ᠠᠳᠤᠭᠤᠨ ᠰᠤᠳᠤᠷ
2026-01-23 12:00:37
ᠵᠣᠬᠢᠶᠠᠭ᠍ᠴᠢ᠄
ᠪᠠᠢ ᠰᠢᠶᠠᠨ ᠪᠢᠯᠢᠭᠲᠦ ᠳ᠋ᠠᠢ ᠰᠢᠶᠦᠢ᠍ᠩ ᠭᠤᠤ ᠬᠤᠩ ᠯᠢᠶᠠᠨ ᠤᠯᠤᠰᠲᠦ
ᠣᠩᠱᠢᠭ᠍ᠰᠠᠨ ᠣᠳᠠᠭ᠎ᠠ᠄
★★★☆☆

ᠤᠯᠠᠭᠠᠨ ᠮᠤᠷᠢᠨ ᠵᠢᠯ ᠎ᠵᠢᠨ ᠴᠠᠭᠠᠨ ᠰᠠᠷ᠎ᠡ ᠎ᠳᠤ ᠵᠤᠷᠢᠭᠤᠯᠤᠭᠰᠠᠨ ᠤᠨᠴᠠ ᠤᠬᠠᠭᠠᠯᠠᠯ (ᠨᠢᠭᠡ)


jimeng-2026-01-21-9441.jpg



ᠳᠤᠮᠳᠠᠳᠤ ᠵᠢᠨ ᠰᠣᠶᠣᠯ᠎ᠳᠤ ᠮᠣᠷᠢ ᠨᠢ ᠬᠦᠴᠦᠨ ᠴᠢᠳᠠᠯ᠂ ᠰᠥᠰᠥ᠍ ᠵᠣᠷᠢᠭ ᠪᠠ ᠦᠨᠡᠨᠴᠢ ᠱᠢᠳᠤᠷᠭᠤ᠎ᠶ᠋ᠢ ᠪᠡᠯᠭᠡᠳᠡᠵᠦ᠍᠂ ᠳᠤᠮᠳᠠᠳᠤ᠎ᠶ᠋ᠢᠨ ᠦᠨᠳᠦᠰᠦᠲᠡᠨ᠎ᠦ ᠵᠣᠷᠢᠭ ᠰᠠᠨᠠᠭᠠᠨ᠎ᠤ ᠴᠢᠬᠤᠯᠠ ᠢᠯᠡᠷᠡᠯ ᠪᠤᠯᠤᠬᠰᠠᠨ ᠪᠠᠢᠨ᠎ᠠ᠃ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠳᠣᠲᠣᠷᠠᠬᠢ ᠮᠣᠷᠢ ᠨᠢ ᠨᠡᠩ ᠴᠤ᠌ ᠤᠯᠠᠨ ᠶᠠᠩᠵᠤ᠎ᠶ᠋ᠢᠨ ᠬᠡᠯᠪᠡᠷᠢ ᠲᠦᠷᠰᠤ ᠪᠠ ᠨᠠᠷᠢᠯᠢᠭ ᠰᠠᠢᠬᠠᠨ ᠤᠷ᠎ᠠ ᠬᠢᠴᠡ ᠪᠡᠷ ᠵᠢᠡᠨ ᠳᠤᠮᠳᠠᠳᠤ᠎ᠶ᠋ᠢᠨ ᠰᠣᠶᠣᠯ᠎ᠤᠨ ᠭᠦᠨ ᠵᠤᠵᠠᠭᠠᠨ ᠠᠭᠤᠯᠬᠤᠨ᠎ᠢ ᠢᠯᠡᠷᠡᠭᠦᠯᠪᠡ᠃

ᠬᠠᠭᠤᠴᠢ ᠰᠤᠳᠤᠯᠭᠠᠨ᠎ᠳᠤ ᠠᠳᠤᠭᠤᠨ᠎ᠤ ᠲᠤᠬᠠᠢ ᠲᠡᠦᠭᠡ ᠵᠢᠨ ᠦᠯᠡᠳᠡᠭᠳᠡᠯ ᠮᠠᠰᠢ ᠤᠯᠠᠨ ᠪᠤᠢ᠃ ᠪᠢᠳᠠ ᠬᠠᠮᠤᠭ᠎ᠤᠨ ᠬᠤᠪᠤᠷ ᠨᠠᠨᠳᠢᠨ ᠤᠯᠤᠰ᠎ᠤᠨ ᠡᠷᠳᠡᠨᠢ ᠭᠡᠮᠡᠭᠳᠡᠭᠰᠡᠨ 10 ᠲᠡᠦᠭᠡ ᠵᠢᠨ ᠦᠪ᠎ᠢ ᠲᠠᠨᠢᠯᠴᠠᠭᠤᠯᠵᠦ᠂ ᠤᠯᠠᠭᠠᠨ ᠮᠤᠷᠢᠨ ᠵᠢᠯ᠎ᠤᠨ ᠴᠢᠨᠢ ᠠᠵᠠ ᠬᠡᠢᠮᠤᠷᠢ ᠵᠢ ᠪᠡᠯᠭᠡᠳᠡᠨ ᠵᠦᠩᠨᠡᠵᠦ ᠪᠠᠢᠨ᠎ᠠ!


精美中国结.jpg


《 ᠬᠦᠯᠦᠭ᠎ᠤᠨ ᠲᠦᠪᠡᠷᠭᠡᠨ 》

ᠬᠦᠯᠦᠭ᠎ᠤᠨ ᠲᠦᠪᠡᠷᠭᠡᠨ ᠬᠤᠯᠠ ᠡᠴᠡ ᠠᠨᠢᠷᠳᠤᠨ ᠠᠢᠰᠦᠢ!

