ᠵᠡᠭᠦᠳᠦᠨ᠎ᠳᠤ ᠬᠤᠷᠭᠤᠳᠠᠬᠤ ᠨᠤᠭᠤᠰᠤᠳᠠᠢ ᠨᠤᠲᠤᠭ
2026-01-28 15:53:26
ᠵᠣᠬᠢᠶᠠᠭ᠍ᠴᠢ᠄
ᠦᠷᠡᠳᠡᠯᠭᠡᠷ
ᠣᠩᠱᠢᠭ᠍ᠰᠠᠨ ᠣᠳᠠᠭ᠎ᠠ᠄
★★★☆☆

ᠠᠵᠢᠯ᠎ᠠᠴᠠ᠎ᠪᠠᠨ ᠠᠮᠠᠷᠠᠵᠤ ᠠᠷᠤ ᠭᠡᠷ᠎ᠲᠡᠭᠡᠨ ᠰᠠᠭᠤᠭᠠᠳ ᠠᠷᠪᠠᠭᠠᠳ ᠵᠢᠯ ᠪᠣᠯᠣᠯ᠎ᠠ᠃ ᠦᠡᠭ᠌ᠭᠡᠷᠡᠵᠦ᠍ ᠤᠳᠤᠭ᠍ᠰᠠᠨ ᠠᠵᠢᠯ ᠠᠮᠢᠳᠤᠷᠠᠯ ᠦᠯᠢᠭᠡᠷ ᠳᠡᠤᠭᠡ ᠮᠡᠲᠦ ᠳᠠᠷᠢᠬᠢ ᠳᠤᠯᠤᠭᠠᠢ᠎ᠳᠤᠷ ᠲᠧᠯᠸᠢᠰ ᠵᠢᠷᠤᠭ ᠱᠢᠭ᠋ ᠬᠠᠷᠠᠭ᠍ᠳᠠᠵᠤ᠂ ᠡᠳᠦᠷ᠎ᠤᠨ ᠪᠤᠳᠤᠯ ᠰᠦᠨᠢ᠎ᠶ᠋ᠢᠨ ᠵᠡᠭᠦᠳᠦᠨ᠎ᠳᠦ ᠡᠷᠬᠢᠯᠲᠦᠨ᠎ᠡ᠃ ᠢᠯᠠᠩᠭᠣᠶ᠎ᠠ ᠳᠡᠭᠡᠷ᠎ᠡ ᠵᠠᠭᠤᠨ᠎ᠤ ᠳᠠᠯᠠᠭᠠᠳ ᠤᠨ᠎ᠳᠤ ᠨᠤᠭᠤᠰᠤᠳᠠᠢ ᠠᠷᠠᠳ᠎ᠤᠨ ᠨᠢᠭᠡᠳᠦᠯ᠎ᠳᠤ ᠨᠠᠢ᠍ᠮᠠᠨ ᠵᠢᠯ ᠠᠵᠢᠯᠯᠠᠵᠦ ᠠᠮᠢᠳᠤᠷᠠᠭ᠍ᠰᠠᠨ ᠦᠡᠭ᠌ᠭᠡᠷᠡᠯᠳᠡ ᠮᠢᠨᠢ ᠦᠨᠢᠳᠡ ᠮᠠᠷᠳᠠᠭ᠍ᠳᠠᠰᠢ ᠦᠭᠡᠢ ᠲᠣᠷᠠᠳᠬᠠᠯ ᠪᠤᠯᠣᠨ ᠬᠣᠴᠣᠷᠴᠠᠢ᠃

ᠲᠠᠪᠢᠨ ᠵᠢᠯ᠎ᠤᠨ ᠡᠮᠦᠨᠡᠬᠢ 1975 ᠤᠨ᠎ᠤ 3 ᠰᠠᠷ᠎ᠠ᠎ᠳᠤ᠂ ᠪᠢ ᠬᠤᠱᠢᠭᠤ ᠨᠠᠮ᠎ᠤᠨ ᠬᠤᠷᠢᠶᠠᠨ᠎ᠤ ᠵᠤᠬᠢᠶᠠᠨ ᠪᠠᠢᠭᠤᠯᠬᠤ ᠬᠡᠯᠳᠡᠰ᠎ᠤᠨ ᠲᠣᠮᠢᠯᠠᠯᠲᠠ ᠪᠡᠷ ᠨᠤᠭᠤᠰᠤᠳᠠᠢ ᠨᠢᠭᠡᠳᠦᠯ᠎ᠳᠤ ᠢᠷᠡᠵᠦ᠍ ᠠᠵᠢᠯᠯᠠᠵᠠᠢ᠃ ᠬᠤᠱᠢᠭᠤ ᠨᠠᠮ᠎ᠤᠨ ᠬᠤᠷᠢᠶ᠎ᠠ᠂ ᠵᠠᠰᠠᠭ᠎ᠤᠨ ᠤᠷᠳᠤᠨ᠎ᠤ ᠪᠠᠳᠤ ᠴᠢᠩᠭ᠎ᠠ ᠵᠦᠪ ᠤᠳᠤᠷᠢᠳᠤᠯᠭ᠎ᠠ ᠳᠤᠤᠷ᠎ᠠ ᠡᠯ᠎ᠡ ᠵᠦᠢᠯ᠎ᠤᠨ ᠠᠵᠢᠯ᠎ᠢᠶᠠᠨ ᠦᠨᠡᠨᠴᠢ ᠱᠢᠳᠤᠷᠭᠤ ᠪᠠᠷ ᠬᠢᠵᠦ᠍᠂ ᠨᠤᠭᠤᠰᠤᠳᠠᠢ ᠨᠢᠭᠡᠳᠦᠯ᠎ᠤᠨ ᠬᠦᠭ᠌ᠵᠢᠯ ᠮᠠᠨᠳᠤᠯᠳᠠ᠎ᠳᠤ ᠦᠪᠡᠷ᠎ᠤᠨ ᠬᠢᠪᠡᠰᠤ ᠵᠤᠬᠢᠬᠤ ᠡᠭᠦᠷᠭᠡ᠎ᠪᠠᠨ ᠪᠡᠶᠡᠯᠡᠭᠦᠯᠦᠭ᠌ᠰᠡᠨ᠎ᠨᠢ ᠨᠠᠳᠠ᠎ᠳᠤ ᠵᠤᠭᠤᠭ ᠶᠠᠷᠢᠶᠠᠨ᠎ᠤ ᠰᠡᠳᠦᠪ᠂ ᠵᠡᠭᠦᠳᠦᠨ ᠶᠢᠷᠳᠢᠨᠴᠤ᠎ᠶ᠋ᠢᠨ ᠬᠠᠨᠢ ᠪᠤᠯᠤᠭᠰᠠᠨ ᠶᠣᠮ᠃

