ᠴᠠᠰᠤᠨ᠎ᠤ ᠵᠢᠷᠤᠬᠠᠢ
2026-01-21 16:00:34
ᠵᠣᠬᠢᠶᠠᠭ᠍ᠴᠢ᠄
ᠫᠣ᠊·ᠰᠠᠨᠠᠭᠠᠷᠪᠦᠣ
ᠣᠩᠱᠢᠭ᠍ᠰᠠᠨ ᠣᠳᠠᠭ᠎ᠠ᠄
★★★☆☆


  (ᠮᠦᠴᠡᠯᠭᠡ ᠱᠢᠯᠦᠭ


ᠣᠢᠮᠤᠰᠤ ᠡᠮᠦᠰᠭᠦ ᠳᠤᠷ᠎ᠠ ᠦᠭᠡᠢ ᠬᠡᠥᠬᠡᠳ ᠱᠢᠭ

ᠨᠢᠴᠦᠬᠦᠨ ᠬᠥᠯ᠎ᠢᠶᠠᠷ ᠭᠦᠶᠦᠳᠡᠭ ᠪᠠᠢᠭ᠍ᠰᠠᠨ ᠪᠣᠯ

ᠤᠶᠠᠬᠠᠨ ᠴᠠᠭᠠᠨ ᠴᠠᠰᠤ᠎ᠶ᠋ᠢ ᠭᠬᠢᠷᠲᠦᠭᠡᠬᠦ᠌ ᠦᠭᠡᠢ ᠪᠠᠢᠭ᠍ᠰᠠᠨ

ᠤᠵᠠᠭᠤᠷ ᠪᠠᠯᠠᠷ᠎ᠲᠤ ᠲᠡᠢᠮᠦ᠍ ᠯᠠ ᠪᠠᠢᠭ᠍ᠰᠠᠨ ᠪᠢᠵᠡ!

ᠤᠴᠠᠭᠠᠷ ᠬᠦᠷᠦᠭ᠌ᠰᠡᠨ ᠠᠯᠢᠶ᠎ᠠ ᠲᠦᠢᠳᠭᠡᠷ ᠮᠡᠲᠦ

ᠲᠡᠢᠴᠢᠯᠡᠬᠦ᠌ ᠶᠤᠮ ᠪᠣᠯ

ᠣᠪᠣᠷ ᠠᠪᠣᠷᠢ᠎ᠶ᠋ᠢ ᠮᠢᠨᠢ ᠲᠣᠯᠢᠨ ᠴᠠᠰᠤ

ᠠᠯᠠᠭ᠎ᠲᠠᠢ ᠴᠠᠭᠠᠨ᠎ᠲᠠᠢ᠎ᠨᠢ ᠦᠵᠡᠭᠦᠯᠬᠦ᠌ ᠯᠠ ᠪᠢᠵᠡ!

ᠠᠶᠠᠷ ᠠᠶᠠᠷᠬᠠᠨ ᠯᠠᠪᠰᠠᠯᠠᠬᠤ

ᠠᠮᠤᠷ ᠠᠮᠤᠭᠤᠯᠠᠩ᠎ᠤᠨ ᠬᠦᠭ᠌ᠵᠢᠮ ᠮᠡᠲᠦ ᠴᠠᠰᠤᠨ

ᠠᠯᠢ᠎ᠨᠢ ᠴᠣᠬᠤᠮ

ᠦᠷᠭᠦᠭ᠌ᠰᠡᠨ ᠲᠠᠤᠯᠠᠢ᠎ᠶ᠋ᠢ ᠳᠡᠭᠦᠵᠢᠯᠡᠵᠦ᠍᠂ ᠡᠰᠡᠭᠦᠯ᠎ᠡ

ᠦᠨᠦᠴᠢᠨ ᠪᠦᠵᠦᠩ᠎ᠢ ᠡᠪᠦᠷᠯᠡᠭᠡᠳ ᠢᠷᠡᠬᠦ᠌᠎ᠶ᠋ᠢ

ᠦᠭᠡᠷᠡᠲᠦᠭᠦᠯᠦᠯ ᠦᠭᠡᠢ ᠬᠡᠪᠯᠡᠨ ᠨᠡᠢᠲᠡᠯᠡᠬᠦ᠌ ᠪᠠᠢᠬ᠎ᠠ!