ᠬᠦᠢᠳᠡᠨ ᠬᠦᠷᠦᠰᠦ ᠵᠢ ᠭᠠᠩ ᠲᠤᠭᠤᠷᠠᠢ ᠪᠠᠷ ᠵᠢᠡᠨ ᠴᠠᠪᠴᠢᠯᠠᠵᠦ᠂ ᠬᠦᠷ ᠴᠠᠰᠤ ᠵᠢ ᠭᠠᠩᠭᠠᠩ ᠲᠡᠯ ᠵᠢᠡᠷ ᠵᠢᠡᠨ ᠪᠤᠳᠠᠷᠠᠭᠠᠨ᠂ ᠬᠦᠭᠡᠭᠡ ᠡᠪᠦᠯ᠎ᠤᠨ ᠬᠦᠯᠳᠡᠬᠦᠦ ᠠᠭᠠᠷ ᠲᠦ᠍ ᠬᠦᠯᠦᠰᠦᠨ ᠴᠠᠩ ᠲᠠᠳᠠᠭᠤᠯᠤᠨ ᠠᠢᠰᠦᠢ᠃

ᠬᠦᠯᠦᠨ ᠪᠤᠢᠷ᠎ᠤᠨ ᠮᠦᠰᠦ ᠴᠠᠰᠤᠨ ᠡᠴᠡ ᠰᠢᠯᠢ ᠵᠢᠨ ᠭᠤᠤᠯ᠎ᠤᠨ ᠮᠦᠩᠬᠦᠨ ᠡᠪᠦᠯ᠎ᠤᠨ ᠨᠠᠭᠠᠳᠤᠮ᠎ᠤᠨ ᠲᠠᠯᠠᠪᠠᠢ᠎ᠳᠤ ᠬᠦᠯᠦᠭ᠎ᠤᠨ ᠲᠦᠪᠡᠷᠭᠡᠨ ᠲᠠᠴᠢᠬᠢᠨᠠᠨ᠎ᠠ᠂ ᠬᠦᠪᠴᠢᠨ ᠲᠡᠯᠡᠬᠡᠢ ᠪᠠᠶᠠᠰᠤᠯᠴᠠᠨ᠎ᠠ᠃ ᠬᠦᠯᠦᠭ ᠮᠤᠷᠢᠳ ᠨᠠᠭᠠᠳᠤᠮ᠎ᠤᠨ ᠴᠢᠮᠡᠭ᠃ ᠬᠦᠯᠦᠭ᠎ᠤᠨ ᠲᠦᠪᠡᠷᠭᠡᠨ ᠬᠦᠭᠵᠢᠯᠳᠡ ᠵᠢᠨ ᠪᠡᠯᠭᠡᠳᠡᠯ᠃

ᠲᠤᠮᠳᠠᠳᠤ ᠵᠢᠨ ᠤᠯᠠᠮᠵᠢᠯᠠᠯᠳᠤ ᠤᠯᠠᠭᠠᠨ ᠮᠤᠷᠢᠨ ᠵᠢᠯ᠎ᠤᠨ ᠴᠠᠭᠠᠨ ᠰᠠᠷ᠎ᠠ ᠤᠢᠷᠠᠳᠤᠯ᠎ᠠ᠃ ᠮᠤᠷᠢ ᠦᠪᠦᠷ ᠮᠤᠩᠭᠤᠯᠴᠤᠳ ᠲᠦ᠍ ᠠᠪᠴᠤ ᠭᠡᠯᠡᠪᠡᠯ ᠤᠨᠴᠠᠭᠠᠢ ᠨᠢᠭᠡᠨ ᠬᠠᠢᠷ᠎ᠠ ᠰᠡᠳᠬᠢᠯᠭᠡ᠂ ᠵᠤᠷᠢᠭ ᠰᠠᠨᠠᠭ᠎ᠠ ᠪᠠ ᠪᠡᠯᠭᠡᠳᠡᠯ ᠰᠢᠨᠵᠢ ᠲᠠᠢ ᠠᠷᠪᠠᠨ ᠬᠤᠶᠠᠷ ᠵᠢᠯ᠎ᠤᠨ ᠠᠮᠢᠳᠠᠨ᠎ᠤ ᠨᠢᠭᠡ ᠪᠤᠯᠤᠨ᠎ᠠ᠃ ᠤᠨᠴᠠᠭᠠᠢᠯᠠᠨ ᠶᠡᠷᠦᠩᠬᠡᠢ ᠱᠦᠵᠢ ᠰᠢ ᠵᠢᠨ ᠫᠢᠩ ᠦᠪᠦᠷ ᠮᠤᠩᠭᠤᠯ᠎ᠳᠤ ᠰᠢᠨᠵᠢᠯᠡᠨ ᠪᠠᠢᠴᠠᠭᠠᠬᠤ᠎ᠳᠠᠭᠠᠨ 《ᠮᠤᠩᠭᠤᠯ ᠮᠤᠷᠢᠨ᠎ᠤ ᠵᠤᠷᠢᠬ ᠰᠠᠨᠠᠭ᠎ᠠ》 ᠵᠢ ᠲᠤᠷᠠᠳᠴᠤ᠂ ᠵᠤᠷᠢᠭᠰᠠᠨ᠎ᠳᠠᠭᠠᠨ ᠵᠠᠪᠠᠯ ᠬᠦᠷᠬᠦ ᠮᠤᠩᠭᠤᠯ ᠮᠤᠷᠢᠨ᠎ᠤ ᠵᠤᠷᠢᠭ ᠰᠠᠨᠠᠭ᠎ᠠ ᠪᠠᠷ ᠦᠪᠦᠷ ᠮᠤᠩᠭᠤᠯ᠎ᠤᠨ ᠠᠵᠦ ᠠᠬᠤᠢ ᠨᠡᠢᠭᠡᠮ᠎ᠤᠨ ᠬᠦᠭᠵᠢᠯᠳᠡ ᠵᠢ ᠠᠬᠢᠭᠤᠯᠵᠦ᠂ ᠦᠵᠡᠰᠭᠦᠯᠡᠩᠳᠤ ᠰᠠᠢᠬᠠᠨ ᠦᠪᠦᠷ ᠮᠤᠩᠭᠤᠯ ᠵᠢᠡᠨ ᠬᠠᠮᠳᠤ ᠪᠠᠷ ᠪᠦᠲᠦᠭᠡᠨ ᠪᠠᠢᠭᠤᠯᠬᠤ ᠵᠢ ᠦᠪᠦᠷ ᠮᠤᠩᠭᠤᠯ᠎ᠤᠨ ᠦᠨᠳᠦᠰᠦᠳᠡᠨ ᠨᠤᠭᠦᠳ᠎ᠤᠨ ᠺᠠᠳ᠋ᠷ ᠤᠯᠠᠨ ᠲᠦᠮᠡᠨ᠎ᠳᠤ ᠬᠦᠰᠡᠨ ᠨᠠᠢᠳᠠᠭᠰᠠᠨ ᠡᠴᠡ 《ᠮᠤᠩᠭᠤᠯ ᠮᠤᠷᠢᠨ᠎ᠤ ᠵᠤᠷᠢᠭ ᠰᠠᠨᠠᠭ᠎ᠠ》 ᠨᠢ ᠦᠪᠦᠷ ᠮᠤᠩᠭᠤᠯᠴᠤᠳ᠎ᠤᠨ ᠡᠷᠡᠮᠡᠬᠡᠢᠯᠡᠨ ᠤᠷᠤᠭᠰᠢᠯᠠᠬᠤ ᠡᠷᠴᠢ ᠵᠤᠷᠢᠭ ᠪᠠ ᠲᠡᠬᠦᠯᠳᠡᠷ ᠵᠢᠪᠬᠤᠭ᠎ᠠ ᠵᠢ ᠢᠯᠡᠳᠭᠡᠬᠦ ᠪᠤᠯᠪᠠ᠃

