《ᠱᠢᠮ᠎ᠡ ᠲᠡᠬᠦᠯᠳᠡᠷ》 ᠴᠠᠭᠠᠨ ᠢᠳᠡᠭᠡᠨ᠎ᠤ ᠱᠢᠯᠢᠳᠡᠭ ᠡᠵᠡᠩᠨᠡᠭ᠌ᠴᠢ ᠡᠩᠬᠡᠵᠣᠯᠠ
2026-01-16 10:44:11
ᠵᠣᠬᠢᠶᠠᠭ᠍ᠴᠢ᠄
ᠳᠤᠷᠠᠨ᠎ᠠ
ᠣᠩᠱᠢᠭ᠍ᠰᠠᠨ ᠣᠳᠠᠭ᠎ᠠ᠄
★★★☆☆

ᠰᠢᠯᠢ ᠵᠢᠨ ᠭᠤᠤᠯ ᠠᠢᠮᠠᠬ᠎ᠤᠨ ᠬᠦᠪᠡᠬᠡᠲᠦ ᠱᠢᠷ᠎ᠠ ᠬᠤᠱᠢᠭᠤᠨ᠎ᠤ ᠱᠢᠨᠡᠪᠣᠯᠠᠭ ᠪᠠᠯᠭᠠᠰᠤ ᠪᠤᠯ ᠦᠢ ᠤᠯᠠᠨ ᠴᠠᠭᠠᠨ ᠢᠳᠡᠭᠡᠨ᠎ᠤ ᠳᠡᠯᠭᠡᠬᠦᠷ᠎ᠢᠶᠠᠷ ᠵᠡᠭᠡᠯᠢ᠎ᠪᠠᠨ ᠴᠢᠮᠡᠭ᠌ᠯᠡᠵᠤ᠂ ᠰᠦ ᠰᠠᠭᠠᠯᠢ᠎ᠶ᠋ᠢᠨ ᠠᠩᠬᠢᠯᠤᠮ᠎ᠠ ᠦᠨᠦᠷ᠎ᠢ ᠦᠷᠦᠴᠡᠨ᠎ᠠᠴᠠ᠎ᠪᠠᠨ ᠬᠠᠩᠬᠤᠯᠤᠭᠤᠯᠤᠭ᠍ᠰᠠᠨ 《ᠴᠠᠭᠠᠨ ᠢᠳᠡᠭᠡᠨ᠎ᠤ ᠪᠢᠴᠢᠬᠠᠨ ᠪᠠᠯᠭᠠᠰᠤ》 ᠪᠤᠯᠤᠨ᠎ᠠ᠃ 《ᠱᠢᠮ᠎ᠠ ᠲᠡᠬᠦᠯᠳᠡᠷ》 ᠴᠠᠭᠠᠨ ᠢᠳᠡᠭᠡᠨ᠎ᠤ ᠳᠡᠯᠭᠡᠭᠦᠷ ᠪᠤᠯ ᠱᠢᠨᠡᠪᠤᠯᠠᠭ ᠪᠠᠯᠭᠠᠰᠤᠨ᠎ᠳᠤ ᠦᠪᠡᠷ᠎ᠤᠨ ᠬᠡᠬᠦ᠌ ᠦᠨᠦᠷ ᠠᠮᠲᠠ᠂ ᠦᠪᠡᠷᠮᠢᠴᠡ ᠤᠨᠴᠠᠯᠢᠭ᠎ᠢᠶᠠᠷ᠎ᠢᠶᠠᠨ ᠴᠠᠭᠠᠨ ᠢᠳᠡᠭᠡᠨ᠎ᠤ ᠵᠠᠬ᠎ᠠ ᠵᠡᠭᠡᠯᠢ᠎ᠳᠤ ᠤᠷᠤᠨ ᠪᠠᠢᠷᠢ᠎ᠪᠠᠨ ᠤᠯᠵᠤ᠂ ᠡᠬᠦᠳᠡᠨ ᠳᠡᠯᠭᠡᠬᠦᠷ᠎ᠨᠢ ᠬᠡᠪᠴᠢᠶ᠎ᠡ᠎ᠪᠠᠨ ᠲᠡᠯᠡᠵᠤ᠂ ᠰᠦᠯᠵᠢᠶᠡᠨ ᠳᠡᠯᠭᠡᠬᠦᠷ᠎ᠨᠢ ᠪᠠᠬᠠᠷᠠᠬᠴᠢ ᠤᠯᠠᠱᠢᠷᠠᠭ᠍ᠰᠠᠨ ᠠᠮᠵᠢᠯᠲᠠ᠎ᠲᠠᠢ ᠴᠠᠭᠠᠨ ᠢᠳᠡᠭᠡᠨ᠎ᠤ ᠳᠡᠯᠭᠡᠬᠦᠷ᠎ᠤᠨ ᠨᠢᠭᠡ ᠪᠤᠯᠬᠤ ᠶᠤᠮ᠃


