵᠢᠨ 《ᠠᠵᠢᠨᠠᠢ ᠱᠠᠩᠨᠠᠯ》᠎ᠢ᠋ ᠬᠦᠷᠳᠡᠪᠡ; 《ᠴᠤᠯᠮᠤᠨ》 ᠰᠡᠳᠬᠦᠯ 45 ᠵᠢᠯ᠎ᠤᠨ ᠤᠢ ᠪᠠᠨ ᠤᠬᠳᠤᠵᠦ᠂ 《ᠦᠨᠢᠷ ᠴᠡᠴᠡᠭ》 ᠰᠡᠳᠬᠦᠯ 70 ᠵᠢᠯ᠎ᠤᠨ ᠤᠢ ᠪᠠᠨ ᠪᠡᠯᠭᠡᠯᠡᠪᠡ; ᠦᠵᠡᠰᠬᠦᠯᠡᠩ᠂ ᠦᠵᠡᠬᠦᠯᠭᠡ᠂ ᠲᠤᠭᠯᠠᠯᠳᠠ᠂ ᠦᠳᠡᠰᠢᠯᠡᠭᠡ ᠵᠢᠯ ᠲᠤᠵᠢ ᠶᠠᠪᠤᠭᠳᠠᠵᠦ᠂ ᠰᠢᠨ᠎ᠠ ᠰᠢᠨ᠎ᠠ ᠨᠤᠮ᠎ᠤᠨ ᠠᠩᠬ᠎ᠠ ᠲᠠᠷᠬᠠᠭᠠᠯᠳᠠ᠂ ᠰᠠᠢᠬᠠᠨ ᠰᠠᠢᠬᠠᠨ ᠺᠢᠨᠣ᠋ ᠵᠢᠨ ᠠᠩᠬ᠎ᠠ ᠲᠠᠷᠬᠠᠭᠠᠯᠳᠠ ᠡᠷᠬᠢᠯᠡᠭᠳᠡᠨ᠂ ᠤᠷᠤᠰᠬᠠᠯ ᠲᠡᠯᠭᠡᠷᠡᠮᠡᠯ ᠲᠠᠭᠤᠤ ᠤᠷᠠᠯᠢᠬ ᠤᠯᠠᠮᠵᠢᠯᠠᠯᠳᠤ ᠠᠷᠠᠳ᠎ᠤᠨ ᠲᠠᠭᠤᠤ ᠡᠴᠡ ᠪᠡᠨ ᠡᠬᠢ ᠠᠪᠴᠤ᠂ ᠰᠢᠨ᠎ᠠ ᠨᠢᠭᠡᠨ ᠤᠷᠠᠯᠢᠬ᠎ᠤᠨ ᠭᠡᠪ ᠨᠠᠮᠪᠠ ᠵᠢ ᠪᠦᠷᠢᠯᠳᠦᠬᠦᠯᠦᠭᠡᠳ ᠪᠦᠬᠦ ᠤᠯᠤᠰ ᠪᠦᠬᠦ ᠲᠡᠯᠡᠬᠡᠢ᠎ᠵᠢ ᠲᠤᠩᠰᠤᠯᠭᠠᠪᠠ᠃

2025 ᠤᠨ᠎ᠳᠤ᠂ 《ᠠᠯᠳᠠᠨ ᠵᠤᠤᠵᠠᠢ》 ᠤᠬ ᠰᠠᠨᠠᠭ᠎ᠠ ᠪᠠᠨ ᠦᠯᠦ ᠮᠠᠷᠳᠠᠨ᠂ ᠦᠪᠦᠷ ᠮᠤᠩᠭᠤᠯ᠎ᠤᠨ ᠤᠳᠬ᠎ᠠ ᠤᠷᠠᠯᠢᠬ᠎ᠤᠨ ᠰᠢᠨ᠎ᠠ ᠵᠢ ᠡᠬᠦᠳᠦᠭᠰᠡᠨ᠂ ᠰᠢᠨ᠎ᠠ ᠰᠢᠨ᠎ᠠ ᠵᠤᠬᠢᠶᠨᠨ ᠪᠦᠲᠦᠭᠡᠯᠭᠡ ᠵᠢᠨ ᠪᠦᠲᠦᠭᠡᠯ᠎ᠤᠨ ᠠᠯᠳᠠᠭ᠎ᠠ ᠤᠨᠤᠭ᠎ᠠ ᠵᠢ ᠦᠨᠡᠯᠡᠨ ᠰᠢᠬᠦᠮᠵᠢᠯᠠᠵᠦ᠂ ᠰᠢᠨ᠎ᠠ ᠬᠠᠨᠳᠤᠰᠢ᠂ ᠰᠢᠨ᠎ᠡ ᠭᠡᠪ ᠵᠠᠬᠪᠤᠷ᠎ᠢ ᠤᠨᠤᠯᠵᠢᠭᠤᠯᠤᠨ᠂ ᠨᠡᠢᠳᠡ 20 ᠬᠤᠭᠤᠴᠠᠭ᠎ᠠ ᠨᠡᠢᠳᠡᠯᠡᠭᠳᠡᠨ᠂ ᠤᠳᠬ᠎ᠠ ᠤᠷᠠᠯᠢᠬ᠎ᠤᠨ ᠬᠦᠭᠵᠢᠯᠳᠡ᠎ᠵᠢ ᠤᠳᠤᠷᠢᠳᠤᠨ ᠲᠠᠭᠠᠭᠤᠯᠤᠭᠰᠠᠭᠠᠷ ᠢᠷᠡᠪᠡ᠃

《ᠠᠯᠳᠠᠨ ᠵᠤᠤᠵᠠᠢ》 ᠲᠠᠢ ᠪᠠᠨ ᠬᠠᠮᠳᠤ ᠪᠠᠢᠵᠦ᠂ ᠬᠠᠯᠠᠮᠵᠢᠯᠠᠨ ᠲᠡᠮᠵᠢᠭᠰᠡᠭᠡᠷ ᠢᠷᠡᠭᠰᠡᠨ ᠤᠩᠰᠢᠬᠴᠢᠳ ᠲᠠᠭᠠᠨ ᠴᠢᠩ ᠰᠡᠳᠬᠢᠯ᠎ᠤᠨ ᠮᠡᠨᠳᠦᠴᠢᠯᠡᠯ ᠲᠡᠪᠰᠢᠬᠦᠯᠵᠦ ᠪᠠᠢᠨ᠎ᠠ᠃

ᠶᠠᠭᠤ ᠰᠠᠨᠠᠭᠰᠠᠨ ᠶᠢᠰᠦᠨ ᠬᠦᠰᠡᠯ ᠴᠢᠨᠢ ᠪᠡᠶᠡᠯᠡᠭᠳᠡᠬᠦ ᠪᠤᠯᠳᠤᠭᠠᠢ!


《ᠤᠯᠠᠭᠠᠨᠮᠦ᠋ᠴᠢᠷ ᠭᠡᠮᠡᠵᠦ ᠤᠷᠠᠯᠢᠬ᠎ᠤᠨ ᠨᠢᠭᠡᠨ ᠲᠤᠭ᠂ ᠤᠷᠠᠨ ᠪᠦᠲᠦᠭᠡᠯ᠎ᠤᠨ ᠤᠤᠭᠠᠨ ᠦᠯᠦᠭᠡᠢ᠃ ᠤᠮᠠᠷᠠᠳᠤ ᠬᠢᠯᠢ ᠵᠢᠨ ᠰᠤᠶᠤᠯ᠎ᠤᠨ ᠲᠦᠷᠤᠯ ᠲᠡᠮᠳᠡᠭ᠎ᠢ ᠴᠤᠬᠴᠠᠯᠠᠬᠤ᠎ᠳᠤ ᠶᠠᠨᠳᠠᠰᠢ ᠦᠭᠡᠢ ᠦᠢᠯᠡᠳᠦᠯ ᠲᠠᠢ᠃》