ᠢᠯᠡᠶᠣᠰᠤ


ᠣᠢᠯᠠᠭᠠᠳᠠᠭ᠎ᠨᠢ ᠬᠦᠮᠦᠨ᠎ᠤ ᠬᠡᠯᠡ

ᠤᠢᠯᠠᠭᠠᠳᠠᠭ ᠦᠭᠡᠢ᠎ᠨᠢ ᠠᠮᠢᠲᠠᠨ᠎ᠤ ᠬᠡᠯᠡ

ᠣᠢᠯᠠᠭᠠᠳᠠᠭ᠎ᠨᠢ ᠠᠮᠢᠲᠠᠨ᠎ᠤ ᠵᠢᠷᠦᠬᠡ

ᠤᠢᠯᠠᠭᠠᠳᠠᠭ ᠦᠭᠡᠢ᠎ᠨᠢ ᠬᠦᠮᠦᠨ᠎ᠤ ᠪᠣᠳᠤᠯ

ᠨᠢᠭᠡ ᠯᠠ ᠰᠠᠢᠬᠠᠨ ᠦᠬᠢᠨ

ᠨᠢᠭᠡ ᠯᠠ ᠰᠠᠢᠬᠠᠨ ᠦᠬᠢᠨ

ᠨᠢᠭᠡ ᠡᠳᠦᠷ ᠬᠠᠷᠭᠤᠴᠢᠬᠠᠵᠦ᠍ ᠮᠡᠳᠡᠨ᠎ᠡ

ᠬᠢᠯᠭᠠᠨ᠎ᠠ᠎ᠶ᠋ᠢᠨ ᠨᠠᠮᠠᠭ᠎ᠠ ᠨᠠᠢᠭᠤᠭ᠍ᠰᠠᠨ ᠬᠥᠲᠦᠯ ᠳᠡᠭᠡᠷ᠎ᠡ

ᠬᠠᠷᠢᠨ ᠭᠤᠩᠬᠠᠴᠢᠬᠠᠭ᠍ᠰᠠᠨ ᠲᠣᠷᠮᠤᠢᠵᠦ᠍ ᠮᠡᠳᠡᠨ᠎ᠡ

ᠨᠢᠭᠡ ᠯᠠ ᠰᠠᠢᠬᠠᠨ ᠦᠬᠢᠨ᠎ᠲᠠᠢ

ᠨᠢᠭᠡ ᠭᠤᠣᠯ᠎ᠤᠨ ᠣᠯᠤᠮ ᠳᠡᠭᠡᠷ᠎ᠡ ᠬᠠᠷᠭᠤᠴᠢᠬᠠᠵᠦ᠍ ᠮᠡᠳᠡᠨ᠎ᠡ

ᠤᠰᠤᠨ᠎ᠳᠤ ᠳᠦᠷᠦᠭ᠌ᠰᠡᠨ ᠬᠥᠯ᠎ᠨᠢ

ᠤᠴᠠᠷᠠᠯ᠎ᠤᠨ ᠳᠣᠯᠭᠢᠶ᠎ᠠ ᠦᠰᠦᠷᠭᠡᠵᠦ᠍ ᠮᠡᠳᠡᠨ᠎ᠡ

ᠨᠢᠭᠡ ᠯᠠ ᠰᠠᠢᠬᠠᠨ ᠦᠬᠢᠨ᠎ᠲᠠᠢ

ᠵᠦᠷᠢᠯᠭᠡ ᠵᠠᠮ᠎ᠤᠨ ᠨᠡᠮᠡᠬᠦ᠌ ᠳᠡᠭᠡᠷ᠎ᠡ ᠬᠠᠷᠭᠤᠴᠢᠬᠠᠵᠦ᠍ ᠮᠡᠳᠡᠨ᠎ᠡ

ᠨᠢᠭᠡ ᠠᠢᠯ᠎ᠤᠨ ᠭᠠᠯ ᠪᠣᠯᠤᠨ ᠠᠰᠠᠵᠦ᠍ ᠪᠣᠯᠬᠤ ᠴᠦ᠍

ᠬᠤᠶᠠᠷ ᠬᠥᠲᠥᠯ᠎ᠢ ᠦᠭ᠌ᠰᠦᠭᠡᠳ ᠠᠶᠠᠷᠯᠠᠴᠢᠬᠠᠵᠤ ᠮᠡᠳᠡᠨ᠎ᠡ

ᠠᠮᠢᠳᠤᠷᠠᠯ᠎ᠤᠨ ᠭᠱᠠᠨ ᠪᠦᠷᠢ ᠠᠯᠲᠠᠨ ᠪᠣᠯᠤᠮᠵᠢ

ᠠᠢ! ᠪᠠᠰᠠ ᠠᠷᠴᠢᠭ᠍ᠳᠠᠳᠠᠭ ᠵᠡᠷᠭᠡᠯᠭᠡ




ᠤᠶᠠᠷᠠᠯ᠎ᠤᠨ ᠠᠶᠠᠯᠭᠤ



ᠬᠥᠬᠡ ᠠᠭᠤᠯᠠ᠎ᠪᠠᠨ ᠨᠦᠮᠦᠷᠦᠭᠡᠳ

ᠬᠦᠭ᠌ᠯᠡᠭᠡᠷ ᠡᠭᠦᠯᠡ᠎ᠨᠢ ᠬᠤᠷᠠᠯᠳᠤᠨ᠎ᠠ

ᠬᠦᠭᠡᠷᠦᠬᠦᠢ ᠪᠣᠲᠤᠭᠤ ᠪᠣᠢᠯᠠᠬᠤ᠎ᠨᠢ

ᠨᠢᠯᠪᠤᠰᠤ᠎ᠲᠠᠢ ᠪᠣᠷᠤᠭ᠎ᠠ ᠣᠷᠤᠬᠤ ᠶᠤᠮ ᠦᠦ ᠳ᠋ᠠ

ᠠᠭᠤᠵᠢᠮ ᠬᠠᠩᠭᠠᠢ᠎ᠶ᠋ᠢᠨ ᠳᠤᠮᠳᠠ

ᠣᠷᠢᠨ ᠰᠠᠯᠬᠢ᠎ᠨᠢ ᠴᠠᠯᠭᠢᠨ᠎ᠠ

ᠤᠰᠤᠨ᠎ᠳᠤ ᠶᠠᠪᠤᠳᠠᠭ ᠡᠵᠢ ᠮᠢᠨᠢ

ᠪᠦᠷᠲᠦᠢᠵᠦ᠍ ᠦᠵᠡᠭ᠌ᠳᠡᠳᠡᠭ ᠪᠣᠯ ᠦᠦ ᠳ᠋ᠠ

ᠰᠦᠭ᠌ᠯᠡᠭᠡᠷ ᠠᠭᠤᠯᠠ᠎ᠶ᠋ᠢᠨ ᠣᠷᠣᠢ᠎ᠪᠠᠷ

ᠰᠦᠨᠢ᠎ᠶ᠋ᠢᠨ ᠣᠳᠤᠳ᠎ᠨᠢ ᠭᠢᠯᠠᠯᠵᠠᠨ᠎ᠠ

ᠰᠦᠵᠢᠭ᠎ᠲᠤ ᠠᠮᠤᠷᠯᠢᠬᠤ ᠡᠵᠢ ᠮᠢᠨᠢ

ᠰᠦᠮᠡᠢᠵᠦ᠍ ᠬᠠᠷᠠᠭ᠍ᠳᠠᠳᠠᠭ ᠪᠣᠯ ᠦᠦ ᠳ᠋ᠠ

ᠳᠡᠯᠭᠡᠷ ᠬᠠᠩᠭᠠᠢ᠎ᠶ᠋ᠢᠨ ᠡᠩᠭᠡᠷ᠎ᠢᠶᠠᠷ

ᠳᠡᠭ᠌ᠵᠢᠨ ᠴᠡᠴᠡᠭ᠎ᠤᠳ ᠲᠣᠷᠮᠣᠢᠨ᠎ᠠ

ᠳᠡᠷᠭᠡᠲᠡ᠎ᠠᠴᠠ ᠠᠶᠠᠷᠯᠠᠭ᠍ᠰᠠᠨ ᠡᠵᠢ ᠮᠢᠨᠢ

ᠵᠡᠭᠦᠳᠦᠨ᠎ᠳᠤ ᠢᠷᠡᠳᠡᠭ ᠴᠦ᠍ ᠪᠣᠯ ᠦᠦ ᠳ᠋ᠠ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号