《ᠠᠷᠪᠠᠨ ᠲᠠᠪᠤᠳᠤᠭᠠᠷ ᠲᠠᠪᠤᠨ ᠵᠢᠯ》 ᠤ᠋ᠨ ᠲᠦᠯᠦᠪᠵᠢᠬᠦᠯᠭᠡ ᠡᠬᠢᠯᠡᠯ᠎ᠡ᠃ ᠤᠯᠠᠮᠵᠢᠯᠠᠯᠳᠤ ᠴᠠᠭᠠᠨ ᠰᠠᠷ᠎ᠠ ᠴᠦ᠍ ᠬᠦᠷᠴᠦ ᠢᠷᠡᠯ᠎ᠡ᠃ ᠡᠨᠡ ᠬᠦ᠌ ᠪᠡᠯᠭᠡ ᠲᠡᠮᠪᠡᠷᠢᠯ ᠲᠠᠢ ᠮᠦᠴᠡ᠎ᠳᠤ ᠪᠢᠳᠠ ᠠᠳᠤᠭᠤᠨ ᠰᠤᠶᠤᠯ᠂ ᠠᠳᠤᠭᠤ ᠲᠠᠢ ᠬᠤᠯᠪᠤᠭᠳᠠᠭᠰᠠᠨ ᠢᠮ ᠲᠡᠮᠳᠡᠭ᠂ ᠠᠳᠤᠭᠤᠨ᠎ᠤ ᠠᠵᠦ ᠦᠢᠯᠡᠰᠵᠢᠯᠳᠡ ᠵᠡᠷᠭᠡ ᠵᠢ 《ᠬᠦᠯᠦᠭ᠎ᠤᠨ ᠲᠦᠪᠡᠷᠭᠡᠨ》 ᠲᠤᠰᠬᠠᠢ ᠪᠤᠯᠤᠩ ᠵᠢᠡᠷ ᠬᠦᠨᠴᠡ ᠲᠠᠢ ᠰᠢᠷᠢᠰ ᠮᠡᠳᠡᠭᠡᠯᠡᠵᠦ᠂ ᠠᠳᠤᠭᠤᠨ ᠰᠤᠶᠤᠯ᠎ᠤᠨ ᠲᠤᠮᠳᠠᠳᠤ ᠵᠢᠨ ᠪᠤᠯᠪᠠᠰᠤᠨ᠎ᠳᠡᠬᠢ ᠲᠡᠦᠭᠡᠨ ᠤᠯᠪᠠᠭ᠎ᠠ᠂ ᠦᠨᠳᠦᠰᠦᠳᠡᠨ ᠨᠤᠭᠦᠳ ᠤ᠋ᠨ ᠠᠷᠠᠳ ᠲᠦᠮᠡᠨ  ᠦᠪᠦᠷ ᠮᠤᠩᠭᠤᠯ ᠤ᠋ᠨ ᠬᠠᠯᠠᠭᠤᠨ ᠬᠦᠷᠦᠰᠦᠨ ᠳ᠋ᠦ ᠲᠤᠮᠳᠠᠳᠤ ᠵᠢᠨ ᠦᠨᠳᠦᠰᠦᠳᠡᠨ ᠤ᠋ ᠬᠠᠮᠳᠤ ᠵᠢᠨ ᠴᠤᠭᠴᠠ ᠵᠢᠨ ᠤᠬᠠᠮᠰᠠᠷ ᠢ᠋ ᠦᠶ᠎ᠡ ᠤᠯᠠᠷᠢᠨ ᠪᠠᠳᠤ ᠴᠤᠭᠴᠠᠯᠠᠭᠰᠠᠨ ᠲᠡᠦᠭᠡ ᠮᠦᠷ᠂ 《ᠮᠤᠩᠭᠤᠯ ᠮᠤᠷᠢᠨ᠎ᠤ ᠵᠤᠷᠢᠭ ᠰᠠᠨᠠᠭ᠎ᠠ》 ᠵᠢᠨ ᠲᠤᠳᠤᠭᠠᠳᠤ ᠠᠭᠤᠯᠤᠭᠳᠠᠬᠤᠨ᠂ ᠠᠳᠤᠭᠤᠨ ᠰᠤᠶᠤᠯ ᠠᠳᠤᠭᠤᠨ᠎ᠤ ᠠᠵᠦ ᠦᠢᠯᠡᠰ᠎ᠤᠨ ᠰᠢᠨ᠎ᠡ ᠬᠦᠭᠵᠢᠯᠳᠡ ᠵᠢᠨ ᠦᠷ᠎ᠡ ᠪᠦᠲᠦᠭᠡᠯ᠂ ᠴᠠᠭᠠᠨ ᠰᠠᠷ᠎ᠠ ᠵᠢᠨ ᠤᠨᠴᠠᠯᠢᠬᠳᠤ ᠰᠤᠶᠤᠯ ᠵᠢᠭᠤᠯᠴᠢᠯᠠᠯ᠎ᠤᠨ ᠪᠠᠢᠳᠠᠯ᠎ᠢ ᠲᠡᠯᠭᠡᠨ᠂ ᠦᠪᠦᠷ ᠮᠤᠩᠭᠤᠯᠴᠤᠳ᠎ᠤᠨ ᠰᠢᠨ᠎ᠠ ᠠᠶᠠᠨ᠎ᠤ ᠭᠠᠷᠤᠭᠠᠨ᠎ᠳᠡᠬᠢ ᠡᠷᠡᠮᠡᠬᠡᠢ ᠤᠷᠤᠭᠰᠢᠯᠠᠯᠳᠠ ᠵᠢᠴᠢ ᠴᠠᠭᠠᠨ ᠰᠠᠷ᠎ᠠ ᠵᠢᠨ ᠬᠦᠷ ᠨᠠᠷᠬᠢᠶᠠᠨ᠂ ᠬᠦᠰᠡᠯ ᠲᠡᠮᠡᠦᠯᠦᠯ᠂ ᠰᠢᠨ᠎ᠠ ᠵᠢᠯ᠎ᠤᠨ ᠠᠵᠢᠯ ᠦᠢᠯᠡᠰ᠎ᠤᠨ ᠬᠦᠭᠵᠢᠯᠳᠡ ᠵᠡᠷᠭᠡ ᠲᠠᠯ᠎ᠠ ᠪᠠᠷ ᠰᠠᠢᠨ ᠰᠠᠢᠬᠠᠨ ᠮᠡᠳᠡᠭᠡᠯᠡᠯ᠎ᠤᠨ ᠠᠭᠤᠷ ᠠᠮᠢᠰᠬᠤᠯ᠎ᠢ ᠪᠤᠢ ᠪᠤᠯᠭᠠᠬᠤ ᠵᠢ ᠵᠤᠷᠢᠪᠠ᠃

ᠬᠦᠯᠦᠭ᠎ᠤᠨ ᠲᠦᠪᠡᠷᠭᠡᠨ᠎ᠳᠤ ᠬᠦᠭᠵᠢᠯᠳᠡ ᠵᠢᠨ ᠠᠨᠢᠷ ᠲᠤᠭᠤᠯᠳᠠᠨᠠᠮ!

