ᠣᠷᠠᠨ ᠵᠣᠬᠢᠶᠠᠯ᠎ᠤᠨ ᠦᠷᠭᠡᠨ ᠲᠠᠯ᠎ᠠ ᠳ᠋ᠦ ᠦᠩᠭᠡ ᠰᠠᠴᠣᠷᠠᠭᠰᠠᠨ ᠲᠣᠶᠠᠭ᠎ᠠ
2025-12-31 09:54:34
ᠵᠣᠬᠢᠶᠠᠭ᠍ᠴᠢ᠄
ᠸᠠᠩ ᠰᠢᠶᠣᠣ ᠮᠢᠩ
ᠣᠩᠱᠢᠭ᠍ᠰᠠᠨ ᠣᠳᠠᠭ᠎ᠠ᠄
★★★☆☆

— 《ᠲᠠᠯ᠎ᠠ᠎ᠶᠢᠨ ᠲᠣᠶᠠᠭ᠎ᠠ》 ᠲᠣᠰᠬᠠᠢ ᠬᠡᠪᠯᠡᠯ᠎ᠤᠨ 2025 ᠤᠨ᠎ᠤ ᠣᠳᠬᠣᠨ ᠳ᠋ᠣᠭᠠᠷ᠎ᠤᠨ ᠵᠢᠰᠢᠶᠡᠨ ᠲᠡᠭᠡᠷ᠎ᠡ


ᠬᠠᠷᠢᠭᠤᠴᠠᠭᠰᠠᠨ ᠨᠠᠢᠷᠠᠭᠤᠯᠤᠬᠴᠢ ᠵᠢᠨ ᠦᠭᠡ

ᠤᠨ ᠴᠠᠬ ᠬᠡᠮᠡᠬᠦ ᠠᠬᠰᠣᠮ ᠬᠦᠯᠦᠭ ᠠᠮᠠᠭᠠᠢ ᠱᠠᠷᠬᠢᠭᠣᠯᠣᠨ ᠬᠦᠨᠳᠦᠷᠦᠨ ᠲᠠᠪᠬᠢᠭᠣᠯᠣᠬᠰᠠᠭᠠᠷ ᠣᠷᠴᠢᠯᠠᠩ᠎ᠤᠨ ᠬᠡᠪᠡᠯᠢ ᠳ᠋ᠦ ᠪᠠᠰᠠ ᠨᠢᠭᠡᠨ ᠤᠨ᠎ᠢ ᠦᠲᠡᠬᠦ ᠪᠣᠯᠣᠯ᠎ᠠ᠃ ᠬᠠᠭᠣᠴᠢᠨ ᠤᠨ᠎ᠤ ᠪᠠᠨ ᠨᠣᠬᠲᠣ᠎ᠶᠢ ᠮᠣᠯᠲᠣᠯᠣᠨ ᠬᠦᠯᠦᠰᠦ᠎ᠶᠢ ᠨᠢ ᠰᠡᠪᠬᠢᠭᠡᠵᠦ ᠲᠡᠦᠬᠡ᠎ᠶᠢᠨ ᠪᠡᠯᠴᠢᠭᠡᠷ ᠲᠣᠨᠢ ᠦᠲᠡᠪᠡ᠃ ᠠᠮᠢᠲᠣᠷᠠᠯ ᠴᠠᠬ ᠬᠣᠭᠣᠴᠠᠭ᠎ᠠ ᠪᠡᠷ ᠪᠣᠰᠣ ᠡᠷᠬᠢᠴᠡᠬᠦᠯᠦᠯ ᠲᠣᠷᠠᠰᠣᠮᠵᠢ ᠪᠡᠷ ᠦᠨᠡᠯᠡᠭᠲᠡᠨ᠎ᠡ᠃ ᠲᠡᠢᠮᠦ ᠡ᠂ ᠡᠷᠬᠢᠴᠡᠬᠦᠯᠦᠯ ᠪᠠᠢᠬᠣ ᠦᠭᠡᠢ ᠪᠣᠯ ᠲᠡᠦᠬᠡ ᠪᠠᠢᠬᠣ ᠦᠭᠡᠢ᠂ ᠲᠡᠦᠬᠡ ᠪᠠᠢᠬᠣ ᠦᠭᠡᠢ ᠪᠣᠯ ᠦᠨᠦᠲᠦᠷ ᠨᠢ ᠦᠨᠳᠦᠰᠦ ᠰᠠᠭᠣᠷᠢ ᠪᠠᠨ ᠠᠯᠲᠠᠬᠣ ᠪᠣᠯᠣᠨ᠎ᠠ᠃ ᠣᠨ ᠣᠯᠠᠷᠢᠬᠣ ᠪᠣᠯᠭᠠᠨ ᠬᠦᠮᠦᠰ ᠦᠩᠭᠡᠷᠡᠭᠰᠡᠨ ᠶ᠋ᠢᠡᠨ ᠡᠷᠬᠢᠴᠡᠬᠦᠯᠵᠦ ᠣᠨᠣᠭ᠎ᠠ ᠠᠯᠲᠠᠭ᠎ᠠ ᠪᠠᠨ ᠳ᠋ᠦᠩᠨᠡᠵᠦ᠂ ᠠᠮᠵᠢᠯᠲᠠ ᠲᠣᠷᠰᠢᠯᠭ᠎ᠠ ᠪᠠᠨ ᠬᠣᠷᠢᠶᠠᠩᠭᠣᠢᠯᠠᠵᠦ᠂ ᠠᠬᠢᠨ ᠲᠠᠪᠰᠢᠬᠣ᠎ᠶᠢᠨ ᠨᠦᠬᠡᠴᠡ ᠬᠦᠴᠦ ᠰᠡᠯᠪᠢᠵᠦ ᠮᠣᠩᠭᠠᠨᠢᠲᠠᠬ᠃ ᠣᠷᠠᠨ ᠵᠣᠬᠢᠶᠠᠯ᠎ᠤᠨ 《ᠲᠠᠯ᠎ᠠ᠎ᠶᠢᠨ ᠲᠣᠶᠠᠭ᠎ᠠ》 ᠲᠣᠰᠬᠠᠢ ᠬᠡᠪᠯᠡᠯ ᠦᠩᠭᠡᠷᠡᠭᠰᠡᠨ ᠤᠨ᠎ᠤ ᠬᠢᠭᠰᠡᠨ ᠠᠵᠢᠯ᠂ ᠬᠡᠪᠯᠡᠬᠦᠯᠦᠭᠰᠡᠨ ᠰᠣᠨᠢᠨ᠂ ᠪᠢᠴᠢᠭᠰᠡᠨ ᠵᠣᠬᠢᠶᠠᠯ᠂ ᠪᠡᠶᠡᠯᠡᠬᠦᠯᠦᠭᠡᠲᠦᠢ ᠵᠦᠢᠯ ᠁ ᠭᠡᠮᠡᠨ ᠪᠦᠷᠢᠳᠭᠡᠵᠦ ᠳ᠋ᠦᠩᠨᠡᠯᠲᠡ ᠪᠣᠯᠭᠠᠬᠣ᠎ᠶᠢ ᠵᠣᠷᠢᠯ᠎ᠠ᠃