ᠦᠯᠢᠭᠡᠷ ᠲᠤᠮᠤᠭ᠎ᠲᠠᠢ ᠤᠷᠤᠨ ᠠᠯᠳᠠᠷ ᠨᠡᠷ᠎ᠡ᠎ᠲᠠᠢ ᠭᠠᠵᠠᠷ

ᠳᠤᠬᠠᠢ᠎ᠶ᠋ᠢᠨ ᠦᠶ᠎ᠡ᠎ᠶ᠋ᠢᠨ ᠨᠤᠭᠤᠰᠤᠳᠠᠢ ᠠᠷᠠᠳ᠎ᠤᠨ ᠨᠢᠭᠡᠳᠦᠯ ᠤ᠋ᠨ᠎ᠵᠡᠭᠦᠨ ᠪᠠᠷᠠᠭᠤᠨ ᠶᠡᠭᠡᠠᠦ᠋ᠨᠳᠦᠷ᠎ᠠᠴᠠ ᠪᠤᠰᠤᠳ᠎ᠨᠢ ᠳᠡᠤᠭᠡᠨ ᠳᠡᠭᠡᠷ᠎ᠡ᠎ᠪᠠᠨ ᠪᠦᠷ ᠳᠠᠷᠬᠠᠨ ᠬᠤᠱᠢᠭᠤᠨ᠎ᠤ ᠭᠠᠵᠠᠷ ᠪᠤᠯᠬᠣ ᠶᠣᠮ᠃ ᠠᠳᠡᠬᠢ ᠨᠤᠲᠤᠭ᠎ᠤᠨ ᠪᠤᠭᠤᠷᠤᠯᠴᠤᠳ ᠡᠨᠡ ᠭᠠᠵᠠᠷ᠎ᠤᠨ ᠪᠤᠷᠵᠢᠭᠢᠨ ᠤᠪᠤᠭ᠎ᠤᠨ ᠳᠠᠢᠵᠢ ᠢᠵᠠᠭᠤᠷᠳᠠᠨ᠎ᠢ ᠳᠠᠷᠬᠠᠨ ᠬᠤᠱᠢᠭᠤ ᠳᠤᠯᠤᠭᠠᠨ ᠭᠡᠷ ᠳᠠᠢᠵᠢ᠎ᠶ᠋ᠢᠨ ᠬᠠᠷ᠎ᠠ ᠮᠤᠳᠤᠨ ᠠᠢᠮᠠᠭ ᠭᠡᠵᠦ᠍ ᠬᠠᠭᠤᠴᠢᠯᠠᠳᠠᠭ᠃

ᠳᠡᠭᠡᠷ᠎ᠡ ᠵᠠᠭᠤᠨ᠎ᠤ ᠳᠠᠯᠠᠭᠠᠳ ᠤᠨ᠎ᠳᠤ ᠨᠤᠭᠤᠰᠤᠳᠠᠢ ᠠᠷᠠᠳ᠎ᠤᠨ ᠨᠢᠭᠡᠳᠦᠯ ᠠᠷᠪᠠᠨ ᠶᠡᠭᠡ ᠪᠠᠷᠢᠭᠠᠳᠠ ᠬᠤᠷᠢᠨ ᠪᠠᠭ᠎ᠠ ᠪᠠᠷᠢᠭᠠᠳᠠ ᠲᠠᠢ᠂ ᠨᠤᠳᠤᠭ ᠳᠡᠪᠢᠰᠭᠡᠷ᠎ᠨᠢ ᠶᠡᠷᠡ ᠬᠤᠶᠠᠷ ᠲᠦᠮᠨ ᠢᠯᠡᠭᠦᠦ ᠮᠤ᠌ ᠪᠠᠢᠵᠤ᠂ ᠵᠠᠭᠤᠨ᠎ᠤ ᠨᠠᠶᠠᠨ ᠳᠤᠯᠤᠭ᠎ᠠ᠎ᠨᠢ ᠳᠤᠪᠤ ᠳᠤᠪᠤᠴᠠᠭ ᠡᠯᠡᠰᠦ ᠮᠠᠩᠬᠠᠨ ᠭᠠᠵᠠᠷ᠂ ᠵᠠᠭᠤᠨ᠎ᠤ ᠠᠷᠪᠠᠨ ᠭᠤᠷᠪᠠ᠎ᠨᠢ ᠳᠠᠯ᠎ᠠ ᠭᠠᠵᠠᠷ ᠪᠤᠯᠤᠨ᠎ᠠ᠃ ᠳᠠᠪᠤᠨ ᠮᠢᠩᠭ᠎ᠠ ᠱᠢᠬᠠᠮ ᠬᠦᠮᠦᠨ ᠠᠮᠠ ᠲᠠᠢ᠂ ᠮᠤᠩᠭᠤᠯ ᠦᠨᠳᠦᠰᠦᠳᠡᠨ ᠵᠤᠩᠭᠢᠯᠠᠬᠤ ᠳᠤᠭ᠎ᠠ᠎ᠶ᠋ᠢ ᠡᠵᠡᠯᠡᠵᠦ᠍᠂ ᠶᠠᠮᠤᠨ ᠠᠢᠯ᠎ᠳᠤ ᠴᠦᠭᠡᠨ ᠳᠤᠭᠠᠨ᠎ᠤ ᠬᠢᠳᠠᠳ᠂ ᠬᠤᠳᠤᠩ᠂ ᠮᠠᠨᠵᠤ ᠦᠨᠳᠦᠰᠦᠳᠡᠨ ᠠᠮᠢᠳᠤᠷᠠᠵᠤ᠂ ᠡᠯ᠎ᠡ ᠦᠨᠳᠦᠰᠦᠳᠡᠨ᠎ᠤ ᠠᠷᠠᠳ ᠲᠦᠮᠡᠨ ᠡᠪ ᠨᠠᠢᠷᠲᠠᠢ ᠤᠷᠤᠱᠢᠨ ᠳᠤᠭ᠍ᠳᠠᠨᠢᠵᠤ ᠪᠠᠢᠯ᠎ᠠ᠃