ᠬᠡᠢᠮᠤᠷᠢ ᠴᠢᠨᠢ ᠮᠠᠨᠳᠤᠵᠦ᠂ ᠭᠡᠰᠢᠭ ᠪᠤᠶᠠᠨ ᠴᠢᠨᠢ ᠲᠡᠯᠭᠡᠷᠡᠬᠦ ᠪᠤᠯᠳᠤᠭᠠᠢ!


7唐代三彩黑釉马.jpg


ᠤᠯᠤᠰ᠎ᠤᠨ ᠮᠦᠽᠧᠶ᠎ᠳᠦ ᠬᠠᠳᠠᠭᠠᠯᠠᠵᠤ ᠪᠠᠢᠭ᠎ᠠ ᠲᠠᠩ ᠤᠯᠤᠰ᠎ᠤᠨ ᠭᠤᠷᠪᠠᠨ ᠥᠩᠭᠡᠲᠦ ᠬᠠᠷ᠎ᠠ ᠫᠠᠯᠠᠨ ᠲᠠᠢ ᠮᠣᠷᠢ


jimeng-2026-01-21-9271.jpg


ᠴᠢᠨ ᠱ᠌ᠢ ᠬᠤᠸᠠᠩ᠎ᠤᠨ ᠣᠩᠭᠣᠨ᠎ᠤ ᠮᠦᠽᠧᠶ᠎ᠳᠦ ᠬᠠᠳᠠᠭᠠᠯᠠᠵᠤ ᠪᠠᠢᠭ᠎ᠠ ᠴᠢᠨ ᠤᠯᠤᠰ᠎ᠤᠨ ᠡᠮᠡᠭᠡᠯᠲᠦ ᠮᠣᠷᠢᠨ᠎ᠤ ᠰᠠᠳᠠᠭ᠎ᠠ


jimeng-2026-01-21-8277.jpg


ᠭᠤᠸᠠᠩᠰᠢ᠎ᠶ᠋ᠢᠨ ᠮᠦᠽᠧᠶ᠎ᠳᠤ ᠬᠠᠳᠠᠭᠠᠯᠠᠵᠤ ᠪᠠᠢᠭ᠎ᠠ ᠪᠠᠷᠠᠭᠤᠨ ᠬᠠᠨ ᠤᠯᠤᠰ᠎ᠤᠨ ᠲᠤᠮᠤ ᠭᠠᠤᠯᠢᠨ ᠮᠤᠷᠢ


jimeng-2026-01-21-6641.jpg


ᠶᠤᠸᠠᠨ ᠮᠢᠩ ᠶᠤᠸᠠᠨ᠎ᠤ ᠬᠦᠷᠡᠯ ᠮᠤᠷᠢᠨ ᠲᠤᠯᠤᠭᠠᠢ


jimeng-2026-01-21-7641.jpg


ᠤᠯᠤᠰ᠎ᠤᠨ ᠮᠦᠽᠧᠶ᠎ᠳᠦ ᠬᠠᠳᠠᠭᠠᠯᠠᠵᠤ ᠪᠠᠢᠭ᠎ᠠ ᠪᠠᠢᠯᠳᠤᠭᠠᠨᠲᠤ ᠤᠯᠤᠰ᠎ᠤᠨ ᠠᠯᠲᠠ ᠮᠥᠩᠭᠥᠨ ᠰᠢᠬᠢᠳᠭᠡᠭᠡᠷᠢᠳᠤ ᠮᠣᠷᠢᠨ  ᠲᠣᠯᠣᠭᠠᠶ


jimeng-2026-01-21-5531.jpg


ᠭᠠᠨᠰᠦ ᠮᠤᠵᠢ᠎ᠶ᠋ᠢᠨ ᠮᠦᠽᠧᠶ᠎ᠳᠤ ᠬᠠᠳᠠᠭᠠᠯᠠᠵᠤ ᠪᠠᠢᠭ᠎ᠠ ᠵᠡᠬᠦᠨ ᠬᠠᠨ ᠤᠯᠤᠰ᠎ᠤᠨ ᠭᠠᠤᠯᠢᠨ ᠮᠤᠷᠢ


jimeng-2026-01-21-4482.jpg


ᠱᠢᠶᠠᠩ ᠶᠠᠩ ᠬᠣᠲᠠ᠎ᠶ᠋ᠢᠨ ᠮᠦᠽᠧᠶ᠎ᠳᠦ ᠬᠠᠳᠠᠭᠠᠯᠠᠵᠤ ᠪᠠᠢᠭ᠎ᠠ ᠭᠤᠷᠪᠠᠨ ᠤᠯᠤᠰ᠎ᠤᠨ ᠬᠦᠷᠡᠯ ᠮᠣᠷᠢ


jimeng-2026-01-21-4954.jpg


ᠾᠧᠨᠠᠨ ᠎ᠦ ᠮᠦᠽᠧᠶ᠎ᠳᠦ ᠬᠠᠳᠠᠭᠠᠯᠠᠵᠤ ᠪᠠᠢᠭ᠎ᠠ ᠲᠠᠡᠭ ᠤᠯᠤᠰ᠎ᠤᠨ ᠪᠤᠳᠤᠭ᠍ᠲᠤ ᠸᠠᠭᠠᠷᠤᠨ ᠮᠤᠷᠢ


jimeng-2026-01-21-7182.jpg


ᠬᠠᠨ ᠳ᠋ᠠᠨ ᠬᠣᠲᠠ᠎ᠶ᠋ᠢᠨ ᠮᠦᠽᠧᠶ᠎ᠳᠤ ᠬᠠᠳᠠᠭᠠᠯᠠᠵᠤ ᠪᠠᠢᠭ᠎ᠠ ᠪᠠᠢᠯᠳᠤᠭᠠᠨᠲᠤ ᠤᠯᠤᠰ᠎ᠤᠨ ᠬᠦᠷᠡᠯ ᠮᠣᠷᠢ


jimeng-2026-01-21-3239.jpg


ᠮᠤᠤᠯᠢᠩ ᠣᠩᠭᠣᠨ᠎ᠤ ᠮᠦᠽᠧᠶ᠎ᠳᠤ ᠬᠠᠳᠠᠭᠠᠯᠠᠵᠤ ᠪᠠᠢᠭ᠎ᠠ ᠪᠠᠷᠠᠭᠤᠨ ᠬᠠᠨ ᠤᠯᠤᠰ᠎ᠤᠨ ᠠᠯᠲᠠ᠎ᠪᠠᠷ ᠥᠩᠭᠡᠯᠡᠭ᠌ᠰᠡᠨ ᠭᠠᠤᠯᠢᠨ ᠮᠣᠷᠢ


