ᠲᠠᠷᠢᠶᠠᠨ ᠵᠤᠷᠬᠠᠨ᠎ᠳᠤ ᠬᠡᠪᠲᠡᠬᠦ᠌ ᠤᠨ ᠵᠢᠯ᠎ᠤᠳ
ᠨᠠᠮᠠᠶ᠋ᠢ ᠲᠠᠨᠢᠨ᠎ᠠ
ᠭᠡᠪᠡᠴᠦ᠍ ᠦᠭᠡ ᠲᠠᠭᠤ ᠦᠭᠡᠢ
ᠲᠠᠷᠢᠶᠠᠨ ᠵᠤᠷᠬᠠᠨ᠎ᠳᠤ ᠬᠡᠪᠲᠡᠬᠦ᠌ ᠤᠨ ᠵᠢᠯ᠎ᠤᠳ
ᠲᠡᠭ᠌ᠷᠢ᠎ᠶ᠋ᠢᠨ ᠲᠤᠤᠷ᠎ᠠ ᠠᠮᠤ᠎ᠪᠠᠷ ᠦᠨᠳᠦᠰᠦ ᠪᠤᠯᠭᠠᠬᠤ
ᠠᠭᠤᠤ ᠶᠡᠭᠡ ᠶᠤᠰᠤ᠎ᠶ᠋ᠢ ᠮᠡᠳᠡᠨ᠎ᠡ
ᠲᠠᠷᠢᠶᠠᠨ ᠵᠤᠷᠬᠠᠨ᠎ᠳᠤ ᠬᠡᠪᠲᠡᠬᠦ᠌ ᠤᠨ ᠵᠢᠯ᠎ᠤᠳ
ᠲᠡᠷᠲᠡᠭᠡ ᠵᠠᠭᠤᠨ᠎ᠤ ᠱᠢᠷ᠎ᠠ ᠪᠦᠷᠦᠢ᠎ᠶ᠋ᠢ ᠵᠡᠭᠦᠳᠦᠯᠡᠨ᠎ᠡ —
ᠲᠤᠤᠯᠢ᠎ᠶ᠋ᠢᠨ ᠪᠠᠭᠠᠳᠤᠳ᠎ᠤᠨ ᠮᠠᠢᠬᠠᠨ᠎ᠳᠤ
ᠠᠩᠬᠠᠨ᠎ᠤ ᠤᠬᠢᠯᠠᠯ᠎ᠢᠶᠠᠨ ᠲᠤᠩᠬᠠᠭ᠍ᠯᠠᠬᠤᠨᠢ
ᠱᠢᠨ᠎ᠡ᠎ᠪᠠᠷ ᠡᠬᠢᠯᠡᠬᠦ᠌ ᠶᠢᠷᠳᠢᠨᠴᠦ᠍ ᠮᠡᠲᠦ
ᠲᠠᠷᠢᠶᠠᠨ ᠵᠤᠷᠬᠠᠨ᠎ᠳᠤ ᠬᠡᠪᠳᠡᠬᠦ᠌ ᠤᠨ ᠵᠢᠯ᠎ᠤᠳ
ᠬᠢᠷᠠᠭᠤ ᠲᠤᠯᠢᠶᠠᠨᠠ
ᠡᠳᠦᠷ᠎ᠠᠴᠠ ᠡᠳᠦᠷ ᠬᠦᠨ ᠪᠤᠯᠵᠤ ᠪᠠᠢᠬᠤ
ᠲᠡᠭ᠌ᠷᠢ᠎ᠶ᠋ᠢᠨ ᠬᠥᠬᠡ᠎ᠶ᠋ᠢ ᠠᠮᠳᠠᠯᠠᠨ᠎ᠠ
ᠲᠠᠷᠢᠶᠠᠨ ᠵᠤᠷᠬᠠᠨ᠎ᠳᠤ ᠬᠡᠪᠳᠡᠬᠦ᠌ ᠤᠨ ᠵᠢᠯ᠎ᠤᠳ
ᠬᠦᠯᠦᠰᠦᠨ ᠦᠨᠦᠷ᠎ᠢ ᠬᠡᠪᠢᠨ᠎ᠡ
ᠬᠦᠳᠡᠯᠮᠦᠷᠢ᠎ᠶ᠋ᠢᠨ ᠦᠩᠭᠡ ᠭᠡᠷᠡᠯ ᠱᠢᠩᠭᠡᠭ᠌ᠰᠡᠨ
ᠬᠦᠳᠡᠷ ᠴᠢᠬᠢᠷᠠᠭ ᠵᠤᠷᠢᠭ ᠰᠠᠨᠠᠭ᠎ᠠ᠎ᠶ᠋ᠢ᠎ᠨᠢ ᠬᠦᠬᠦᠨᠡ
ᠲᠠᠷᠢᠶᠠᠨ ᠵᠤᠷᠬᠠᠨ᠎ᠳᠤ ᠬᠡᠪᠳᠡᠬᠦ᠌ ᠤᠨ ᠵᠢᠯ᠎ᠤᠳ
ᠲᠠᠯᠠᠢ ᠲᠠᠩᠬᠢᠰ᠎ᠤᠨ ᠬᠦᠯᠤᠨ ᠴᠢᠮᠡᠭᠡ᠎ᠶ᠋ᠢ ᠴᠢᠩᠨᠠᠨ᠎ᠠ
ᠵᠢᠬᠦᠷ ᠤᠷᠭᠤᠭ᠍ᠰᠠᠨ
ᠨᠤᠢᠳᠠᠨ ᠭᠡᠷᠡᠯ᠎ᠢ᠎ᠨᠢ ᠵᠤᠷᠭᠤᠨᠠ