2025 ᠤᠨ ᠳ᠋ᠦ 《ᠲᠠᠯ᠎ᠠ᠎ᠶᠢᠨ ᠲᠣᠶᠠᠭ᠎ᠠ》 ᠲᠣᠰᠬᠠᠢ ᠬᠡᠪᠯᠡᠯ ᠠᠭᠣᠣ ᠨᠠᠮ᠂ ᠡᠬᠡ ᠣᠷᠣᠨ᠂ ᠠᠷᠠᠳ ᠲᠦᠮᠡᠨ᠂ ᠦᠨᠳᠦᠰᠦᠲᠡᠨ᠎ᠤ ᠪᠦᠯᠬᠦᠮᠲᠡᠯ᠎ᠢ ᠮᠠᠬᠲᠠᠨ ᠲᠠᠭᠣᠯᠠᠵᠦ ᠠᠮᠢᠲᠣᠷᠠᠯ ᠳ᠋ᠦ ᠬᠦᠨᠵᠡᠭᠡᠢᠷᠡᠵᠦ᠂ ᠠᠷᠠᠳ ᠲᠦᠮᠡᠨ ᠶ᠋ᠢᠡᠨ ᠰᠡᠳᠬᠢᠯ ᠳ᠋ᠡᠭᠡᠨ ᠪᠠᠬᠲᠠᠭᠠᠬᠰᠠᠨ ᠵᠠᠯᠠᠭᠣ ᠵᠣᠬᠢᠶᠠᠯᠴᠢᠳ ᠪᠣᠯᠣᠨ ᠮᠠᠯᠴᠢᠨ ᠲᠠᠷᠢᠶᠠᠴᠢᠨ ᠵᠣᠬᠢᠶᠠᠯᠴᠢ᠎ᠶᠢ ᠬᠦᠮᠦᠵᠢᠬᠦᠯᠵᠦ᠂ ᠣᠷᠠᠨ ᠵᠣᠬᠢᠶᠠᠯ᠎ᠤᠨ  ᠦᠷᠨᠢᠯ ᠬᠦᠭᠵᠢᠯ ᠳ᠋ᠦ ᠦᠪᠡᠷ᠎ᠤᠨ ᠭᠡᠬᠦ ᠬᠣᠪᠢ ᠨᠡᠮᠡᠷᠢ ᠪᠠᠨ ᠦᠵᠡᠬᠦᠯᠬᠦ᠎ᠶᠢ ᠬᠢᠴᠢᠶᠡᠨ ᠵᠢᠳᠬᠦᠭᠰᠡᠭᠡᠷ ᠢᠷᠡᠪᠡ᠃ ᠣᠳᠬ᠎ᠠ ᠵᠣᠬᠢᠶᠠᠯ᠎ᠤᠨ ᠦᠩᠲᠦ ᠬᠦᠷᠦᠰᠦᠨ ᠳ᠋ᠦ ᠬᠦᠨ ᠦᠨᠳᠦᠰᠦᠯᠡᠵᠦ᠂ ᠠᠷᠠᠳ ᠲᠦᠮᠡᠨ᠎ᠤ ᠦᠨᠢᠷ ᠪᠠᠶᠠᠯᠢᠬ ᠠᠮᠢᠲᠣᠷᠠᠯ ᠶ᠋ᠢᠡᠷ ᠰᠠᠭᠣᠷᠢ ᠪᠣᠯᠭᠠᠨ᠂ ᠣᠯᠣᠰ ᠦᠨᠳᠦᠰᠦᠲᠡᠨ᠎ᠤ ᠬᠦᠭᠵᠢᠯ ᠪᠠᠲᠠᠷᠠᠯ ᠶ᠋ᠢᠡᠷ ᠲᠦᠰᠢᠭ ᠲᠣᠯᠭᠠᠭᠣᠷᠢ ᠪᠣᠯᠭᠠᠵᠦ᠂ ᠴᠠᠬ ᠦᠶ᠎ᠡ᠎ᠶᠢᠨ ᠭᠡᠷᠡᠯ ᠬᠢᠯᠪᠠᠭ᠎ᠠ ᠪᠡᠷ ᠰᠦᠭ ᠰᠦᠨᠡᠰᠦ ᠪᠣᠯᠭᠠᠬᠰᠠᠨ ᠦᠭᠡᠷᠡᠴᠢᠯᠡᠯᠲᠡ ᠰᠢᠨᠡᠴᠢᠯᠡᠯᠲᠡ᠎ᠶᠢᠨ ᠬᠦᠭ ᠠᠶᠠᠰ᠎ᠢ ᠴᠢᠪᠬᠠᠲᠠᠵᠦ ᠨᠡᠢᠲᠡ 46 ᠬᠣᠭᠣᠴᠠᠭ᠎ᠠ ᠬᠡᠪᠯᠡᠵᠦ᠂ ᠦᠬᠦᠯᠡᠯᠭᠡ ᠨᠠᠢᠷᠠᠭᠣᠯᠣᠯ ᠰᠢᠯᠦᠭ ᠵᠡᠷᠭᠡ ᠣᠯᠠᠨ ᠰᠲ᠋ᠢᠯᠢ᠎ᠶᠢᠨ 13 ᠲᠦᠮᠡ ᠭᠠᠷᠣᠢ ᠦᠰᠦᠭ᠎ᠤᠨ ᠣᠷᠠᠨ ᠪᠦᠲᠦᠭᠡᠯ᠎ᠢ ᠨᠡᠢᠲᠡᠯᠡᠵᠡᠢ᠃ ᠪᠠᠶᠠᠷ᠎ᠤᠨ ᠡᠳᠦᠷ᠂ ᠲᠤᠷᠠᠰᠤᠯᠳᠤ ᠮᠦᠴᠡ᠂ ᠴᠡᠩᠭᠡᠬᠦᠨᠳᠤ ᠴᠠᠭ᠎ᠢ ᠲᠤᠷᠠᠰᠬᠠᠨ ᠲᠡᠮᠳᠡᠭᠯᠡᠵᠦ᠂ ᠤᠷᠠᠨ ᠵᠤᠬᠢᠶᠠᠯᠴᠢᠳ᠎ᠤᠨ ᠠᠪᠢᠶᠠᠰ᠎ᠢ ᠰᠤᠷᠢᠨ ᠦᠬᠦᠯᠡᠯᠭᠡ ᠨᠠᠢᠷᠠᠭᠤᠯᠤᠯ ᠰᠢᠯᠦᠭ ᠤᠷᠢᠨ ᠨᠡᠢᠳᠡᠯᠡᠭᠰᠡᠨ ᠨᠢ 《ᠲᠠᠯ᠎ᠠ ᠵᠢᠨ ᠲᠤᠶᠠᠭ᠎ᠠ》 ᠵᠢᠨ ᠦᠩᠭᠡᠷᠡᠭᠰᠡᠨ ᠤᠨ᠎ᠤ ᠬᠢᠯᠠᠰ ᠴᠡᠭ᠎ᠤᠨ ᠨᠢᠭᠡ᠃

ᠣᠬᠲᠣᠨ ᠢᠷᠡᠬᠦ ᠰᠢᠨ᠎ᠡ ᠤᠨ ᠳ᠋ᠠᠭᠠᠨ 《ᠲᠠᠯ᠎ᠠ᠎ᠶᠢᠨ ᠲᠣᠶᠠᠭ᠎ᠠ》 ᠲᠣᠰᠬᠠᠢ ᠬᠡᠪᠯᠡᠯ ᠦᠷᠬᠦᠯᠵᠢᠯᠡᠨ ᠴᠠᠬ ᠦᠶ᠎ᠡ᠎ᠶᠢᠨ ᠮᠦᠨ ᠴᠢᠨᠠᠷ᠎ᠢ ᠬᠠᠷᠠᠭᠣᠯᠣᠨ᠂ ᠠᠮᠢᠲᠣᠷᠠᠯ᠎ᠤᠨ ᠭᠣᠣᠯ ᠣᠷᠣᠰᠬᠠᠯ᠎ᠢ ᠲᠣᠰᠬᠠᠬᠣ᠎ᠶᠢ ᠪᠠᠷᠢᠮᠲᠠᠯᠠᠵᠦ᠂ ᠣᠳᠬ᠎ᠠ᠎ᠶᠢᠨ ᠣᠨᠲᠣᠷᠣᠭ᠎ᠠ ᠪᠣᠷᠬᠢᠯᠣᠨ ᠣᠬᠠᠭᠠᠨ᠎ᠤ ᠭᠡᠭᠡ ᠰᠠᠴᠣᠷᠠᠬᠰᠠᠨ ᠣᠷᠠᠨ ᠪᠦᠲᠦᠭᠡᠯ ᠶ᠋ᠢᠡᠨ ᠣᠩᠰᠢᠬᠴᠢ ᠲᠦᠮᠡᠨ ᠳ᠋ᠡᠭᠡᠨ ᠲᠡᠭᠡᠵᠢᠯᠡᠨ ᠡᠷᠬᠦᠬᠦ ᠳ᠋ᠦ ᠪᠡᠯᠡᠬᠡᠨ᠃

ᠰᠢᠨ᠎ᠡ ᠤᠨ ᠳ᠋ᠠᠭᠠᠨ ᠣᠷᠠᠨ ᠪᠦᠲᠦᠭᠡᠯ᠎ᠤᠨ ᠦᠨᠳᠦᠷ ᠠᠮᠵᠢᠯᠲᠠ ᠬᠦᠰᠡᠶ᠎ᠡ!


ᠣᠷᠣᠨ ᠵᠠᠢ᠂ ᠤᠨ ᠰᠠᠷ᠎ᠠ᠎ᠶᠢᠨ ᠭᠡᠭᠡᠨ ᠲᠣᠭᠣᠷᠢᠬ ᠲᠦ᠍ ᠰᠢᠯᠦᠭ ᠨᠠᠢᠷᠠᠭᠣᠯᠣᠯ᠂ ᠦᠬᠦᠯᠡᠯᠭᠡ ᠬᠣᠯᠪᠣᠭ᠎ᠠ᠎ᠶᠢᠨ ᠣᠯᠠᠨ ᠦᠩᠭᠡ ᠪᠡᠷ ᠰᠣᠯᠣᠩᠭᠠᠷᠠᠵᠦ᠂ ᠰᠣᠶᠣᠯ ᠵᠠᠩᠰᠢᠯ᠎ᠤᠨ ᠦᠷᠭᠡᠨ ᠬᠠᠷᠠᠭ᠎ᠠ ᠡᠴᠡ᠂ ᠰᠡᠳᠬᠢᠯ ᠵᠢᠷᠦᠬᠡᠨ᠎ᠤ ᠲᠣᠲᠣᠭᠠᠲᠣ ᠣᠶᠠᠩᠭᠠᠯᠠᠯ᠂ ᠬᠦᠨ ᠪᠣᠲᠣᠯ᠎ᠢ ᠦᠭᠡ᠎ᠶᠢᠨ ᠣᠷ᠎ᠠ ᠪᠡᠷ ᠴᠣᠮᠬᠠᠳᠬᠠᠨ ᠵᠠᠩᠬᠢᠳᠴᠦ᠂ ᠲᠡᠦᠬᠡ ᠣᠯᠠᠮᠵᠢᠯᠠᠯ᠎ᠤᠨ ᠬᠦᠨ ᠰᠡᠳᠬᠢᠮᠵᠢ ᠡᠴᠡ ᠣᠳᠬ᠎ᠠ᠎ᠶᠢ ᠢᠯᠡᠷᠬᠡᠢᠯᠡᠨ ᠰᠠᠨᠠᠭ᠎ᠠ᠎ᠶᠢ ᠨᠢᠭᠣᠵᠦ᠂ ᠦᠭᠡ᠎ᠶᠢ ᠡᠷᠢᠬᠡ ᠮᠡᠲᠦ ᠰᠢᠷᠬᠡᠭᠯᠡᠵᠦ᠂ ᠣᠳᠬ᠎ᠠ᠎ᠶᠢ ᠣᠨᠲᠣᠷᠣᠭ᠎ᠠ ᠮᠡᠲᠦ ᠦᠶᠡᠯᠡᠨ᠂ ᠰᠠᠨᠠᠭ᠎ᠠ᠎ᠶᠢ ᠲᠣᠯᠢ ᠮᠡᠲᠦ ᠴᠢᠳᠬᠣᠬᠰᠠᠨ ᠪᠦᠯᠦᠭᠡ᠃