精美中国结.jpg 

ᠠᠳᠤᠭᠤᠨ ᠲᠤᠮᠤᠭ 

ᠳᠤᠮᠳᠠᠳᠤ᠎ᠶ᠋ᠢᠨ ᠰᠣᠶᠣᠯ᠎ᠳᠤ᠂ ᠮᠤᠷᠢᠨ᠎ᠤ ᠲᠤᠬᠠᠶ ᠲᠤᠮᠤᠭ ᠦᠯᠢᠭᠡᠷ᠎ᠤᠯᠠᠨ ᠪᠠᠢᠵᠤ᠂ ᠠᠯᠢ ᠨᠢ ᠴᠦ᠍ ᠭᠡᠰᠡᠨ ᠴᠥᠮ ᠭᠦᠨ ᠭᠦᠨᠵᠡᠭᠡᠶ ᠬᠥᠮᠦᠨ᠎ᠦ ᠠᠮᠢᠳᠤᠷᠠᠯ᠎ᠤᠨ ᠣᠶᠤᠨ ᠤᠬᠠᠭᠠᠨ ᠪᠠ ᠣᠷᠣᠱᠢᠨ ᠠᠮᠢᠳᠤᠷᠠᠬᠤ ᠭᠦᠨ ᠶᠣᠰᠣ᠎ᠶ᠋ᠢ ᠠᠭᠤᠯᠵᠤ᠂ ᠦᠶ᠎ᠡ᠎ᠶ᠋ᠢᠨ ᠦᠶ᠎ᠡ ᠵᠢᠨ ᠬᠦᠮᠤᠰ᠎ᠤᠨ ᠤᠶᠤᠨ᠎ᠤ ᠤᠬᠢ ᠰᠢᠮ᠎ᠠ ᠪᠤᠯᠤᠬᠰᠠᠭᠠᠷ᠎ᠢᠷᠠᠵᠠᠢ᠃

ᠪᠤᠯᠤᠷ ᠬᠦᠯᠤᠰᠤᠳᠤ ᠡᠵᠡᠨ ᠵᠢᠡᠨ ᠡᠷᠢᠳᠡᠭ᠂ ᠮᠠᠡᠭᠯᠠᠢ ᠤᠶᠠᠭᠠᠴᠢ ᠠᠵᠢᠨᠠᠢ ᠵᠢ ᠲᠠᠨᠢᠳᠠᠭ᠃ ᠴᠦᠨ ᠴᠢᠦ᠍᠎ᠶ᠋ᠢᠨ ᠦᠶ᠎ᠠ᠎ᠵᠢᠨ ᠪᠥᠸᠧ ᠯᠧ ᠬᠡᠳᠡᠭ ᠬᠦᠮᠤᠨ ᠮᠤᠷᠢ ᠰᠠᠢᠨ ᠰᠢᠨᠵᠢᠳᠡᠭ ᠪᠠᠢᠵᠠᠢ᠃ ᠨᠢᠭᠡᠨ ᠡᠳᠤᠷ ᠲᠡᠷᠡ ᠲᠠᠪᠤᠰᠤ ᠠᠴᠢᠭᠰᠠᠨ ᠮᠤᠷᠢᠨ ᠲᠡᠷᠭᠡ ᠲᠠᠶ ᠲᠠᠭᠠᠷᠠᠯᠳᠤᠪᠠ᠂ ᠲᠡᠷᠡ ᠮᠣᠷᠢ ᠶᠠᠳᠠᠷᠠᠵᠤ ᠡᠴᠡᠭᠡᠳ ᠶᠠᠰᠤ ᠠᠷᠠᠰᠤ ᠯᠡ ᠦᠯᠡᠳᠡᠵᠠᠢ᠃ ᠪᠥᠸᠧ ᠯᠧ ᠲᠡᠭᠦᠨ᠎ᠢ ᠠᠵᠢᠨᠠᠢ ᠭᠡᠵᠦ᠍ ᠲᠠᠨᠢᠭᠠᠳ ᠲᠡᠰᠭᠡᠯ ᠦᠭᠡᠢ ᠨᠢᠯᠪᠤᠰᠤ ᠪᠦᠮᠪᠤᠷᠢᠬᠦᠯᠵᠤ᠂ ᠬᠤᠪᠴᠠᠰᠤ᠎ᠪᠠᠨ ᠲᠠᠢᠯᠵᠤ ᠦᠨᠤᠬᠢ ᠮᠤᠷᠢᠨ᠎ᠳᠤ ᠨᠦᠮᠤᠷᠭᠡᠵᠠᠢ᠃ ᠲᠡᠷᠡ ᠮᠤᠷᠢ᠎ᠴᠸ᠋ ᠰᠡᠳᠬᠢᠯ᠎ᠤᠨ ᠡᠵᠡᠨ ᠲᠠᠢ ᠪᠡᠨ ᠳᠠᠭᠠᠷᠠᠯᠳᠤᠭᠰᠨᠨ᠎ᠢᠶᠡᠨ ᠮᠡᠳᠡᠭᠰᠡᠨ ᠶᠤᠮ ᠰᠢᠬ ᠬᠠᠩᠬᠢᠨᠠᠳᠠᠯ᠎ᠠ ᠢᠨᠴᠠᠭᠠᠭᠰᠠᠨ ᠬᠡᠨ᠎ᠠ᠃ ᠬᠤᠵᠢᠮ ᠨᠢ ᠲᠡᠷᠡ ᠮᠤᠷᠢ ᠲᠠᠢᠨ ᠪᠠᠢᠯᠳᠤᠭᠠᠨ᠎ᠳᠤ ᠤᠳᠠᠭ᠎ᠠ ᠲᠠᠷᠠᠭᠠᠯᠠᠨ ᠭᠠᠢᠬᠠᠮᠱᠢᠭ᠍ᠲᠤ ᠭᠠᠪᠢᠶ᠎ᠠ ᠪᠠᠢᠭᠤᠯᠵᠤ᠂ ᠨᠡᠢᠭᠡᠮ ᠲᠠᠶᠠᠭᠠᠷ ᠨᠢᠭᠡᠨ ᠰᠠᠢᠬᠠᠨ ᠲᠤᠮᠤᠭ ᠪᠤᠯᠤᠨ ᠤᠯᠠᠮᠵᠢᠯᠠᠬᠳᠠᠬᠰᠠᠨ ᠪᠠᠢᠳᠠᠭ᠃ ᠡᠨᠡ ᠪᠤᠯ ᠲᠠᠷᠤᠢ 《ᠪᠥᠸᠧ ᠯᠧ ᠮᠣᠷᠢ ᠱᠢᠨᠵᠢᠭᠰᠡᠨ ᠨᠢ》 ᠬᠡᠬᠦ ᠲᠤᠮᠤᠭ ᠦᠯᠢᠭᠡᠷ ᠪᠤᠯᠤᠨ᠎ᠠ᠃ ᠲᠤᠰ ᠲᠤᠮᠤᠭ ᠨᠢ ᠬᠥᠮᠦᠨ᠎ᠢ ᠲᠠᠨᠢᠵᠤ ᠴᠢᠳᠠᠮᠠᠭᠠᠢ᠎ᠪᠠᠷ ᠬᠡᠷᠡᠭ᠌ᠯᠡᠬᠦ᠌᠂ ᠪᠢᠯᠢᠭ᠎ᠦᠨ ᠨᠢᠳᠦ᠍᠎ᠪᠡᠷ ᠴᠢᠳᠠᠪᠤᠷᠢᠲᠠᠨ᠎ᠢ ᠲᠠᠨᠢᠬᠤ ᠦᠨᠡᠨ ᠶᠣᠰᠣ᠎ᠶ᠋ᠢ ᠭᠦᠢᠴᠡᠳ ᠲᠠᠨᠢᠭᠤᠯᠤᠬᠰᠠᠨ ᠵᠢᠡᠷ ᠪᠠᠷᠠᠬᠤ ᠦᠬᠡᠢ᠂ ᠪᠠᠰᠠ ᠬᠥᠮᠦᠰ᠎ᠲᠦ ᠵᠢᠩᠬᠢᠨᠢ ᠴᠢᠳᠠᠪᠤᠷᠢ ᠰᠠᠢᠳᠠᠢ ᠬᠦᠮᠤᠰ᠂ ᠡᠴᠦᠰ᠎ᠤᠨ ᠡᠴᠤᠰ ᠲᠡᠭᠡᠨ ᠡᠷᠳᠡᠮ ᠴᠢᠳᠠᠪᠤᠷᠢ ᠪᠡᠨ ᠭᠠᠷᠭᠠᠬᠤ  ᠰᠠᠢᠬᠠᠨ ᠲᠠᠪᠴᠠᠡᠭ ᠤᠯᠤᠨ᠎ᠠ  ᠬᠡᠳᠡᠭ᠎ᠶᠤᠰᠤ  ᠤᠴᠢᠷ᠎ᠢ  ᠦᠬᠦᠯᠡᠵᠡᠢ᠃