QQ截图20251217111712.png


ᠴᠠᠭᠠᠨ ᠢᠳᠡᠬᠡᠨ᠎ᠤ ᠲᠡᠯᠬᠡᠨ ᠦᠵᠡᠬᠦᠯᠬᠡ᠎ᠳᠤ ᠤᠷᠤᠯᠴᠠᠵᠤ ᠪᠠᠢᠭ᠎ᠠ ᠨᠢ


ᠲᠦᠷᠦᠭᠦᠬᠡᠨ 《ᠱᠢᠮ᠎ᠠ ᠲᠡᠬᠦᠯᠳᠡᠷ》 ᠴᠠᠭᠠᠨ ᠢᠳᠡᠭᠡᠨ᠎ᠤ ᠳᠡᠯᠭᠡᠭᠦᠷ᠎ᠲᠦ ᠬᠦᠷᠬᠦ᠌᠎ᠳᠤ ᠰᠦ ᠰᠠᠭᠠᠯᠢ᠎ᠶ᠋ᠢᠨ ᠦᠨᠦᠷ ᠬᠠᠩᠬᠤᠯᠵᠣ᠂ ᠳᠡᠯᠭᠡᠭᠦᠷ᠎ᠤᠨ ᠡᠵᠡᠨ ᠡᠩᠬᠡᠵᠣᠯᠠ ᠤᠨᠠᠭ᠍ᠰᠠᠨ ᠮᠠᠯᠠᠭᠠᠢ ᠠᠪᠬᠤ ᠵᠠᠪ ᠦᠭᠡᠢ ᠬᠤᠷᠤᠳ ᠬᠢᠭᠡᠳ ᠶᠠᠭᠠᠷᠠᠵᠤ ᠪᠠᠢᠯ᠎ᠠ᠃ ᠠᠷᠠᠳ᠎ᠤᠨ ᠪᠠᠭ᠍ᠰᠢ᠎ᠶ᠋ᠢᠨ ᠠᠷᠢᠭᠤᠨ ᠠᠯᠳᠠᠷ᠎ᠢ ᠬᠡᠳᠦᠨ ᠵᠢᠯ ᠳᠠᠭᠤᠳᠠᠭᠤᠯᠵᠤ᠂ ᠰᠤᠷᠭᠠᠭᠤᠯᠢ᠎ᠳᠤ ᠲᠦᠷ ᠴᠠᠭ ᠪᠠᠭ᠍ᠰᠢᠯᠠᠵᠤ ᠪᠠᠢᠭ᠍ᠰᠠᠨ ᠡᠩᠬᠡᠵᠣᠯᠠ ᠴᠠᠭᠠᠨ ᠢᠳᠡᠭᠡᠨ᠎ᠤ ᠦᠢᠯᠡᠰ ᠡᠷᠬᠢᠯᠡᠬᠦ᠌ ᠵᠠᠮ᠎ᠢ ᠰᠤᠩᠭᠤᠭᠠᠳ ᠨᠡᠯᠢᠶᠡᠳ ᠬᠡᠳᠦᠨ ᠵᠢᠯ ᠪᠤᠯᠵᠤ᠂ ᠤᠳᠤ ᠶᠠᠭ ᠴᠠᠭᠠᠷᠠᠵᠤ ᠭᠠᠷᠱᠢᠵᠤ ᠪᠠᠢᠭ᠎ᠠ ᠶᠤᠮ ᠪᠠᠢᠨ᠎ᠠ᠃ 《ᠪᠢ 2022 ᠣᠨ᠎ᠠᠴᠠ ᠡᠵᠢ᠎ᠠᠴᠠ᠎ᠪᠠᠨ ᠴᠠᠭᠠᠨ ᠢᠳᠡᠭᠡᠨ ᠬᠢᠬᠦ᠌ ᠮᠡᠷᠬᠡᠵᠢᠯ᠎ᠢ᠎ᠰᠤᠷᠴᠦ᠍ ᠣᠯᠠᠮᠵᠢᠯᠠᠵᠣ ᠠᠪᠣᠭᠠᠳ ᠦᠪᠡᠷ᠎ᠢᠶᠠᠨ ᠲᠡᠯᠬᠡᠬᠦᠷ ᠨᠡᠬᠡᠬᠡᠯ᠎ᠡ᠃ ᠣᠳᠣ ᠰᠦᠨᠢᠳ ᠪᠠᠷᠠᠭᠤᠨ ᠬᠤᠱᠢᠭᠤᠨ᠎ᠳᠤ ᠪᠠᠰᠠ ᠬᠤᠪᠢᠶᠠᠷᠢ ᠲᠡᠯᠬᠡᠬᠦᠷ᠎ᠲᠠᠢ ᠪᠤᠯᠵᠤ᠂ ᠪᠣᠷᠣᠯᠠᠭᠤᠯᠭ᠎ᠠ ᠴᠤ᠌ ᠨᠠᠯᠢᠶᠠᠳ ᠰᠠᠢᠨ ᠪᠠᠢᠨ᠎ᠠ᠂ ᠦᠪᠡᠷ᠎ᠢᠶᠠᠨ ᠴᠤᠤᠷᠢᠶ᠎ᠠ ᠵᠡᠷᠬᠡ ᠳᠠᠪᠴᠠᠩ᠎ᠢ ᠠᠱᠢᠬ᠍ᠯᠠᠭᠠᠳ ᠪᠦᠳᠣᠬᠡᠭ᠌ᠳᠡᠬᠦᠨ᠎ᠢᠶᠠᠨ ᠪᠤᠷᠤᠯᠠᠭᠤᠯᠵᠤ ᠪᠠᠢᠨ᠎ᠠ》 ᠭᠡᠵᠤ ᠡᠩᠬᠡᠵᠣᠯᠠ ᠲᠠᠨᠢᠯᠴᠠᠭᠤᠯᠤᠯ᠎ᠠ᠃