ᠬᠠᠲᠠᠷᠢᠨ ᠣᠳᠬᠣ ᠬᠠᠭᠣᠴᠢᠨ ᠤᠨ ᠡᠷᠬᠢᠨ ᠪᠣᠴᠠᠨ ᠬᠣᠷᠭᠣᠲᠠᠬᠰᠠᠭᠠᠷ ᠬᠦᠲᠦᠯ ᠲᠠᠪᠠᠨ ᠬᠣᠯᠠᠲᠠᠬᠣ᠎ᠶᠢ ᠬᠠᠷᠠᠵᠦ ᠣᠯᠠᠨ ᠵᠦᠢᠯ ᠪᠣᠲᠣᠬᠲᠠᠨ᠎ᠠ᠃ ᠬᠡᠪᠯᠡᠬᠦᠯᠦᠭᠰᠡᠨ ᠰᠣᠨᠢᠨ ᠶ᠋ᠢᠡᠨ ᠣᠷᠪᠠᠭᠣᠯᠣᠯ᠎ᠠ᠃ ᠲᠡᠨᠳᠡ ᠣᠷᠣᠰᠬᠣ ᠣᠰᠣ᠂ ᠰᠢᠪᠡᠷᠡᠬᠦ ᠪᠣᠷᠣᠭᠠᠨ ᠮᠡᠲᠦ ᠰᠢᠯᠦᠭ ᠪᠣᠢ᠂ ᠠᠭᠣᠯᠠ ᠨᠣᠷᠠᠬᠣ᠂ ᠡᠯᠡᠰᠦᠨ ᠰᠢᠭᠣᠷᠭ᠎ᠠ ᠢᠰᠭᠡᠷᠬᠦ ᠮᠡᠲᠦ ᠦᠯᠢᠭᠡᠷ ᠴᠦ᠍ ᠪᠣᠢ᠂ ᠣᠶᠠᠷᠠᠵᠦ ᠲᠣᠬᠲᠣᠯᠣᠬᠰᠠᠨ ᠠᠷᠠᠳ᠎ᠤᠨ ᠲᠠᠭᠣᠣ ᠮᠡᠲᠦ ᠲᠣᠷᠠᠰᠣᠮᠵᠢ ᠴᠦ᠍ ᠪᠣᠢ᠃ 《ᠲᠠᠯ᠎ᠠ᠎ᠶᠢᠨ ᠲᠣᠶᠠᠭ᠎ᠠ》 ᠳ᠋ᠦ ᠪᠢᠳᠡ 《ᠣᠷᠭᠣᠬᠣ ᠨᠠᠷᠠᠨ᠎ᠤ ᠲᠠᠭᠣᠯᠢ》 ᠪᠡᠷ 《ᠬᠠᠩᠬᠣᠯᠵᠦ ᠢᠷᠡᠬᠦ ᠬᠠᠪᠣᠷ᠎ᠤᠨ ᠠᠶᠠᠯᠭᠣ》 ᠴᠢᠪᠬᠠᠲᠠᠵᠦ᠂ 《ᠪᠠᠶᠠᠷᠲᠣ ᠴᠠᠭᠠᠨ ᠰᠠᠷ᠎ᠠ》 ᠳ᠋ᠦ 《ᠬᠦᠵᠡᠭᠡᠨ ᠳ᠋ᠦ ᠬᠣᠷᠢᠶᠠᠬᠰᠠᠨ ᠲᠠᠰᠢᠮᠠᠬ》 ᠪᠣᠯᠣᠨ 《ᠲᠠᠪᠣᠰᠣᠯᠠᠬᠰᠠᠨ ᠨᠣᠭᠣᠭ᠎ᠠ》 ᠶ᠋ᠢ ᠠᠮᠲᠠᠯᠠᠵᠦ᠂ 《ᠮᠦᠩᠬᠦᠨ ᠲᠣᠪᠴᠢ ᠲᠠᠢ ᠲᠡᠷᠯᠢᠭ》 ᠶ᠋ᠢᠡᠷ ᠭᠣᠶᠣᠯᠠᠨ 《ᠰᠠᠢᠬᠠᠨ ᠵᠣᠨ ᠪᠣᠯᠬᠣ ᠨᠢ》 ᠭᠡᠵᠦ ᠰᠡᠳᠬᠢᠯ ᠪᠠᠬᠠᠲᠣᠨ ᠲᠠᠭᠣᠯᠠᠵᠦ᠂ 《ᠴᠡᠴᠡᠭ᠎ᠤᠨ ᠲᠠᠯᠪᠢ ᠡᠴᠡ ᠠᠳᠢᠰ ᠠᠪᠣᠬᠰᠠᠨ ᠠᠶᠠᠯᠠᠯ》 ᠳ᠋ᠦ ᠭᠠᠷᠴᠣ ᠪᠢᠯᠡ᠃ 《ᠨᠠᠮ ᠬᠠᠶᠠᠯᠠᠬᠣ ᠴᠠᠰᠣᠨ᠎ᠤ ᠴᠢᠮᠡᠭᠡ》 ᠴᠢᠩᠨᠠᠨ ᠨᠠᠰᠣᠨ ᠪᠠᠭ᠎ᠠ᠎ᠶᠢᠨ ᠲᠠᠭᠣ ᠲᠠᠢ ᠱᠣᠣ ᠲᠠᠢ 《ᠲᠣᠷᠠᠰᠣᠮᠵᠢ ᠬᠦᠪᠦᠷᠡᠭᠡᠳ ᠯᠡ》᠂ 《ᠬᠦᠯᠦᠭ ᠮᠢᠨᠢ ᠵᠢᠬᠦᠷ ᠮᠢᠨᠢ》 ᠭᠡᠵᠦ ᠲᠦᠷᠦᠭᠡ ᠬᠠᠩᠬᠢᠨᠠᠭᠣᠯᠣᠨ ᠱᠣᠬᠰᠢᠭᠣᠯᠵᠦ᠂ ᠣᠷᠠᠨ ᠵᠣᠬᠢᠶᠠᠯ᠎ᠤᠨ ᠣᠷᠲᠣ᠎ᠶᠢᠨ ᠦᠵᠦᠬᠦᠷ ᠬᠦᠨ᠎ᠤ ᠢᠷᠣᠭᠠᠷ ᠲᠦ᠍ ᠬᠦᠷᠬᠦ ᠪᠡᠷ ᠦᠵᠦᠭ ᠬᠣᠷᠴᠠᠯᠠᠨ ᠪᠢᠯᠢᠭ ᠰᠣᠷᠢᠬᠰᠠᠨ ᠪᠠᠢᠨ᠎ᠠ᠃ ᠦᠩᠭᠡᠷᠡᠭᠰᠡᠨ ᠬᠡᠷᠡᠭ ᠶᠠᠪᠣᠲᠠᠯ᠎ᠤᠨ ᠦᠨ᠎ᠡ ᠴᠡᠨ᠎ᠡ ᠪᠣᠯᠣᠨ ᠦᠨᠳᠦᠰᠦ᠎ᠶᠢ ᠦᠨᠦᠲᠦᠷ᠎ᠤᠨ ᠬᠦᠮᠦᠰ᠎ᠤᠨ ᠵᠢᠷᠦᠬᠡᠨ ᠳ᠋ᠦ ᠣᠷᠭᠣᠭᠣᠯᠵᠦ᠂ ᠭᠡᠷᠡᠯ ᠬᠡᠭᠡ᠎ᠶᠢ ᠦᠨᠦ ᠴᠠᠬ᠎ᠤᠨ ᠰᠢᠨ᠎ᠡ ᠰᠡᠳᠬᠢᠮᠵᠢ ᠲᠠᠢ ᠬᠣᠣᠰᠯᠠᠭᠣᠯᠣᠨ ᠬᠡᠷᠡᠯᠲᠦᠬᠦᠯᠵᠦ᠂ ᠣᠷᠠᠨ ᠵᠣᠬᠢᠶᠠᠯ ᠬᠢᠭᠡᠳ ᠣᠯᠠᠮᠵᠢᠯᠠᠯ ᠵᠠᠯᠭᠠᠮᠵᠢᠯᠠᠯ᠎ᠤᠨ ᠬᠦᠨ ᠣᠳᠬ᠎ᠠ ᠦᠨᠳᠦᠰᠦᠨ ᠶᠣᠰᠣ᠎ᠶᠢ ᠲᠣᠰᠬᠠᠬᠣ ᠪᠣᠯ 《ᠲᠠᠯ᠎ᠠ᠎ᠶᠢᠨ ᠲᠣᠶᠠᠭ᠎ᠠ》 ᠶ᠋ᠢᠨ ᠪᠠᠷᠢᠮᠲᠠᠯᠠᠯ ᠪᠣᠯᠬᠣ ᠶᠣᠮ᠃


QQ截图20250224163936.png


ᠣᠯᠠᠷᠢᠯ ᠪᠣᠯᠭᠠᠨ ᠮᠦᠷᠦᠭᠡᠲᠦᠯ ᠲᠠᠭᠠᠭᠣᠯᠵᠦ ᠢᠷᠡᠲᠡᠭ ᠪᠣᠯ ᠣᠷᠠᠨ ᠵᠣᠬᠢᠶᠠᠯ᠎ᠤᠨ 《ᠲᠠᠯ᠎ᠠ ᠶ᠋ᠢᠡ ᠲᠣᠶᠠᠭ᠎ᠠ》 ᠭᠠᠷᠠᠬ ᠪᠣᠯᠭᠠᠨ ᠭᠡᠭᠡ ᠲᠠᠲᠠᠭᠣᠯᠵᠦ ᠮᠡᠨᠲᠦᠯᠡᠲᠡᠭ᠃

