ᠡᠪᠦᠭᠡ᠎ᠶ᠋ᠢᠨ ᠬᠠᠢᠯᠠᠳᠠᠭ ᠲᠤᠤᠯᠢ᠎ᠶ᠋ᠢᠨ ᠪᠠᠭᠠᠲᠤᠷ ᠱᠢᠭ᠋
ᠡᠪᠦᠯ᠎ᠤᠨ 《ᠮᠠᠩᠭᠤᠰ》 ᠢ᠋ ᠳᠠᠷᠤᠭᠠᠳ ᠢᠷᠡᠳᠡᠭ
ᠡᠮᠡᠭᠡ᠎ᠶ᠋ᠢᠨ ᠬᠡᠯᠡᠳᠡᠭ ᠦᠯᠢᠭᠡᠷ᠎ᠤᠨ ᠳᠠᠭᠢᠨᠢ ᠱᠢᠭ᠋
ᠦᠩᠭᠡ᠎ᠶ᠋ᠢᠨ ᠴᠡᠴᠡᠭ᠎ᠢᠶᠠᠨ ᠰᠠᠴᠤᠭᠠᠳ ᠢᠷᠡᠳᠡᠭ
ᠠᠪᠤ᠎ᠶ᠋ᠢᠨ ᠰᠤᠷᠭᠠᠭ᠍ᠰᠠᠨ ᠠᠷᠭᠤᠮᠠᠭ ᠬᠦᠯᠦᠭ ᠱᠢᠭ
ᠠᠯᠤᠰᠬᠤᠯᠠᠶ᠋ᠢ ᠲᠤᠪᠴᠢᠯᠠᠭᠠᠳ ᠢᠷᠡᠳᠡᠭ
ᠡᠵᠢ᠎ᠶ᠋ᠢᠨ ᠠᠶᠠᠯᠤᠭᠰᠠᠨ ᠪᠦᠪᠡᠢ᠎ᠶ᠋ᠢᠨ ᠡᠭᠡᠰᠢᠭ ᠰᠢᠭ
ᠤᠷᠴᠢᠯᠠᠩ᠎ᠤᠨ ᠵᠤᠯᠠᠢ᠎ᠶ᠋ᠢ ᠢᠯᠪᠢᠭᠡᠳ ᠢᠷᠡᠳᠡᠭ
ᠤᠷᠳᠤ᠎ᠶ᠋ᠢᠨ ᠲᠠᠭᠤᠤ ᠵᠢᠨ ᠠᠭᠤᠳᠠᠮ ᠱᠢᠷᠤᠩᠬᠠᠢ ᠱᠢᠭ᠋
ᠤᠭ᠍ᠲᠠᠷᠭᠤᠢ᠎ᠶ᠋ᠢᠨ ᠮᠠᠨᠳᠠᠯ᠎ᠢ ᠴᠡᠯᠮᠡᠭᠡᠳ ᠢᠷᠡᠳᠡᠭ
ᠮᠤᠷᠢᠨ ᠬᠤᠭᠤᠷ᠎ᠤᠨ ᠬᠢᠯᠭᠠᠰᠤᠨ ᠴᠢᠪᠬᠠᠳᠠᠰᠤ ᠱᠢᠭ᠋
ᠮᠦᠷᠡᠨ ᠭᠤᠤᠯ᠎ᠢ ᠴᠢᠪᠬᠠᠳᠠᠭᠠᠳ ᠢᠷᠡᠳᠡᠭ
ᠱᠠᠭ᠎ᠠ ᠬᠠᠶᠠᠯᠴᠠᠭ᠍ᠰᠠᠨ ᠬᠡᠦᠬᠡᠳ᠎ᠤᠨ ᠮᠦᠷᠦᠢ ᠱᠢᠭ
ᠱᠠᠩᠲᠤ ᠪᠤᠯᠠᠭ᠎ᠢ ᠱᠤᠤᠭᠢᠭᠤᠯᠤᠭᠠᠳ ᠢᠷᠡᠳᠡᠭ
ᠱᠤᠩ ᠡᠷᠭᠢᠯᠳᠦᠭ᠌ᠰᠡᠨ ᠱᠠᠭᠠᠵᠠᠭᠠᠢ᠎ᠶ᠋ᠢᠨ ᠱᠠᠭ᠍ᠰᠢᠯ ᠱᠢᠭ᠋
ᠰᠠᠢᠨ᠎ᠤ ᠢᠷᠦᠭᠡᠯᠢ ᠪᠡᠯᠭᠡᠱᠢᠶᠡᠭᠡᠳ ᠢᠷᠡᠳᠡᠭ
ᠤᠰᠤᠨ᠎ᠳᠤ ᠶᠠᠪᠤᠭ᠍ᠰᠠᠨ ᠪᠦᠰᠡᠭᠦᠢ᠎ᠶ᠋ᠢᠨ ᠠᠯᠴᠢᠭᠤᠷ ᠱᠢᠭ᠋
ᠤᠬᠠᠭᠠᠨ ᠪᠤᠳᠤᠯ᠎ᠢ ᠳᠡᠷᠪᠡᠭᠦᠯᠦᠭᠡᠳ ᠢᠷᠡᠳᠡᠭ
ᠤᠷᠭ᠎ᠠ ᠲᠤᠯᠤᠭ᠍ᠰᠠᠨ ᠠᠳᠤᠭᠤᠴᠢᠨ᠎ᠤ ᠢᠰᠭᠡᠷᠦᠭᠡ ᠱᠢᠭ
ᠤᠷᠮ᠎ᠠ ᠵᠤᠷᠢᠭ᠎ᠢ ᠰᠡᠷᠭᠦᠭᠡᠭᠡᠳ ᠢᠷᠡᠳᠡᠭ
ᠬᠦᠷᠦᠭᠡᠳ ᠢᠷᠡᠳᠡᠭ ᠬᠠᠪᠤᠷ
ᠬᠦᠷ ᠨᠠᠢᠷ᠎ᠤᠨ ᠠᠶᠠᠯᠭᠤ᠎ᠲᠠᠢ
ᠬᠦᠮᠦᠨ ᠵᠤᠨ᠎ᠤ ᠰᠡᠳᠭᠢᠯ
ᠬᠦᠰᠡᠯ ᠮᠦᠷᠦᠭᠡᠳᠦᠯ᠎ᠤᠨ ᠠᠮᠲᠠᠲᠠᠢ
ᠬᠦᠷᠦᠭᠡᠳ ᠢᠷᠡᠳᠡᠭ ᠬᠠᠪᠤᠷ
ᠬᠡᠢᠮᠤᠷᠢ ᠰᠦᠯᠳᠠ᠎ᠶ᠋ᠢᠨ ᠬᠤᠷᠤᠢ᠎ᠲᠠᠢ
ᠬᠦᠵᠢ ᠳᠡᠯᠡᠬᠡᠢ ᠪᠦᠭᠦᠳᠡᠪᠠᠷᠢᠶᠠᠨ
ᠬᠦᠭ᠌ᠵᠢᠯ ᠪᠠᠳᠠᠷᠠᠯ᠎ᠤᠨ ᠤᠷᠠᠢ᠎ᠲᠠᠢ