ᠴᠠᠭᠠᠨ ᠢᠳᠡᠭᠡᠨ᠎ᠤ ᠦᠢᠯᠡᠰ ᠡᠷᠬᠢᠯᠡᠭ᠌ᠰᠡᠨ ᠡᠳᠡᠬᠡᠷ ᠵᠢᠯ᠎ᠤᠨ ᠲᠣᠷᠰᠢ᠂ ᠡᠩᠬᠡᠵᠣᠯᠠ ᠭᠡᠷ ᠪᠦᠯᠢ᠎ᠶ᠋ᠢᠨ ᠮᠠᠯᠵᠢᠯ᠎ᠤᠨ ᠲᠠᠯᠠᠪᠠᠢ ᠪᠠᠢᠭᠤᠯᠬᠤ᠂ ᠦᠨᠳᠣᠰᠣᠳᠠᠨ᠎ᠤ ᠣᠯᠠᠮᠵᠢᠯᠠᠯᠳᠣ ᠴᠠᠭᠠᠨ ᠢᠳᠡᠭᠡᠨ ᠭᠢᠬᠦ᠌ ᠠᠵᠢᠯ᠎ᠳᠤ ᠤᠢᠭ᠎ᠠ ᠦᠭᠡᠢ ᠵᠢᠳᠬᠦᠵᠤ᠂ ᠰᠠᠨᠠᠭᠠᠴᠢᠯᠠᠭ᠎ᠠ᠎ᠠᠴᠠ᠎ᠪᠠᠨ ᠪᠦᠲᠦᠭᠡᠭᠳᠡᠭᠦᠨ᠎ᠢᠶᠠᠨ 《ᠭᠠᠳᠠᠭ᠍ᠰᠢ ᠭᠠᠷᠭᠠᠬᠤ》 ᠵᠠᠮ᠎ᠢ ᠨᠡᠭᠡᠭᠡᠨ᠂ ᠡᠯ᠎ᠡ ᠱᠠᠲᠤᠨ᠎ᠤ ᠴᠠᠭᠠᠨ ᠢᠳᠡᠭᠡᠨ᠎ᠤ ᠠᠳᠠᠯᠢᠳᠭᠠᠨ ᠱᠢᠯᠭᠠᠷᠠᠭᠤᠯᠣᠯᠳᠠ᠂ ᠳᠡᠯᠭᠡᠨ ᠦᠵᠡᠬᠦᠯᠬᠡ᠎ᠳᠤ ᠣᠯᠠᠨᠲᠠ ᠣᠷᠣᠯᠴᠠᠬ᠍ᠰᠠᠨ᠎ᠢᠶᠠᠷ ᠪᠠᠷᠠᠬᠤ ᠦᠬᠡᠢ ᠣᠯᠠᠨᠳᠠ ᠱᠢᠯᠢᠳᠡᠭ ᠬᠢᠷᠢ ᠪᠦᠳᠣᠮᠵᠢ ᠤᠯᠵᠤ᠂ ᠦᠪᠡᠷ᠎ᠤᠨ ᠴᠠᠭᠠᠨ ᠢᠳᠡᠭᠡᠨ᠎ᠤ᠎ᠪᠠᠨ ᠨᠡᠷ᠎ᠡ ᠨᠦᠯᠦᠭᠡ᠎ᠶ᠋ᠢ ᠦᠷᠭᠡᠳᠭᠡᠭ᠌ᠰᠡᠭᠡᠷ ᠢᠷᠡᠪᠠ᠃