ᠡᠨᠡ ᠭᠠᠵᠠᠷ ᠨᠤᠲᠤᠭ ᠦᠨᠢ ᠤᠳᠠᠭᠠᠨ ᠳᠡᠤᠭᠡ ᠰᠤᠶᠤᠯ ᠦᠯᠢᠭᠡᠷ ᠳᠤᠮᠤᠭ᠎ᠲᠠᠢ᠃ ᠨᠢᠭᠡᠳᠦᠯ᠎ᠤᠨ ᠰᠠᠭᠤᠭ᠎ᠠ ᠭᠠᠵᠠᠷ ᠨᠢ ᠳᠠᠷᠬᠠᠨ ᠬᠤᠱᠢᠭᠤᠨ᠎ᠤ ᠡᠷᠳᠡᠨ᠎ᠤ ᠶᠠᠮᠤ ᠪᠠᠢᠬ᠍ᠰᠠᠨ᠎ᠠᠴᠠ ᠠᠯᠢ ᠤᠯᠠᠨ ᠳᠤᠮᠤᠭ ᠶᠠᠷᠢᠶ᠎ᠠ ᠲᠠᠢ ᠪᠢᠯᠡ᠃ ᠠᠷᠠᠳ᠎ᠤᠨ ᠳᠠᠭᠤᠤ᠎ᠳᠤ ᠭᠠᠷᠤᠭ᠍ᠰᠠᠨ ᠠᠯᠳᠠᠨ ᠬᠠᠭᠠᠯᠭᠠᠳᠠᠢ᠎ᠶ᠋ᠢᠨ ᠰᠦᠮ᠎ᠡ ᠡᠨᠡ ᠭᠠᠵᠠᠷ ᠪᠠᠢᠵᠤ᠂ ᠬᠤᠷᠴᠢᠨ ᠠᠷᠠᠳ᠎ᠤᠨ ᠳᠠᠭᠤᠤ 《ᠸᠠᠨ ᠯᠢ》 ᠡᠨᠡ ᠨᠣᠲᠣᠬ ᠡᠴᠡ ᠡᠭᠦᠰᠴᠡᠢ᠃

ᠪᠢ ᠪᠤᠢᠳᠠ ᠪᠦᠭ᠌ᠯᠡᠭᠦᠦ ᠮᠠᠩᠬᠠᠨ ᠨᠤᠲᠤᠭ᠎ᠠᠴᠠ ᠲᠡᠮᠦᠷ ᠵᠠᠮ ᠳᠠᠭᠠᠤ ᠨᠤᠭᠤᠰᠤᠳᠠᠢ᠎ᠳᠤ ᠢᠷᠡᠭᠦ᠎ᠳᠤ ᠡᠨᠳᠡᠬᠢ ᠨᠢ ᠴᠣᠬᠣᠮ 《ᠬᠦᠭ᠌ᠵᠢᠭ᠌ᠰᠡᠨ ᠣᠷᠣᠨ》 ᠭᠡᠵᠦ᠍ ᠪᠤᠳᠤᠭ᠍ᠳᠠᠵᠤ ᠪᠠᠢᠯ᠎ᠠ᠃ ᠪᠢ ᠬᠠᠳᠠᠮ ᠡᠵᠢ᠎ᠶ᠋ᠢᠨ ᠬᠢᠵᠦ᠍ ᠦᠭ᠌ᠭᠦᠭ᠌ᠰᠡᠨ ᠬᠠᠷ᠎ᠠ ᠲᠤᠷᠭᠠᠨ ᠳᠡᠭᠡᠷ᠎ᠡ ᠬᠠᠳᠭᠤᠮᠠᠯ ᠬᠤᠸᠠᠷ᠎ᠲᠠᠢ ᠭᠤᠷᠪᠠᠨ ᠫᠢᠶᠤᠤᠳᠠᠢ᠎ᠲᠠᠢ ᠳᠠᠮᠠᠬᠢ᠎ᠶ᠋ᠢᠨ ᠤᠭᠤᠳᠠ᠎ᠪᠠᠨ ᠰᠤᠢᠷᠠᠵᠤ᠂ ᠡᠬᠡᠨᠡᠷ᠎ᠤᠨ᠎ᠢᠶᠠᠨ ᠤᠶᠤᠵᠤ ᠦᠭ᠌ᠭᠦᠭ᠌ᠰᠡᠨ ᠲᠠᠩᠰᠤᠷᠤᠩ ᠱᠠᠬᠠᠢ᠂ ᠡᠮᠦᠨ᠎ᠡ ᠬᠤᠢᠨ᠎ᠠ᠎ᠨᠢ ᠳᠡᠭ᠌ᠰᠢ ᠬᠡᠮ᠎ᠲᠠᠢ ᠨᠦᠭᠦᠭᠡᠰᠦ᠎ᠲᠠᠢ ᠪᠦᠰ ᠦᠮᠦᠳᠦ ᠡᠮᠦᠰᠴᠦ᠂ ᠴᠡᠷᠢᠭ᠎ᠤᠨ ᠱᠢᠷ᠎ᠠ ᠪᠦᠰ ᠮᠠᠯᠠᠭᠠᠢ ᠎ᠪᠠᠨ ᠳᠡᠷᠢᠭᠦᠨ᠎ᠳᠡᠭᠡᠨ ᠳᠠᠯᠪᠢᠵᠦ᠂ ᠨᠤᠭᠤᠰᠤᠳᠠᠢ᠎ᠳᠤ ᠢᠷᠡᠵᠦ ᠨᠡᠷ᠎ᠡ ᠮᠡᠳᠡᠬᠦᠯᠬᠦ᠎ᠳᠤ ᠠᠳᠡᠬᠢ ᠨᠢᠭᠡᠳᠦᠯ᠎ᠤᠨ ᠺᠠᠳ᠋ᠷᠴᠤᠳ ᠨᠠᠳᠠ᠎ᠶ᠋ᠢ ᠦᠵᠡᠨ ᠰᠣᠨᠢᠭᠣᠴᠢᠯᠠᠵᠦ ᠭᠠᠢᠬᠠᠬᠰᠠᠨ ᠬᠠᠷᠠᠴᠠ᠎ᠪᠠᠷ ᠱᠢᠷᠳᠠᠵᠤ᠂ ᠭᠠᠳᠠᠷ ᠬᠦᠷᠦᠨ᠎ᠠᠴᠠ ᠢᠷᠡᠭ᠌ᠰᠡᠨ ᠬᠦᠮᠦᠨ ᠱᠢᠭ ᠰᠠᠨᠠᠬᠲᠠᠵᠦ ᠪᠠᠢᠬ᠍ᠰᠠᠨ᠎ᠢ ᠤᠳᠤ ᠪᠤᠳᠤᠬᠤ᠎ᠳᠤ ᠦᠨᠡᠬᠡᠷ ᠱᠤᠭ᠎ᠲᠠᠢ᠃