— 《 ᠠᠯᠳᠠᠨ ᠵᠤᠤᠵᠠᠢ 》 ᠵᠢᠨ ᠦᠨᠡᠯᠡᠯᠳᠡ


《ᠪᠦᠬᠦ᠌ ᠤᠯᠤᠰ᠎ᠤᠨ ᠤᠳᠭ᠎ᠠ ᠤᠷᠠᠯᠢᠭ᠎ᠤᠨ ᠹᠷᠣᠨᠲ᠎ᠤᠨ ᠨᠢᠭᠡᠨ ᠲᠤᠭ》 ᠪᠤᠯᠤᠬᠰᠠᠨ  ᠤᠯᠠᠭᠠᠨᠮᠦ᠋ᠴᠢᠷ 2025 ᠤᠨ᠎ᠳᠤ ᠲᠤᠭᠤᠷᠢᠨ ᠲᠤᠭᠯᠠᠯᠳᠠ᠂ ᠵᠤᠬᠢᠶᠠᠨ ᠪᠦᠲᠦᠭᠡᠯᠭᠡ᠂ ᠰᠢᠨ᠎ᠡ ᠡᠬᠦᠳᠦᠯᠳᠡ ᠪᠡᠷ ᠵᠢᠡᠨ ᠨᠡᠩᠳᠡ ᠠᠯᠳᠠᠷᠰᠢᠵᠦ᠂ ᠠᠷᠠᠳ ᠲᠦᠮᠡᠨ᠎ᠤ ᠲᠤᠮᠳᠠ ᠬᠦᠨᠵᠡᠭᠡᠢᠷᠡᠬᠦ᠂ ᠠᠷᠠᠳ ᠲᠦᠮᠡᠨ᠎ᠳᠤ ᠦᠢᠯᠡᠴᠢᠯᠡᠬᠦ᠂ ᠨᠠᠮ ᠵᠠᠰᠠᠬ᠎ᠤᠨ ᠲᠦᠷᠦ ᠵᠢᠨ ᠪᠤᠳᠤᠯᠭ᠎ᠠ ᠴᠢᠭᠯᠡᠯᠳᠡ ᠵᠢ ᠤᠬᠠᠭᠤᠯᠬᠤ᠂ ᠲᠤᠮᠳᠠᠳᠤ ᠵᠢᠨ ᠦᠨᠳᠦᠰᠦᠳᠡᠨ᠎ᠤ ᠬᠠᠮᠳᠤ ᠵᠢᠨ ᠴᠤᠭᠴᠠ ᠵᠢᠨ ᠤᠬᠠᠮᠰᠠᠷ᠎ᠢ ᠪᠠᠳᠤ ᠴᠤᠬᠴᠠᠯᠠᠬᠤ ᠵᠡᠷᠭᠡ ᠡᠬᠦᠷᠭᠡ ᠬᠠᠷᠢᠭᠤᠴᠠᠯᠭ᠎ᠠ ᠪᠠᠨ ᠭᠦᠢᠴᠡᠳᠭᠡᠭᠰᠡᠭᠡᠷ ᠢᠷᠡᠭᠰᠡᠨ ᠡᠴᠡ ᠦᠪᠦᠷ ᠮᠤᠩᠭᠤᠯ᠎ᠤᠨ ᠤᠳᠬ᠎ᠠ ᠤᠷᠠᠯᠢᠬ᠎ᠤᠨ ᠬᠦᠷᠢᠶᠡᠨ᠎ᠳᠡᠬᠢ ᠬᠠᠮᠤᠭ᠎ᠤᠨ ᠬᠠᠯᠠᠮᠰᠢᠯ ᠰᠤᠨᠢᠨ ᠮᠡᠳᠡᠭᠡᠨ᠎ᠤ ᠪᠡᠶᠡᠴᠢ ᠴᠤᠭᠴᠠ ᠪᠤᠯᠤᠭᠰᠠᠨ ᠨᠢ ᠲᠠᠮᠵᠢᠬ ᠦᠭᠡᠢ᠃

1 ᠰᠠᠷ᠎ᠠ ᠵᠢᠨ 8᠎ᠤ᠋ ᠡᠳᠦᠷ᠎ᠤᠨ 《ᠠᠯᠳᠠᠨ ᠵᠤᠤᠵᠠᠢ》 ᠲᠤᠰᠬᠠᠢ ᠭᠡᠪᠯᠡᠯ ᠤᠯᠠᠭᠠᠨᠮᠥ᠋ᠴᠢᠷ᠎ᠦᠨ ᠲᠤᠬᠠᠢ ᠰᠢᠭᠦᠮᠵᠢ ᠦᠬᠦᠯᠡᠯ ᠨᠡᠢᠳᠡᠯᠡᠵᠦ᠂ 《ᠤᠯᠠᠭᠠᠨᠮᠦ᠋ᠴᠢᠷ ᠠᠮᠢᠳᠤᠷᠠᠯ᠎ᠤᠨ ᠱᠢᠮᠡᠳᠦ ᠬᠥᠷᠥᠰᠥᠨ᠎ᠳᠤ ᠦᠨᠳᠦᠰᠦᠯᠡᠵᠦ᠍᠂ ᠣᠷᠠᠨ ᠰᠠᠢᠬᠠᠨ᠎ᠤ ᠲᠣᠭ᠍ᠯᠠᠯᠲᠠ᠎ᠪᠠᠷ᠎ᠢᠶᠠᠨ ᠰᠣᠶᠣᠯ᠎ᠤᠨ ᠲᠠᠮᠵᠢᠭᠤᠯᠭ᠎ᠠ᠎ᠶ᠋ᠢ ᠠᠬᠢᠭᠤᠯᠪᠠ; ᠤᠭ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠵᠦ᠍᠂ ᠨᠠᠮ᠎ᠤᠨ ᠳᠠᠭᠤ ᠬᠤᠭᠤᠯᠠᠢ᠎ᠶ᠋ᠢ ᠳᠠᠮᠵᠢᠭᠤᠯᠬᠤ᠎ᠶ᠋ᠢᠨ ᠳᠠᠭᠠᠦ ᠨᠡᠩ ᠣᠯᠠᠨ ᠲᠦᠷᠦᠯ᠎ᠤᠨ ᠰᠣᠶᠣᠯ᠎ᠢ ᠣᠯᠠᠮᠵᠢᠯᠠᠨ ᠳᠡᠯᠭᠡᠷᠡᠭᠦᠯᠪᠡ; ᠥᠪᠡᠷᠮᠢᠴᠡ ᠣᠨᠴᠠᠯᠢᠭ᠎ᠲᠠᠢ ᠰᠣᠶᠣᠯ᠎ᠤᠨ ᠠᠴᠢᠶᠠᠯᠠᠭ᠍ᠴᠢ ᠪᠣᠯᠣᠭ᠍ᠰᠠᠨ᠎ᠤ ᠬᠤᠪᠢ᠎ᠳᠤ ᠣᠷᠠᠯᠢᠭ᠎ᠤᠨ ᠦᠢᠯᠡᠳᠦᠯᠭᠡ᠎ᠪᠠᠷ᠎ᠢᠶᠠᠨ ᠦᠪᠤᠷ ᠮᠤᠡᠭᠭᠤᠯ ᠤ᠋ᠨ ᠰᠣᠶᠣᠯ᠎ᠤᠨ ᠬᠦᠭ᠌ᠵᠢᠯᠲᠡ᠎ᠶ᠋ᠢ ᠠᠬᠢᠭᠤᠯᠪᠠ》 ᠭᠡᠵᠦ ᠦᠨᠡᠯᠡᠪᠡ᠃

ᠬᠠᠭᠠᠰ ᠵᠠᠭᠤᠨ᠎ᠤ ᠰᠠᠯᠬᠢ ᠪᠤᠷᠤᠭᠠᠨ᠎ᠢ ᠦᠩᠭᠡᠷᠡᠬᠦᠯᠦᠭᠰᠡᠨ ᠤᠯᠠᠭᠠᠨᠮᠥ᠋ᠴᠢᠷ 《ᠤᠯᠠᠭᠠᠨᠮᠥ᠋ᠴᠢᠷ᠎ᠤᠨ ᠵᠤᠷᠢᠭ ᠰᠠᠨᠠᠭ᠎ᠠ》 ᠵᠢ ᠪᠦᠷᠢᠯᠳᠦᠬᠦᠯᠵᠦ᠂ ᠤᠭ ᠰᠠᠨᠠᠭ᠎ᠠ᠎ᠪᠠᠨ ᠦᠢᠯᠡᠳᠦᠯᠭᠡᠵᠢᠬᠦᠯᠵᠦ᠂ ᠠᠷᠠᠳ ᠲᠦᠮᠡᠨ ᠵᠢᠡᠷ ᠭᠤᠤᠯ ᠪᠤᠯᠭᠠᠭᠰᠠᠨ ᠵᠤᠬᠢᠶᠠᠨ ᠪᠦᠲᠦᠭᠡᠯᠭᠡ ᠵᠢᠨ ᠤᠳᠤᠷᠢᠳᠤᠮᠵᠢ ᠵᠢ ᠪᠠᠷᠢᠮᠳᠠᠯᠠᠵᠦ᠂ ᠤᠯᠠᠮᠵᠢᠯᠠᠯᠳᠤ ᠰᠤᠶᠤᠯ᠎ᠤᠨ ᠦᠩ ᠰᠢᠮᠡᠯᠢᠭ ᠬᠦᠷᠦᠰᠦᠨ᠎ᠳᠤ ᠦᠨᠳᠦᠰᠦᠯᠡᠨ᠂ ᠦᠪᠦᠷ ᠮᠤᠩᠭᠤᠯ᠎ᠤᠨ ᠤᠳᠬ᠎ᠠ ᠤᠷᠠᠯᠢᠬ᠎ᠤᠨ ᠭᠠᠢᠬᠠᠮᠰᠢᠬ᠎ᠢ ᠡᠭᠦᠳᠦᠭᠰᠡᠭᠡᠷ ᠢᠷᠡᠵᠡᠢ᠃ ᠵᠤᠬᠢᠬᠤ ᠨᠢᠭᠡᠨ ᠤᠳᠬ᠎ᠠ ᠡᠴᠡ ᠬᠡᠯᠡᠪᠡᠯ᠂ ᠤᠯᠠᠭᠠᠨᠮᠥ᠋ᠴᠢᠷ ᠦᠭᠡᠢ ᠪᠡᠷ ᠦᠪᠦᠷ ᠮᠤᠩᠭᠤᠯ᠎ᠤᠨ ᠤᠳᠬ᠎ᠠ ᠤᠷᠠᠯᠢᠬ᠎ᠢ ᠶᠠᠷᠢᠬᠤ ᠵᠢᠨ ᠠᠷᠭ᠎ᠠ ᠦᠭᠡᠢ᠂  ᠰᠤᠶᠤᠯ᠎ᠤᠨ ᠰᠢᠨ᠎ᠡ ᠡᠭᠦᠳᠦᠯᠳᠡ ᠵᠢ ᠦᠭᠦᠯᠡᠵᠦ ᠲᠡᠢᠯᠬᠦ ᠦᠭᠡᠢ᠃

2017 ᠤᠨ᠎ᠤ 11 ᠰᠠᠷ᠎ᠠ ᠵᠢᠨ 21᠎ᠤ᠋ ᠡᠳᠦᠷ ᠶᠡᠷᠦᠩᠬᠡᠢ ᠱᠦᠵᠢ ᠰᠢ ᠵᠢᠨ ᠫᠢᠩ ᠰᠦᠨᠢᠳ ᠪᠠᠷᠠᠭᠤᠨ ᠬᠤᠰᠢᠭᠤᠨ᠎ᠤ ᠤᠯᠠᠭᠠᠨᠮᠥ᠋ᠴᠢᠷ᠎ᠤᠨ ᠭᠡᠰᠢᠬᠦᠳ ᠲᠦ᠍ ᠬᠠᠷᠢᠭᠤ ᠵᠠᠬᠢᠳᠠᠯ ᠢᠷᠡᠬᠦᠯᠪᠡ᠃ 2025 ᠤᠨ ᠪᠤᠯᠬᠤ᠎ᠳᠤ ᠨᠢᠭᠡᠨᠳᠡ 8 ᠵᠢᠯ᠎ᠤᠨ ᠤᠢ ᠪᠤᠯᠪᠠ᠃ 12 ᠰᠠᠷ᠎ᠠ ᠵᠢᠨ 3᠎ᠤ᠋ ᠡᠳᠦᠷ᠎ᠤᠨ 《ᠠᠯᠳᠠᠨ ᠵᠤᠤᠵᠠᠢ》 ᠲᠤᠰᠬᠠᠢ ᠭᠡᠪᠯᠡᠯ ᠶᠡᠷᠦᠩᠬᠡᠢ ᠱᠦᠵᠢ ᠵᠢᠨ ᠬᠠᠷᠢᠭᠤ ᠵᠠᠬᠢᠳᠠᠯ ᠢᠷᠡᠬᠦᠯᠦᠭᠰᠡᠨ 8 ᠵᠢᠯ᠎ᠤᠨ ᠤᠢ ᠵᠢ ᠪᠡᠯᠭᠡᠯᠡᠭᠰᠡᠨ 《ᠨᠠᠨᠳᠢᠨ ᠲᠤᠷᠠᠳᠬᠠᠯ᠎ᠤᠨ ᠬᠡᠷᠡᠯ ᠵᠢᠷᠤᠭ ᠪᠤᠶᠤ ᠨᠢᠭᠡ ᠵᠢᠷᠡᠨ᠎ᠤ ᠲᠤᠤᠯᠢ — 60 ᠵᠢᠯ᠎ᠤᠨ ᠡᠮᠤᠨ᠎ᠠ ᠲᠠᠳᠠᠭᠤᠯᠤᠬᠰᠠᠨ ᠨᠢᠭᠡ ᠬᠤᠪᠢ ᠬᠡᠷᠡᠯ ᠵᠢᠷᠤᠭ ᠡᠴᠡ ᠤᠯᠠᠭᠠᠨᠮᠦ᠋ᠴᠢᠷ᠎ᠤᠨ ᠵᠤᠷᠢᠭ ᠰᠠᠨᠠᠭ᠎ᠠ ᠵᠢ ᠬᠠᠷᠠᠬᠤᠢ》 ᠬᠡᠬᠦ ᠰᠢᠬᠦᠮᠵᠢ᠎ᠦᠬᠦᠯᠡᠯ ᠨᠡᠢᠳᠡᠯᠡᠵᠦ᠂ 1966 ᠤᠨ᠎ᠳᠤ ᠲᠠᠳᠠᠭᠤᠯᠤᠭᠰᠠᠨ ᠨᠢᠭᠡ ᠬᠤᠪᠢ ᠬᠠᠮᠳᠤ ᠵᠢᠨ ᠰᠡᠭᠦᠳᠡᠷ ᠡᠴᠡ ᠲᠤᠷᠠᠳᠬᠠᠯ ᠬᠦᠪᠦᠷᠡᠬᠦᠯᠵᠦ᠂ ᠤᠯᠠᠭᠠᠨᠮᠥ᠋ᠴᠢᠷ᠎ᠤᠨ ᠭᠡᠰᠢᠬᠦᠳ ᠭᠠᠴᠠᠭ᠎ᠠ ᠲᠤᠰᠬᠤᠨ᠎ᠳᠤ ᠬᠦᠨᠵᠡᠭᠡᠢᠷᠡᠨ᠂ ᠮᠠᠯᠴᠢᠨ ᠲᠠᠷᠢᠶᠠᠴᠢᠨ ᠲᠠᠢ ᠬᠠᠮᠳᠤ ᠠᠮᠢᠳᠤᠷᠠᠨ ᠦᠢᠯᠡᠳᠪᠦᠷᠢᠯᠡᠵᠦ᠂ ᠮᠠᠯᠴᠢᠨ ᠲᠠᠷᠢᠶᠠᠴᠢᠨ᠎ᠳᠤ ᠦᠢᠯᠡᠴᠢᠯᠡᠵᠦ ᠪᠠᠢᠭᠰᠠᠨ ᠦᠯᠢᠭᠡᠷ᠎ᠢ ᠡᠷᠬᠢᠴᠡᠬᠦᠯᠪᠡ᠃ ᠤᠯᠠᠭᠠᠨᠮᠥ᠋ᠴᠢᠷ᠎ᠤᠨ ᠭᠡᠰᠢᠬᠦᠳ ᠤᠳᠤ ᠴᠦ᠍ ᠭᠡᠰᠡᠨ ᠡᠨᠡ ᠬᠦ᠌ ᠤᠬ ᠰᠠᠨᠠᠭ᠎ᠠ ᠪᠠᠨ ᠪᠠᠷᠢᠮᠳᠠᠯᠠᠨ ᠦᠢᠯᠡᠳᠦᠯᠭᠡᠵᠢᠬᠦᠯᠦᠭᠰᠡᠭᠡᠷ ᠪᠠᠢᠭ᠎ᠠ᠃