ᠲᠠᠷᠢᠶᠠᠨ ᠵᠤᠷᠬᠠᠨ᠎ᠳᠤ ᠬᠡᠪᠳᠡᠬᠦ᠌ ᠤᠨ ᠵᠢᠯ᠎ᠤᠳ
ᠨᠠᠮ ᠬᠦᠮ ᠬᠡᠭᠡᠷ᠎ᠡ ᠲᠠᠯ᠎ᠠ᠎ᠠᠴᠠ ᠠᠯᠳᠠᠭᠤᠯᠤᠨ᠎ᠠ
ᠬᠢᠵᠠᠭᠠᠷ ᠦᠭᠡᠢ᠎ᠶ᠋ᠢᠨ ᠬᠢᠵᠠᠭᠠᠷ ᠲᠤᠳᠤᠷ᠎ᠠ
ᠤᠭ ᠦᠨᠳᠦᠰᠦ᠎ᠲᠠᠢ᠎ᠪᠠᠨ ᠵᠤᠯᠭᠠᠨ᠎ᠠ
ᠲᠠᠷᠢᠶᠠᠴᠢᠨ ᠠᠨᠵᠢᠰᠤ ᠬᠤᠶᠠᠷ
ᠦᠬᠡᠷ᠎ᠤᠨ ᠬᠤᠶᠠᠷ ᠡᠪᠡᠷ ᠲᠡᠭᠡᠷ᠎ᠡ᠎ᠠᠴᠠ
ᠦᠩᠭᠡᠷᠡᠭ᠌ᠰᠡᠨ ᠤᠷᠤᠭᠤ᠎ᠪᠠᠨ ᠦᠩᠭᠡᠢᠨᠡ
ᠲᠠᠪᠤᠨ ᠲᠠᠷᠢᠶᠠᠨ᠎ᠤ ᠡᠯᠪᠡᠭ ᠬᠤᠷᠢᠶᠠᠯᠳᠠ
ᠲᠠᠷᠢᠶᠠᠨ ᠵᠤᠷᠬᠠᠨ᠎ᠳᠤ ᠬᠡᠪᠳᠡᠬᠦ᠌ ᠤᠨ ᠵᠢᠯ᠎ᠤᠳ᠎ᠢ
ᠪᠦᠷᠬᠦᠨ ᠨᠠᠮᠢᠷᠠᠨ᠎ᠠ
ᠲᠠᠷᠢᠶᠠᠴᠢᠨ ᠠᠢᠯ᠎ᠤᠨ ᠬᠤᠯᠠᠩ᠎ᠤᠨ ᠤᠳᠤᠭ᠎ᠠ
ᠲᠠᠷᠢᠶᠠᠨ ᠵᠤᠷᠬᠠᠨ᠎ᠳᠤ ᠬᠡᠪᠳᠡᠬᠦ᠌ ᠤᠨ ᠵᠢᠯ᠎ᠤᠳ᠎ᠢ
ᠲᠠᠢᠪᠤᠱᠢᠷᠠᠭᠤᠯᠤᠨᠠ
ᠲᠠᠰᠤᠭ ᠪᠤᠰᠠᠭ ᠨᠤᠬᠠᠢ ᠪᠤᠷᠭᠤᠬᠤ ᠴᠢᠮᠡᠭᠡ
ᠠᠮᠤᠭᠤᠯᠠᠩ᠎ᠤᠨ ᠬᠦᠨ᠎ᠠᠴᠠ ᠢᠪᠢᠯᠦᠨ ᠢᠷᠡᠨ᠎ᠡ
ᠲᠠᠷᠢᠶᠠᠨ ᠵᠤᠷᠬᠠᠨ᠎ᠳᠤ ᠬᠡᠪᠳᠡᠬᠦ᠌ ᠤᠨ ᠵᠢᠯ᠎ᠤᠳ
ᠡᠬᠡ ᠭᠠᠵᠠᠷ᠎ᠤᠨ ᠬᠦᠨ᠎ᠠᠴᠠ ᠲᠡᠮᠡᠦᠯᠵᠦ᠍ ᠢᠷᠡᠬᠦ᠌
ᠬᠠᠪᠤᠷ᠎ᠢᠶᠠᠷ ᠠᠮᠢᠰᠭᠤᠯᠯᠠᠨᠠ
ᠤᠢ ᠰᠠᠨᠠᠮᠵᠢ
ᠲᠠᠷᠢᠶᠠᠨ ᠵᠤᠷᠬᠠᠨ᠎ᠳᠤ ᠬᠡᠪᠳᠡᠬᠦ᠌ ᠤᠨ ᠵᠢᠯ᠎ᠤᠳ᠎ᠲᠤ
ᠰᠤᠷᠤᠭ᠍ᠳᠠᠨ ᠴᠤᠭᠯᠠᠨ᠎ᠠ
ᠤᠨ ᠵᠢᠯ᠎ᠤᠳ
ᠲᠠᠷᠢᠶᠠᠨ ᠵᠤᠷᠬ᠎ᠠ᠎ᠠᠴᠠ ᠠᠩᠬᠢᠳᠠ ᠤᠷᠤᠱᠢᠬᠤ ᠦᠭᠡᠢ
ᠬᠠᠷ᠎ᠠ ᠱᠢᠷᠤᠢ᠎ᠶ᠋ᠢᠨ ᠬᠠᠢᠷ᠎ᠠ᠎ᠪᠠᠷ
ᠵᠢᠷᠮᠦᠰᠦᠯᠡᠨᠡ