《ᠠᠷᠤ ᠭᠠᠵᠠᠷ᠎ᠤᠨ ᠡᠪᠦᠭᠡᠨ ᠠᠭ᠍ᠲᠠ ᠪᠡᠨ ᠠᠯᠳᠠᠭ᠍ᠰᠠᠨ ᠨᠢ》 ᠭᠡᠳᠡᠭ ᠲᠤᠮᠤᠭ ᠦᠯᠢᠭᠡᠷ ᠨᠢ ᠪᠢᠳᠡᠨ᠎ᠳᠤ ᠶᠢᠷᠲᠢᠨᠴᠦ᠍᠎ᠶ᠋ᠢᠨ ᠶᠠᠪᠤᠳᠠᠯ ᠎ᠢ ᠲᠦᠰᠤᠭᠡᠯᠡᠬᠦ ᠵᠢᠨ ᠠᠷᠭ᠎ᠠ ᠦᠬᠡᠢ᠂ ᠣᠯᠵᠤ ᠠᠯᠳᠠᠬᠤ᠂ ᠰᠠᠢᠨ ᠮᠠᠭᠤ ᠬᠠᠷᠢᠯᠴᠠᠨ ᠣᠷᠣᠱᠢᠵᠤ᠂ ᠬᠥᠮᠦᠨ᠎ᠦ ᠠᠮᠢᠳᠤᠷᠠᠯ᠎ᠤᠨ ᠪᠠᠶᠠᠷ ᠬᠤᠨᠢᠭ ᠲᠸ᠋ ᠠᠭᠤᠵᠢᠭᠤ ᠲᠠᠯᠪᠢᠭᠤ ᠤᠪᠤᠷ ᠵᠢᠡᠷ ᠬᠠᠨᠳᠤᠬᠤ᠎ᠵᠢ ᠰᠤᠷᠭᠠᠮᠵᠢᠯᠠᠬᠰᠠᠨ ᠪᠤᠯ 《ᠦᠯ ᠪᠤᠭᠤ᠎ᠶ᠋ᠢ ᠡᠬᠦᠯᠡᠨ ᠬᠦᠯᠦᠭ ᠬᠡᠬᠦ》 ᠲᠤᠮᠤᠭ ᠦᠯᠢᠭᠡᠷ ᠨᠢ ᠬᠠᠷ᠎ᠠ ᠴᠠᠭᠠᠨ᠎ᠢ ᠬᠤᠳᠭᠤᠯᠳᠤᠭᠤᠯᠤᠭ᠍ᠰᠠᠨ ᠦᠢᠯᠡ ᠠᠵᠢᠯᠯᠠᠭ᠎ᠠ᠎ᠵᠢ ᠦᠯᠢᠭᠡᠷᠴᠢᠯᠡᠨ᠂ ᠬᠦᠮᠤᠰ ᠲᠸ᠋᠎ᠵᠠᠷᠴᠢᠮ᠎ᠢ ᠪᠠᠳᠤ ᠰᠠᠬᠢᠬᠤ ᠵᠢ ᠰᠡᠷᠡᠮᠵᠢᠯᠡᠬᠦᠯᠵᠤ᠂ ᠵᠥᠪ ᠪᠤᠷᠤᠭᠤ᠎ᠶ᠋ᠢ ᠢᠯᠭᠠᠨ ᠲᠤᠳᠤᠯᠠᠬᠤ ᠰᠤᠷᠭᠠᠯ ᠦᠭᠡ ᠪᠤᠯᠤᠨ ᠤᠯᠠᠮᠵᠢᠯᠠᠭᠳᠠᠵᠠᠢ᠃