QQ截图20251222112649.png


《ᠬᠠᠯᠠᠮᠰᠢᠯ ᠦᠵᠡᠭᠳᠡᠯ ᠪᠦᠬᠦᠨ᠎ᠤ ᠠᠬᠤᠢ ᠪᠠᠢᠳᠠᠯ᠎ᠢ ᠵᠠᠳᠠᠯᠬᠤ᠂ ᠰᠢᠨ᠎ᠠ ᠵᠢ ᠡᠭᠦᠳᠦᠭᠰᠡᠨ ᠰᠢᠨ᠎ᠡ ᠪᠦᠲᠦᠭᠡᠯ᠎ᠤᠨ ᠠᠯᠳᠠᠭ᠎ᠠ ᠤᠨᠤᠭ᠎ᠠ ᠵᠢ ᠦᠨᠡᠯᠡᠨ ᠰᠢᠬᠦᠮᠵᠢᠯᠡᠬᠦ᠂ ᠱᠠᠩᠨᠠᠯ ᠬᠦᠬᠢᠭᠦᠯᠦᠯ ᠬᠦᠷᠳᠡᠭᠰᠡᠨ ᠤᠳᠬ᠎ᠠ ᠤᠷᠠᠯᠢᠬ᠎ᠤᠨ ᠪᠦᠲᠦᠭᠡᠯ᠎ᠤᠨ ᠠᠮᠵᠢᠯᠳᠠ ᠵᠢ ᠲᠡᠯᠭᠡᠷᠡᠬᠦᠯᠬᠦ ᠁ ᠪᠤᠯ〈ᠠᠯᠳᠠᠨ ᠵᠤᠤᠵᠠᠢ〉 ᠵᠢᠨ ᠤᠭ ᠰᠠᠨᠠᠭ᠎ᠠ ᠡᠭᠦᠷᠭᠡ ᠬᠠᠷᠢᠭᠤᠴᠠᠯᠭ᠎ᠠ᠃》

— 《ᠠᠯᠳᠠᠨ ᠵᠤᠤᠵᠠᠢ》  ᠵᠢᠨ ᠵᠤᠷᠢᠭ ᠰᠠᠨᠠᠭ᠎ᠠ


《ᠢᠵᠠᠭᠤᠷ ᠤᠷᠠᠯᠢᠬ᠎ᠤᠨ ᠤᠳᠤᠬᠢᠴᠢ ᠬᠤᠪᠢᠰᠤᠯ ᠲᠠᠭᠤᠤ ᠤᠷᠠᠯᠢᠬ᠎ᠤᠨ ᠬᠦᠭᠵᠢᠯᠳᠡ᠎ᠳᠤ ᠰᠢᠨ᠎ᠡ ᠠᠮᠢᠵᠢᠷᠠᠯ ᠤᠯᠭᠤᠪᠠ》 (4 ᠰᠠᠷ᠎ᠠ ᠵᠢᠨ2᠎ᠤ᠋ᠨ 6 ᠳ᠋ᠤᠭᠠᠷ ᠨᠢᠭᠤᠷ) ᠭᠡᠬᠦ ᠰᠢᠬᠦᠮᠵᠢ᠎ᠳᠤ᠄

— 《ᠨᠠᠢᠷ ᠬᠠᠮᠳᠤᠯᠢᠭ》᠎ᠤ᠋ᠨ ᠲᠠᠭᠤᠯᠠᠬᠰᠠᠨ ᠬᠤᠷᠴᠢᠨ ᠠᠷᠠᠳ᠎ᠤᠨ ᠲᠠᠭᠤᠤ 《ᠸᠠᠨ ᠯᠢ》 ᠬᠠᠯᠠᠮᠰᠢᠯ ᠪᠤᠯᠵᠦ᠂ ᠦᠳᠡᠯᠦᠭᠰᠡᠨ ᠵᠠᠯᠠᠭᠤ᠂ ᠦᠨᠳᠦᠰᠦᠳᠡᠨ ᠶᠠᠰᠤᠳᠠᠨ ᠢᠯᠭᠠᠯ ᠦᠭᠡᠢ ᠲᠠᠭᠤᠯᠠᠵᠦ᠂ ᠸᠠᠨ ᠯᠢ ᠵᠢᠨ ᠠᠶ᠎ᠠ ᠲᠡᠭᠡᠷ᠎ᠡ ᠨᠠᠬᠢᠯᠵᠠᠨ ᠪᠦᠵᠢᠭᠯᠡᠬᠦ ᠪᠤᠯᠪᠠ᠃ ᠡᠨᠡ ᠨᠢ ᠢᠵᠠᠭᠤᠷ ᠤᠷᠠᠯᠢᠬ᠎ᠤᠨ ᠬᠦᠭᠵᠢᠯᠳᠡ᠂ ᠪᠦᠵᠢᠭ ᠤᠷᠠᠯᠢᠬ᠎ᠤᠨ ᠬᠦᠭᠵᠢᠯᠳᠡ ᠪᠠ ᠤᠮᠠᠷᠠᠳᠤ ᠬᠢᠯᠢ ᠵᠢᠨ ᠰᠤᠶᠤᠯ᠎ᠤᠨ ᠬᠦᠭᠵᠢᠯᠳᠡ᠎ᠳᠤ ᠨᠢᠭᠡᠨ ᠶᠤᠰᠤᠨ᠎ᠤ ᠰᠢᠨ᠎ᠠ ᠠᠮᠢᠵᠢᠷᠠᠯ ᠠᠪᠴᠢᠷᠠᠭᠰᠠᠨ᠎ᠢ ᠤᠮᠳᠤᠭᠠᠢᠯᠠᠵᠦ ᠡᠰᠡ ᠪᠤᠯᠤᠨ᠎ᠠ ᠭᠡᠵᠦ ᠶᠠᠷᠢᠭᠰᠠᠨ ᠪᠦᠭᠡᠳ 《ᠦᠪᠦᠷ ᠮᠤᠩᠭᠤᠯ᠎ᠤᠨ ᠲᠠᠭᠤᠤ ᠤᠷᠠᠯᠢᠬ᠎ᠤᠨ ᠬᠦᠭᠵᠢᠯᠳᠡ ᠵᠢᠨ ᠲᠡᠦᠭᠡ ᠵᠢ ᠶᠠᠷᠢᠬᠤ᠎ᠳᠤ ᠠᠷᠠᠳ᠎ᠤᠨ ᠲᠠᠭᠤᠤ ᠡᠴᠡ ᠰᠠᠯᠵᠦ ᠴᠢᠳᠠᠰᠢ ᠦᠭᠡᠢ᠃ ᠢᠵᠠᠭᠤᠷ ᠤᠷᠠᠯᠢᠬ ᠨᠢ ᠢᠵᠠᠭᠤᠷ ᠤᠷᠠᠯᠢᠬ᠎ᠤᠨ ᠭᠡᠯᠪᠡᠷᠢ ᠪᠡᠷ ᠵᠢᠡᠨ ᠪᠠᠢᠬᠤ ᠶᠤᠰᠤᠳᠠᠢ — ᠡᠨᠡ ᠪᠤᠯ ᠤᠯᠠᠮᠵᠢᠯᠠᠯ ᠪᠠ ᠬᠠᠮᠠᠭᠠᠯᠠᠯ; ᠢᠵᠠᠭᠤᠷ ᠤᠷᠠᠯᠢᠬ ᠰᠢᠨ᠎ᠠ ᠴᠠᠭ ᠦᠶ᠎ᠡ ᠵᠢᠨ ᠬᠦᠯᠢᠶᠡᠨ ᠠᠪᠤᠭᠴᠢ ᠵᠢᠨ ᠲᠤᠷ᠎ᠠ ᠰᠤᠨᠢᠷᠬᠠᠯ ᠪᠠ ᠰᠢᠨ᠎ᠠ ᠴᠠᠬ ᠦᠶ᠎ᠡ ᠵᠢᠨ ᠤᠷᠠᠯᠢᠬ᠎ᠤᠨ ᠤᠨᠴᠠᠯᠢᠬ ᠲᠦ᠍ ᠵᠤᠬᠢᠴᠠᠬᠤ ᠭᠡᠷᠡᠭᠳᠡᠢ — ᠡᠨᠡ ᠪᠤᠯ ᠬᠦᠭᠵᠢᠯᠳᠡ ᠪᠠ ᠰᠢᠨᠡᠴᠢᠯᠡᠯ᠃ ᠠᠯᠢ ᠠᠯᠢ ᠨᠢ ᠲᠤᠳᠠᠭᠳᠠᠵᠦ ᠡᠰᠡ ᠪᠤᠯᠤᠨ᠎ᠠ᠃ ᠲᠡᠷᠭᠡᠨ᠎ᠤ ᠬᠤᠶᠠᠷ ᠬᠦᠷᠳᠦᠨ ᠰᠢᠭ᠃ ᠡᠨᠡ ᠪᠤᠯ ᠲᠠᠷᠤᠢ ᠢᠵᠠᠭᠤᠷ ᠤᠷᠠᠯᠢᠬ᠎ᠤᠨ ᠤᠳᠤᠬᠢᠴᠢ ᠬᠤᠪᠢᠰᠤᠯ᠃ ᠡᠨᠡ ᠬᠦ᠌ ᠬᠤᠪᠢᠰᠤᠯ ᠨᠢ ᠢᠵᠠᠭᠤᠷ ᠤᠷᠠᠯᠢᠬ ᠲᠦ᠍ ᠰᠢᠨ᠎ᠠ ᠠᠮᠢᠵᠢᠷᠠᠯ᠎ᠤᠨ ᠬᠦᠴᠦᠨ ᠤᠯᠭᠤᠳᠠᠭ》 ᠭᠡᠵᠦ ᠨᠤᠳᠠᠯᠠᠨ ᠦᠬᠦᠯᠡᠪᠡ᠃

《ᠲᠡᠯᠭᠡᠷᠡᠮᠡᠯ ᠰᠤᠶᠤᠯ ᠬᠢᠭᠡᠳ ᠤᠷᠤᠨ ᠨᠤᠳᠤᠭ᠎ᠤᠨ ᠰᠤᠶᠤᠯ᠎ᠤᠨ ᠠᠭᠤᠰᠤᠯᠴᠠᠯ ᠡᠴᠡ ᠲᠡᠯᠭᠡᠷᠡᠭᠰᠡᠨ ᠨᠢᠭᠡᠨ ᠪᠤᠳᠠ ᠴᠡᠴᠡᠭ — ᠠᠷᠠᠳ᠎ᠤᠨ ᠲᠠᠭᠤᠤ 〈ᠸᠠᠨ ᠯᠢ〉 ᠵᠢᠨ ᠬᠠᠯᠠᠭᠤᠷᠠᠯ᠎ᠤᠨ ᠲᠤᠬᠠᠢ ᠤᠴᠢᠷᠯᠠᠬᠤ ᠨᠢ》 (4 ᠰᠠᠷ᠎ᠠ ᠵᠢᠨ 2᠎ᠤ᠋ᠨ 6 ᠳ᠋ᠤᠭᠠᠷ ᠨᠢᠭᠤᠷ) ᠬᠡᠬᠦ ᠰᠢᠬᠦᠮᠵᠢ ᠦᠬᠦᠯᠡᠯ᠎ᠳᠤ᠂ 《ᠭᠠᠩᠳᠠᠵᠦ ᠬᠠᠳᠠᠰᠢ ᠦᠭᠡᠢ ᠭᠠᠩᠬᠤᠨ ᠦᠯᠢᠭᠡᠷ》᠂ 《ᠤᠯᠠᠨ ᠲᠦᠮᠡᠨᠴᠢᠯᠡᠭᠰᠡᠨ ᠴᠠᠭ ᠦᠶ᠎ᠡ ᠪᠤᠶᠤ ᠬᠠᠮᠳᠤᠯᠢᠬ᠎ᠤᠨ ᠤᠷᠠᠯᠢᠬ᠎ᠤᠨ ᠡᠭᠦᠰᠦᠯ》᠂ 《ᠤᠳᠤᠬᠢᠴᠢᠯᠠᠭᠰᠠᠨ ᠤᠷᠴᠢᠨ᠎ᠳᠡᠬᠢ ᠲᠤᠭᠯᠠᠯᠳᠠ ᠵᠢᠨ ᠤᠷᠠᠯᠢᠬ ᠪᠤᠶᠤ ᠤᠷᠤᠨ ᠨᠤᠲᠤᠭ᠎ᠤᠨ ᠰᠤᠶᠤᠯ᠎ᠤᠨ ᠰᠢᠨ᠎ᠡ ᠠᠮᠢᠯᠠᠯ 》 ᠵᠡᠷᠭᠡ ᠰᠡᠳᠦᠪ ᠵᠢᠡᠷ ᠤᠯᠠᠮᠵᠢᠯᠠᠯᠳᠤ ᠲᠠᠭᠤᠤ ᠤᠷᠠᠯᠢᠬ᠎ᠤᠨ ᠰᠢᠨ᠎ᠡ ᠡᠷᠢᠨ᠎ᠤ ᠬᠦᠭᠵᠢᠯᠳᠡ ᠵᠢᠨ ᠬᠠᠨᠳᠤᠰᠢ᠂ ᠵᠢᠮ᠎ᠠ ᠶᠤᠰᠤ ᠪᠠ ᠵᠠᠢᠯᠠᠰᠢ ᠦᠭᠡᠢ ᠴᠢᠨᠠᠷ᠎ᠢ ᠤᠨᠤᠯᠵᠢᠭᠤᠯᠵᠠᠢ᠃