ᠲᠡᠷᠡ ᠦᠶ᠎ᠡ᠎ᠳᠤ ᠨᠤᠭᠤᠰᠤᠳᠠᠢ ᠨᠢᠭᠡᠳᠦᠯ᠎ᠤᠨ ᠤᠳᠤᠷᠢᠳᠤᠯᠭ᠎ᠠ᠎ᠨᠢ ᠲᠢᠶᠧ ᠽᠢ ᠭᠡᠰᠡᠨ ᠠᠬᠠᠮᠠᠳ ᠳᠠᠷᠤᠭ᠎ᠠ ᠪᠠᠢᠵᠦ ᠪᠢᠯᠡ᠃ ᠲᠡᠷᠡ ᠪᠡᠷ ᠮᠤᠩᠭᠤᠯ ᠭᠠᠵᠠᠷ ᠦᠰᠦᠭ᠌ᠰᠡᠨ ᠬᠢᠳᠠᠳ ᠺᠠᠳ᠋ᠷ ᠪᠣᠯᠬᠣ ᠪᠦᠭᠡᠳ ᠮᠤᠷᠢᠨ ᠮᠡᠷᠭᠡᠵᠢᠯ ᠳ᠋ᠡᠭᠡᠨ ᠣᠨᠴᠠ ᠰᠠᠢᠨ᠂ ᠯᠠᠷᠵᠠ ᠶᠠᠩᠪᠠ ᠳᠠᠳᠠᠬᠤ ᠦᠭᠡᠢ᠂ ᠦᠭᠡ ᠳᠠᠭᠤ ᠴᠦᠭᠡᠨ᠂ ᠦᠨᠡᠨ᠎ᠠᠴᠠ ᠵᠦᠪ᠎ᠢ ᠡᠷᠢᠵᠦ᠍ ᠪᠤᠳᠠᠳᠤ ᠦᠷ᠎ᠡ ᠠᠱᠢᠭ᠎ᠢ ᠬᠦᠨᠳᠦᠳᠭᠡᠵᠦ᠍ ᠤᠯᠠᠨ ᠲᠦᠮᠡᠨ᠎ᠲᠠᠢ ᠨᠢᠬ᠍ᠳᠠ ᠬᠠᠷᠢᠯᠴᠠᠬᠤ ᠬᠦᠳᠡᠭᠡ ᠳᠤᠰᠭᠤᠨ ᠮᠠᠯᠵᠢᠬᠤ ᠤᠷᠤᠨ᠎ᠤ ᠠᠵᠢᠯ᠎ᠤᠨ ᠲᠤᠷᠱᠢᠯᠭ᠎ᠠ ᠡᠯᠪᠡᠭ ᠠᠬᠠᠮᠠᠳ ᠳᠠᠷᠤᠭ᠎ᠠ᠃ ᠳᠡᠳ᠋ ᠱᠦᠵᠢ᠎ᠨᠢ ᠪᠤᠤ ᠱᠠᠨ ᠬᠡᠮᠡᠵᠦ᠂ ᠱᠢᠨ ᠮᠢᠨ᠎ᠢ ᠴᠢᠯᠦᠭᠡᠯᠡᠭᠦ᠌ ᠳᠠᠢᠨ᠎ᠳᠤ ᠭᠠᠪᠢᠶ᠎ᠠ ᠪᠠᠢᠭᠤᠯᠤᠭ᠍ᠰᠠᠨ 《ᠦᠪᠦᠷ ᠮᠤᠩᠭᠤᠯ᠎ᠤᠨ ᠭᠤᠷᠪᠠᠳᠤᠭᠠᠷ ᠳᠡᠰ᠎ᠤᠨ ᠪᠠᠢᠯᠳᠤᠭᠠᠨ᠎ᠤ ᠪᠠᠭᠠᠳᠤᠷ》 ᠴᠤᠯᠠ ᠲᠠᠢ ᠡᠷᠡᠰ ᠲᠠᠰᠤᠷᠬᠠᠢ ᠮᠦᠷᠳᠡᠭᠡᠨ ᠠᠰᠪᠤᠷ ᠴᠠᠭᠠᠪᠤᠷ ᠵᠠᠩ᠎ᠲᠠᠢ ᠳᠠᠷᠤᠭ᠎ᠠ ᠪᠢᠯᠡ᠃

ᠲᠣᠬᠠᠢ᠎ᠶᠢᠨ ᠦᠶ᠎ᠡ ᠳ᠋ᠦ ᠨᠤᠭᠤᠰᠤᠳᠠᠢ᠎ᠶ᠋ᠢᠨ ᠨᠡᠢᠭᠡᠮ ᠠᠵᠤ ᠠᠬᠤᠢ᠎ᠶ᠋ᠢᠨ ᠬᠢᠷᠢ ᠬᠡᠮᠵᠢᠶ᠎ᠡ ᠪᠦᠭᠦ᠌ ᠬᠤᠱᠢᠭᠤᠨ᠎ᠳᠤ ᠳᠤᠮᠳᠠ᠎ᠠᠴᠠ ᠳᠡᠭᠡᠭ᠌ᠰᠢ ᠱᠢᠭ᠂ ᠪᠠᠢᠭᠠᠯᠢ᠎ᠶ᠋ᠢᠨ ᠨᠦᠭᠦᠴᠡᠯ ᠪᠠᠷᠤᠭ᠍ᠳᠠᠢ ᠪᠤᠯᠪᠠᠴᠤ᠌ ᠠᠷᠠᠳ᠎ᠤᠨ ᠠᠮᠢᠳᠤᠷᠠᠯ ᠵᠡᠭᠡᠭᠰᠡᠨ ᠪᠠᠢᠵᠠᠢ᠃ ᠤᠨᠴᠠᠭᠠᠢᠯᠠᠨ ᠨᠤᠭᠤᠰᠤᠳᠠᠢ ᠨᠢᠭᠡᠳᠦᠯ᠎ᠤᠨ ᠪᠠᠷᠠᠭᠤᠨ ᠬᠠᠭᠠᠯᠭᠠᠳᠠᠢ ᠶᠡᠭᠡ ᠪᠠᠷᠢᠭᠠᠳᠠ ᠠᠢᠮᠠᠭ ᠬᠤᠱᠢᠭᠤᠨ᠎ᠤ ᠮᠡᠷᠭᠡᠵᠢᠯᠳᠡᠨ᠎ᠤ ᠵᠢᠭᠠᠨ ᠵᠢᠯᠤᠭᠤᠳᠤᠯᠭ᠎ᠠ ᠳᠤᠤᠷ᠎ᠠ ᠪᠦᠭᠦ᠌ ᠬᠤᠱᠢᠭᠤ ᠪᠦᠭᠦ᠌ ᠠᠢᠮᠠᠭ᠂ ᠦᠪᠦᠷ ᠮᠤᠩᠭᠤᠯ᠎ᠳᠤ ᠦᠨᠢᠶ᠎ᠡ᠎ᠶ᠋ᠢ ᠢᠴᠡᠭᠡᠯ ᠦᠷ᠎ᠡ (ᠬᠦᠯᠳᠡᠭᠦᠦ ᠦᠷ᠎ᠡ) ᠪᠠᠷ ᠭᠡᠭᠡᠯᠳᠦᠭᠦᠯᠭᠦ᠎ᠶ᠋ᠢ ᠬᠠᠮᠤᠭ ᠳᠡᠷᠢᠭᠦᠨ᠎ᠳᠤ ᠲᠤᠷᠱᠢᠨ ᠬᠡᠷᠡᠭ᠌ᠵᠢᠭᠦᠯᠦᠭᠡᠳ ᠠᠮᠵᠢᠯᠲᠠ ᠤᠯᠵᠦ ᠪᠦᠭᠦ᠌ ᠤᠯᠤᠰ᠎ᠲᠤ ᠠᠯᠳᠠᠷᠰᠢᠵᠠᠢ᠃

