ᠶᠤᠸᠠᠨ ᠤ᠋ ᠳᠡᠭᠡᠳᠦ ᠨᠡᠢᠰᠯᠡᠯ ᠤ᠋ᠨ ᠪᠠᠭᠤᠷᠢ ᠶ᠋ᠢᠨ ᠬᠠᠭᠤᠴᠢ ᠰᠤᠳᠤᠯᠤᠯ᠎ᠴᠢᠬᠤᠯᠠ ᠠᠮᠵᠢᠯᠲᠠ ᠤᠯᠪᠠ
2026-01-20 08:32:23
ᠵᠣᠬᠢᠶᠠᠭ᠍ᠴᠢ᠄
ᠬᠦᠭᠵᠢᠯᠳᠦ
ᠣᠩᠱᠢᠭ᠍ᠰᠠᠨ ᠣᠳᠠᠭ᠎ᠠ᠄
★★★☆☆

ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠲᠡᠦᠬᠡ ᠶ᠋ᠢᠨ ᠳᠤᠷᠠᠰᠭᠠᠯᠲᠤ ᠵᠦᠶ᠋ᠯ ᠬᠠᠭᠤᠴᠢ ᠰᠤᠳᠤᠯᠤᠯ ᠤ᠋ᠨ ᠬᠦᠷᠢᠶᠡᠯᠡᠩ 2025 ᠣᠨ ᠳ᠋ᠦ ᠶᠤᠸᠠᠨ ᠤ᠋ ᠳᠡᠭᠡᠳᠦ ᠨᠡᠢᠰᠯᠡᠯ ᠤ᠋ᠨ ᠪᠠᠭᠤᠷᠢ ᠶ᠋ᠢᠨ ᠬᠠᠭᠤᠴᠢ ᠰᠤᠳᠤᠯᠤᠯ ᠤ᠋ᠨ ᠠᠭᠤᠳᠠᠯᠤᠨ ᠮᠠᠯᠲᠠᠬᠤ ᠠᠵᠢᠯ ᠢ᠋ ᠳᠠᠬᠢᠨ ᠡᠬᠢᠯᠡᠭᠦᠯᠵᠦ᠍᠂ ᠶᠤᠸᠠᠨ ᠤ᠋ ᠳᠡᠭᠡᠳᠦ ᠨᠡᠢᠰᠯᠡᠯ ᠤ᠋ᠨ ᠳ᠋ᠠ ᠯᠦᠩ ᠭᠤᠸᠠᠩ ᠬᠤᠸᠠ ᠶᠠᠨ ᠰᠧ᠎ᠬᠡᠢᠳ ᠤ᠋ᠨ ᠪᠠᠭᠤᠷᠢ ᠵᠢ ᠠᠭᠤᠳᠠᠯᠤᠨ ᠮᠠᠯᠲᠠᠭᠠᠳ ᠴᠢᠬᠤᠯᠠ ᠦᠷ᠎ᠡ ᠪᠦᠲᠦᠮᠵᠢ ᠤᠯᠵᠠᠢ᠃

ᠡᠨᠡ ᠤᠳᠠᠭ᠎ᠠ ᠵᠢᠨ ᠬᠠᠭᠤᠴᠢ ᠰᠤᠳᠤᠯᠤᠯ ᠤ᠋ᠨ ᠠᠭᠤᠳᠠᠯᠤᠨ ᠮᠠᠯᠳᠠᠯᠳᠠ ᠬᠢᠭ᠌ᠰᠡᠨ ᠳ᠋ᠠ ᠯᠦᠩ ᠭᠤᠸᠠᠩ ᠬᠤᠸᠠ ᠶᠠᠨ ᠰᠧ ᠬᠡᠢᠳ ᠤ᠋ᠨ ᠪᠠᠭᠤᠷᠢ ᠨᠢ ᠶᠤᠸᠠᠨ ᠤ᠋ ᠳᠡᠭᠡᠳᠦ ᠨᠡᠢᠰᠯᠡᠯ ᠤ᠋ᠨ ᠬᠠᠭᠠᠨ ᠤ᠋ ᠬᠣᠲᠠ ᠶ᠋ᠢᠨ ᠵᠡᠭᠦᠨ ᠬᠣᠢᠲᠤ ᠥᠨᠴᠥᠭ ᠲᠦ᠍ ᠪᠠᠢᠷᠢᠯᠠᠵᠤ᠂ ᠣᠷᠳᠣ ᠳᠥᠷᠪᠡᠯᠵᠢᠨ ᠬᠡᠯᠪᠡᠷᠢᠲᠡᠶ᠂ ᠭᠤᠷᠪᠠᠨ ᠳᠠᠪᠬᠤᠷ ᠬᠦᠷᠢᠶ᠎ᠡ ᠲᠡᠶ ᠶᠤᠮ᠃ 2025 ᠤᠨ ᠳ᠋ᠤ ᠭᠣᠣᠯᠳᠠᠭᠤ ᠳᠤᠮᠳᠠ ᠬᠦᠷᠢᠶᠨᠯᠡᠩ ᠤ᠋ᠨ ᠲᠣᠮᠣ ᠬᠡᠯᠪᠡᠷᠢ ᠶ᠋ᠢᠨ ᠪᠠᠷᠢᠯᠭ᠎ᠠ ᠶ᠋ᠢᠨ ᠰᠠᠭᠤᠷᠢ ᠭᠠᠵᠠᠷ ᠢ᠋ ᠠᠭᠤᠳᠠᠯᠤᠨ ᠮᠠᠯᠲᠠᠵᠤ᠂ ᠤᠯᠳᠠᠭᠰᠠᠨ ᠪᠣᠳᠠᠰ ᠨᠢ ᠭᠣᠣᠯᠳᠠᠭᠤ ᠰᠠᠭᠤᠷᠢ ᠳᠡᠭᠡᠷ᠎ᠡ ᠨᠤᠷᠠᠵᠤ ᠣᠪᠣᠭᠠᠷᠠᠭ᠍ᠰᠠᠨ ᠪᠠᠷᠢᠯᠭ᠎ᠠ ᠶ᠋ᠢᠨ ᠮᠠᠲ᠋ᠧᠷᠢᠶᠠᠯ ᠤ᠋ᠳ ᠪᠣᠯᠤᠨ᠎ᠠ᠃ ᠡᠬᠦᠨ ᠳ᠋ᠤ ᠸᠠᠭᠠᠷ᠂ ᠲᠤᠰᠬᠤᠭᠤᠷ ᠸᠠᠭᠠᠷ᠂ ᠤᠨᠵᠢᠬᠢᠷ ᠸᠠᠭᠠᠷ᠂ ᠲᠣᠭᠣᠰᠭ᠎ᠠ᠂ ᠴᠢᠯᠠᠭᠤᠨ ᠯᠤᠤ ᠶ᠋ᠢᠨ ᠲᠡᠷᠢᠬᠦᠨ᠂ ᠬᠡᠷᠡᠰᠭᠡ ᠵᠡᠷᠭᠡ ᠡᠳ᠋ ᠪᠠᠢᠵᠦ᠂ ᠣᠯᠠᠩᠬᠢ ᠸᠠᠭᠠᠷ ᠨᠢ ᠫᠠᠯᠠᠩ ᠲᠠᠢ ᠸᠠᠭᠠᠷ᠂ ᠲᠤᠰᠬᠤᠭᠤᠷ ᠸᠠᠭᠠᠷ ᠪᠠᠢᠵᠤ᠂ ᠤᠨᠵᠢᠬᠢᠷ ᠸᠠᠭᠠᠷ ᠤ᠋ᠨ ᠬᠡ ᠨᠢ ᠯᠤᠤ ᠶ᠋ᠢᠨ ᠬᠡ ᠪᠡᠷ ᠭᠤᠤᠯᠯᠠᠵᠤ᠂ ᠭᠠᠷᠤᠳᠢ ᠶ᠋ᠢᠨ ᠬᠡ᠎ᠪᠠᠭᠳᠠᠵᠠᠢ᠃ ᠪᠤᠰᠤᠳ ᠦᠯᠡᠳᠡᠭ᠌ᠳᠡᠯ ᠪᠣᠳᠠᠰ ᠳᠣᠲᠣᠷ᠎ᠠ ᠶᠡᠬᠡ ᠬᠡᠮᠵᠢᠶᠡᠨ᠎ᠦ ᠱᠤᠭᠤᠮᠠᠯ ᠰᠡᠢᠯᠦᠮᠡᠯ ᠤ᠋ᠨ ᠦᠯᠡᠳᠡᠭᠳᠡᠯ ᠪᠠᠢᠵᠦ᠂ ᠬᠠᠭᠤᠴᠢ ᠰᠤᠳᠤᠯᠭᠠᠳᠠᠳ ᠤ᠋ᠨ ᠲᠠᠭᠠᠮᠠᠭᠯᠠᠬᠤ ᠪᠡᠷ ᠡᠨᠡ ᠨᠢ ᠪᠠᠷᠢᠯᠭ᠎ᠠ ᠪᠤᠶᠤ ᠪᠤᠷᠬᠠᠨ ᠤ᠋ ᠬᠦᠷᠦᠭ ᠤ᠋ᠨ ᠴᠢᠮᠡᠭ᠌ᠯᠡᠯ ᠤ᠋ᠨ ᠡᠳ᠋ ᠪᠠᠢᠬᠤ ᠪᠤᠯᠤᠯᠴᠠᠭ᠎ᠠ ᠲᠠᠢ᠃

ᠶᠤᠸᠠᠨ ᠤ᠋ ᠳᠡᠭᠡᠳᠦ ᠨᠡᠢᠰᠯᠡᠯ ᠤ᠋ᠨ ᠪᠠᠭᠤᠷᠢ ᠱᠢᠯᠢ ᠶ᠋ᠢᠨ ᠭᠣᠣᠯ ᠠᠢᠮᠠᠭ ᠤ᠋ᠨ ᠱᠢᠯᠤᠭᠤᠨ ᠬᠦᠬᠡ ᠬᠣᠱᠢᠭᠤᠨ ᠳ᠋ᠦ ᠪᠠᠢᠷᠢᠯᠠᠵᠤ᠂ 2012 ᠣᠨ ᠳ᠋ᠦ ᠳᠡᠯᠡᠬᠡᠢ ᠶ᠋ᠢᠨ ᠥᠪ ᠤ᠋ᠨ ᠨᠡᠷᠡᠰ ᠲᠦ᠍ ᠵᠢᠭ᠍ᠰᠠᠭᠠᠭ᠍ᠳᠠᠵᠠᠢ᠃ ᠥᠪᠥᠷ ᠮᠣᠩᠭᠣᠯ ᠤ᠋ᠨ ᠲᠡᠦᠬᠡ ᠶ᠋ᠢᠨ ᠳᠤᠷᠠᠰᠭᠠᠯᠲᠤ ᠵᠦᠶ᠋ᠯ ᠬᠠᠭᠤᠴᠢ ᠰᠤᠳᠤᠯᠤᠯ ᠤ᠋ᠨ ᠬᠦᠷᠢᠶᠡᠯᠡᠩ ᠤ᠋ᠨ ᠳᠡᠳ᠋ ᠳᠠᠷᠤᠭ᠎ᠠ ᠰᠥᠩ ᠭᠦᠸᠧ ᠳ᠋ᠦᠩ ᠤ᠋ᠨ ᠲᠠᠨᠢᠯᠴᠠᠭᠤᠯᠤᠭ᠍ᠰᠠᠨ ᠢ᠋ᠶ᠋ᠠᠷ᠂ ᠳ᠋ᠠ ᠯᠦᠩ ᠭᠤᠸᠠᠩ ᠬᠤᠸᠠ ᠶᠠᠨ ᠰᠧ᠎ᠬᠡᠢᠳ ᠤ᠋ᠨ ᠪᠠᠭᠤᠷᠢ ᠪᠤᠯ ᠶᠤᠸᠠᠨ ᠤ᠋ ᠳᠡᠭᠡᠳᠦ ᠨᠡᠢᠰᠯᠡᠯ ᠤ᠋ᠨ ᠬᠠᠭᠠᠨ ᠤ᠋ ᠬᠣᠲᠠ ᠶ᠋ᠢᠨ ᠳᠣᠲᠣᠷᠠᠬᠢ ᠬᠡᠪᠴᠢᠶ᠎ᠡ ᠪᠡᠷ ᠨᠡᠯᠢᠶᠡᠳ ᠶᠡᠬᠡ᠂ ᠨᠡᠯᠢᠶᠡᠳ ᠥᠨᠳᠥᠷ ᠪᠠᠷᠢᠯᠭ᠎ᠠ ᠶ᠋ᠢᠨ ᠰᠠᠭᠤᠷᠢ ᠶ᠋ᠢᠨ ᠨᠢᠭᠡ ᠪᠤᠯᠤᠨ᠎ᠠ᠃ ᠪᠠᠷᠢᠯᠭ᠎ᠠ ᠶ᠋ᠢᠨ ᠪᠠᠢᠷᠢᠱᠢᠭᠤᠯᠤᠯᠲᠠ ᠪᠠ ᠭᠠᠷ ᠤᠷᠠᠯᠠᠯ ᠤ᠋ᠨ ᠮᠡᠷᠭᠡᠵᠢᠯ ᠤ᠋ᠨ ᠲᠠᠯ᠎ᠠ ᠪᠠᠷ ᠲᠠᠩ ᠤᠯᠤᠰ ᠰᠦᠩ ᠤᠯᠤᠰ ᠡᠴᠡ ᠨᠠᠭᠠᠱᠢᠬᠢ ᠱᠢᠷᠣᠶ ᠮᠣᠳᠣᠨ ᠤ᠋ ᠪᠠᠷᠢᠯᠭ᠎ᠠ ᠶ᠋ᠢᠨ ᠤᠯᠠᠮᠵᠢᠯᠠᠯ ᠢ᠋ ᠵᠠᠯᠭᠠᠮᠵᠢᠯᠠᠵᠦ᠂ ᠮᠠᠯᠲᠠᠵᠤ ᠭᠠᠷᠭᠠᠭ᠍ᠰᠠᠨ ᠸᠠᠭᠠᠷ ᠤ᠋ᠨ ᠯᠤᠤ ᠶ᠋ᠢᠨ ᠬᠡ ᠤᠭᠠᠯᠵᠠ᠂ ᠭᠠᠷᠤᠳᠢ ᠶ᠋ᠢᠨ ᠬᠡ ᠤᠭᠠᠯᠵᠠ ᠵᠡᠷᠭᠡ ᠴᠢᠮᠡᠭ᠌ᠯᠡᠯ ᠤ᠋ᠨ ᠰᠡᠳᠦᠪᠯᠡᠬᠦᠨ ᠨᠢ ᠴᠥᠮ ᠳᠤᠮᠳᠠᠳᠤ ᠣᠷᠣᠨ ᠤ᠋ ᠰᠣᠶᠣᠯ ᠤ᠋ᠨ ᠱᠢᠰᠲ᠋ᠧᠮ ᠡᠴᠡ ᠢᠷᠡᠯᠲᠡ ᠲᠡᠶ ᠪᠠᠢᠵᠤ᠂ ᠶᠤᠸᠠᠨ ᠤᠯᠤᠰ ᠤ᠋ᠨ ᠳᠡᠭᠡᠳᠦ ᠲᠠᠰ ᠤ᠋ᠨ ᠱᠠᠱᠢᠨ ᠰᠤᠷᠲᠠᠬᠤᠨ ᠤ᠋ ᠪᠠᠷᠢᠯᠭ᠎ᠠ ᠪᠠ ᠤᠷᠳᠤᠨ ᠤ᠋ ᠪᠠᠷᠢᠯᠭ᠎ᠠ ᠶ᠋ᠢᠨ ᠲᠦᠷᠢᠮ ᠢ᠋ ᠭᠦᠨᠵᠡᠭᠡᠶ ᠰᠤᠳᠤᠯᠬᠤ ᠳ᠋ᠦ ᠬᠠᠭᠤᠴᠢ ᠰᠤᠳᠤᠯᠤᠯ ᠤ᠋ᠨ ᠴᠢᠬᠤᠯᠠ ᠦᠨᠳᠦᠰᠦᠯᠡᠯ ᠬᠠᠩᠭᠠᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号