QQ截图20260114161310.png


ᠡᠩᠬᠡᠵᠤᠯᠠ ᠴᠠᠭᠠᠨ ᠢᠳᠡᠬᠡᠨ ᠬᠢᠵᠤ ᠪᠠᠢᠭ᠎ᠠ ᠨᠢ


ᠡᠩᠬᠡᠵᠣᠯᠠ᠎ᠶ᠋ᠢᠨ ᠤᠯᠠᠮᠵᠢᠯᠠᠯᠲᠤ ᠴᠠᠭᠠᠨ ᠢᠳᠡᠭᠡᠨ ᠳᠤᠬᠠᠢ᠎ᠶ᠋ᠢᠨ ᠭᠠᠵᠠᠷ ᠣᠷᠣᠨ᠎ᠤ᠎ᠪᠠᠨ ᠬᠦᠮᠦᠨ ᠠᠷᠠᠳ ᠪᠣᠯᠤᠨ ᠵᠢᠭᠤᠯᠴᠢᠯᠠᠭᠰᠠᠳ ᠲᠤ᠌ ᠲᠠᠭᠠᠰᠢᠶᠠᠭᠳᠠᠭᠰᠠᠠ᠎ᠢᠶᠠᠷ ᠪᠠᠷᠠᠬᠤ ᠥᠬᠡᠶ ᠰᠦᠯᠵᠢᠶ᠎ᠠ᠎ᠪᠠᠷ ᠳᠠᠮᠵᠢᠨ ᠬᠤᠨᠠᠨ᠂ ᠯᠢᠶᠣᠤᠨᠢᠩ᠂ ᠵᠢᠶᠠᠩᠰᠦ ᠵᠡᠷᠭᠡ ᠭᠠᠵᠠᠷ᠎ᠲᠤ ᠬᠦᠷᠲᠡᠯ᠎ᠡ ᠪᠤᠷᠤᠯᠠᠭᠤᠯᠤᠭ᠍ᠳᠠᠵᠤ ᠪᠠᠢᠨ᠎ᠠ᠃ 《〈ᠱᠢᠮ᠎ᠠ ᠲᠡᠬᠦᠯᠳᠡᠷ〉 ᠴᠠᠭᠠᠨ ᠢᠳᠡᠭᠡᠨ᠎ᠤ ᠲᠡᠯᠬᠡᠬᠦᠷ᠎ᠠᠴᠠ ᠪᠢ ᠦᠷᠬᠦᠯᠵᠢ ᠴᠠᠭᠠᠨ ᠢᠳᠡᠭᠡᠨ ᠠᠪᠳᠠᠭ᠂ ᠮᠠᠨ᠎ᠤ ᠨᠠᠢᠵᠢ ᠨᠦᠬᠦᠳ ᠪᠠᠰᠠ ᠠᠳᠡ᠎ᠠᠴᠠ ᠴᠠᠭᠠᠨ ᠢᠳᠡᠭᠡᠨ ᠠᠪᠣᠭᠠᠳ ᠰᠠᠢᠬᠠᠨ ᠪᠠᠢᠨ᠎ᠠ ᠬᠡᠵᠣ ᠨᠠᠳᠠ᠎ᠪᠠᠷ ᠣᠯᠠᠨᠲᠠ ᠵᠠᠬᠢᠶᠠᠯᠠᠭᠤᠯᠵᠣ ᠠᠪᠤᠭ᠍ᠰᠠᠨ》 ᠭᠡᠵᠤ ᠰᠠᠭᠤᠭᠠᠯᠢ ᠠᠷᠠᠳ ᠰᠣᠶᠣᠯ᠎ᠠ ᠶᠠᠷᠢᠨ᠎ᠠ᠃

