ᠮᠤᠷᠢᠨ ᠬᠤᠭᠤᠷ
2026-01-21 16:16:06
ᠵᠣᠬᠢᠶᠠᠭ᠍ᠴᠢ᠄
ᠰ᠊·ᠪᠦᠬᠡᠴᠢᠯᠠᠭᠤ
ᠣᠩᠱᠢᠭ᠍ᠰᠠᠨ ᠣᠳᠠᠭ᠎ᠠ᠄
★★★☆☆

ᠲᠡᠭ᠌ᠷᠢ᠎ᠳᠤ ᠬᠦᠷᠦᠭᠡᠳ

ᠦᠨᠡᠨ᠎ᠢᠶᠠᠨ ᠤᠯᠤᠭ᠍ᠰᠠᠨ

ᠮᠤᠷᠢᠨ᠎ᠤ ᠰᠦᠨᠡᠰᠦ




ᠡᠵᠡᠨ᠎ᠤ᠎ᠪᠠᠨ ᠵᠡᠬᠦᠳᠦᠨ᠎ᠠᠴᠠ

ᠠᠮᠢᠯᠠᠵᠦ᠍ ᠤᠷᠭᠤᠭ᠍ᠰᠠᠨ

ᠬᠠᠭᠠᠨ ᠬᠦᠭ᠌ᠵᠢᠮ




ᠲᠤᠭᠤᠷᠠᠢ᠎ᠶ᠋ᠢᠨ ᠲᠠᠮᠠᠭ᠎ᠠ᠎ᠲᠠᠢ

ᠲᠠᠯ᠎ᠠ᠎ᠳᠠᠭᠠᠨ ᠬᠤᠷᠭᠤᠳᠠᠭ᠍ᠰᠠᠨ

ᠮᠦᠩᠭᠡ᠎ᠶ᠋ᠢᠨ ᠬᠠᠢᠷ᠎ᠠ




ᠲᠤᠮᠤᠭ ᠲᠤᠤᠯᠢ᠎ᠪᠠᠷ

ᠲᠡᠯᠭᠡᠷᠡᠵᠦ᠍ ᠬᠦᠭ᠌ᠵᠢᠭ᠌ᠰᠡᠨ

ᠤᠶᠠᠩᠭ᠎ᠠ᠎ᠶ᠋ᠢᠨ ᠡᠭᠡᠱᠢᠭ




ᠬᠦᠩᠭᠢᠨᠡᠭ᠌ᠰᠡᠨ ᠲᠦᠪᠡᠷᠭᠡᠨ᠎ᠢᠶᠠᠷ᠎ᠢᠶᠠᠨ

ᠬᠠᠷᠠᠩᠭᠤᠢ᠎ᠶ᠋ᠢ ᠦᠷᠬᠦᠭᠡᠭ᠌ᠰᠡᠨ

ᠬᠤᠷᠴᠠ ᠭᠡᠷᠡᠯ




ᠦᠷ᠎ᠢ ᠤᠭ᠍ᠳᠤᠨ

ᠦᠤᠷᠰᠡᠨ ᠢᠨᠴᠠᠭᠠᠭ᠍ᠰᠠᠨ

ᠬᠦᠯᠦᠭ᠎ᠤᠨ ᠲᠤᠲ᠋ᠧᠮ




ᠮᠤᠷᠢᠨ ᠬᠤᠭᠤᠷ

ᠮᠡᠳᠡᠷᠡᠮᠵᠢ᠎ᠪᠠᠷ ᠤᠷᠤᠰᠤᠭ᠍ᠰᠠᠨ

ᠰᠦᠨ ᠮᠦᠷᠡᠨ




ᠠᠯᠳᠠᠨ ᠲᠡᠯᠡᠭᠡᠢ᠎ᠶ᠋ᠢᠨ

ᠠᠩᠭᠠᠯ᠎ᠢ ᠲᠠᠢᠯᠤᠭ᠍ᠰᠠᠨ

ᠠᠷᠢᠭ ᠤᠰᠤᠨ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号