《ᠲᠣᠶᠠᠭ᠎ᠠ》 ᠮᠡᠨᠲᠣᠬᠣ ᠪᠡᠷ ᠬᠣᠯᠠ ᠣᠢᠷ᠎ᠠ᠎ᠶᠢᠨ ᠪᠡᠷ᠎ᠡ ᠲᠣᠲᠣ ᠪᠣᠯᠵᠦ᠂ ᠬᠠᠪᠣᠷ᠎ᠤᠨ ᠨᠠᠷᠠᠨ᠎ᠤ ᠲᠣᠣᠷ᠎ᠠ ᠬᠠᠭᠣᠴᠢᠨ ᠪᠣᠷᠣᠬ ᠡᠪᠡᠰᠦᠨ᠎ᠤ ᠲᠣᠮᠲᠠ ᠡᠴᠡ ᠴᠣᠬᠣᠢᠬᠣ ᠰᠢᠨ᠎ᠡ ᠨᠣᠭᠣᠭ᠎ᠠ᠎ᠶᠢ ᠬᠠᠷᠠᠬᠣ ᠳ᠋ᠦ ᠯᠠ ᠠᠮᠢᠲᠣ ᠶᠠᠪᠣᠬᠣ᠎ᠶᠢᠨ ᠰᠠᠢᠬᠠᠨ᠎ᠢ ᠮᠡᠳᠡᠷᠡᠳᠡᠭ ᠰᠠᠨ᠃ ᠵᠣᠨ᠎ᠤ ᠲᠣᠩᠭᠠᠯᠠᠬ ᠦᠷᠯᠦᠭᠡ᠂ ᠦᠨᠳᠦᠷ ᠲᠦ᠍ ᠵᠣᠬᠰᠣᠵᠦ ᠬᠣᠯᠠ᠎ᠶᠢ ᠪᠠᠷᠠᠯᠠᠨ ᠬᠠᠮᠢᠭ᠎ᠠ ᠨᠢᠭᠡᠨ ᠵᠦᠭ ᠡᠴᠡ ᠲᠡᠷᠪᠡᠬᠦᠯᠦᠨ ᠣᠢᠷᠠᠳᠬᠣ ᠮᠣᠷᠢᠲᠠᠢ ᠬᠦᠮᠦᠨ᠎ᠤ ᠪᠡᠷ᠎ᠡ ᠬᠠᠷᠠᠵᠦ ᠲᠣᠲᠣᠨᠣ᠎ᠶᠢᠨ ᠬᠦᠮᠦᠰ ᠶ᠋ᠢᠡᠨ ᠨᠢᠭᠡ ᠨᠢᠭᠡ ᠪᠡᠷ ᠡᠷᠬᠢᠴᠡᠬᠦᠯᠦᠨ ᠲᠣᠷᠠᠰᠴᠣ᠂ ᠬᠡᠨ ᠨᠢᠭᠡᠨ ᠨᠢ ᠪᠠᠢᠭᠠᠰᠠᠢ ᠭᠡᠰᠡᠨ ᠮᠦᠷᠦᠭᠡᠲᠦᠯ ᠬᠦᠪᠦᠷᠡᠵᠦ ᠪᠠᠢᠬᠰᠠᠨ᠃ ᠬᠣᠩᠭᠣᠷ ᠨᠠᠮᠣᠷ᠎ᠤᠨ ᠲᠠᠰᠢᠬᠣ ᠨᠠᠷᠠᠨ᠎ᠤ 《ᠲᠣᠶᠠᠭ᠎ᠠ》 ᠪᠡᠷ ᠬᠣᠷᠭᠣᠯᠵᠠᠨ ᠡᠪᠬᠡᠷᠡᠯᠲᠦᠬᠦ ᠡᠬᠦᠯᠡᠰ᠎ᠢ ᠬᠠᠷᠠᠬᠰᠠᠭᠠᠷ᠂ ᠦᠩᠭᠡᠷᠡᠭᠰᠡᠨ᠎ᠤ ᠲᠣᠷᠠᠳᠬᠠᠯᠲᠣ ᠮᠦᠴᠡ ᠨᠣᠬᠦᠳ ᠶ᠋ᠢᠡᠨ ᠪᠣᠲᠣᠨ ᠶᠠᠭᠣ ᠨᠢᠭᠡᠨ᠎ᠤ ᠲᠦᠯᠦᠭᠡ ᠰᠡᠳᠬᠢᠯ ᠡᠩᠰᠡᠷᠡᠨ ᠣᠶᠠᠷᠠᠨ ᠬᠠᠢᠯᠵᠦ ᠪᠠᠢᠯ᠎ᠠ᠃ ᠬᠦᠢᠲᠡᠨ ᠡᠪᠦᠯ᠎ᠤᠨ ᠦᠷ ᠶ᠋ᠢᠡᠷ ᠪᠠᠰᠠ ᠢᠲᠡᠰᠢ ᠡᠷᠢᠵᠦ ᠬᠦᠭᠵᠢᠯᠲᠦᠬᠦ ᠪᠣᠯᠵᠣᠮᠣᠷ᠎ᠤᠨ ᠰᠦᠷᠦᠭ᠎ᠢ ᠦᠷᠬᠦᠭᠡᠵᠦ᠂ ᠵᠢᠷᠬᠢᠬᠦ ᠲᠠᠭᠣᠨ᠂ ᠡᠷᠬᠢᠬᠦ ᠪᠡᠷ᠎ᠡ ᠪᠡᠷ ᠨᠢ ᠦᠶ᠎ᠡ᠎ᠶᠢᠨ ᠣᠯᠠᠨ ᠶ᠋ᠢᠡᠨ ᠰᠠᠨᠠᠨ ᠲᠦᠩᠬᠢᠨᠡᠲᠡᠯ᠎ᠡ ᠬᠠᠰᠬᠢᠷᠴᠦ ᠪᠠᠢᠬᠰᠠᠨ ᠶᠣᠮ᠃ ᠲᠦᠷᠪᠡᠨ ᠣᠯᠠᠷᠢᠯ᠎ᠤᠨ 《ᠲᠠᠯ᠎ᠠ᠎ᠶᠢᠨ ᠲᠣᠶᠠᠭ᠎ᠠ》 ᠶ᠋ᠢᠨ 46 ᠬᠣᠭᠣᠴᠠᠭ᠎ᠠ᠎ᠶᠢ ᠲᠡᠯᠭᠡᠵᠦ ᠦᠬᠦᠯᠡᠬᠦ ᠶᠣᠮ ᠪᠣᠯ ᠦᠭᠡ ᠣᠯᠠᠲᠠᠵᠦ ᠬᠠᠭᠣᠲᠠᠰᠣ ᠪᠠᠭᠠᠲᠠᠬᠣ ᠲᠣᠯᠠ ᠣᠬᠠᠭᠠᠯᠠᠵᠦ ᠰᠡᠲᠦᠭᠰᠡᠨ ᠪᠠᠶᠠᠷ ᠲᠣᠷᠠᠰᠬᠠᠯ᠎ᠤᠨ ᠣᠨᠴᠠ ᠬᠡᠪᠯᠡᠯ ᠶ᠋ᠢᠡᠷ ᠦᠯᠢᠭᠡᠷᠯᠡᠨ ᠵᠢᠱᠶ᠋ᠶᠡᠯᠡᠵᠦ ᠦᠬᠦᠯᠡᠰᠦᠭᠡᠢ᠃

2025 ᠤᠨ ᠳ᠋ᠦ 《ᠲᠠᠯ᠎ᠠ᠎ᠶᠢᠨ ᠲᠣᠶᠠᠭ᠎ᠠ》 ᠲᠣᠰᠬᠠᠢ ᠬᠡᠪᠯᠡᠯ 《ᠰᠢᠨ᠎ᠡ ᠤᠨ᠎ᠤ ᠣᠨᠴᠠ ᠬᠡᠪᠯᠡᠯ》᠂ 《ᠴᠠᠭᠠᠨ ᠰᠠᠷ᠎ᠠ᠎ᠶᠢᠨ ᠣᠨᠴᠠ ᠬᠡᠪᠯᠡᠯ》᠂ 《ᠬᠦᠲᠡᠯᠮᠦᠷᠢᠴᠢᠳ᠎ᠤᠨ ᠪᠠᠶᠠᠷ᠎ᠤᠨ ᠣᠨᠴᠠ ᠬᠡᠪᠯᠡᠯ》᠂ 《ᠡᠭᠡᠴᠦᠦᠯ᠎ᠤᠨ ᠪᠠᠶᠠᠷ᠎ᠤᠨ ᠣᠨᠴᠠ ᠬᠡᠪᠯᠡᠯ》᠂ 《ᠠᠪᠣ᠎ᠶᠢᠨ ᠪᠠᠶᠠᠷ᠎ᠤᠨ ᠣᠨᠴᠠ ᠬᠡᠪᠯᠡᠯ》᠂ 《ᠪᠠᠬᠰᠢ᠎ᠶᠢᠨ ᠪᠠᠶᠠᠷ᠎ᠤᠨ ᠣᠨᠴᠠ ᠬᠡᠪᠯᠡᠯ》᠂ 《ᠣᠯᠣᠰ᠎ᠤᠨ ᠪᠠᠶᠠᠷ᠎ᠤᠨ ᠣᠨᠴᠠ ᠬᠡᠪᠯᠡᠯ》 ᠵᠡᠷᠭᠡ ᠣᠨᠴᠠ ᠬᠡᠪᠯᠡᠯ ᠭᠠᠷᠭᠠᠵᠦ᠂ ᠰᠢᠨ᠎ᠡ ᠵᠢᠯ ᠴᠠᠭᠠᠨ ᠰᠠᠷ᠎ᠠ᠂ 《3.8》 ᠶ᠋ᠢᠨ ᠲᠡᠯᠡᠬᠡᠢ᠎ᠶᠢᠨ ᠡᠮᠡᠭᠲᠡᠢᠴᠦᠳ᠎ᠤᠨ ᠪᠠᠶᠠᠷ᠂ 《6.1》 ᠤ᠋ ᠬᠡᠦᠬᠡᠳ᠎ᠤᠨ ᠪᠠᠶᠠᠷ ᠪᠣᠯᠣᠨ 《10.1》 ᠤ᠋ ᠣᠯᠣᠰ᠎ᠤᠨ ᠪᠠᠶᠠᠷ ᠲᠦ᠍ ᠵᠣᠷᠢᠭᠣᠯᠣᠨ ᠰᠢᠨ᠎ᠡ ᠵᠠᠭᠣᠴᠢᠯᠠᠭᠣᠷ᠎ᠤᠨ ᠦᠢᠯᠡᠳᠬᠦᠨ ᠦᠢᠯᠡᠳᠴᠦ᠂ ᠣᠷᠠᠨ ᠪᠦᠲᠦᠭᠡᠯ ᠶ᠋ᠢᠡᠷ ᠦᠪᠡᠲᠡᠭᠰᠢ ᠪᠠᠶᠠᠷ ᠶ᠋ᠢᠡᠨ ᠲᠣᠷᠠᠰᠬᠠᠨ ᠲᠡᠮᠲᠡᠭᠯᠡᠭᠰᠡᠨ ᠪᠢᠯᠡ᠃

