(ᠭᠠᠳᠠᠨ᠎ᠠ ᠨᠢᠭᠡ )
ᠱᠢᠪᠡᠨᠡᠯ ᠮᠡᠲᠦ᠍᠂ ᠮᠦᠷᠦᠭᠡᠳᠦᠯ ᠮᠡᠲᠦ ᠣᠶᠠᠬᠠᠨ
ᠱᠢᠷᠬᠡᠭ ᠱᠢᠷᠬᠡᠭ ᠴᠠᠰᠣᠨ᠎ᠢᠶᠠᠷ
ᠪᠠᠳᠠᠭ ᠪᠠᠳᠠᠭ ᠱᠢᠯᠦᠭ ᠬᠡᠯᠬᠢᠵᠦ᠍
ᠰᠡᠳᠭᠢᠯ᠎ᠤᠨ ᠪᠡᠯᠡᠭ ᠪᠣᠯᠭᠠᠶ᠎ᠠ
ᠬᠦᠭ᠌ᠵᠢᠮ ᠮᠡᠲᠦ᠍᠂ ᠳᠠᠭᠤᠣ ᠮᠡᠲᠦ ᠢᠷᠠᠭᠤᠬᠠᠨ
ᠬᠦᠪᠰᠦᠭᠡᠷ ᠵᠦᠭᠡᠯᠡᠨ ᠴᠠᠰᠣᠨ᠎ᠢᠶᠠᠷ
ᠬᠡᠦᠬᠡᠯᠳᠡᠢ ᠪᠠᠷᠢᠵᠣ
ᠬᠤᠶᠠᠷ ᠨᠢᠳᠦ᠍᠎ᠶ᠋ᠢ ᠴᠢᠨᠢ ᠪᠠᠶᠠᠰᠭᠠᠶᠠ
ᠦᠨᠦᠰᠦᠯᠲᠡ ᠮᠡᠲᠦ᠍᠂ ᠲᠡᠪᠡᠷᠢᠯᠲᠡ ᠮᠡᠲᠦ ᠲᠣᠯᠠᠭᠠᠬᠠᠨ
ᠰᠦᠨ ᠦᠩᠭᠡ᠎ᠲᠠᠢ ᠴᠠᠰᠣᠨ᠎ᠢᠶᠠᠷ
ᠡᠷᠪᠡᠬᠡᠢ ᠬᠠᠢᠴᠢᠯᠠᠵᠤ
ᠬᠡᠵᠢᠭᠡᠨ ᠳᠡᠭᠡᠷ᠎ᠡ ᠴᠢᠨᠢ ᠲᠡᠷᠪᠡᠬᠦᠯᠦᠶᠡ
ᠬᠡᠷᠡᠯ ᠮᠡᠲᠦ᠍᠂ ᠤᠰᠤᠨ ᠮᠡᠲᠦ ᠲᠣᠩᠭᠠᠯᠠᠭ
ᠬᠡᠢᠰᠦᠨ ᠪᠠᠭᠤᠬᠤ ᠴᠠᠰᠣᠨ᠎ᠢᠶᠠᠷ
ᠬᠠᠮᠤᠭ᠎ᠤᠨ ᠨᠠᠨᠳᠢᠨ ᠵᠥᠩᠨᠡᠯ᠎ᠢᠶᠠᠨ ᠪᠣᠯᠭᠠᠵᠣ
ᠬᠤᠶᠠᠷ ᠠᠯᠠᠭᠠᠨ ᠳᠡᠭᠡᠷ᠎ᠡ ᠴᠢᠨᠢ ᠲᠠᠳᠠᠯᠠᠶᠠ
ᠴᠠᠰᠣ ᠤᠷᠤᠭ᠍ᠰᠠᠭᠠᠷ ᠡ ᠁
ᠡᠪᠦᠯ᠎ᠤᠨ ᠰᠦᠨᠢ
ᠡᠪᠦᠯ᠎ᠤᠨ ᠰᠦᠨᠢ ᠳᠡᠩᠳᠡᠭᠦᠦ ᠨᠠᠮᠣᠭᠤᠬᠠᠨ
ᠣᠳᠣᠳ ᠪᠦᠷ ᠠᠨᠢᠪᠴᠢᠭᠠᠳ
ᠣᠨᠴᠠ᠎ᠶ᠋ᠢᠨ ᠬᠤᠷᠴᠠ ᠬᠡᠷᠡᠯ᠎ᠲᠠᠢ
ᠠᠷᠪᠠᠳ᠎ᠤᠨ ᠰᠡᠷ᠎ᠡ ᠤᠷᠤᠢᠬᠠᠨ ᠮᠠᠨᠳᠣᠯ᠎ᠠ
ᠠᠰᠭᠠᠷᠠᠭ᠍ᠰᠠᠨ ᠴᠠᠭᠠᠨ ᠬᠡᠷᠡᠯ᠎ᠳᠤᠨᠢ
ᠭᠠᠳᠠᠨ᠎ᠠ ᠭᠠᠷᠴᠤ᠌ ᠠᠯᠬᠤᠯᠠᠮᠠᠷ ᠡ
ᠡᠪᠦᠯ᠎ᠤᠨ ᠰᠦᠨᠢ ᠲᠣᠪ ᠲᠣᠯᠠᠭᠠᠬᠠᠨ
ᠡᠵᠢ᠎ᠶ᠋ᠢᠨ ᠮᠢᠨᠢ ᠡᠪᠦᠷ ᠱᠢᠭ
ᠦᠷᠭᠦᠯᠵᠢ ᠵᠠᠬᠢᠳᠠᠭ ᠦᠭᠡ᠎ᠨᠢ ᠴᠦ᠍ ᠱᠢᠭ
ᠢᠯᠴᠢ᠎ᠲᠠᠢ ᠰᠠᠨᠠᠭ᠍ᠳᠠᠨ᠎ᠠ
ᠡᠪᠦᠯ᠎ᠤᠨ ᠰᠦᠨᠢ ᠳᠠᠩᠴᠤ᠌ ᠣᠷᠲᠣ
ᠴᠠᠭ ᠮᠦᠴᠡ ᠤᠷᠤᠨ᠎ᠳᠠᠭᠠᠨ ᠠᠯᠬᠤᠨ᠎ᠠ
ᠦᠩᠭᠡᠷᠡᠬᠦ᠌ ᠦᠭᠡᠢ ᠴᠠᠭᠤᠳ
ᠦᠩᠭᠡᠷᠡᠭ᠌ᠰᠡᠨ᠎ᠤ ᠳᠣᠷᠠᠳᠭᠠᠯᠳᠤ ᠤᠨᠠᠭᠠᠨ᠎ᠠ
ᠦᠪᠡᠷ᠎ᠢ ᠮᠢᠨᠢ
ᠦᠪᠡᠷᠲᠠᠢᠪᠠᠨ ᠠᠳᠠᠯᠢ ᠤᠳᠠᠭᠠᠨ ᠲᠠᠷᠴᠢᠯᠭᠠᠨᠠ
ᠠᠩᠭᠢᠷᠬᠠᠨ ᠡᠪᠦᠯ᠎ᠤᠨ ᠰᠦᠨᠢᠨᠦᠭᠦᠳ ᠬᠡᠵᠦ᠍
ᠠᠨᠢᠰᠭ᠎ᠠ ᠳᠠᠪᠠᠭ᠍ᠤ ᠨᠢᠯᠪᠣᠰᠣ ᠶᠣᠮᠰᠠᠨ ᠁