jimeng-2026-01-21-6055.jpg


ᠥᠪᠥᠷ ᠮᠣᠩᠭᠣᠯ᠎ᠤᠨ ᠮᠦᠽᠧᠶ ᠳ᠋ᠤ ᠬᠠᠳᠠᠭᠠᠯᠠᠵᠤ ᠪᠠᠢᠭ᠎ᠠ ᠴᠢᠡᠭ ᠤᠯᠤᠰ᠎ᠤᠨ ᠮᠤᠳᠤᠨ ᠮᠤᠷᠢ


jimeng-2026-01-21-9745.jpg


ᠤᠯᠠᠭᠠᠨᠬᠠᠳᠠ ᠵᠢᠨ ᠮᠦᠽᠸᠢ ᠳ᠋ᠤ ᠬᠠᠳᠠᠭᠠᠯᠠᠵᠤ ᠪᠠᠢᠭ᠎ᠠ ᠴᠢᠡᠭ ᠤᠯᠤᠰ᠎ᠤᠨ ᠪᠤᠯᠤᠷ ᠮᠤᠷᠢᠨ ᠬᠡᠯᠪᠡᠷᠢᠳᠤ  ᠲᠠᠮᠠᠭ᠎ᠠ


jimeng-2026-01-21-5428.jpg


ᠨᠢᠩᠴᠧᠩ ᠱᠢᠶᠠᠨ᠎ᠤ ᠮᠦᠽᠧᠶ ᠳ᠋ᠤ ᠬᠠᠳᠠᠭᠠᠯᠠᠵᠤ ᠪᠠᠢᠭ᠎ᠠ ᠴᠦᠨ ᠴᠢᠦ᠍ ᠵᠢᠨ ᠦᠶ᠎ᠠ ᠵᠢᠨ ᠠᠯᠳᠠᠨ ᠮᠤᠷᠢ


jimeng-2026-01-21-9110.jpg


ᠥᠪᠥᠷ ᠮᠣᠩᠭᠣᠯ᠎ᠤᠨ ᠮᠦᠽᠧᠶ ᠳ᠋ᠤ ᠬᠠᠳᠠᠭᠠᠯᠠᠵᠤ ᠪᠠᠢᠭ᠎ᠠ ᠬᠠᠨ ᠤᠯᠤᠰ᠎ᠤᠨ ᠪᠤᠳᠤᠬᠳᠤ ᠮᠤᠳᠤᠨ ᠮᠤᠷᠢ


jimeng-2026-01-21-9812.jpg


ᠥᠪᠥᠷ ᠮᠣᠩᠭᠣᠯ᠎ᠤᠨ ᠮᠦᠽᠧᠶ ᠳ᠋ᠤ ᠬᠠᠳᠠᠭᠠᠯᠠᠵᠤ ᠪᠠᠢᠭ᠎ᠠ ᠬᠠᠨ ᠤᠯᠤᠰ᠎ᠤᠨ ᠪᠤᠳᠤᠬᠳᠤ ᠸᠠᠭᠠᠷᠤᠨ ᠮᠤᠷᠢ


jimeng-2026-01-21-5233-扣掉背景填充白色.jpg


ᠥᠪᠥᠷ ᠮᠣᠩᠭᠣᠯ᠎ᠤᠨ ᠮᠦᠽᠧᠶ ᠳ᠋ᠤ ᠬᠠᠳᠠᠭᠠᠯᠠᠵᠤ ᠪᠠᠢᠭ᠎ᠠ ᠶᠤᠸᠠᠨ ᠤᠯᠤᠰ᠎ᠤᠨ  ᠸᠠᠭᠠᠷᠤᠨ ᠬᠡᠤᠬᠡᠯᠳᠠᠢ


jimeng-2026-01-21-6673.jpg


ᠥᠪᠥᠷ ᠮᠣᠩᠭᠣᠯ᠎ᠤᠨ ᠮᠦᠽᠧᠶ ᠳ᠋ᠤ ᠬᠠᠳᠠᠭᠠᠯᠠᠵᠤ ᠪᠠᠢᠭ᠎ᠠ ᠲᠠᠩ ᠤᠯᠤᠰ᠎ᠤᠨ ᠱᠢᠷ᠎ᠠ ᠫᠠᠯᠠᠨ ᠎ᠲᠠᠶ  ᠸᠠᠭᠠᠷᠤᠨ  ᠮᠣᠷᠢ


jimeng-2026-01-21-3723.jpg


ᠥᠪᠥᠷ ᠮᠣᠩᠭᠣᠯ᠎ᠤᠨ ᠮᠦᠽᠧᠶ ᠳ᠋ᠤ ᠬᠠᠳᠠᠭᠠᠯᠠᠵᠤ ᠪᠠᠢᠭ᠎ᠠ ᠤᠮᠠᠷᠠᠳᠤ ᠸᠸᠢ ᠤᠯᠤᠰ᠎ᠤᠨ ᠪᠤᠳᠤᠬᠳᠤ ᠮᠤᠷᠢ ᠬᠦᠳᠦᠯᠦᠭᠰᠡᠨ ᠬᠡᠤᠭᠡᠯᠳᠠᠢ


jimeng-2026-01-21-6096.jpg


ᠬᠦᠬᠡᠬᠤᠳᠠ ᠵᠢᠨ ᠮᠦᠽᠧᠶ ᠳ᠋ᠤ ᠬᠠᠳᠠᠭᠠᠯᠠᠵᠤ ᠪᠠᠢᠭ᠎ᠠ ᠬᠠᠨ ᠤᠯᠤᠰ᠎ᠤᠨ ᠪᠤᠳᠤᠬᠳᠤ ᠸᠠᠭᠠᠷᠤᠨ ᠮᠤᠷᠢᠨ ᠲᠤᠯᠤᠭᠠᠢ


jimeng-2026-01-21-3992.jpg


ᠥᠪᠥᠷ ᠮᠣᠩᠭᠣᠯ᠎ᠤᠨ ᠮᠦᠽᠧᠶ ᠳ᠋ᠤ ᠬᠠᠳᠠᠭᠠᠯᠠᠵᠤ ᠪᠠᠢᠭ᠎ᠠ ᠪᠠᠢᠯᠳᠤᠭᠠᠨᠳᠤ ᠤᠯᠤᠰ᠎ᠤᠨ ᠬᠡᠪᠳᠡᠭᠡ ᠬᠦᠷᠡᠯ  ᠮᠤᠷᠢ