ᠰᠠᠪᠠ ᠶᠢᠷᠲᠢᠨᠴᠦ ᠳ᠋ᠦ ᠬᠦᠮᠦᠨ ᠴᠠᠬ ᠦᠶ᠎ᠡ᠂ ᠨᠡᠢᠭᠡᠮ ᠡᠴᠡ ᠠᠩᠬᠢᠲᠠ ᠲᠣᠷ᠎ᠠ ᠪᠡᠷ ᠠᠮᠢᠲᠣᠷᠠᠵᠦ ᠴᠢᠲᠠᠲᠠᠬ ᠦᠭᠡᠢ᠂ ᠴᠠᠬ ᠣᠷᠣᠨ ᠵᠠᠢ᠎ᠶᠢᠨ ᠣᠴᠢᠷ ᠰᠢᠯᠲᠠᠭᠠᠨ ᠶ᠋ᠢᠡᠷ ᠦᠰᠴᠦ ᠬᠦᠭᠵᠢᠲᠡᠭ᠃ ᠬᠦᠮᠦᠨ ᠠᠷᠠᠳ᠎ᠤᠨ ᠶ᠋ᠢᠡᠨ ᠵᠢᠷᠦᠭᠡ ᠰᠡᠳᠬᠢᠯ᠎ᠢ ᠮᠡᠳᠡᠷᠡᠵᠦ᠂ ᠨᠡᠢᠭᠡᠮ ᠨᠡᠢᠲᠡ᠎ᠶᠢᠨ ᠶ᠋ᠢᠡᠨ ᠠᠮᠢᠲᠣᠷᠠᠯ ᠠᠬᠣᠢ᠎ᠶᠢ ᠬᠠᠯᠠᠮᠵᠢᠯᠠᠵᠦ ᠭᠡᠷᠡᠯ ᠭᠡᠭᠡ ᠲᠠᠢ ᠠᠮᠢᠲᠣᠷᠠᠵᠦ ᠶᠠᠪᠣᠬᠣ᠎ᠶᠢ ᠬᠦᠰᠡᠬᠦ ᠪᠣᠯ ᠣᠷᠠᠨ ᠪᠦᠲᠦᠭᠡᠯᠴᠢᠳ ᠪᠦᠬᠦᠨ᠎ᠤ ᠡᠷᠢᠯ ᠬᠦᠭᠡᠭᠡᠴᠡᠯᠲᠦᠯ ᠪᠢᠯᠡ᠃ 1 ᠰᠠᠷ᠎ᠠ᠎ᠶᠢᠨ 1 ᠤ᠋ ᠡᠳᠦᠷ᠎ᠤᠨ 《ᠲᠠᠯ᠎ᠠ᠎ᠶᠢᠨ ᠲᠣᠶᠠᠭ᠎ᠠ》 ᠲᠣᠰᠬᠠᠢ ᠬᠡᠪᠯᠡᠯ ᠳ᠋ᠡᠭᠡᠨ ᠢᠷᠠᠭᠣ ᠨᠠᠢᠷᠠᠬᠴᠢ ᠨᠠ᠊ ·ᠦᠯᠵᠡᠢᠲᠡᠯᠭᠡᠷ᠎ᠤᠨ 《ᠣᠷᠭᠣᠬᠣ ᠨᠠᠷᠠᠨ᠎ᠤ ᠲᠠᠭᠣᠯᠢ》᠂ ᠣ·ᠷᠢᠨᠴᠢᠨᠸᠠᠩᠵᠢᠯ᠎ᠤᠨ 《ᠰᠢᠨ᠎ᠡ ᠤᠨ᠎ᠤ ᠢᠯᠠ ᠺᠠᠷᠲ》 ᠪᠠ ᠰ ·ᠪᠦᠬᠡᠴᠢᠯᠠᠭᠣ᠎ᠶᠢᠨ 《ᠦᠭᠡᠲᠡ ᠬᠡᠢᠮᠦᠷᠢ ᠲᠠᠢ 2025 ᠤᠨ ᠮᠢᠨᠢ》 ᠭᠡᠬᠦ ᠭᠣᠷᠪᠠᠨ ᠵᠣᠬᠢᠶᠠᠯ ᠶ᠋ᠢᠡᠷ ᠰᠢᠨ᠎ᠡ ᠤᠨ᠎ᠤ ᠰᠢᠵᠢᠷ ᠲᠣᠶᠠᠭ᠎ᠠ ᠪᠠᠨ ᠰᠢᠯᠦᠭ ᠨᠠᠢᠷᠠᠭᠣᠯᠣᠯ ᠶ᠋ᠢᠡᠷ ᠮᠢᠯᠢᠶᠠᠵᠦ᠂ 《ᠰᠢᠨ᠎ᠡ ᠤᠨ᠎ᠤ ᠴᠡᠩᠭᠡᠭ ᠠᠭᠠᠷ᠎ᠢ ᠠᠮᠢᠰᠬᠣᠵᠦ ᠬᠠᠨᠣᠰᠢ ᠦᠭᠡᠢ᠂ ᠰᠢᠨ᠎ᠡ ᠤᠨ᠎ᠤ ᠭᠠᠯᠪᠢᠷ ᠲᠦᠷᠬᠦ᠎ᠶᠢ ᠵᠢᠷᠣᠬᠯᠠᠭᠠᠳ ᠪᠠᠷᠠᠰᠢ ᠦᠭᠡᠢ᠂ ᠰᠢᠨ᠎ᠡ ᠤᠨ᠎ᠤ ᠪᠢᠯᠬᠠᠮ᠎ᠠ ᠰᠡᠳᠬᠢᠯᠭᠡ᠎ᠶᠢ ᠰᠢᠯᠦᠭᠯᠡᠭᠡᠳ ᠲᠠᠭᠣᠰᠣᠰᠢ ᠦᠭᠡᠢ》 ᠪᠠᠬᠠᠲᠣᠵᠦ᠂ ᠦᠶᠦᠭ ᠲᠠᠩᠰᠣᠬ ᠠᠮᠢᠲᠣᠷᠠᠯ᠂ ᠦᠭᠡᠲᠡ ᠬᠡᠢᠮᠦᠷᠢ ᠲᠠᠢ ᠰᠢᠨ᠎ᠡ ᠤᠨ ᠶ᠋ᠢᠡᠨ ᠣᠬᠲᠣᠨ ᠪᠡᠯᠭᠡᠯᠡᠪᠡ᠃

ᠪᠡᠭᠡᠵᠢᠩ᠎ᠤᠨ ᠴᠠᠬ ᠶ᠋ᠢᠡᠷ  2024  ᠤᠨ᠎ᠤ 12 ᠰᠠᠷ᠎ᠠ᠎ᠶᠢᠨ 4 ᠤ᠋ ᠡᠳᠦᠷ᠂ ᠮᠠᠨ᠎ᠤ ᠣᠯᠣᠰ᠎ᠤᠨ ᠮᠡᠳᠡᠬᠦᠯᠦᠭᠰᠡᠨ 《ᠴᠠᠭᠠᠨ ᠰᠠᠷ᠎ᠠ — ᠲᠣᠮᠲᠠᠲᠣᠴᠣᠳ᠎ᠤᠨ ᠣᠯᠠᠮᠵᠢᠯᠠᠯᠲᠣ ᠰᠢᠨ᠎ᠡ ᠵᠢᠯ ᠶ᠋ᠢᠡᠨ ᠪᠡᠯᠭᠡᠯᠡᠬᠦ ᠨᠡᠢᠭᠡᠮ᠎ᠤᠨ ᠦᠢᠯᠡᠳᠦᠯᠭᠡ》 ᠨᠢ ᠫᠠᠷᠠᠭᠣᠸᠠᠢ᠎ᠶᠢᠨ ᠠᠰᠦᠢ᠍ᠨ ᠳ᠋ᠦ ᠶᠠᠪᠣᠬᠲᠠᠬᠰᠠᠨ ᠣᠯᠠᠨ ᠣᠯᠣᠰ᠎ᠤᠨ ᠬᠣᠯᠪᠣᠭᠠᠲᠣ ᠪᠠᠢᠭᠣᠯᠭ᠎ᠠ᠎ᠶᠢᠨ ᠪᠣᠲᠠᠰ᠎ᠤᠨ ᠪᠣᠰᠣ ᠰᠣᠶᠣᠯ᠎ᠤᠨ ᠦᠪ᠎ᠢ ᠬᠠᠮᠠᠭᠠᠯᠠᠬᠣ ᠵᠠᠰᠠᠬ᠎ᠤᠨ ᠣᠷᠲᠣᠨ᠎ᠤ ᠬᠣᠭᠣᠷᠣᠨᠲᠣᠬᠢ ᠵᠦᠪᠯᠡᠯ᠎ᠤᠨ 19 ᠳ᠋ᠣᠭᠡᠷ ᠬᠣᠭᠣᠴᠠᠭᠠᠨ᠎ᠤ ᠪᠠᠢᠩᠭᠣ᠎ᠶᠢᠨ ᠬᠣᠷᠠᠯ ᠶ᠋ᠢᠡᠷ 《ᠬᠦᠮᠦᠨ ᠲᠦᠷᠦᠯᠬᠢᠲᠡᠨ᠎ᠤ ᠪᠣᠲᠠᠰ᠎ᠤᠨ ᠪᠣᠰᠣ ᠰᠣᠶᠣᠯ᠎ᠤᠨ ᠦᠪ᠎ᠤᠨ ᠲᠦᠯᠦᠭᠡᠯᠡᠭᠴᠢ ᠪᠦᠲᠦᠭᠡᠯ᠎ᠤᠨ ᠨᠡᠷᠡᠰ᠎ᠤᠨ ᠵᠢᠬᠰᠠᠭᠠᠯᠲᠠ》 ᠳ᠋ᠦ ᠣᠷᠣᠵᠠᠢ᠃ ᠶᠠᠭᠣᠲᠠᠢ ᠪᠠᠶᠠᠷ᠂ ᠶᠠᠭᠣᠲᠠᠢ ᠣᠮᠣᠬᠰᠢᠯ⁈ ᠡᠨᠡ᠎ᠬᠦ  ᠪᠠᠶᠠᠷ᠎ᠢ ᠣᠬᠲᠣᠨ ᠪᠡᠯᠭᠡᠯᠡᠵᠦ᠂ 《ᠲᠠᠯ᠎ᠠ᠎ᠶᠢᠨ ᠲᠣᠶᠠᠭ᠎ᠠ》 ᠣᠷᠠᠨ ᠪᠦᠲᠦᠭᠡᠯ ᠶ᠋ᠢᠡᠷ ᠶ᠋ᠢᠡᠨ ᠲᠡᠮᠳᠡᠭᠯᠡᠭᠰᠡᠨ᠃ 1 ᠰᠠᠷ᠎ᠠ᠎ᠶᠢᠨ 29 ᠤ᠋ ᠡᠳᠦᠷ᠂ ᠦᠪᠦᠷ ᠮᠣᠩᠭᠣᠯ᠎ᠤᠨ ᠵᠣᠬᠢᠶᠠᠯᠴᠢᠳ᠎ᠤᠨ ᠡᠪᠯᠡᠯ᠎ᠤᠨ ᠲᠡᠳ᠋ ᠲᠡᠷᠢᠬᠦᠯᠡᠭᠴᠢ ᠲᠠᠭᠣᠲᠠᠭᠠᠴᠢ ᠡᠩᠬᠡᠬᠠᠲᠠ ᠡᠴᠡ ᠡᠬᠡ ᠪᠢᠴᠢᠭ ᠣᠷᠢᠵᠦ᠂ 《ᠴᠠᠭᠠᠨ ᠰᠠᠷ᠎ᠠ᠎ᠶᠢᠨ〈ᠴᠠᠭᠠᠨ〉 ᠬᠡᠮᠡᠭᠴᠢ》 ᠵᠤᠬᠢᠶᠠᠯ ᠨᠡᠢᠳᠡᠯᠡᠪᠡ᠃ ᠵᠣᠬᠢᠶᠠᠯ ᠳ᠋ᠦ ᠲᠡᠦᠬᠡ᠎ᠶᠢᠨ ᠣᠯᠪᠠᠭ᠎ᠠ ᠪᠣᠯᠣᠨ ᠵᠠᠩ ᠦᠢᠯᠡ᠎ᠶᠢᠨ ᠶᠣᠰᠣᠨ ᠡᠴᠡ ᠲᠣᠮᠲᠠᠲᠣ᠎ᠶᠢᠨ ᠣᠯᠠᠮᠵᠢᠯᠠᠯᠲᠣ ᠴᠠᠭᠠᠨ ᠰᠠᠷ᠎ᠠ᠎ᠶᠢᠨ ᠲᠣᠬᠠᠢ ᠲᠣᠲᠣᠷᠬᠠᠢᠯᠠᠨ ᠦᠬᠦᠯᠡᠵᠦ᠂ ᠡᠪᠦᠭᠡ ᠲᠡᠭᠡᠲᠦᠰ ᠡᠴᠡ ᠣᠯᠠᠮᠵᠢᠯᠠᠵᠦ ᠢᠷᠡᠭᠰᠡᠨ ᠴᠠᠭᠠᠨ ᠰᠠᠷ᠎ᠠ ᠪᠠᠨ ᠡᠳᠦᠭᠡ ᠨᠡᠩ ᠲᠡᠬᠦᠯᠲᠡᠷ᠂ ᠪᠦᠷᠢᠨ ᠠᠭᠣᠯᠭ᠎ᠠ ᠪᠡᠷ ᠨᠢ ᠦᠩᠭᠡᠷᠡᠬᠦᠯᠬᠦ ᠶᠠᠪᠣᠲᠠᠯ ᠪᠣᠯ ᠲᠣᠮᠲᠠᠲᠣ᠎ᠶᠢᠨ ᠦᠨᠳᠦᠰᠦᠲᠡᠨ᠎ᠤ ᠪᠣᠲᠠᠰ᠎ᠤᠨ ᠪᠣᠰᠣ ᠰᠣᠶᠣᠯ᠎ᠤᠨ ᠦᠪ᠎ᠢ ᠲᠡᠯᠡᠬᠡᠢ᠎ᠶᠢᠨ ᠬᠠᠷᠠᠭᠠᠨ ᠳ᠋ᠦ ᠲᠡᠯᠭᠡᠨ ᠦᠵᠡᠬᠦᠯᠵᠦ ᠪᠠᠢᠭ᠎ᠠ᠎ᠶᠢ ᠦᠨᠡᠯᠡᠵᠦ᠂ 《ᠴᠠᠭᠠᠨ ᠰᠠᠷ᠎ᠠ᠎ᠶᠢᠨ 〈ᠴᠠᠭᠠᠨ〉 ᠢ᠋ ᠡᠷᠬᠢᠮᠯᠡᠬᠦ ᠭᠡᠭᠴᠢ ᠴᠠᠬᠯᠠᠰᠢ ᠦᠭᠡᠢ ᠴᠠᠢᠯᠭᠠᠨ ᠰᠡᠳᠬᠢᠯ ᠲᠠᠢ ᠮᠣᠩᠭᠣᠯᠴᠣᠳ᠎ᠤᠨ ᠬᠦᠮᠦᠨ ᠲᠦᠷᠦᠯᠬᠢᠲᠡᠨ᠎ᠤ ᠰᠣᠶᠣᠯ᠎ᠤᠨ ᠮᠠᠷᠭᠠᠰᠢ ᠳ᠋ᠦ ᠡᠷᠬᠦᠭᠰᠡᠨ ᠰᠠᠴᠣᠯᠢ》 ᠭᠡᠵᠡᠢ᠃


QQ截图20251222112616.png


《ᠲᠠᠯ᠎ᠠ᠎ᠶᠢᠨ ᠲᠣᠶᠠᠭ᠎ᠠ》 ᠎ᠶ᠋ᠢᠨ ᠣᠷᠠᠨ ᠪᠦᠲᠦᠭᠡᠯ ᠳ᠋ᠦ ᠵᠠᠯᠠᠭᠣ ᠨᠠᠰᠣ᠂ ᠵᠣᠷᠢᠬ ᠬᠦᠰᠡᠯ᠂ ᠰᠣᠷᠭᠠᠭᠣᠯᠢ ᠰᠣᠶᠣᠯ᠂ ᠲᠡᠦᠬᠡ ᠵᠠᠩᠰᠢᠯ᠂ ᠠᠮᠢᠲᠣᠷᠠᠯ ᠠᠬᠣᠢ᠂ ᠪᠠᠶᠠᠷ ᠭᠣᠨᠢᠬ ᠁ ᠵᠡᠷᠭᠡ ᠣᠯᠠᠨ ᠬᠦᠷᠢᠶ᠎ᠡ ᠴᠠᠷᠠᠭ᠎ᠠ ᠲᠣᠰᠬᠠᠬᠲᠠᠬᠣ ᠪᠣᠯᠪᠠᠴᠣ ᠬᠠᠢᠷ᠎ᠠ ᠲᠣᠷᠠᠯᠠᠯ᠂ ᠨᠣᠲᠣᠬ ᠣᠰᠣ᠂ ᠪᠠᠢᠭᠠᠯᠢ᠎ᠶᠢᠨ ᠰᠡᠳᠦᠪᠲᠦ ᠪᠦᠲᠦᠭᠡᠯ ᠵᠣᠩᠬᠢᠯᠠᠬᠣ ᠲᠣᠭ᠎ᠠ᠎ᠶᠢ ᠡᠵᠡᠯᠡᠳᠡᠭ᠃

《ᠠᠴᠢᠯᠠᠬᠣ᠎ᠶᠢᠨ ᠲᠡᠭᠡᠲᠦ ᠪᠡᠷ ᠠᠴᠢᠯᠠᠭᠣᠰᠢᠲᠠᠢ ᠨᠢ ᠠᠪᠣ ᠡᠵᠢ ᠡᠬᠡ ᠣᠷᠣᠨ ᠭᠣᠷᠪᠠ》 ᠭᠡᠲᠡᠭ᠃ ᠶᠡᠷᠦ ᠨᠢ ᠡᠵᠢ ᠳ᠋ᠡᠭᠡᠨ ᠬᠠᠢᠷ᠎ᠠ ᠦᠭᠡᠢ ᠬᠦᠮᠦᠨ ᠦᠨᠳᠦᠰᠦᠲᠡᠨ ᠳ᠋ᠡᠭᠡᠨ ᠬᠠᠢᠷ᠎ᠠ ᠦᠭᠡᠢ᠂ ᠦᠨᠳᠦᠰᠦᠲᠡᠨ ᠳ᠋ᠡᠭᠡᠨ ᠬᠠᠢᠷ᠎ᠠ ᠦᠭᠡᠢ ᠬᠦᠮᠦᠨ ᠡᠬᠡ ᠣᠷᠣᠨ ᠳ᠋ᠠᠭᠠᠨ ᠬᠠᠢᠷ᠎ᠠ ᠦᠭᠡᠢ᠃ 5 ᠰᠠᠷ᠎ᠠ᠎ᠶᠢᠨ 14 ᠤ᠋ ᠡᠳᠦᠷ᠎ᠤᠨ ᠡᠭᠡᠴᠦᠦᠯ᠎ᠤᠨ ᠪᠠᠶᠠᠷ ᠲᠦ᠍ ᠵᠣᠷᠢᠭᠣᠯᠣᠬᠰᠠᠨ ᠣᠨᠴᠠ ᠬᠡᠪᠯᠡᠯ ᠳ᠋ᠦ 《ᠡᠵᠢ ᠮᠣᠲᠣᠨ᠎ᠤ ᠰᠠᠯᠠᠭᠠᠨ ᠲᠡᠭᠡᠷ᠎ᠡ ᠬᠠᠢᠷ᠎ᠠ᠎ᠶᠢᠨ ᠦᠷ᠎ᠡ ᠵᠢᠮᠢᠰ ᠨᠡᠷᠡᠨ ᠳ᠋ᠦ ᠡᠷᠬᠡᠯᠡᠵᠦ᠂ ᠰᠠᠷᠠᠨ ᠳ᠋ᠦ ᠲᠣᠨᠢᠷᠬᠠᠨ ᠬᠡᠵᠢᠶ᠎ᠡ ᠮᠦᠩᠬᠡᠲᠡ ᠣᠷᠭᠣᠨᠠᠮ ᠁ ᠲᠡᠯᠡᠬᠡᠢ ᠡᠵᠢ ᠠᠮᠣᠭᠣᠯᠠᠩ ᠪᠣᠯ ᠠᠮᠢᠲᠣᠷᠠᠯ᠎ᠤᠨ ᠮᠣᠲᠣ ᠪᠣᠯᠭᠠᠨ ᠴᠡᠴᠡᠭᠯᠡᠨ᠎ᠡ᠃ ᠡᠵᠢ ᠭᠡᠲᠡᠭ ᠦᠭᠡᠨ ᠡᠴᠡ ᠡᠨᠡᠷᠢᠯ ᠬᠠᠢᠷ᠎ᠠ ᠡᠩᠬᠡ ᠠᠮᠣᠭᠣᠯᠠᠩ᠎ᠤᠨ ᠬᠦᠨ ᠣᠳᠬ᠎ᠠ ᠭᠡᠷᠡᠯᠲᠦᠨ᠎ᠡ》 ᠭᠡᠰᠡᠨ ᠪᠣᠶᠠᠨᠪᠠᠲᠣ᠎ᠶᠢᠨ 《ᠡᠵᠢ ᠲᠠᠢ ᠬᠣᠷᠸ᠎ᠠ ᠠᠮᠣᠭᠣᠯᠠᠩ》 ᠨᠠᠢᠷᠠᠭᠣᠯᠣᠯ ᠵᠢᠴᠢ 《ᠡᠵᠢ ᠪᠠᠨ ᠰᠠᠨᠠᠵᠦ ᠣᠶᠠᠷᠠᠯ᠎ᠠ》᠂ 《ᠮᠦᠷᠦᠭᠡᠲᠦᠯ ᠳ᠋ᠦ ᠮᠦᠩᠬᠡᠷᠡᠭᠰᠡᠨ ᠡᠵᠢ ᠮᠢᠨᠢ》 ᠵᠡᠷᠭᠡ ᠰᠢᠯᠦᠭ᠎ᠢ ᠪᠠᠬᠲᠠᠭᠠᠬᠰᠠᠨ 8 ᠵᠣᠬᠢᠶᠠᠯ᠎ᠢ ᠨᠡᠢᠲᠡᠯᠡᠵᠦ ᠪᠢᠯᠡ᠃ ᠡᠷᠳᠡᠨ ᠡᠴᠡ ᠢᠨᠠᠬᠰᠢ ᠡᠳᠦᠭᠡ ᠪᠣᠯᠲᠠᠯ᠎ᠠ ᠡᠵᠢ᠎ᠶᠢᠨ ᠲᠣᠬᠠᠢ ᠣᠷᠠᠨ ᠪᠦᠲᠦᠭᠡᠯ ᠪᠠᠢᠬᠣ ᠯᠡ᠃ ᠭᠡᠪᠡᠴᠦ ᠣᠷᠠᠨ ᠪᠦᠲᠦᠭᠡᠯᠴᠢ ᠪᠣᠯᠭᠠᠨ᠎ᠤ ᠡᠵᠢ ᠪᠠᠨ ᠰᠠᠨᠠᠬᠣ ᠬᠡᠯᠪᠡᠷᠢ ᠨᠢ ᠣᠨᠲᠣᠣ᠂ ᠰᠠᠨᠠᠵᠦ ᠣᠯᠬᠣ ᠰᠡᠳᠦᠪ᠂ ᠰᠦᠪᠡᠭᠴᠢ᠂ ᠦᠩᠭᠡᠷᠡᠯᠲᠡ ᠨᠢ ᠣᠨᠲᠣᠣ ᠪᠠᠢᠵᠦ᠂ ᠢᠯᠡᠷᠡᠬᠦᠯᠬᠦ ᠠᠷᠭ᠎ᠠ ᠨᠢ ᠴᠦ᠍ ᠣᠨᠲᠣᠣ ᠪᠠᠢᠲᠠᠬ᠃