ᠠᠷᠪᠠᠨ ᠭᠤᠷᠪᠠᠳᠤᠭᠠᠷ ᠬᠤᠭᠤᠴᠠᠭ᠎ᠠ ᠵᠢᠨ ᠪᠦᠬᠦ᠌ ᠤᠯᠤᠰ᠎ᠤᠨ ᠴᠥᠭᠡᠨ ᠲᠣᠭᠠᠲᠤ ᠦᠨᠳᠦᠰᠦᠲᠡᠨ᠎ᠦ ᠤᠳᠭ᠎ᠠ ᠵᠣᠬᠢᠶᠠᠯ᠎ᠤᠨ ᠵᠣᠬᠢᠶᠠᠨ ᠪᠦᠲᠦᠭᠡᠯᠭᠡ᠎ᠶ᠋ᠢᠨ 《ᠠᠵᠢᠨᠠᠶ》 ᠱᠠᠩᠨᠠᠯ ᠬᠦᠷᠳᠡᠭᠰᠡᠨ ᠨᠠᠷᠠᠩᠭᠤᠤ᠎ᠠ᠎ᠶ᠋ᠢᠨ ᠲᠤᠭᠤᠵᠢᠰ᠎ᠤᠨ ᠲᠡᠬᠦᠪᠤᠷᠢ 《ᠰᠦᠨᠡᠰᠦᠨ ᠠᠴᠢᠶ᠎ᠠ ᠲᠠᠢ ᠬᠦᠯᠦᠭ》᠎ᠤ᠋ᠨ ᠲᠤᠬᠠᠢ 《ᠪᠠᠶᠠᠯᠢᠭ ᠬᠦᠤᠷᠨᠢᠯ ᠪᠠ ᠤᠷᠤᠨ ᠨᠤᠳᠤᠭ᠎ᠤᠨ ᠰᠤᠶᠤᠯ᠎ᠤᠨ ᠢᠯᠡᠷᠡᠬᠦᠯᠤᠯ》 ᠬᠡᠬᠦ ᠰᠡᠳᠦᠪ ᠵᠢᠡᠷ ᠵᠣᠬᠢᠶᠠᠨ ᠪᠦᠲᠦᠭᠡᠯᠭᠡ᠎ᠶ᠋ᠢᠨ ᠣᠩᠭᠣᠳ᠂ ᠣᠶᠤᠨ ᠰᠠᠨᠠᠭᠠᠨ᠎ᠤ ᠴᠥᠮ᠎ᠡ ᠪᠠ ᠤᠷᠠᠯᠢᠭ᠎ᠤᠨ ᠷᠢᠳᠢ ᠱᠢᠳᠢ᠎ᠶ᠋ᠢ ᠭᠦᠨᠵᠡᠭᠡᠶ ᠠᠭᠤᠳᠠᠯᠵᠤ᠂ ᠲᠤᠭᠤᠵᠢᠰ᠎ᠤᠨ ᠤᠷᠠᠯᠢᠬ᠎ᠤᠨ ᠭᠡᠪ ᠨᠠᠮᠪᠠ ᠪᠠ ᠦᠨᠳᠦᠷ ᠠᠮᠵᠢᠯᠳᠠ᠎ᠳᠤ ᠬᠦᠷᠦᠭᠰᠡᠨ ᠪᠢᠴᠢᠯᠭᠡ ᠵᠢᠨ ᠠᠷᠭ᠎ᠠ ᠵᠢ ᠵᠠᠳᠠᠯᠵᠦ᠂ ᠦᠪᠦᠷ ᠮᠤᠩᠭᠤᠯ᠎ᠤᠨ ᠵᠤᠬᠢᠶᠠᠯᠴᠢᠳ᠎ᠤᠨ ᠵᠤᠬᠢᠶᠠᠨ ᠪᠦᠲᠦᠭᠡᠯᠭᠡ᠎ᠳᠤ ᠲᠤᠯᠢᠯᠠᠯ ᠪᠤᠯᠭᠠᠪᠠ᠃

ᠴᠠᠭᠠᠨ ᠰᠠᠷ᠎ᠠ ᠵᠢᠨ ᠦᠳᠡᠰᠢᠯᠡᠭᠡ ᠶᠡᠷᠦᠳᠡᠭᠡᠨ ᠬᠦᠮᠦᠰ᠎ᠤᠨ ᠵᠢᠯ ᠲᠤᠵᠢ ᠦᠨᠡᠯᠡᠨ ᠶᠠᠷᠢᠳᠠᠭ ᠨᠢᠭᠡᠨ ᠰᠡᠳᠦᠪ ᠪᠠᠢᠭ᠎ᠠ᠃ 2025 ᠣᠨ᠎ᠤ ᠥᠪᠥᠷ ᠮᠣᠩᠭᠣᠯ᠎ᠤᠨ ᠷᠠᠳᠢᠣ᠋ ᠲᠧᠯᠸᠢᠰ ᠬᠣᠷᠢᠶ᠎ᠠ ᠵᠢᠨ ᠬᠦᠭᠡᠭᠴᠢᠨ ᠮᠤᠭᠠᠢ ᠵᠢᠯ᠎ᠤᠨ ᠮᠤᠡᠭᠭᠤᠯ ᠬᠡᠯᠡᠨ᠎ᠤ ᠴᠠᠭᠠᠨ ᠰᠠᠷ᠎ᠠ ᠵᠢᠨ ᠣᠨᠴᠠᠭᠠᠶ ᠫᠷᠤᠭ᠌ᠷᠠᠮ᠎ᠤ᠋ᠨ ᠦᠵᠡᠭᠴᠢᠳ᠎ᠤᠨ ᠵᠢᠡᠨ ᠪᠠᠬᠠᠷᠬᠠᠯ᠎ᠢ ᠤᠯᠵᠠᠢ᠃ 《ᠲᠡᠯᠭᠡᠷ ᠴᠠᠭ᠎ᠤᠨ ᠤᠶᠠᠡᠭᠭ᠎ᠠ •2025》 ᠵᠢ ᠰᠤᠨᠢᠷᠬᠠᠬᠰᠠᠨ ᠲᠦᠷᠦᠭᠳᠡᠯ》᠂ 《ᠴᠠᠭ ᠤᠷᠤᠨ ᠵᠠᠢ ᠵᠢ ᠲᠡᠯᠡᠭᠰᠡᠨ ᠰᠢᠨ᠎ᠠ ᠤᠷᠠᠨ ᠪᠦᠳᠤᠭᠡᠯ ᠪᠤᠯᠭᠠᠬᠤ ᠪᠡᠷ ᠵᠢᠳᠬᠦᠭᠰᠡᠨ ᠪᠠᠷᠢᠮᠳᠠᠯᠠᠯ》᠂ 《〈ᠲᠡᠯᠭᠡᠷ ᠴᠠᠭ᠎ᠤᠨ ᠤᠶᠠᠡᠭᠭ᠎ᠠ•2025〉 ᠪᠤᠶᠤ ᠲᠡᠭᠵᠢᠬᠦ ᠡᠷᠢᠨ᠎ᠤ ᠵᠢᠪᠬᠤᠭ᠎ᠠ》 (3 ᠰᠠᠷ᠎ᠠ ᠵᠢᠨ 5᠎ᠤ᠋ 6 ᠳ᠋ᠤᠭᠠᠷ ᠨᠢᠭᠤᠷ) ᠭᠤᠷᠪᠠᠨ ᠰᠢᠬᠦᠮᠵᠢ ᠦᠬᠦᠯᠡᠯ ᠵᠢᠡᠷ ᠦᠵᠡᠭᠴᠢ᠂ ᠤᠳᠤᠷᠢᠳᠤᠭᠠᠴᠢ ᠪᠠ ᠤᠳᠬ᠎ᠠ ᠤᠷᠠᠯᠢᠬ᠎ᠤᠨ ᠤᠨᠤᠯᠴᠢ ᠵᠢᠨ ᠭᠤᠷᠪᠠᠨ ᠬᠠᠷᠠᠭᠠᠰᠤ ᠡᠴᠡ ᠦᠳᠡᠰᠢᠯᠡᠭᠡ ᠵᠢᠨ ᠠᠮᠵᠢᠯᠳᠠ ᠲᠠᠢ ᠲᠠᠯ᠎ᠠ ᠵᠢ ᠬᠦᠨᠵᠡᠭᠡᠢ ᠵᠠᠳᠠᠯᠵᠠᠢ᠃


QQ截图20251222112616.png


《ᠤᠳᠬ᠎ᠠ ᠤᠷᠠᠯᠢᠬ᠎ᠤᠨ ᠬᠦᠭᠵᠢᠯᠳᠡ ᠨᠢᠭᠡ ᠬᠦᠮᠦᠨ᠎ᠤ ᠵᠢᠳᠬᠦᠯ᠎ᠳᠤ ᠪᠠᠢᠬᠤ ᠪᠢᠰᠢ᠂ ᠨᠢᠭᠡ ᠲᠦᠷᠦᠯ᠎ᠤᠨ ᠤᠷᠠᠯᠢᠬ ᠲᠦ᠍ ᠴᠦ᠍ ᠲᠦᠰᠢᠭᠯᠡᠬᠦ ᠪᠢᠰᠢ᠂ ᠬᠦᠮᠦᠨ ᠪᠦᠬᠦᠨ᠎ᠤ ᠴᠢᠷᠮᠠᠢᠯᠭ᠎ᠠ᠂ ᠤᠳᠬ᠎ᠠ ᠤᠷᠠᠯᠢᠬ᠎ᠤᠨ ᠲᠦᠷᠦᠯ ᠵᠠᠨᠠᠷ ᠪᠦᠬᠦᠨ᠎ᠤ ᠬᠦᠭᠵᠢᠯᠳᠡ ᠵᠢᠨ ᠬᠠᠮᠳᠤ ᠵᠢᠨ ᠦᠷ᠎ᠡ ᠲᠠᠭᠠᠪᠤᠷᠢ ᠪᠤᠶᠤ᠃》