ᠪᠠᠷᠠᠭᠤᠨ ᠬᠠᠭᠠᠯᠭᠠᠳᠠᠢ᠎ᠶ᠋ᠢᠨ ᠪᠤᠳᠠ ᠪᠤᠭ ᠮᠠᠯ᠎ᠤᠨ ᠡᠭᠦᠯᠳᠡᠷ ᠰᠠᠢᠵᠢᠷᠠᠭᠤᠯᠤᠭ᠍ᠰᠠᠨ ᠳᠡᠷᠢᠭᠦᠨ᠎ᠤ ᠲᠤᠷᠱᠢᠯᠭ᠎ᠠ᠂ ᠲᠠᠷᠢᠶᠠᠯᠠᠩ ᠮᠠᠯ ᠠᠵᠤ ᠠᠬᠤᠢ ᠤᠷᠴᠢᠨ ᠠᠬᠤᠢ᠎ᠶ᠋ᠢ ᠬᠠᠮᠠᠭᠠᠯᠠᠵᠦ ᠪᠦᠳᠦᠭᠡᠨ ᠪᠠᠢᠭᠤᠯᠤᠭ᠍ᠰᠠᠨ ᠦᠯᠢᠭᠡᠷ ᠵᠢᠱ᠌ᠢᠶ᠎ᠡ ᠳᠡᠭᠡᠳᠦ ᠱᠠᠳᠤᠨ᠎ᠤ ᠠᠩᠬᠠᠷᠤᠯ᠂ ᠨᠡᠢᠭᠡᠮ ᠨᠡᠢᠲᠡ᠎ᠶ᠋ᠢᠨ ᠬᠠᠯᠠᠭᠤᠨ ᠬᠦᠷᠢᠶᠡᠯᠡᠯ ᠪᠣᠯᠣᠨ ᠤᠷᠤᠨ᠎ᠤ ᠳᠤᠳᠤᠷ᠎ᠠ ᠭᠠᠳᠠᠨᠠᠬᠢ ᠰᠠᠢᠱᠢᠶᠠᠯ ᠮᠠᠭ᠍ᠳᠠᠭᠠᠯ᠎ᠢ ᠤᠯᠵᠤ᠂ ᠱᠢᠨᠵᠢᠶᠠᠩ᠎ᠤᠨ ᠪᠠᠶᠠᠨᠭᠤᠤᠯ ᠦᠪᠡᠷᠳᠡᠭᠡᠨ ᠵᠠᠰᠠᠬᠤ ᠵᠸᠤ᠎ᠶ᠋ᠢᠨ ᠳᠤᠭᠤᠷᠢᠨ ᠦᠵᠡᠭᠦ᠌ ᠰᠤᠷᠤᠯᠴᠠᠬᠤ ᠪᠦᠯᠭᠦᠮ ᠴᠤ᠌ ᠡᠨᠳᠡ ᠢᠷᠡᠵᠦ᠍ ᠦᠡᠭ᠌ᠭᠡᠷᠡᠪᠡ᠃

ᠬᠤᠷᠳᠤᠨ ᠮᠤᠷᠢᠨ᠎ᠳᠤ ᠲᠠᠱᠢᠭᠤᠷ ᠨᠡᠮᠡᠵᠦ ᠬᠦᠴᠦᠯᠠᠨ ᠲᠡᠮᠡᠴᠡᠭ᠌ᠰᠡᠨ ᠤᠨ ᠰᠠᠷ᠎ᠠ

1976 ᠤᠨ᠎ᠤ ᠡᠬᠢᠨ᠎ᠳᠤ ᠨᠣᠭᠣᠰᠣᠲᠠᠢ ᠨᠢᠭᠡᠲᠦᠯ᠎ᠤᠨ ᠨᠠᠮ᠎ᠤᠨ ᠬᠤᠷᠢᠶᠠᠨ᠎ᠤ ᠱᠦᠵᠢ ᠲᠢᠶᠧ ᠽᠢ ᠠᠢᠮᠠᠭ᠎ᠤᠨ ᠺᠠᠳ᠋ᠷ᠎ᠤᠨ ᠰᠤᠷᠭᠠᠭᠤᠯᠢ᠎ᠳᠤ ᠰᠤᠷᠤᠯᠴᠠᠬᠤ ᠪᠠᠷ ᠶᠠᠪᠤᠵᠤ᠂ 5 ᠰᠠᠷ᠎ᠠ᠎ᠳᠤᠨᠢ ᠮᠤᠤᠨᠤᠬᠠᠢ ᠨᠦᠭᠦᠷ ᠨᠤᠭᠤᠰᠤᠳᠠᠢ ᠨᠢᠭᠡᠳᠦᠯ᠎ᠳᠤ ᠢᠷᠡᠵᠦ᠍ ᠨᠠᠮ᠎ᠤᠨ ᠬᠤᠷᠢᠶᠠᠨ᠎ᠤ ᠱᠦᠵᠢ ᠪᠤᠯᠵᠠᠢ᠃