6 ᠰᠠᠷ᠎ᠠ᠎ᠶᠢᠨ 11᠎ᠤ᠋ ᠡᠳᠦᠷ᠎ᠤᠨ ᠠᠪᠣ᠎ᠶᠢᠨ ᠪᠠᠶᠠᠷ ᠲᠦ᠍ ᠵᠣᠷᠢᠭᠣᠯᠣᠬᠰᠠᠨ ᠣᠨᠴᠠ ᠬᠡᠪᠯᠡᠯ ᠳ᠋ᠦ᠂ ᠫᠣ᠊·ᠰᠠᠨᠠᠭᠠᠷᠪᠣᠣ᠎ᠶᠢᠨ 《ᠠᠪᠣ ᠬᠡᠮᠡᠬᠦ ᠰᠢᠲᠦᠭᠡᠨ ᠠᠭᠣᠯᠠ》᠂  ᠷᠠ᠊·ᠨᠠᠰᠣᠨᠴᠣᠬᠲᠣ᠎ᠶᠢᠨ 《ᠲᠡᠭᠷᠢ᠎ᠶᠢᠨ ᠵᠠᠷᠯᠢᠬ ᠲᠠᠢ ᠲᠦᠷᠪᠡᠨ ᠴᠠᠬ᠎ᠤᠨ ᠠᠪᠣ ᠬᠦᠮᠦᠨ》 ᠰ·ᠪᠦᠬᠡᠴᠢᠯᠠᠭᠣ᠎ᠶᠢᠨ 《ᠠᠭᠣᠯᠠ ᠰᠢᠬ ᠲᠦᠰᠢᠭ ᠠᠪᠣ ᠮᠢᠨᠢ》᠂ ᠪ·ᠪᠢᠯᠢᠭ᠎ᠤᠨ 《ᠮᠢᠨᠦ ᠲᠠᠷᠢᠶᠠᠴᠢᠨ ᠠᠪᠣ》᠂ ᠪᠣᠷᠵᠢᠬᠢᠨ ᠷ·ᠨᠠᠰᠣᠨᠭᠡᠰᠢᠭ᠎ᠤᠨ 《ᠠᠮᠢᠨ ᠡᠷᠳᠡᠨᠢ᠎ᠶᠢᠨ ᠰᠢᠲᠦᠭᠡᠨ》 ᠵᠡᠷᠭᠡ 8 ᠵᠣᠬᠢᠶᠠᠯ᠎ᠢ ᠨᠡᠢᠲᠡᠯᠡᠵᠡᠢ᠃

ᠡᠬᠡ ᠪᠠᠢᠭᠠᠯᠢ᠎ᠶᠢᠨ ᠠᠷᠪᠠᠲᠣᠭᠠᠷ ᠰᠠᠷ᠎ᠠ ᠡᠯᠪᠡᠭ ᠬᠣᠷᠢᠶᠠᠯᠲᠠ᠎ᠶᠢᠨ ᠬᠡᠰᠢᠭ ᠬᠣᠷᠣᠢᠯᠠᠵᠦ ᠰᠠᠭᠠᠲᠠᠬᠣ ᠳ᠋ᠦ᠂ ᠡᠬᠡ ᠣᠷᠣᠨ᠎ᠤ ᠮᠢᠨᠢ ᠠᠷᠪᠠᠲᠣᠭᠠᠷ ᠰᠠᠷ᠎ᠠ ᠡᠰᠡᠨᠢᠯ᠎ᠤᠨ ᠲᠠᠭᠣᠣ ᠲᠠᠢ ᠮᠣᠷᠢᠯᠠᠵᠦ ᠢᠷᠡᠲᠡᠭ᠃ 9 ᠰᠠᠷ᠎ᠠ᠎ᠶᠢᠨ 29 ᠤ᠋ ᠡᠳᠦᠷ᠎ᠤᠨ ᠣᠯᠣᠰ᠎ᠤᠨ ᠪᠠᠶᠠᠷ ᠲᠦ᠍ ᠵᠣᠷᠢᠭᠣᠯᠣᠬᠰᠠᠨ ᠣᠨᠴᠠ ᠬᠡᠪᠯᠡᠯ ᠳ᠋ᠦ᠂ ᠵᠠ᠊·ᠰᠠᠢᠬᠠᠨ᠎ᠤ 《ᠡᠬᠡ  ᠣᠷᠣᠨ ᠶ᠋ᠢᠡᠨ ᠵᠢᠷᠣᠬᠯᠠᠬᠣᠢ》᠂ ᠨᠠ᠊·ᠬᠦᠬᠡᠰᠢᠭᠣᠢ᠎ᠶᠢᠨ 《ᠮᠢᠨᠦ ᠡᠬᠡ ᠣᠷᠣᠨ》᠂ ᠵᠠ᠊·ᠷᠢᠨᠴᠢᠨ᠎ᠤ 《ᠡᠬᠡ ᠣᠷᠣᠨ᠎ᠤ ᠪᠠᠨ ᠴᠢᠯᠠᠭᠣᠳ᠎ᠢ ᠪᠢ》 ᠵᠡᠷᠭᠡ ᠨᠠᠢᠷᠠᠭᠣᠯᠣᠯ ᠪᠣᠯᠣᠨ ᠰᠢᠯᠦᠭ᠎ᠢ ᠨᠡᠢᠲᠡᠯᠡᠵᠦ᠂ ᠠᠷᠪᠠᠲᠣᠭᠠᠷ ᠰᠠᠷ᠎ᠠ ᠪᠣᠯ ᠠᠭᠣᠣ ᠶᠡᠬᠡ ᠡᠬᠡ ᠣᠯᠣᠰ᠎ᠤᠨ ᠮᠢᠨᠢ ᠮᠡᠨᠲᠦᠯᠡᠭᠰᠡᠨ ᠪᠠᠶᠠᠷ᠎ᠤᠨ ᠡᠳᠦᠷ ᠶ᠋ᠢᠡᠷ ᠬᠦᠰᠢᠭᠡ ᠰᠡᠬᠦᠲᠡᠭ᠂ ᠠᠵᠠ ᠵᠢᠷᠭᠠᠯ᠎ᠤᠨ ᠭᠡᠭᠡᠨ ᠲᠣᠶᠠᠭ᠎ᠠ ᠠᠷᠪᠠᠲᠣᠭᠠᠷ ᠰᠠᠷ᠎ᠠ ᠡᠴᠡ ᠡᠬᠢᠯᠡᠨ ᠰᠠᠴᠣᠷᠠᠬᠰᠠᠨ ᠨᠢ  ᠦᠨᠡᠨ ᠭᠡᠮᠡᠵᠡᠢ᠃

ᠬᠠᠢᠷ᠎ᠠ᠎ᠶᠢ ᠬᠦᠮᠦᠰ ᠣᠷᠠᠨ ᠵᠣᠬᠢᠶᠠᠯ᠎ᠤᠨ ᠮᠦᠩᠬᠡ᠎ᠶᠢᠨ ᠰᠡᠳᠦᠪ ᠭᠡᠲᠡᠭ᠃ ᠡᠬᠦᠨ ᠳ᠋ᠦ ᠡᠬᠡ ᠣᠷᠣᠨ᠎ᠤ ᠬᠠᠢᠷ᠎ᠠ᠂ ᠠᠨᠲᠠ᠎ᠶᠢᠨ ᠬᠠᠢᠷ᠎ᠠ ᠠᠮᠠᠷᠠᠬ᠎ᠤᠨ ᠬᠠᠢᠷ᠎ᠠ ᠭᠡᠵᠦ ᠣᠯᠠᠨ ᠬᠠᠢᠷ᠎ᠠ ᠪᠠᠬᠲᠠᠨ᠎ᠠ᠃ ᠬᠠᠢᠷ᠎ᠠ᠎ᠶᠢ ᠬᠦᠮᠦᠨ ᠪᠣᠯᠭᠠᠨ ᠲᠣᠭᠣᠷᠢᠨ ᠦᠩᠭᠡᠷᠡᠬᠦ ᠪᠢᠰᠢ᠂ ᠲᠣᠭᠣᠯᠣᠨ ᠭᠠᠲᠣᠯᠲᠠᠬ ᠪᠦᠭᠡᠳ ᠣᠷᠠᠨ ᠪᠦᠲᠦᠭᠡᠯᠴᠢᠳ ᠪᠣᠯ ᠨᠢᠯᠪᠣᠰᠣᠷᠠᠬᠣ ᠪᠣᠶᠣ ᠭᠣᠨᠢᠬᠯᠠᠭᠣᠨ᠂ ᠬᠠᠨᠣᠭᠠᠳ ᠴᠦ᠍ ᠵᠣᠬᠰᠣᠬᠣ ᠪᠢᠰᠢ᠂ ᠬᠠᠭᠣᠲᠠᠰᠣ ᠴᠠᠭᠠᠰᠣᠨ᠎ᠠ ᠣᠷᠠᠯᠠᠨ ᠪᠦᠲᠦᠭᠡᠵᠦ ᠦᠯᠡᠲᠡᠭᠡᠲᠡᠭ ᠰᠠᠨ᠃ ᠭᠡᠬᠦ ᠳ᠋ᠡᠭᠡᠨ ᠵᠠᠷᠢᠮ ᠨᠢ ᠬᠠᠢᠷ᠎ᠠ᠎ᠶᠢ ᠨᠢᠯ ᠣᠯᠠᠭᠠᠨ ᠦᠩᠭᠡ ᠪᠡᠷ᠂ ᠡᠰᠡᠬᠦᠯ᠎ᠡ ᠪᠦᠲᠡᠬᠢ ᠰᠢᠷᠭᠠᠯ ᠲᠣᠶᠠᠭ᠎ᠠ ᠪᠡᠷ᠂ ᠪᠠᠰᠠ ᠵᠠᠷᠢᠮ ᠨᠢ ᠠᠩᠬᠢᠯᠣᠮ᠎ᠠ ᠴᠡᠩᠭᠡᠷ ᠦᠨᠦᠷ ᠲᠠᠢ᠂ ᠵᠦᠭᠡᠯᠡᠨ ᠶᠠᠭᠠᠨ ᠭᠡᠷᠡᠯ ᠲᠠᠢ ᠪᠣᠯᠭᠠᠨ ᠴᠢᠮᠡᠲᠡᠭ ᠠᠵᠢ᠃