— 《ᠠᠯᠳᠠᠨ ᠵᠤᠤᠵᠠᠢ》  ᠵᠢᠨ ᠪᠠᠷᠢᠮᠳᠠᠯᠠᠯ


2025 ᠤᠨ᠎ᠳᠤ ᠪᠤᠯᠤᠬᠰᠠᠨ ᠦᠪᠤᠷ ᠮᠤᠡᠭᠭᠤᠯ᠎ᠤᠨ ᠤᠳᠬ᠎ᠠ ᠤᠷᠠᠯᠢᠭ᠎ᠤᠨ ᠴᠢᠬᠤᠯᠠ ᠴᠢᠬᠤᠯᠠ ᠡᠷᠳᠡᠮ ᠰᠢᠨᠵᠢᠯᠡᠭᠡᠨ᠎ᠤ ᠬᠤᠷᠠᠯ ᠴᠤᠬᠯᠠᠭᠠᠨ᠂ ᠨᠤᠮ᠎ᠤᠨ ᠲᠠᠷᠬᠠᠭᠠᠯᠳᠠ᠂ ᠬᠤᠭᠤᠴᠠᠭᠠᠳᠤ ᠰᠡᠳᠬᠦᠯ᠎ᠤᠨ ᠬᠡᠪᠯᠡᠯ ᠡᠬᠢᠯᠡᠭᠰᠡᠨ ᠤᠢ ᠪᠡᠨ ᠲᠤᠷᠠᠰᠬᠠᠨ ᠲᠡᠮᠳᠡᠭᠯᠡᠬᠦ ᠠᠵᠢᠯᠯᠠᠭ᠎ᠠ ᠵᠡᠷᠭᠡ ᠵᠢ ᠰᠤᠷᠪᠤᠯᠵᠢᠯᠠᠨ᠂ ᠡᠷᠳᠡᠮᠳᠡᠨ ᠮᠡᠷᠭᠡᠵᠢᠯᠳᠡᠨ᠎ᠤ ᠰᠤᠳᠤᠯᠭᠠᠨ᠎ᠤ ᠶᠠᠷᠢᠶ᠎ᠠ ᠵᠢᠨ ᠲᠤᠪᠴᠢᠯᠠᠯ ᠵᠡᠷᠭᠡ ᠵᠢ ᠨᠡᠢᠳᠡᠯᠡᠵᠦ᠂ 《ᠤᠳᠬ᠎ᠠ ᠤᠷᠠᠯᠢᠬ᠎ᠤᠨ ᠬᠦᠭᠵᠢᠯᠳᠡ ᠨᠢᠭᠡ ᠬᠦᠮᠦᠨ᠎ᠤ ᠵᠢᠳᠬᠦᠯ᠎ᠳᠤ ᠪᠠᠢᠬᠤ ᠪᠢᠰᠢ᠂ ᠨᠢᠭᠡ ᠲᠦᠷᠦᠯ᠎ᠤᠨ ᠤᠷᠠᠯᠢᠬ ᠲᠦ᠍ ᠴᠦ᠍ ᠲᠦᠰᠢᠭᠯᠡᠬᠦ ᠪᠢᠰᠢ᠂ ᠬᠦᠮᠦᠨ ᠪᠦᠬᠦᠨ᠎ᠤ ᠴᠢᠷᠮᠠᠢᠯᠭ᠎ᠠ᠂ ᠤᠳᠬ᠎ᠠ ᠤᠷᠠᠯᠢᠬ᠎ᠤᠨ ᠲᠦᠷᠦᠯ ᠵᠠᠨᠠᠷ ᠪᠦᠬᠦᠨ᠎ᠤ ᠬᠦᠭᠵᠢᠯᠳᠡ ᠵᠢᠨ ᠬᠠᠮᠳᠤ ᠵᠢᠨ ᠦᠷ᠎ᠡ ᠲᠠᠭᠠᠪᠤᠷᠢ》 ᠪᠤᠯᠬᠤ ᠵᠢ ᠨᠤᠴᠢᠳᠠᠢ ᠭᠡᠷᠡᠴᠢᠯᠡᠪᠡ᠃ ᠡᠨᠡ ᠨᠢ 《ᠠᠯᠳᠠᠨ ᠵᠤᠤᠵᠠᠢ》 ᠵᠢᠨ ᠪᠠᠷᠢᠮᠳᠠᠯᠠᠯ ᠪᠤᠯᠬᠤ ᠪᠦᠭᠡᠳ ᠡᠷᠢᠯᠬᠢᠯᠡᠯ ᠪᠤᠯᠬᠤ ᠶᠤᠮ᠃