ᠮᠤᠤᠨᠤᠬᠠᠢ ᠨᠦᠭᠦᠷ ᠳᠡᠭᠡᠷ᠎ᠡ ᠵᠠᠭᠤᠨ᠎ᠤ ᠳᠠᠪᠢᠭᠠᠳ ᠤᠨ᠎ᠤ ᠡᠬᠢᠨ᠎ᠳᠤ ᠠᠵᠢᠯ᠎ᠳᠤ ᠤᠷᠤᠯᠴᠠᠵᠤ ᠦᠨᠳᠦᠰᠦᠨ ᠱᠠᠳᠤᠨ᠎ᠤ ᠤᠳᠤᠷᠢᠳᠭᠤ ᠠᠵᠢᠯ ᠬᠢᠵᠦ᠍᠂ ᠰᠤᠶᠤᠯ᠎ᠤᠨ ᠬᠤᠪᠢᠰᠭᠠᠯ ᠡᠴᠡ ᠡᠮᠦᠨ᠎ᠡ ᠠᠷᠠᠳ᠎ᠤᠨ ᠨᠢᠭᠡᠳᠦᠯ᠎ᠤᠨ ᠳᠡᠳ᠋ ᠱᠦᠵᠢ᠂ ᠬᠤᠱᠢᠭᠤᠨ᠎ᠤ ᠲᠠᠷᠢᠶᠠᠯᠠᠩ ᠮᠠᠯ ᠠᠵᠤ ᠠᠬᠤᠢ᠎ᠶ᠋ᠢᠨ ᠰᠠᠯᠠᠭᠠᠨ᠎ᠤ ᠺᠠᠳ᠋ᠷ᠂ ᠬᠤᠱᠢᠭᠤᠨ᠎ᠤ ᠮᠠᠯ ᠠᠵᠤ ᠠᠬᠤᠢ᠎ᠶ᠋ᠢᠨ ᠲᠤᠪᠴᠢᠶᠠᠨ᠎ᠤ ᠳᠡᠳ᠋ ᠳᠠᠷᠤᠭ᠎ᠠ᠂ ᠵᠢᠷᠭᠠᠯᠠᠩ ᠵᠡᠷᠭᠡ ᠭᠠᠵᠠᠷ ᠎ᠤ᠋ᠤᠨ ᠶ᠋ᠢᠡᠷ ᠨᠢᠭᠡᠳᠦᠯ᠎ᠤᠨ ᠳᠡᠳ᠋ ᠤᠳᠤᠷᠢᠳᠤᠯᠭ᠎ᠠ᠎ᠶ᠋ᠢ ᠬᠠᠷᠢᠭᠤᠴᠠᠵᠤ ᠦᠡᠭ᠌ᠭᠡᠷᠡᠭ᠌ᠰᠡᠨ ᠠᠵᠢᠯ᠎ᠤᠨ ᠲᠤᠷᠱᠢᠯᠭ᠎ᠠ ᠪᠠᠶᠠᠯᠢᠭ  ᠤᠳᠤᠷᠢᠳᠭᠤ ᠺᠠᠳ᠋ᠷ ᠪᠤᠯᠬᠤ ᠶᠤᠮ᠃

ᠮᠤᠤᠨᠤᠬᠠᠢ ᠨᠦᠭᠦᠷ ᠠᠵᠢᠯᠴᠢ ᠪᠤᠷᠤᠭ᠍ᠵᠢᠭᠤᠨ᠂ ᠲᠠᠷᠢᠬᠢ ᠬᠤᠷᠴᠠ᠂ ᠠᠯᠤᠰ᠎ᠤᠨ ᠬᠠᠷᠠᠴᠠ ᠬᠤᠯᠠ᠎ᠶ᠋ᠢᠨ ᠪᠤᠳᠤᠯᠭ᠎ᠠ᠎ᠲᠠᠢ᠂ ᠤᠨᠴᠠᠭᠠᠢᠯᠠᠨ ᠰᠤᠸᠠᠮᠫᠠᠨ ᠪᠤᠳᠤᠬᠤ᠎ᠨᠢ ᠪᠦᠭᠦ᠌ ᠬᠤᠱᠢᠭᠤᠨ᠎ᠤ ᠨᠢᠭᠡᠳᠦᠯ᠎ᠤᠨ ᠱᠦᠵᠢ ᠨᠠᠷ᠎ᠤᠨ ᠳᠤᠳᠤᠷ᠎ᠠ ᠣᠷᠣᠢᠯᠠᠲᠠᠬ᠃

ᠲᠡᠷᠡ ᠨᠤᠭᠤᠰᠤᠳᠠᠢ ᠨᠢᠭᠡᠳᠦᠯ᠎ᠤᠨ ᠨᠠᠮ᠎ᠤᠨ ᠬᠤᠷᠢᠶᠠᠨ᠎ᠤ ᠱᠦᠵᠢ᠎ᠶ᠋ᠢᠨ ᠲᠣᠰᠢᠶᠠᠯ᠎ᠢ ᠬᠠᠷᠢᠭᠣᠴᠠᠬᠣ ᠪᠠᠢᠬᠰᠠᠨ ᠬᠣᠭᠣᠴᠠᠭᠠᠨ ᠳ᠋ᠠᠭᠠᠨ ᠣᠲᠣᠷᠢᠳᠬᠣ ᠪᠠᠭ᠎ᠢᠶᠠᠨ ᠪᠦᠯᠭᠦᠮᠳᠡᠬᠦᠯᠦᠨ ᠳᠠᠢᠴᠢᠯᠠᠵᠤ᠂ ᠭᠤᠤᠯᠯᠠᠭ᠍ᠴᠢ ᠦᠢᠯᠡᠳᠦᠯ ᠦᠵᠡᠭᠦᠯᠵᠦ᠍ ᠨᠤᠭᠤᠰᠤᠳᠠᠢ ᠨᠤᠲᠤᠭ᠎ᠤᠨ ᠠᠵᠤ ᠠᠬᠤᠢ ᠨᠡᠢᠭᠡᠮ᠎ᠤᠨ ᠪᠦᠭᠦ᠌ ᠳᠠᠯ᠎ᠠ᠎ᠶ᠋ᠢᠨ ᠬᠦᠭ᠌ᠵᠢᠯᠳᠡ᠎ᠳᠤ ᠱᠢᠢᠳᠪᠦᠷᠢᠯᠡᠭᠦ᠌ ᠴᠢᠨᠠᠷ᠎ᠲᠠᠢ ᠦᠢᠯᠡᠳᠦᠯ ᠭᠠᠷᠭᠠᠵᠤ᠂ ᠨᠤᠭᠤᠰᠤᠳᠠᠢ ᠤᠷᠤᠨ᠎ᠤ ᠳᠡᠤᠭᠡᠨ᠎ᠳᠤ ᠱᠢᠨ᠎ᠡ ᠨᠢᠭᠡ ᠬᠠᠭᠤᠳᠠᠰᠤ᠎ᠶ᠋ᠢ ᠪᠢᠴᠢᠭ᠌ᠯᠡᠭ᠌ᠰᠡᠨ ᠪᠦᠭᠡᠳ ᠨᠤᠭᠤᠰᠤᠳᠠᠢ᠎ᠶ᠋ᠢᠨ ᠠᠷᠠᠳ ᠲᠦᠮᠡᠨ᠎ᠤ ᠪᠠᠶᠠᠨ ᠴᠢᠨᠡᠭᠡᠯᠢᠭ ᠠᠮᠢᠳᠤᠷᠠᠯ᠎ᠢ ᠱᠢᠨ᠎ᠡ ᠱᠠᠳᠤᠨ᠎ᠳᠤ ᠭᠠᠷᠭᠠᠵᠠᠢ᠃