ᠲᠡᠷᠡ ᠴᠠᠭ ᠦᠶ᠎ᠠ᠎ᠶ᠋ᠢᠨ ᠱᠠᠭᠠᠷᠳᠠᠯᠭ᠎ᠠ᠎ᠳᠤ ᠵᠣᠬᠢᠴᠠᠭᠤᠯᠣᠨ᠂ ᠤᠯᠠᠮᠵᠢᠯᠠᠯᠲᠤ ᠴᠠᠭᠠᠨ ᠢᠳᠡᠭᠡᠨ ᠬᠢᠬᠦ᠌ ᠠᠷᠭ᠎ᠠ᠎ᠮᠡᠷᠭᠡᠵᠢᠯ᠎ᠢ ᠴᠢᠩᠭ᠎ᠠ ᠪᠠᠷᠢᠮᠳᠠᠯᠠᠬᠤ᠎ᠶ᠋ᠢᠨ ᠲᠠᠭᠠᠣ ᠱᠢᠨ᠎ᠠ ᠪᠦᠳᠣᠬᠡᠭ᠌ᠳᠡᠬᠦᠨ᠎ᠬᠢᠵᠣ᠂ ᠣᠳᠣ ᠬᠤᠷᠤᠳ᠂ ᠥᠷᠥᠮ᠎ᠡ᠂ ᠱᠢᠷ᠎ᠠ ᠲᠣᠰᠣ᠂ ᠪᠢᠱᠢᠯᠠᠭ᠂ ᠱᠢᠷᠠᠰᠤᠨ ᠱᠢᠬᠢᠷ ᠵᠡᠷᠬᠡ10 ᠭᠠᠷᠤᠢ ᠵᠦᠢᠯ᠎ᠤᠨ ᠪᠦᠳᠣᠬᠡᠭ᠌ᠳᠡᠬᠦᠨ ᠬᠢᠵᠣ᠂ ᠬᠦᠪᠡᠭᠡᠲᠦ ᠱᠢᠷ᠎ᠠ ᠬᠤᠱᠢᠭᠤᠨ᠎ᠤ 《ᠴᠠᠭᠠᠨ ᠢᠳᠡᠭᠡᠨ᠎ᠤ ᠨᠣᠳᠤᠭ》 ᠬᠡᠬᠦ᠌ ᠨᠡᠷ᠎ᠡ ᠠᠯᠳᠡᠷ᠎ᠢ ᠦᠢ ᠤᠯᠠᠨ ᠰᠠᠭᠠᠯᠢᠴᠢᠳ᠎ᠲᠠᠢ᠎ᠪᠠᠨ ᠬᠠᠮᠲᠦ᠍ ᠨᠡᠢᠭᠡᠮ ᠨᠡᠢᠲᠡ᠎ᠳᠤ ᠠᠯᠳᠠᠷᠱᠢᠭᠤᠯᠵᠣ ᠪᠣᠢ᠃

《ᠬᠤᠢᠱᠢᠳᠠ᠎ᠴᠠᠭᠠᠨ ᠢᠳᠡᠭᠡᠨ᠎ᠤ ᠡᠯ᠎ᠡ ᠵᠦᠢᠯ᠎ᠤᠨ ᠪᠣᠯᠪᠠᠰᠣᠷᠠᠯ᠎ᠳᠤ ᠤᠷᠤᠯᠴᠠᠨ᠂ ᠦᠪᠡᠷ᠎ᠢ᠎ᠪᠠᠨ ᠬᠤᠷᠴᠠᠯᠠᠨ᠂ ᠴᠠᠭᠠᠨ ᠢᠳᠡᠭᠡᠨ᠎ᠤ ᠱᠢᠨ᠎ᠠ ᠮᠠᠶᠢᠭ᠎ᠤᠨ ᠪᠦᠳᠣᠬᠡᠭ᠌ᠳᠡᠬᠦᠨ᠂ ᠣᠨᠴᠠᠯᠢᠬ᠍ᠳᠣ ᠴᠠᠭᠠᠨ ᠢᠳᠡᠭᠡᠨ ᠬᠢᠬᠦ᠌ ᠱᠢᠨ᠎ᠡ ᠠᠷᠭ᠎ᠠ ᠮᠡᠷᠭᠡᠵᠢᠯ᠎ᠢ ᠰᠤᠷᠬᠤ᠎ᠪᠠᠷ ᠴᠢᠷᠮᠠᠢᠨ᠎ᠠ》 ᠭᠡᠵᠤ ᠡᠩᠬᠡᠵᠣᠯᠠ ᠶᠠᠷᠢᠯ᠎ᠠ᠃


QQ截图20260114161434.png


ᠡᠩᠬᠡᠵᠤᠯᠠ (ᠪᠠᠷᠠᠭᠤᠨᠳᠡᠬᠢ) ᠲᠡᠯᠬᠡᠬᠦᠷ ᠲᠡᠬᠡᠨ ᠶᠠᠭᠠᠷᠠᠵᠤ ᠪᠠᠢᠭ᠎ᠠ ᠨᠢ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号