《ᠡᠯᠡᠰᠤᠨ ᠨᠤᠳᠤᠭ᠎ᠤᠨ ᠡᠷᠳᠠᠨᠢ 〈ᠲᠤᠪᠴᠢᠶᠠᠨ〉 — 〈ᠡᠯᠡᠰᠤᠨ ᠪᠠᠯᠭᠠᠰᠤᠨ᠎ᠤ ᠲᠤᠪᠴᠢᠶᠠᠨ〉 ᠬᠢᠭᠡᠳ 〈ᠡᠯᠡᠰᠤᠨ ᠰᠤᠷᠭᠠᠨ ᠬᠦᠮᠤᠵᠢᠯ᠎ᠤᠨ ᠲᠤᠪᠴᠢᠶᠠᠨ〉 ᠬᠤᠶᠠᠷ ᠨᠤᠮ᠎ᠤᠨ ᠭᠠᠷᠭᠠᠯᠭ᠎ᠠ᠎ᠳᠤ》 (2 ᠰᠠᠷ᠎ᠠ ᠵᠢᠨ 19᠎ᠤ᠋ 6᠎ᠳ᠋ᠤᠭᠠᠷ ᠨᠢᠭᠤᠷ)᠂ 《ᠤᠳᠤᠳ᠎ᠤᠨ ᠲᠤᠮᠳᠠ ᠡᠴᠡ ᠤᠨᠴᠠᠯᠠᠨ 〈ᠴᠤᠯᠮᠤᠨ〉 ᠬᠡᠷᠡᠯ ᠲᠠᠢ》 (9 ᠰᠠᠷ᠎ᠠ ᠵᠢᠨ 17᠎ᠤ᠋ 6 ᠎ᠳ᠋ᠤᠭᠠᠷ ᠨᠢᠭᠤᠷ)᠂ 《ᠤᠷᠠᠨ ᠵᠤᠬᠢᠶᠠᠯ᠎ᠤᠨ ᠬᠦᠭᠵᠢᠯᠳᠡ ᠵᠢ ᠲᠠᠯᠠᠯᠤᠬᠰᠠᠨ 〈ᠠᠯᠳᠠᠨ ᠲᠦᠯᠬᠢᠬᠦᠷ〉 ᠴᠤᠬᠯᠠᠭᠠᠨ》 (5 ᠰᠠᠷ᠎ᠠ ᠵᠢᠨ 14᠎ᠤ᠋ 6 ᠎ᠳ᠋ᠤᠭᠠᠷ ᠨᠢᠭᠤᠷ)᠂ 《ᠦᠡᠭᠭᠡᠷᠡᠨ ᠤᠳᠤᠬᠰᠠᠨ ᠤᠨ ᠰᠠᠷ᠎ᠠ ᠵᠢᠨ ᠠᠮᠢᠯᠠᠯ — 〈ᠦᠪᠤᠷ ᠮᠤᠡᠭᠭᠤᠯ᠎ᠤᠨ ᠲᠤᠷᠠᠰᠤᠮᠵᠢ〉 ᠪᠠᠷᠢᠮᠳᠠᠳᠤ ᠬᠡᠷᠡᠯ ᠵᠢᠷᠤᠭ᠎ᠤᠨ ᠦᠵᠡᠬᠦᠯᠭᠡ ᠵᠢ ᠰᠤᠨᠢᠷᠬᠠᠬᠰᠠᠨ ᠲᠦᠷᠦᠭᠳᠡᠯ》 (7 ᠰᠠᠷ᠎ᠠ ᠵᠢᠨ 30᠎ᠤ᠋ 6 ᠎ᠳ᠋ᠤᠭᠠᠷ ᠨᠢᠭᠤᠷ)᠂ 《ᠡᠷᠳᠡᠨᠢᠳᠤ ᠰᠤᠷᠪᠤᠯᠵᠢᠰ ᠡᠴᠡ ᠬᠢᠯᠠᠯᠵᠠᠨ ᠰᠠᠴᠤᠷᠠᠬᠤ ᠡᠷᠳᠡᠮ᠎ᠤᠨ ᠬᠡᠬᠡᠨ ᠰᠤᠭᠤᠨᠠᠭ》 (6 ᠰᠠᠷ᠎ᠠ ᠵᠢᠨ 18 ᠎ᠤ᠋ 6 ᠎ᠳ᠋ᠤᠭᠠᠷ ᠨᠢᠭᠤᠷ)᠂《ᠮᠤᠡᠭᠭᠤᠯ ᠰᠤᠳᠤᠯᠤᠯ — ᠮᠤᠡᠭᠭᠤᠯ ᠰᠤᠳᠤᠯᠤᠯ᠎ᠤᠨ ᠲᠡᠭᠡᠳᠤ ᠰᠤᠷᠭᠠᠭᠤᠯᠢ — ᠮᠤᠡᠭᠭᠤᠯ ᠰᠤᠳᠤᠯᠤᠯ᠎ᠤᠨ ᠤᠯᠠᠨ ᠤᠯᠤᠰ᠎ᠤᠨ ᠬᠤᠷᠠᠯ》 (8 ᠰᠠᠷ᠎ᠠ ᠵᠢᠨ 27᠎ᠤ᠋ 6 ᠎ᠳ᠋ᠤᠭᠠᠷ ᠨᠢᠭᠤᠷ)᠂ 《ᠠᠷᠵᠠᠢ ᠵᠢᠨ ᠴᠢᠯᠠᠭᠤᠨ ᠠᠭᠤᠢ ᠵᠢᠨ ᠰᠤᠶᠤᠯ᠎ᠤᠨ ᠭᠠᠢᠬᠠᠮᠰᠢᠭ》 (6 ᠰᠠᠷ᠎ᠠ ᠵᠢᠨ 4 ᠎ᠤ᠋ 6᠎ᠳ᠋ᠤᠭᠠᠷ ᠨᠢᠭᠤᠷ)᠂ 《ᠠᠯᠠᠬᠬᠠᠨ ᠵᠢᠷᠤᠬᠡᠨ᠎ᠳᠤ ᠬᠡᠷᠡᠯᠳᠦᠭᠰᠡᠨ ᠠᠷᠠᠳ᠎ᠤᠨ ᠲᠠᠭᠤᠤ ᠵᠢᠨ ᠬᠤᠷᠸ᠎ᠠ》 (10 ᠰᠠᠷ᠎ᠠ ᠵᠢᠨ 22᠎ᠤ᠋ᠨ 6᠎ᠳ᠋ᠤᠭᠠᠷ ᠨᠢᠭᠤᠷ) ᠁ ᠡᠳᠡᠭᠡᠷ ᠰᠢᠬᠦᠮᠵᠢ ᠵᠤᠬᠢᠶᠠᠯ᠎ᠢ ᠲᠠᠨᠠᠷ ᠠᠮᠳᠠᠷᠬᠠᠨ ᠤᠩᠰᠢᠬᠰᠠᠨ ᠭᠡᠳᠡᠭ ᠲᠦ᠍ ᠢᠳᠡᠭᠡᠵᠦ ᠪᠠᠢᠨ᠎ᠠ᠃

2026 ᠤᠨ᠎ᠳᠤ 《ᠠᠯᠳᠠᠨ ᠵᠤᠤᠵᠠᠢ》 ᠲᠤᠰᠬᠠᠢ ᠭᠡᠪᠯᠡᠯ ᠦᠪᠦᠷ ᠮᠤᠩᠭᠤᠯ᠎ᠤᠨ ᠤᠳᠬ᠎ᠠ ᠤᠷᠠᠯᠢᠬ᠎ᠤᠨ ᠬᠦᠭᠵᠢᠯᠳᠡ᠎ᠳᠤ ᠬᠠᠷᠠᠭᠠᠰᠤᠯᠠᠵᠦ᠂ ᠤᠳᠬ᠎ᠠ ᠤᠷᠠᠯᠢᠬ᠎ᠤᠨ ᠬᠦᠭᠵᠢᠯᠳᠡ ᠵᠢᠨ ᠰᠢᠨ᠎ᠠ ᠠᠶᠠᠨ᠎ᠤ ᠰᠤᠨᠢᠨ ᠮᠡᠳᠡᠭᠡ᠂ ᠦᠯᠢᠭᠡᠷ ᠦᠢᠯᠡ᠂ ᠦᠵᠡᠭᠳᠡᠯ ᠬᠠᠯᠠᠮᠰᠢᠯ᠎ᠢ ᠦᠷᠬᠦᠯᠵᠢᠯᠡᠨ ᠦᠨᠡᠯᠡᠨ ᠰᠢᠬᠦᠮᠵᠢᠯᠡᠵᠦ᠂ ᠲᠤᠮᠳᠠᠳᠤ ᠵᠢᠨ ᠰᠤᠩᠭᠤᠳᠠᠭ ᠪᠦᠲᠦᠭᠡᠯ᠂ ᠲᠡᠯᠡᠬᠡᠢ ᠵᠢᠨ ᠰᠤᠩᠭᠤᠳᠠᠭ ᠪᠦᠲᠦᠭᠡᠯ᠎ᠢ ᠲᠠᠨᠠᠷ ᠲᠠᠭᠠᠨ ᠰᠤᠨᠢᠷᠬᠠᠭᠤᠯᠤᠨ ᠬᠦᠷᠭᠡᠬᠦ ᠵᠢᠨ ᠲᠠᠭᠠᠤ ᠰᠤᠩᠭᠤᠳᠠᠭ ᠪᠦᠲᠦᠭᠡᠯ᠎ᠤᠨ ᠰᠤᠩᠭᠤᠳᠠᠭ ᠪᠤᠯᠵᠦ ᠴᠢᠳᠠᠭᠰᠠᠨ ᠤᠷᠠᠯᠢᠬ᠎ᠤᠨ ᠦᠨ᠎ᠡ ᠴᠡᠨ᠎ᠡ ᠵᠢ ᠵᠠᠳᠠᠯᠤᠯᠳᠠ ᠬᠢᠵᠦ᠂ ᠦᠪᠦᠷ ᠮᠤᠩᠭᠤᠯ᠎ᠤᠨ ᠤᠳᠬ᠎ᠠ ᠤᠷᠠᠯᠢᠬ᠎ᠤᠨ ᠬᠦᠭᠵᠢᠯᠳᠡ᠎ᠳᠤ ᠦᠪᠡᠷ᠎ᠤᠨ ᠵᠢᠡᠨ ᠭᠡᠰᠡᠨ ᠬᠤᠪᠢ ᠨᠡᠮᠡᠷᠢ ᠪᠡᠨ ᠦᠷᠬᠦᠯᠵᠢᠯᠡᠨ ᠪᠠᠳᠠᠷᠠᠭᠤᠯᠬᠤ ᠪᠤᠯᠤᠨ᠎ᠠ᠃ 《ᠠᠯᠳᠠᠨ ᠵᠤᠤᠵᠠᠢ》 ᠪᠠᠨ ᠦᠷᠬᠦᠯᠵᠢᠯᠡᠨ ᠲᠡᠮᠵᠢᠵᠦ᠂ ᠠᠩᠬᠠᠷᠤᠨ ᠬᠠᠯᠠᠮᠵᠢᠯᠠᠵᠦ ᠪᠠᠢᠭᠠᠷᠠᠢ!


QQ截图20251001104448.png

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号