ᠠᠵᠢᠯ ᠬᠦᠲᠡᠯᠮᠦᠷᠢ ᠬᠦᠮᠦᠨ᠎ᠢ ᠠᠮᠵᠢᠯᠲᠠ ᠲᠡᠢᠰᠢ ᠬᠦᠲᠦᠯᠵᠦ᠂ ᠬᠦᠲᠡᠯᠮᠦᠷᠢ ᠵᠢᠳᠬᠦᠯ ᠬᠦᠨᠳᠦᠳᠭᠡᠯ ᠳ᠋ᠦ ᠣᠷᠢᠨ᠎ᠠ᠃ 4 ᠰᠠᠷ᠎ᠠ᠎ᠶᠢᠨ 30 ᠤ᠋ ᠡᠳᠦᠷ ᠲᠡᠯᠡᠬᠡᠢ᠎ᠶᠢᠨ ᠬᠦᠲᠡᠯᠮᠦᠷᠢᠴᠢᠳ᠎ᠤᠨ ᠪᠠᠶᠠᠷ᠎ᠢ ᠣᠬᠲᠣᠨ ᠪᠡᠯᠭᠡᠯᠡᠵᠦ᠂ 《ᠲᠠᠯ᠎ᠠ᠎ᠶᠢᠨ ᠲᠣᠶᠠᠭ᠎ᠠ》 ᠲᠣᠰᠬᠠᠢ ᠬᠡᠪᠯᠡᠯ ᠳ᠋ᠦ ᠪᠢᠯᠢᠭᠲᠦ᠎ᠶᠢᠨ 《ᠦᠲᠡᠬᠦᠰ᠎ᠤᠨ ᠦᠷᠴᠢᠯᠡᠭᠡᠰᠦ》᠂ ᠪᠣᠷᠣᠭᠠᠨ᠎ᠤ 《 ᠬᠦᠲᠡᠯᠮᠦᠷᠢ ᠳ᠋ᠦ ᠶᠣᠰᠣᠯᠠᠨᠠᠮ》᠂ ᠢ᠊·ᠨᠣᠮᠢᠨᠭᠣᠪᠢ᠎ᠶᠢᠨ 《ᠬᠦᠲᠡᠯᠮᠦᠷᠢᠴᠢᠨ ᠪᠢᠳᠡᠨ᠎ᠤ ᠪᠠᠶᠠᠷ》 ᠭᠡᠬᠦ 6 ᠵᠣᠬᠢᠶᠠᠯ᠎ᠢ ᠨᠡᠢᠲᠡᠯᠡᠵᠦ᠂ ᠣᠷᠠᠨ ᠪᠦᠲᠦᠭᠡᠯ ᠶ᠋ᠢᠡᠷ ᠶ᠋ᠢᠡᠨ ᠦᠨᠢᠷ ᠪᠠᠶᠠᠷ ᠶ᠋ᠢᠡᠨ ᠲᠡᠮᠲᠡᠭᠯᠡᠭᠰᠡᠨ ᠪᠠᠢᠨ᠎ᠠ᠃

9 ᠰᠠᠷ᠎ᠠ᠎ᠶᠢᠨ 10 ᠤ᠋ ᠡᠳᠦᠷ᠎ᠤᠨ ᠪᠠᠬᠰᠢ᠎ᠶᠢᠨ ᠪᠠᠶᠠᠷ ᠲᠦ᠍ ᠵᠣᠷᠢᠭᠣᠯᠣᠬᠰᠠᠨ ᠣᠨᠴᠠ ᠬᠡᠪᠯᠡᠯ ᠳ᠋ᠦ᠂  ᠴᠠᠭᠠᠨᠯᠣᠣᠰ᠎ᠤᠨ 《ᠪᠠᠬᠰᠢ ᠪᠠᠨ ᠮᠦᠷᠦᠭᠡᠳᠬᠦ ᠨᠢ》᠂ ᠪᠣᠣ ᠮᠸᠢ ᠷᠦᠩ᠎ᠤᠨ 《ᠪᠠᠬᠰᠢ ᠬᠦᠮᠦᠨ》᠂ ᠦ᠋ ᠵᠸᠩ ᠶᠣᠸᠠᠢ᠎ᠶᠢᠨ 《ᠠᠴᠢᠲᠣ ᠪᠠᠬᠰᠢ》 ᠵᠡᠷᠭᠡ 7 ᠵᠣᠬᠢᠶᠠᠯ᠎ᠢ ᠨᠡᠢᠲᠡᠯᠡᠨ ᠶᠢᠷᠲᠢᠨᠴᠦ᠎ᠶᠢ ᠬᠠᠷᠠᠬᠣ ᠴᠣᠩᠬᠣ ᠪᠣᠯᠣᠬᠰᠠᠨ ᠭᠡᠭᠡᠨ ᠨᠣᠮ᠎ᠢ ᠰᠣᠷᠭᠠᠵᠦ᠂ ᠲᠦᠮᠡᠨ ᠪᠣᠲᠠᠰ᠎ᠤᠨ ᠣᠷᠠᠯᠠᠬᠣ᠂ ᠰᠡᠳᠬᠢᠬᠦ᠂ ᠪᠦᠲᠦᠭᠡᠬᠦ ᠡᠷᠳᠡᠮ ᠳ᠋ᠦ ᠬᠢᠴᠢᠶᠡᠨ ᠰᠢᠮᠲᠠᠬᠣ ᠬᠠᠷᠭᠣᠢ ᠵᠦᠭ ᠬᠦᠲᠦᠯᠦᠭᠰᠡᠨ ᠠᠷᠠᠳ᠎ᠤᠨ ᠪᠠᠬᠰᠢ᠎ᠶᠢᠨ ᠠᠴᠢ ᠭᠠᠪᠢᠶ᠎ᠠ᠎ᠶᠢ ᠮᠠᠬᠲᠠᠨ ᠲᠠᠭᠣᠯᠠᠬᠰᠠᠨ ᠪᠠᠢᠨ᠎ᠠ᠃

ᠣᠷᠭᠣᠵᠦ ᠵᠢᠷᠭᠠᠲᠠᠬ ᠨᠠᠷᠠᠨ᠎ᠤ ᠡᠭᠡᠯᠵᠢᠨ ᠳ᠋ᠦ ᠰᠢᠨ᠎ᠡ ᠤᠨ ᠢᠷᠡᠵᠦ ᠪᠠᠢᠨ᠎ᠠ᠂ ᠰᠢᠨ᠎ᠡ ᠡᠳᠦᠷ ᠤ᠋ᠤᠨ ᠨᠠᠭᠠᠰᠢᠯᠠᠵᠦ ᠪᠠᠢᠨ᠎ᠠ᠃ ᠵᠢᠯ ᠵᠢᠷᠬᠢᠵᠦ ᠤᠨ ᠦᠭᠰᠦᠵᠦ ᠪᠠᠰᠠ ᠨᠢᠭᠡ ᠡᠭᠡᠯᠵᠢ᠂ ᠵᠣᠷᠢᠬ ᠡᠷᠴᠢᠯᠡᠵᠦ ᠵᠣᠷᠢᠯ ᠬᠦᠪᠦᠷᠡᠨ ᠰᠢᠨ᠎ᠡ ᠠᠶᠠᠨ᠎ᠤ ᠲᠦᠷᠦᠭᠡ᠃ ᠰᠢᠨ᠎ᠡ ᠤᠨ ᠳ᠋ᠠᠭᠠᠨ 《ᠲᠠᠯ᠎ᠠ ᠶ᠋ᠢᠨ ᠲᠣᠶᠠᠭ᠎ᠠ》 ᠲᠣᠰᠬᠠᠢ ᠬᠡᠪᠯᠡᠯ ᠨᠢ ᠣᠷᠠᠨ ᠪᠦᠲᠦᠭᠡᠯᠴᠢᠳ᠎ᠤᠨ ᠣᠶᠣᠨ᠎ᠤ ᠪᠢᠳ ᠣᠬᠠᠭᠠᠨ᠎ᠤ ᠪᠢᠷ᠎ᠡ᠎ᠶᠢ ᠬᠠᠷᠠᠭᠣᠯᠣᠬᠰᠠᠨ ᠦᠬᠦᠯᠡᠯᠭᠡ᠂ ᠨᠠᠢᠷᠠᠭᠣᠯᠣᠯ᠂ ᠰᠢᠯᠦᠭ ᠶ᠋ᠢᠡᠷ ᠦᠩᠭᠡ ᠮᠢᠷᠠᠯᠵᠠᠨ ᠰᠣᠯᠣᠩᠭᠠᠷᠠᠬᠣ ᠭᠡᠲᠡᠭ᠎ᠢ ᠢᠲᠡᠭᠡᠨ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号