ᠡᠨᠡ ᠬᠤᠭᠤᠴᠠᠭᠠᠨ᠎ᠤ ᠨᠤᠭᠤᠰᠤᠳᠠᠢ ᠨᠢᠭᠡᠳᠦᠯ᠎ᠤᠨ ᠤᠳᠤᠷᠢᠳᠭᠤ ᠪᠠᠭ ᠨᠡᠯᠢᠶᠡᠳ ᠲᠤᠭ᠍ᠳᠠᠭᠤᠨ ᠪᠠᠢᠵᠤ ᠮᠤᠤᠨᠤᠬᠠᠢ᠂ ᠪᠤᠤ ᠱᠠᠨ᠂ ᠦᠷᠡᠳᠡᠯᠭᠡᠷ᠂ ᠲᠢᠶᠧ ᠵᠤ᠌᠂ ᠬᠠᠳᠠ ᠨᠠᠷ ᠤᠷᠳᠤ ᠬᠤᠭᠤᠴᠠᠭ᠎ᠠ ᠪᠠᠷ ᠨᠤᠭᠤᠰᠤᠳᠠᠢ᠎ᠶ᠋ᠢᠨ ᠨᠠᠮ ᠵᠠᠰᠠᠭ᠎ᠤᠨ ᠤᠳᠤᠷᠢᠳᠭᠤ ᠪᠠᠢᠷᠢᠨ᠎ᠳᠤ ᠠᠵᠢᠯᠯᠠᠭ᠍ᠰᠠᠨ ᠶᠤᠮ᠃

ᠮᠤᠤᠨᠤᠬᠠᠢ ᠱᠦᠵᠢ᠎ᠶ᠋ᠢᠨ ᠳᠤᠷᠠᠳᠤᠯᠭ᠎ᠠ ᠪᠠᠷ ᠨᠠᠮ᠎ᠤᠨ ᠬᠤᠷᠢᠶ᠎ᠠ᠂ ᠵᠠᠰᠠᠭ᠎ᠤᠨ ᠤᠷᠳᠤᠨ ᠳᠠᠨᠢᠯᠳᠠ᠎ᠪᠠᠨ ᠨᠢᠭᠡᠳᠭᠡᠵᠦ᠍ ᠪᠦᠭᠦ᠌ ᠨᠢᠭᠡᠳᠦᠯ᠎ᠢᠶᠠᠷ᠎ᠢᠶᠠᠨ ᠬᠠᠮᠳᠤᠷᠠᠨ ᠠᠢᠯ ᠪᠠᠷᠢᠭᠠᠳᠠ ᠪᠦᠭᠦᠨ᠎ᠳᠤ ᠴᠠᠬᠢᠯᠭᠠᠨ ᠨᠡᠪᠳᠡᠷᠡᠭᠦᠯᠭᠦ᠌ ᠲᠦᠷᠦᠯ ᠵᠦᠢᠯ᠎ᠢ ᠭᠠᠷᠳᠠᠨ ᠬᠢᠵᠦ᠍᠂ ᠦᠨᠳᠦᠷ ᠬᠦᠴᠦᠳᠡᠯᠳᠦ᠂ ᠳᠤᠤᠷ᠎ᠠ ᠬᠦᠴᠦᠳᠡᠯᠳᠦ ᠴᠠᠬᠢᠯᠭᠠᠨ ᠤᠷᠤᠭᠤᠯᠬᠤ᠎ᠶ᠋ᠢ ᠪᠦᠭᠦᠨ᠎ᠢ ᠤᠯᠤᠰ᠎ᠤᠨ ᠪᠡᠯᠡ ᠤᠷᠤᠭᠤᠯᠤᠯᠳᠠ᠂ ᠨᠢᠭᠡᠳᠦᠯ ᠪᠠᠷᠢᠭᠠᠳᠠ᠎ᠶ᠋ᠢᠨ ᠨᠡᠢᠲᠡ᠎ᠶ᠋ᠢᠨ ᠬᠤᠷᠠᠮᠳᠤᠭᠤᠯᠭ᠎ᠠ ᠮᠦᠡᠭ᠌ᠭᠦ ᠪᠤᠯᠤᠨ ᠮᠠᠯ ᠤᠨᠤᠭ᠎ᠠ ᠪᠠᠨ ᠬᠣᠲᠠᠯᠲᠣᠨ ᠪᠡᠶᠡᠯᠡᠬᠦᠯᠵᠦ᠂ ᠡᠷᠦᠭᠡ ᠭᠡᠷ᠎ᠲᠤ ᠴᠠᠬᠢᠯᠭᠠᠨ ᠳ᠋ᠧᠡᠭ ᠣᠬᠰᠠᠷᠠᠬᠣ ᠬᠦᠷᠲᠡᠯ᠎ᠡ ᠠᠷᠠᠳ᠎ᠠᠴᠠ ᠨᠢᠭᠡ ᠮᠦᠡᠭ᠌ᠭᠦ ᠠᠪᠤᠭ᠍ᠰᠠᠨ ᠦᠭᠡᠢ ᠪᠠᠢᠯ᠎ᠠ᠃ ᠳᠤᠬᠠᠢ᠎ᠶ᠋ᠢᠨ ᠦᠶ᠎ᠡ᠎ᠶ᠋ᠢᠨ ᠨᠢᠭᠡᠳᠦᠯ᠎ᠤᠨ ᠳᠡᠳ᠋ ᠡᠷᠭᠢᠯᠡᠭ᠌ᠴᠢ ᠬᠠᠳᠠ ᠨᠦᠭᠦᠷ ᠡᠨᠡ᠎ᠬᠦ ᠠᠵᠢᠯ᠎ᠢ ᠱᠢᠭᠤᠳ ᠠᠬᠣᠢ ᠲᠠᠯᠠᠪᠠᠢ ᠳ᠋ᠣᠨᠢ ᠤᠳᠤᠷᠢᠳᠤᠨ ᠵᠢᠯᠤᠭᠤᠳᠴᠤ᠌ ᠠᠮᠵᠢᠯᠳᠠ ᠤᠯᠵᠤ ᠠᠮᠤᠷ ᠲᠦᠪᠱᠢᠨ᠎ᠢ ᠪᠠᠳᠤᠯᠠᠵᠠᠢ᠃

