ᠦᠨᠳᠤᠷ ᠭᠤᠷᠪᠡ ᠵᠢᠨ ᠳᠤᠤᠷᠠᠳᠤ ᠬᠤᠭᠤᠴᠠᠭ᠎ᠠ ᠪᠤᠯᠵᠤ ᠰᠤᠷᠤᠭᠴᠢᠳ᠎ᠤᠨ ᠲᠠᠷᠤᠭᠠᠰᠤ ᠤᠯᠠᠮ ᠬᠦᠨᠳᠤᠷᠡᠬᠦ᠎ᠳᠤ ᠭᠡᠷ᠎ᠦᠨ ᠠᠬᠠᠮᠠᠳ ᠪᠣᠯᠣᠭᠰᠠᠳ ᠬᠡᠦᠬᠡᠳ᠎ᠲᠡᠬᠡᠨ ᠬᠡᠷᠬᠢᠨ ᠬᠠᠨᠢ ᠪᠣᠯᠵᠤ ᠶᠡᠬᠡ ᠲᠡᠬᠡᠳᠤ ᠰᠤᠷᠭᠠᠭᠤᠯᠢ᠎ᠳᠤ ᠰᠢᠯᠭᠠᠬᠤ ᠰᠢᠯᠭᠠᠯᠳᠠ ᠵᠢ ᠯᠠᠪᠳᠠᠭᠤᠨ ᠥᠩᠭᠡᠷᠡᠭᠦᠯᠪᠡᠯ ᠵᠣᠬᠢᠬᠤ ᠪᠤᠢ?
ᠪᠡᠭᠡᠵᠢᠩ ᠬᠤᠲᠠ᠎ᠶᠢᠨ ᠵᠠᠭᠤ ᠵᠢᠷᠠᠨ ᠵᠢᠷᠭᠤᠳᠤᠭᠠᠷ ᠳᠤᠮᠳᠠᠳᠤ ᠰᠤᠷᠭᠠᠭᠤᠯᠢ᠎ᠶᠢᠨ ᠰᠡᠳᠬᠢᠴᠡ᠎ᠶᠢᠨ ᠪᠠᠭᠰᠢ ᠮᠠ ᠪᠥᠸᠧ ᠾᠦᠢ᠄ ᠶᠡᠬᠡ ᠳᠡᠭᠡᠳᠦ ᠰᠤᠷᠭᠠᠭᠤᠯᠢ᠎ᠳᠤ ᠰᠢᠯᠭᠠᠬᠤ ᠰᠢᠯᠭᠠᠯᠲᠠ ᠪᠣᠯ ᠰᠢᠯᠭᠠᠭᠤᠯᠤᠭᠴᠢ᠎ᠶᠢᠨ ᠨᠢᠭᠡ ᠯᠠ ᠬᠥᠮᠦᠨ᠎ᠤ ᠤᠴᠢᠷ ᠲᠠᠳᠤᠢ ᠪᠢᠰᠢ ᠬᠠᠷᠢᠨ ᠪᠥᠬᠦ᠌ ᠬᠡᠷ᠎ᠤᠨ ᠬᠥᠮᠦᠰ᠎ᠤᠨ ᠰᠡᠳᠬᠢᠯ᠎ᠢ ᠬᠦᠨᠳᠠᠵᠤ ᠪᠠᠢᠳᠠᠭ᠃ ᠳᠡᠭᠡᠳᠦ ᠭᠤᠷᠪᠠ᠎ᠶᠢᠨ ᠬᠡᠦᠬᠡᠳ᠎ᠤᠨ ᠰᠤᠷᠤᠯᠴᠠᠬᠤ ᠠᠢᠵᠠᠮ ᠪᠣᠯᠤᠨ ᠰᠡᠳᠬᠢᠯ᠎ᠤᠨ ᠬᠤᠪᠢᠷᠠᠯᠲᠠ᠎ᠶᠢᠨ ᠡᠮᠦᠨ᠎ᠡ ᠭᠡᠷ᠎ᠦ᠋ᠨ ᠠᠬᠠᠮᠠᠳ ᠭᠤᠷᠪᠠᠨ ᠵᠦᠢᠯ᠎ᠢ᠋ ᠬᠢᠪᠡᠯ ᠵᠤᠬᠢᠨ᠎ᠠ ᠬᠡᠪᠡ᠃