ᠠᠳᠤᠭᠤ ᠵᠢ ᠭᠠᠷᠰᠢᠭᠤᠯᠤᠭᠰᠠᠨ ᠨᠢ ᠬᠦᠮᠦᠨ ᠲᠦᠷᠦᠯᠬᠢᠳᠡᠨ᠎ᠤ ᠪᠤᠯᠪᠠᠰᠤᠨ᠎ᠤ ᠨᠢᠭᠡ ᠶᠡᠭᠡ ᠠᠬᠢᠯᠳᠠ᠃ ᠲᠤᠮᠳᠠᠳᠤ ᠵᠢᠨ ᠦᠨᠳᠦᠰᠦᠳᠡᠨ᠎ᠤ ᠬᠦᠭᠵᠢᠯᠳᠡ ᠵᠢᠨ ᠲᠡᠦᠭᠡ ᠵᠢ ᠶᠠᠷᠢᠬᠤ᠎ᠳᠤ ᠮᠤᠷᠢ ᠡᠴᠡ ᠰᠠᠯᠵᠦ ᠴᠢᠳᠠᠰᠢ ᠦᠭᠡᠢ᠃ ᠶᠠᠰᠤᠨ ᠪᠢᠴᠢᠭ᠂ ᠬᠠᠳᠠᠨ ᠵᠢᠷᠤᠭ ᠲᠦ᠍ ᠮᠤᠷᠢᠨ᠎ᠤ ᠲᠤᠬᠠᠢ ᠵᠢᠷᠤᠭ ᠲᠦᠷᠰᠦ ᠤᠯᠠᠨ ᠪᠠᠢᠳᠠᠭ ᠨᠢ ᠮᠤᠷᠢ ᠡᠷᠳᠡᠨ᠎ᠤ ᠬᠦᠮᠦᠰ᠎ᠤᠨ ᠦᠢᠯᠡᠳᠪᠦᠷᠢᠯᠡᠯ ᠠᠮᠢᠳᠤᠷᠠᠯ᠎ᠤᠨ ᠲᠤᠳᠠᠭᠳᠠᠵᠦ ᠪᠤᠯᠤᠰᠢ ᠦᠭᠡᠢ ᠪᠠᠭᠠᠵᠢ ᠪᠤᠯᠤᠭᠰᠠᠨ᠎ᠤ ᠭᠡᠷᠡᠴᠢ᠃ ᠲᠤᠮᠳᠠᠳᠤ ᠵᠢᠨ ᠰᠤᠶᠤᠯ᠎ᠳᠤ ᠮᠤᠷᠢᠨ᠎ᠤ ᠲᠤᠬᠠᠢ ᠲᠤᠮᠤᠭ ᠤᠯᠠᠨ ᠪᠤᠢ᠂ ᠰᠠᠢᠨ ᠮᠤᠷᠢ᠂ ᠠᠵᠢᠨᠠᠢ ᠬᠦᠯᠦᠭ᠎ᠤᠨ ᠲᠤᠬᠠᠢ ᠦᠯᠢᠭᠡᠷ ᠴᠦ᠍ ᠴᠦᠭᠡᠨ ᠪᠤᠰᠤ᠃ ᠲᠡᠦᠭᠡ ᠵᠢᠨ ᠲᠤᠷᠠᠰᠬᠠᠯᠳᠤ ᠵᠦᠢᠯᠡᠰ᠂ ᠡᠷᠳᠡᠨ᠎ᠤ ᠤᠷᠠᠨ ᠵᠢᠷᠤᠭ ᠵᠡᠷᠭᠡ ᠤᠷᠠᠯᠢᠬ᠎ᠤᠨ ᠪᠦᠲᠦᠭᠡᠯ ᠡᠴᠡ ᠠᠪᠴᠤ ᠦᠵᠡᠭᠰᠡᠨ ᠴᠦ᠍ ᠮᠤᠷᠢ ᠲᠤᠮᠳᠠᠳᠤ ᠵᠢᠨ ᠰᠤᠶᠤᠯ ᠪᠤᠯᠪᠠᠰᠤᠨ᠎ᠤ ᠨᠢᠭᠡ ᠭᠡᠰᠡᠭ ᠪᠤᠯᠤᠭᠰᠠᠨ᠎ᠢ ᠪᠠᠳᠤᠳᠠᠢ ᠭᠡᠷᠡᠴᠢᠯᠡᠨ᠎ᠡ᠃ ᠡᠷᠳᠡᠨ᠎ᠤ ᠲᠤᠷᠭᠠᠨ ᠵᠠᠮ᠂ ᠴᠠᠢ ᠵᠢᠨ ᠵᠠᠮ᠂ ᠠᠷᠠᠯᠵᠢᠶ᠎ᠠ ᠬᠤᠳᠠᠯᠳᠤᠭ᠎ᠠ᠂ ᠰᠤᠶᠤᠯ ᠤᠷᠠᠯᠢᠬ᠂ ᠦᠢᠯᠡᠳᠪᠦᠷᠢᠯᠡᠯ ᠠᠮᠢᠳᠤᠷᠠᠯ᠂ ᠦᠨᠳᠦᠰᠦᠳᠡᠨ᠎ᠤ ᠨᠡᠢᠯᠡᠯᠭᠡ ᠵᠡᠷᠭᠡ ᠪᠦᠬᠦ ᠵᠦᠢᠯ ᠮᠤᠷᠢᠨ᠎ᠤ ᠤᠷᠤᠯᠴᠠᠭ᠎ᠠ ᠪᠠᠷ ᠪᠡᠶᠡᠯᠡᠭᠳᠡᠵᠦ ᠴᠢᠳᠠᠵᠠᠢ᠃

ᠦᠪᠤᠷ ᠮᠤᠡᠭᠭᠤᠯ ᠡᠴᠡ ᠤᠯᠳᠠᠬᠰᠠᠨ 10 ᠬᠤᠪᠤᠷ ᠨᠠᠨᠳᠢᠨ ᠲᠡᠤᠭᠡᠨ ᠦᠪ᠃ ᠮᠤᠷᠢ ᠪᠠ ᠬᠦᠮᠦᠨ᠎ᠤ ᠬᠠᠷᠢᠴᠠᠭ᠎ᠠ ᠪᠤᠶᠤ ᠠᠳᠤᠭᠤᠨ ᠰᠤᠶᠤᠯ ᠪᠤᠯᠤᠨ ᠲᠤᠮᠳᠠᠳᠤ ᠵᠢᠨ ᠰᠤᠶᠤᠯ᠎ᠤᠨ ᠬᠦᠭᠵᠢᠯᠳᠡ ᠵᠢᠨ ᠦᠯᠢᠭᠡᠷ ᠦᠷᠬᠦᠯᠵᠢᠯᠡᠭᠰᠡᠭᠡᠷ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号