ᠰᠡᠳᠭᠢᠯ ᠳ᠋ᠤ ᠮᠢᠨᠢ ᠨᠠᠷᠠ ᠲᠤᠶᠠᠭᠠᠷᠠᠭᠠᠳ
ᠪᠢ ᠨᠠᠷᠠᠨ ᠤ᠋ ᠰᠠᠳᠤᠨ
ᠬᠡᠷᠡᠯᠳᠦᠭ᠌ᠰᠡᠭᠡᠷ ᠪᠠᠢᠬᠤ ᠪᠣᠯᠣᠨ᠎ᠠ
ᠰᠡᠳᠭᠢᠯ ᠳ᠋ᠤ ᠮᠢᠨᠢ ᠪᠣᠯᠣᠷ ᠲᠤᠩᠭᠠᠯᠠᠭ ᠤᠰᠤ ᠤᠷᠤᠰᠤᠭᠠᠳ
ᠪᠢ ᠤᠰᠤᠨ ᠤ᠋ ᠰᠠᠳᠤᠨ
ᠲᠤᠩᠭᠠᠯᠠᠭ ᠪᠠᠢᠬᠤ ᠪᠣᠯᠣᠨ᠎ᠠ
ᠰᠡᠳᠭᠢᠯ ᠳ᠋ᠤ ᠮᠢᠨᠢ ᠰᠡᠪᠱᠢᠶᠡ ᠵᠥᠭᠡᠯᠡᠨ ᠰᠠᠯᠬᠢ ᠰᠡᠪᠢᠯᠵᠡᠭᠡᠳ
ᠪᠢ ᠰᠠᠯᠬᠢᠨ ᠤ᠋ ᠰᠠᠳᠤᠨ
ᠳᠤᠷ᠎ᠠ ᠪᠠᠷ ᠶ᠋ᠢᠡᠨ ᠪᠠᠢᠬᠤ ᠪᠣᠯᠣᠨ᠎ᠠ
ᠰᠡᠳᠭᠢᠯ ᠳ᠋ᠤ ᠮᠢᠨᠢ ᠪᠡᠯᠴᠢᠷ ᠬᠡᠦᠬᠡᠳ ᠲᠣᠭ᠍ᠯᠠᠭᠠᠳ
ᠪᠢ ᠶᠢᠷᠲᠢᠨᠴᠦ᠍ᠶᠢᠨ ᠰᠠᠳᠤᠨ
ᠳᠡᠯᠭᠡᠷᠡᠭ᠌ᠰᠡᠭᠡᠷ ᠪᠠᠢᠬᠤ ᠪᠣᠯᠣᠨ᠎ᠠ
ᠰᠡᠳᠭᠢᠯ ᠳ᠋ᠤ ᠮᠢᠨᠢ ᠬᠤᠨ ᠴᠢᠨ ᠭᠠᠩᠭᠠᠨᠠᠯᠳᠤᠭᠠᠳ
ᠪᠢ ᠱᠢᠪᠠᠭᠤᠨ ᠤ᠋ ᠰᠠᠳᠤᠨ
ᠳᠠᠭᠤᠯᠠᠭ᠍ᠰᠠᠭᠠᠷ ᠪᠠᠢᠬᠤ ᠪᠣᠯᠣᠨ᠎ᠠ
ᠰᠡᠳᠭᠢᠯ ᠳ᠋ᠤ ᠮᠢᠨᠢ ᠭᠠᠩᠭᠠᠩ ᠤᠯᠠᠭᠠᠨ ᠲᠡᠮᠡᠭᠡ ᠠᠯᠬᠤᠭᠠᠳ
ᠪᠢ ᠠᠮᠤᠷ ᠠᠮᠤᠭᠤᠯᠠᠩ ᠤ᠋ᠨ ᠰᠠᠳᠤᠨ
ᠵᠤᠯᠠ ᠬᠡᠷᠡᠯᠳᠦᠭ᠌ᠰᠡᠭᠡᠷ ᠪᠠᠢᠬᠤ ᠪᠣᠯᠣᠨ᠎ᠠ
ᠰᠡᠳᠭᠢᠯ ᠳ᠋ᠤ ᠮᠢᠨᠢ ᠳᠡᠯᠡᠬᠡᠢ ᠪᠠᠭ᠍ᠲᠠᠭᠠᠳ
ᠠᠭᠠᠯᠵᠢᠶᠢᠨ ᠬᠤᠷᠢᠮ ᠳ᠋ᠤ ᠰᠣᠭ᠍ᠲᠣᠬᠤ ᠪᠣᠯᠣᠨ᠎ᠠ
ᠡᠪᠡᠰᠦᠨ ᠤ᠋ ᠦᠨᠦᠷ ᠲᠤ᠌ ᠳᠣᠭ᠍ᠳᠣᠯᠬᠤ ᠪᠣᠯᠣᠨ᠎ᠠ
ᠪᠣᠷᠣᠭᠠᠨ ᠤ᠋ ᠠᠨᠢᠷ ᠲᠤ᠌ ᠤᠬᠢᠯᠠᠬᠤ ᠪᠣᠯᠣᠨ᠎ᠠ
ᠪᠢ ᠪᠥᠮᠪᠥᠷᠴᠡᠭ ᠤ᠋ᠨ ᠰᠠᠳᠤᠨ
ᠪᠦᠷᠭᠦᠳ ᠮᠡᠲᠦ ᠬᠦᠴᠦᠷᠬᠡᠭ ᠪᠠᠢᠬᠤ ᠪᠣᠯᠣᠨ᠎ᠠ