ᠡᠩ ᠲᠡᠷᠢᠭᠦᠨ᠎ᠳᠤ᠂ ᠬᠡᠷ᠎ᠤᠨ ᠠᠬᠠᠮᠠᠳ《ᠬᠡᠳᠤ ᠬᠦᠢᠳᠡᠮᠰᠦᠭ ᠪᠤᠶᠤ ᠬᠡᠳᠤ ᠬᠠᠯᠠᠭᠤᠮᠰᠤᠭ》 ᠪᠠᠶ᠋ᠢᠵᠤ ᠪᠤᠯᠬᠤ ᠦᠬᠡᠢ᠂ ᠡᠩ᠎ᠤᠨ ᠬᠢ ᠪᠡᠷ ᠵᠢᠠᠨ ᠪᠠᠢᠵᠤ᠂ ᠰᠡᠳᠬᠢᠯ ᠰᠠᠨᠠᠭ᠎ᠠ᠎ᠪᠠᠨ ᠠᠭᠤᠵᠢᠭᠤ ᠲᠠᠯᠪᠢᠬᠤ ᠬᠡᠷᠡᠭᠲᠡᠶ᠃ ᠬᠡᠦᠬᠡᠳ ᠥᠨᠳᠥᠷ ᠭᠤᠷᠪᠠᠪᠤᠯᠬᠤᠳᠤ ᠠᠪᠤ ᠡᠵᠢ ᠨᠠᠷ ᠦᠷ᠎ᠡ ᠬᠡᠦᠬᠡᠳ᠎ᠲᠡᠭᠡᠨ ᠬᠢᠵᠤ ᠲᠡᠢᠯᠬᠦ ᠬᠡᠮᠵᠢᠶᠠᠨ᠎ᠳᠤ ᠢᠯᠡᠭᠦᠬᠡᠨ ᠬᠢᠬᠦ ᠵᠢ ᠪᠤᠳᠤᠳᠠᠭ᠃ ᠮᠠᠰᠢ ᠣᠯᠠᠨ ᠠᠪᠤ ᠡᠵᠢᠨᠠᠷ ᠴᠢᠨᠠᠭᠰᠢᠯᠠᠭᠠᠳ ᠡᠭᠦᠨ᠎ᠤ ᠲᠥᠯᠥᠭᠡ ᠥᠪᠡᠷ᠎ᠤᠨ ᠵᠢᠠᠨ ᠴᠠᠭ᠂ ᠠᠵᠢᠯ᠂ ᠳᠤᠷ᠎ᠠ ᠰᠣᠨᠢᠷᠬᠠᠯ᠎ᠢᠶᠠᠨ ᠦᠷᠡᠭᠳᠡᠬᠦᠯᠵᠤ ᠲᠠᠶᠠᠭᠳᠠᠬᠤ ᠨᠢ ᠵᠥᠪᠬᠡᠨ ᠰᠢᠯᠭᠠᠭᠤᠯᠤᠭᠴᠢ᠎ᠶᠢᠨ ᠳᠡᠷᠭᠡᠳᠡ ᠢᠯᠡᠭᠦᠬᠡᠨ ᠬᠠᠨᠢ ᠪᠣᠯᠬᠤ᠎ᠶᠢᠨ ᠯᠠ ᠲᠥᠯᠥᠭᠡ ᠶᠤᠮ᠃ ᠡᠶ᠋ᠢᠮᠦ᠍ ᠦᠷᠡᠭᠳᠡᠯ ᠨᠢ ᠬᠦᠮᠦᠰ᠎ᠢ ᠶᠡᠬᠡᠳᠡ ᠰᠡᠳᠬᠢᠯ ᠳᠤᠭᠳᠤᠯᠤᠭᠤᠯᠵᠤ᠂ ᠡᠨᠡ ᠬᠦ᠌ ᠬᠠᠷᠢᠴᠠᠭ᠎ᠠ ᠨᠢ ᠦᠵᠡᠬᠦ᠎ᠳᠤ ᠲᠤᠩ 《ᠬᠠᠯᠠᠭᠤᠨ ᠳᠤᠳᠤᠨᠤ》 ᠰᠢᠬ ᠰᠠᠨᠠᠭᠳᠠᠭᠤᠯᠬᠤ ᠪᠣᠯᠪᠠᠴᠤ᠌ ᠵᠠᠷᠢᠮ ᠦᠶᠠᠰ ᠲᠤ᠌ ᠨᠠᠵᠠᠭᠠᠢ ᠨᠥᠯᠥᠭᠡ ᠦᠵᠡᠬᠦᠯᠵᠤ ᠮᠡᠳ᠋ᠡᠨᠡ᠃ ᠤᠴᠢᠷ ᠨᠢ ᠭᠡᠷ᠎ᠤᠨ ᠠᠬᠠᠮᠠᠳ ᠬᠡᠲᠦᠷᠬᠡᠶ ᠬᠡᠤᠬᠡᠳ᠎ᠤᠨ ᠵᠢᠠᠨ ᠲᠦᠯᠦᠬᠡ ᠬᠡᠵᠤ ᠪᠤᠳᠤᠬᠤ᠎ᠳᠤ ᠰᠢᠯᠭᠠᠭᠤᠯᠤᠭᠰᠠᠳ ᠲᠤ᠌ ᠮᠡᠳᠡᠬᠦ ᠮᠡᠳᠡᠬᠦ ᠦᠬᠡᠢ ᠵᠢᠨ ᠬᠤᠭᠤᠷᠤᠨᠳᠤ ᠨᠢᠭᠡ ᠵᠦᠢᠯ᠎ᠤᠨ ᠳᠠᠷᠤᠯᠲᠠ ᠥᠭᠬᠦ᠌ ᠪᠣᠯᠤᠨ᠎ᠠ᠂ ᠰᠢᠯᠭᠠᠭᠤᠯᠤᠭᠴᠢ᠎ᠳᠤ ᠠᠪᠴᠤ ᠬᠡᠯᠡᠪᠡᠯ ᠶᠡᠭᠡ ᠳᠡᠭᠡᠳᠦ ᠰᠤᠷᠭᠠᠭᠤᠯᠢ᠎ᠳᠤ ᠰᠢᠯᠭᠠᠬᠤ ᠰᠢᠯᠭᠠᠯᠲᠠ ᠪᠣᠯ ᠬᠦᠮᠤᠰ᠎ᠢ ᠣᠨᠴᠠᠭᠠᠶ ᠶᠡᠬᠡ ᠪᠠᠴᠢᠮᠳᠠᠭᠤᠯᠵᠤ᠂ ᠰᠢᠯᠭᠠᠭᠤᠯᠤᠭᠰᠠᠳᠢ ᠪᠠᠴᠢᠮᠳᠠᠭᠤᠯᠵᠤ ᠵᠤᠪᠠᠨᠢᠬᠤ ᠪᠠᠶ᠋ᠢᠳᠠᠯ᠎ᠳᠤ ᠤᠷᠤᠭᠤᠯᠳᠠᠭ᠃ ᠰᠢᠯᠭᠠᠭᠤᠯᠤᠭᠴᠢ ᠨᠠᠷ ᠴᠤ᠌ ᠢᠢᠮᠤ ᠪᠠᠢᠳᠠᠯ᠎ᠤᠨ ᠳᠤᠤᠷ᠎ᠠ ᠰᠠᠨᠳᠤᠷᠴᠤ ᠠᠯᠮᠠᠢᠷᠠᠬᠤ ᠦᠭᠡᠢ᠂ ᠯᠠᠪᠳᠠᠭᠤᠨ ᠲᠠᠢᠪᠤᠩ ᠠᠪᠤ ᠡᠵᠢ᠎ᠲᠠᠢ ᠪᠠᠢᠬᠤ ᠵᠢ ᠨᠠᠩ ᠬᠦᠰᠡᠳᠡᠭ᠃ ᠶᠠᠷᠢᠶᠠᠨ ᠦᠭᠡᠢ᠂ 《ᠡᠩ᠎ᠤᠨ ᠬᠢ ᠪᠡᠷ ᠵᠢᠠᠨ ᠪᠠᠢᠬᠤ》 ᠭᠡᠳᠡᠭ᠎ᠨᠢ ᠬᠡᠷ᠎ᠤᠨ ᠠᠬᠠᠮᠠᠳᠨᠠᠷ ᠰᠤᠷᠢᠯᠲᠠᠬᠢᠬᠦ᠂ ᠶᠡᠬᠡ ᠳᠡᠭᠡᠳᠦ ᠰᠤᠷᠭᠠᠭᠤᠯᠢ᠎ᠳᠤ ᠰᠢᠯᠭᠠᠬᠤ ᠰᠢᠯᠭᠠᠯᠲᠠ᠂ ᠰᠤᠷᠭᠠᠭᠤᠯᠢ ᠳᠡᠪᠰᠢᠬᠦ᠌ ᠰᠢᠯᠭᠠᠯᠳᠠ᠎ᠳᠤ ᠮᠠᠰᠢ ᠬᠦᠢᠲᠡᠮᠰᠦᠭ ᠵᠢᠡᠷ ᠬᠠᠨᠳᠤᠵᠤ ᠪᠠᠢᠭᠠᠷᠠᠢ ᠬᠡᠰᠡᠨ ᠦᠬᠡ ᠪᠢᠰᠢ᠂ ᠬᠠᠷᠢᠨ 《ᠬᠡᠲᠦᠷᠬᠡᠢ ᠬᠠᠯᠠᠭᠤᠮᠰᠤᠭ》 ᠪᠤᠶᠤ 《ᠬᠡᠲᠦᠷᠬᠡᠢ ᠬᠦᠢᠳᠡᠮᠰᠦᠭ》 ᠪᠠᠢᠬᠤ ᠨᠢ ᠪᠦᠷ ᠵᠤᠬᠢᠮᠵᠢ ᠦᠬᠡᠢ ᠬᠡᠰᠡᠨ ᠦᠬᠡ ᠶᠤᠮ ᠃ ᠡᠴᠢᠭᠡ ᠡᠬᠡ ᠪᠤᠯᠤᠭᠰᠠᠳ ᠬᠡᠦᠬᠡᠳ᠎ᠲᠡᠭᠡᠨ ᠨᠢᠭᠡ ᠵᠦᠢᠯ᠎ᠦ᠋ᠨ ᠣᠪᠣᠷ᠎ᠢ ᠲᠠᠮᠵᠢᠭᠤᠯᠵᠤ ᠪᠠᠢᠭ᠎ᠠ ᠶᠠᠪᠤᠳᠠᠯ ᠪᠣᠯᠤᠨ᠎ᠠ᠂ ᠲᠠᠷᠤᠢ ᠡᠳᠦᠷ ᠳᠣᠳᠣᠮ᠎ᠤ᠋ᠨ ᠠᠮᠢᠳᠤᠷᠠᠯᠳᠤᠮᠳᠠ ᠬᠡᠦᠬᠡᠳ᠎ᠤᠨ ᠵᠢᠠᠨ ᠰᠤᠷᠤᠯᠭ᠎ᠠ ᠠᠮᠢᠳᠤᠷᠠᠯ᠎ᠳ᠋ᠤ᠎ᠨᠢ ᠭᠠᠷ ᠲᠥᠷᠥᠬᠦ᠌ ᠦᠭᠡᠢ ᠴᠤ᠌ ᠬᠡᠰᠡᠨ ᠠᠪᠤ ᠡᠵᠢ ᠨᠠᠷ ᠨᠢ ᠬᠡᠵᠢᠶ᠎ᠠ ᠴᠤ᠌ ᠲᠡᠳᠡᠨᠦ᠌ ᠬᠠᠮᠤᠭ᠎ᠤ᠋ᠨ ᠪᠠᠲᠤ᠌ ᠪᠡᠬᠢ ᠲᠦᠱᠢᠭ ᠳᠤᠯᠭᠠᠭᠤᠷᠢ ᠪᠣᠯᠳᠠᠭ ᠬᠡᠰᠡᠨ᠎ᠢ ᠬᠠᠷᠠᠭᠤᠯᠵᠤ ᠪᠤᠢ᠃
ᠳᠠᠷᠠᠭᠠᠯᠠᠪᠠᠯ᠂ ᠭᠡᠷ᠎ᠦᠨ ᠠᠬᠠᠮᠠᠳ ᠨᠠᠷ ᠬᠡᠦᠬᠡᠳ᠎ᠢᠶᠡᠨ ᠭᠦᠢᠴᠡᠳ ᠢᠲᠡᠭᠡᠵᠦ᠍᠂ ᠴᠠᠭᠵᠢᠠᠨ ᠰᠠᠢᠬᠠᠨ ᠲᠣᠬᠢᠷᠠᠭᠤᠯᠤᠨ ᠬᠠᠶ᠋ᠢᠷ᠎ᠠ ᠬᠠᠯᠠᠮᠵᠢ ᠬᠦᠷᠲᠡᠭᠡᠬᠦ᠌ ᠬᠡᠷᠡᠭᠲᠡᠶ᠃ ᠥᠨᠳᠥᠷ ᠳᠤᠮᠳᠠᠳᠤ᠎ᠶᠢᠨ ᠭᠤᠷᠪᠠᠳᠤᠭᠠᠷ ᠣᠨ᠎ᠤ ᠰᠢᠯᠭᠠᠯᠲᠠ ᠮᠠᠰᠢ ᠣᠯᠠᠨ ᠪᠣᠯᠬᠣᠷ ᠰᠠᠢᠨ ᠰᠢᠯᠭᠠᠭᠰᠠᠠ ᠦᠬᠡᠢ ᠪᠠᠢ᠍ᠢᠳᠠᠯ ᠭᠠᠷᠬᠤ ᠨᠢ ᠵᠠᠢ᠍ᠢᠯᠠᠰᠢ ᠦᠭᠡᠢ᠃ ᠵᠠᠷᠢᠮ ᠦᠶ᠎ᠡ᠎ᠳᠤ ᠬᠡᠥᠬᠡᠳᠤᠳᠨᠢ ᠰᠢᠯᠭᠠᠯᠳᠠ᠎ᠶᠢᠨ ᠬᠢᠷᠢ ᠪᠦᠳᠦᠮᠵᠢ᠎ᠠᠴᠠ ᠪᠤᠯᠵᠦ᠍ ᠭᠤᠳᠤᠷᠠᠨ᠎ᠠ᠂ ᠡᠨᠡ ᠦᠶ᠎ᠡ᠎ᠳᠤ ᠡᠴᠢᠬᠡ ᠡᠬᠡᠨᠡᠷ ᠬᠡᠤᠬᠡᠳ᠎ᠢᠶᠠᠨ ᠢᠳᠡᠬᠡᠬᠦ᠌ ᠴᠢᠬᠤᠯᠠᠳᠠᠢ᠂ ᠵᠤᠬᠢᠬᠤ ᠵᠤᠷᠢᠬᠵᠢᠭᠤᠯᠤᠯ ᠦᠭᠬᠦ ᠬᠡᠷᠡᠭᠳᠡᠢ᠃ ᠭᠡᠷ᠎ᠦ᠋ᠨ ᠠᠬᠠᠮᠠᠳ ᠬᠠᠮᠤᠭ᠎ᠤᠨ ᠰᠠᠢᠨ ᠨᠢ《ᠬᠡᠷᠪᠡ ᠰᠠᠢᠨ ᠰᠢᠯᠭᠠᠭᠰᠠᠠ ᠦᠬᠡᠢ ᠪᠤᠯ ᠶᠠᠭᠠᠬᠢᠬᠤ ᠪᠤᠢ》 ᠭᠡᠬᠦ᠌ ᠮᠡᠲᠦ᠎ᠶᠢᠨ ᠠᠰᠠᠭᠤᠳᠠᠯ᠎ᠢ᠋ ᠪᠢᠲᠡᠭᠡᠢ ᠶᠠᠷᠢ᠂ ᠬᠠᠷᠢᠨ ᠬᠡᠦᠬᠡᠳ᠎ᠲᠡᠬᠡᠨ《ᠴᠢᠳᠠᠯ᠎ᠤᠨ ᠵᠢᠠᠨ ᠬᠢᠷᠢ ᠪᠡᠷ ᠴᠢᠷᠮᠠᠢᠵᠤ ᠯᠠ ᠪᠠᠢᠪᠠᠯ ᠪᠣᠯᠴᠢᠬᠠᠨ᠎ᠠ》 ᠬᠡᠰᠡᠨ ᠣᠪᠤᠷ ᠵᠢᠠᠨ ᠵᠦᠪ ᠢᠯᠡᠳᠬᠡᠵᠤ᠂ ᠢᠯᠡᠬᠦᠬᠡᠨ ᠵᠦᠪ ᠡᠨ᠋ᠸᠷᠬᠢ ᠲᠠᠢ ᠦᠬᠡ ᠶᠠᠷᠢᠵᠤ ᠤᠷᠮᠠᠰᠢᠭᠤᠯᠤᠨ᠎ᠠ᠃ ᠲᠠᠷᠠᠴᠢᠯᠠᠨ ᠬᠡᠦᠬᠡᠳ᠎ᠢᠶᠡᠨ ᠬᠠᠯᠠᠮᠵᠢᠯᠠᠬᠤ ᠴᠠᠭ ᠲᠣᠬᠢᠶᠠᠯ᠎ᠢ ᠵᠦᠪ ᠰᠤᠩᠭᠤᠵᠤ᠂ ᠲᠡᠳᠡᠠᠤ ᠠᠮᠠᠷᠠᠬᠤ ᠦᠢ᠎ᠡ᠎ᠳᠦ ᠪᠤᠶᠤ ᠰᠡᠳᠬᠢᠯ ᠪᠠᠶᠠᠰᠤᠩᠭᠤᠢ ᠪᠠᠶ᠋ᠢᠬᠤ ᠦᠢ᠎ᠡ᠎ᠳᠦ᠎ᠨᠢ ᠳᠠᠭᠠᠷᠠᠭᠤᠯᠵᠤ ᠳᠤᠬᠢᠷᠠᠮᠵᠢᠳᠡᠢ ᠪᠡᠷ ᠬᠠᠯᠠᠮᠵᠢᠯᠨᠪᠠᠯ ᠵᠤᠬᠢᠨ᠎ᠠ᠃ ᠨᠢᠭᠡ ᠶᠠᠪᠤᠳᠠᠯ᠎ᠢ ᠠᠯᠢ ᠴᠢᠳᠠᠬᠤ᠎ᠪᠠᠷ ᠬᠤᠶᠠᠷ ᠤᠳᠠᠭ᠎ᠠ᠎ᠠᠴᠠ ᠳᠡᠭᠡᠭᠰᠢ ᠳᠠᠪᠲᠠᠬᠤ ᠶᠠᠷᠢᠵᠤ ᠦᠭᠡᠢ᠂ ᠨᠤᠷᠰᠢᠵᠤ ᠶᠠᠷᠢᠬᠤ ᠦᠬᠡᠢ᠂ ᠬᠡᠤᠬᠡᠳᠲᠡᠬᠡᠨ ᠨᠠᠩ ᠶᠡᠬᠡ ᠢᠲᠡᠭᠡᠯ ᠲᠠᠢ ᠪᠠᠢᠬᠤ ᠲᠥᠷᠥᠭᠳᠡᠯ ᠦᠭᠬᠦ ᠬᠡᠷᠡᠭᠲᠡᠶ᠃
ᠠᠬᠢᠪᠠᠯ᠂ ᠠᠪᠤ ᠡᠵᠢ ᠪᠤᠯᠤᠭᠰᠠᠳ ᠶᠡᠬᠡ ᠳᠡᠭᠡᠳᠦ ᠰᠤᠷᠭᠠᠭᠤᠯᠢ᠎ᠳᠤ ᠰᠢᠯᠭᠠᠭᠤᠯᠤᠭᠰᠠᠳ᠎ᠤᠨ ᠬᠠᠮᠢᠶ᠎ᠠ ᠪᠦᠬᠦᠢ ᠲᠥᠷᠥ᠎ᠶᠢᠨ ᠪᠣᠳᠣᠯᠭ᠎ᠠ ᠪᠣᠯᠤᠨ ᠮᠡᠳᠡᠭᠡ ᠵᠠᠩᠭᠢ᠎ᠶᠢ ᠡᠷᠲᠡᠬᠡᠨ ᠴᠤᠭᠯᠠᠭᠤᠯᠵᠤ᠂ ᠬᠡᠦᠬᠡᠳ᠎ᠦᠨ ᠵᠢᠠᠨ ᠪᠠᠶ᠋ᠢᠳᠠᠯ᠎ᠢ ᠦᠨᠳᠦᠰᠦᠯᠡᠨ ᠳᠤᠰ ᠪᠠᠶᠠᠳ᠋ᠤᠨᠢ ᠠᠰᠢᠬᠳᠠᠢ ᠮᠡᠳᠡᠭᠡ ᠵᠠᠩᠭᠢ᠎ᠶᠢ ᠤᠷᠢᠳᠴᠢᠯᠠᠨ ᠰᠢᠯᠢᠨ ᠰᠣᠩᠭᠣᠵᠤ᠂ ᠡᠷᠡᠮᠡᠯᠵᠡᠯ ᠲᠠᠭᠯᠠᠬᠤ᠎ᠳᠤ ᠰᠠᠭᠤᠷᠢ ᠵᠢ ᠨᠢ ᠰᠠᠶ᠋ᠢᠨ ᠲᠠᠯᠪᠢᠬᠤ ᠬᠡᠷᠡᠭᠲᠡᠶ᠃ ᠥᠨᠳᠥᠷ ᠳᠤᠮᠳᠠᠳᠤ᠎ᠶᠢᠨ ᠭᠤᠷᠪᠠᠳᠤᠭᠠᠷ ᠣᠨ᠎ᠤ ᠲᠤᠤᠷᠠᠳᠤ ᠰᠤᠷᠤᠯᠭ᠎ᠠ᠎ᠶᠢᠨ ᠬᠤᠭᠤᠴᠠᠭ᠎ᠠ ᠪᠣᠯᠬᠤ᠎ᠳᠤ ᠰᠠᠶᠢ ᠡᠷᠡᠮᠡᠯᠵᠡᠯ ᠲᠠᠭᠯᠠᠬᠤᠪᠡᠯᠡᠳᠬᠡᠯ ᠬᠢᠬᠦ ᠡᠴᠠ ᠵᠠᠶ᠋ᠢᠯᠠᠰᠬᠢᠬᠦ ᠬᠡᠷᠡᠭᠳᠡᠢ᠂ ᠤᠴᠢᠷ ᠨᠢ ᠡᠨᠡ ᠦᠶᠠᠰ ᠰᠢᠯᠭᠠᠭᠤᠯᠤᠭᠴᠢ ᠰᠠᠨᠳᠤᠷᠬᠤ᠎ᠪᠠᠷ ᠪᠠᠷᠠᠬᠤ ᠦᠭᠡᠢ ᠪᠠᠰᠠ ᠮᠡᠳᠡᠭᠡ ᠵᠠᠩᠭᠢ ᠬᠤᠴᠣᠷᠤᠭᠰᠠᠨ᠎ᠠᠴᠠ ᠪᠣᠯᠵᠤ ᠨᠢᠭᠡ ᠪᠦᠯᠦᠭ ᠰᠢᠯᠭᠠᠭᠤᠯᠤᠭᠴᠢ《ᠬᠤᠪᠢ ᠨᠡᠮᠡᠬᠦ᠌》ᠵᠠᠪᠰᠢᠶᠠᠨ᠎ᠢᠶᠠᠨ ᠠᠯᠳᠠᠬᠤ ᠪᠤᠯᠤᠮᠵᠢ ᠲᠠᠢ᠃ ᠭᠡᠷ᠎ᠦ᠋ᠨ ᠠᠬᠠᠮᠠᠳ ᠨᠢ ᠬᠡᠦᠬᠡᠳᠲᠡᠢᠪᠡᠨ ᠤᠷᠢᠳᠴᠢᠯᠠᠨ ᠰᠠᠢᠨ ᠳᠤᠷ᠎ᠠ᠎ᠶᠢᠨ ᠡᠷᠡᠮᠡᠯᠵᠡᠯ ᠲᠠᠭᠯᠠᠬᠤ ᠴᠢᠭᠯᠡᠯᠵᠢᠠᠨ ᠨᠠᠷᠢᠨ ᠣᠢᠯᠠᠭᠠᠯᠴᠠᠵᠤ᠂ ᠬᠡᠦᠬᠡᠳ᠎ᠦᠨ ᠰᠠᠨᠠᠭ᠎ᠠ᠎ᠶᠢ ᠭᠦᠢᠴᠡᠳ ᠣᠶ᠋ᠢᠯᠠᠭᠠᠭᠰᠠᠨᠤᠰᠠᠭᠤᠷᠢᠨ ᠲᠡᠬᠡᠷ᠎ᠠ ᠰᠢᠯᠭᠠᠯᠲᠠ᠎ᠳᠤ ᠬᠦᠴᠤ ᠪᠡᠨ ᠲᠠᠯᠪᠢᠬᠤ ᠬᠡᠷᠡᠭᠲᠡᠶ᠃ ᠭᠡᠷ᠎ᠤᠨ ᠠᠬᠠᠮᠠᠳ ᠨᠠᠷ ᠬᠡᠪ᠎ᠤᠨ ᠪᠠᠶ᠋ᠢᠳᠠᠯ᠎ᠢᠶᠠᠷ ᠬᠡᠤᠬᠡᠳ᠎ᠤᠨ ᠡᠳᠦᠷ ᠲᠤᠲᠤᠮ᠎ᠤᠨ ᠠᠮᠢᠳᠤᠷᠠᠯ᠎ᠢ ᠰᠠᠶ᠋ᠢᠲᠤᠷ ᠲᠣᠬᠢᠷᠠᠭᠤᠯᠤᠭᠰᠠᠨ ᠤᠷᠢᠲᠠᠯ ᠳᠣᠤᠷ᠎ᠠ᠂ ᠨᠠᠩ ᠣᠯᠠᠨ ᠨᠡᠷ᠎ᠡ ᠮᠡᠳᠡᠭᠦᠯᠬᠦ᠌ ᠬᠠᠮᠢᠶ᠎ᠠ ᠪᠦᠬᠦᠢ ᠮᠡᠳᠡᠭᠡ ᠵᠠᠩᠭᠢ᠎ᠶᠢ ᠴᠤᠭᠯᠠᠭᠤᠯᠬᠤ ᠪᠠ ᠰᠢᠯᠢᠨ ᠰᠣᠩᠭᠤᠬᠤ ᠳᠡᠭᠡᠷ᠎ᠡ ᠬᠦᠴᠤ ᠪᠡᠨ ᠲᠠᠯᠪᠢᠵᠤ᠂ ᠪᠦᠬᠦ᠌ ᠭᠡᠷ᠎ᠤᠨ ᠵᠢᠠᠨ ᠲᠤᠰ ᠲᠤᠰ᠎ᠤᠨ ᠡᠭᠦᠷᠭᠡ ᠪᠡᠨ ᠭᠦᠢᠴᠡᠳᠬᠡᠵᠦ᠍᠂ ᠬᠦᠴᠦ᠎ᠪᠠᠨ ᠬᠠᠮᠲᠤᠳᠬᠠᠨ ᠰᠢᠯᠭᠠᠯᠲᠠ᠎ᠳᠤ ᠪᠡᠯᠡᠳᠬᠡᠵᠤ᠂ ᠰᠠᠢᠨ ᠬᠢᠷᠢ ᠪᠦᠳᠤᠮᠵᠢ ᠤᠯᠬᠤ᠎ᠳᠤ ᠬᠦᠴᠤᠨ ᠨᠡᠮᠡᠪᠡᠯ ᠵᠤᠬᠢᠨ᠎ᠡ᠃
ᠬᠡᠦᠬᠡᠳᠲᠤ᠌ ᠬᠠᠨᠢ ᠪᠣᠯᠵᠤ ᠶᠡᠭᠡ ᠳᠡᠭᠡᠳᠦ ᠰᠤᠷᠭᠠᠭᠤᠯᠢ᠎ᠳᠤ ᠰᠢᠯᠭᠠᠬᠤ ᠰᠢᠯᠭᠠᠯᠲᠠ᠎ᠳᠤ ᠣᠷᠣᠯᠴᠠᠬᠤ ᠶᠠᠪᠤᠴᠠ᠎ᠳᠤ᠂ ᠡᠴᠢᠭᠡ ᠡᠬᠡ ᠨᠠᠷ ᠴᠦ᠍ ᠥᠪᠡᠷ᠎ᠤᠨ ᠰᠡᠳᠬᠢᠴᠡ᠎ᠶᠢᠨ ᠪᠠᠶ᠋ᠢᠳᠠᠯ᠎ᠢᠶᠠᠨ ᠰᠠᠶ᠋ᠢᠲᠤᠷ ᠲᠣᠬᠢᠷᠠᠭᠤᠯᠵᠤ᠂ ᠥᠪᠡᠷ᠎ᠢ᠎ᠪᠠᠨ ᠰᠠᠶ᠋ᠢᠲᠤᠷ ᠬᠠᠷᠠᠭᠠᠯᠵᠠᠨ᠂ ᠰᠢᠯᠭᠠᠭᠤᠯᠤᠭᠰᠠᠳ᠎ᠤᠨ ᠬᠠᠮᠤᠭ᠎ᠤᠨ ᠪᠠᠲᠤ᠌ ᠴᠢᠩᠭ᠎ᠠ ᠥᠮᠥᠭ ᠲᠦᠰᠢᠭ ᠪᠣᠯᠬᠤ ᠬᠡᠷᠡᠭᠲᠡᠶ᠃
(《ᠪᠡᠭᠡᠵᠢᠩ᠎ᠤᠨ ᠵᠠᠯᠠᠭᠤᠴᠤᠳ᠎ᠤᠨ ᠰᠣᠨᠢᠨ》 ᠡᠴᠨ ᠤᠷᠴᠢᠭᠤᠯᠤᠨ ᠠᠪᠤᠪᠠ)