1984 ᠤᠨ᠎ᠳᠤ ᠬᠤᠸᠠᠳᠧᠡᠭ᠎ᠳᠤ ᠦᠭ᠌ᠭᠦᠭ᠌ᠰᠡᠨ ᠳᠤᠤᠷ᠎ᠠ ᠰᠧᠪᠤᠨ ᠨᠢᠭᠡ ᠭᠠᠴᠠᠭ᠎ᠠ ᠴᠠᠬᠢᠯᠭᠠᠨ ᠨᠡᠪᠳᠡᠷᠡᠭᠡᠳᠦᠢ ᠪᠠᠢᠬ᠍ᠰᠠᠨ ᠪᠤᠯᠪᠠᠴᠤ᠌ ᠪᠦᠭᠦ᠌ ᠪᠡᠯᠡ ᠮᠦᠡᠭ᠌ᠭᠦ᠎ᠶ᠋ᠢ᠎ᠨᠢ ᠨᠤᠭᠤᠰᠤᠳᠠᠢ ᠨᠢᠭᠡᠳᠦᠯ ᠳᠠᠩᠰᠠ ᠬᠠᠷ᠎ᠠ᠎ᠲᠠᠢ᠎ᠨᠢ ᠱᠢᠯᠵᠢᠭᠦᠯᠵᠦ᠍ ᠦᠭ᠌ᠪᠡ᠃ ᠢᠡᠭ᠌ᠭᠢᠭᠡᠳ ᠮᠠᠨ᠎ᠤ ᠨᠤᠭᠤᠰᠤᠳᠠᠢ ᠨᠢᠭᠡᠳᠦᠯ ᠪᠦᠭᠦ᠌ ᠬᠤᠱᠢᠭᠤᠨ᠎ᠳᠠᠭᠠᠨ ᠡᠯᠡᠰᠦ ᠮᠠᠩᠬᠠᠨ ᠤᠷᠤᠨ᠎ᠤ ᠲᠤᠰᠭᠤᠨ ᠪᠦᠷᠢ᠎ᠳᠤ ᠴᠠᠬᠢᠯᠭᠠᠨ ᠨᠡᠪᠳᠡᠷᠡᠭ᠌ᠰᠡᠨ ᠤᠷᠤᠭ᠍ᠰᠢᠯᠠᠭ᠍ᠰᠠᠨ ᠡᠩᠨᠡᠭᠡ᠎ᠳᠤ ᠣᠷᠣᠵᠠᠢ᠃

ᠲᠡᠷᠡ ᠦᠶ᠎ᠡ᠎ᠳᠤ ᠨᠤᠭᠤᠰᠤᠳᠠᠢ ᠨᠢᠭᠡᠳᠦᠯ ᠪᠣᠯ ᠡᠯ᠎ᠡ ᠵᠦᠢᠯ᠎ᠤᠨ ᠵᠢᠵᠢᠭ ᠠᠵᠤ ᠠᠬᠤᠢᠯᠠᠯ ᠨᠡᠯᠢᠶᠡᠳ ᠬᠦᠭ᠌ᠵᠢᠭ᠌ᠰᠡᠨ ᠨᠢᠭᠡᠳᠦᠯ᠎ᠤᠨ ᠨᠢᠭᠡ ᠪᠠᠢᠵᠠᠢ᠃ ᠲᠡᠮᠦᠷ ᠮᠤᠳᠤᠨ᠎ᠤ ᠬᠠᠮᠳᠤᠷᠠᠭ᠍ᠰᠠᠨ ᠦᠢᠯᠡᠳᠪᠤᠷᠢ᠂ ᠱᠦᠢᠨᠢ ᠬᠤᠭᠤᠯᠠᠢ᠎ᠶ᠋ᠢᠨ ᠦᠢᠯᠡᠳᠪᠤᠷᠢ᠂ ᠦᠨᠢᠶᠡᠨ ᠰᠦ ᠢᠳᠡᠭᠡᠱᠢᠭᠦᠯᠦᠨ ᠪᠤᠯᠪᠠᠰᠤᠷᠠᠭᠤᠯᠬᠤ ᠦᠢᠯᠡᠳᠪᠤᠷᠢ᠂ ᠲᠡᠮᠦᠷ ᠵᠠᠮ ᠳᠡᠭᠡᠷ᠎ᠡ ᠳᠡᠭᠡᠭᠡᠵᠦ᠍ ᠪᠠᠭᠤᠯᠭᠠᠬᠤ ᠠᠩᠭᠢ᠂ ᠶᠡᠷᠦᠩᠭᠡᠢᠯᠡᠨ ᠦᠢᠯᠡᠴᠢᠯᠡᠭᠦ᠌ (ᠸᠠᠭᠠᠷ ᠳᠤᠭᠤᠰᠭᠠᠨ ᠠᠵᠢᠯ ᠬᠢᠬᠦ᠌) ᠠᠩᠭᠢ᠂ ᠨᠢᠭᠡᠳᠦᠯ᠎ᠤᠨ ᠮᠠᠯ ᠮᠠᠯᠵᠢᠬᠤ ᠳᠠᠯᠠᠪᠠᠢ᠂ ᠮᠠᠱᠢᠨᠴᠢᠯᠠᠬᠤ ᠦᠷᠳᠡᠭᠡ ᠵᠡᠷᠭᠡ ᠵᠢᠵᠢᠭ ᠦᠢᠯᠡᠳᠪᠤᠷᠢ ᠺᠤᠮᠫᠠᠨᠢ ᠪᠠᠢᠵᠤ᠂ ᠡᠵᠡᠩᠨᠡᠯᠳᠡ᠎ᠨᠢ ᠰᠠᠢᠨ᠂ ᠠᠱᠢᠭ ᠬᠤᠨᠵᠢᠪᠤᠷᠢ᠎ᠲᠠᠢ ᠪᠠᠢᠬ᠍ᠰᠠᠨ ᠶᠤᠮ᠃

ᠡᠨᠡ ᠬᠤᠭᠤᠴᠠᠭᠠᠨ᠎ᠳᠡᠬᠢ ᠠᠷᠠᠳ᠎ᠤᠨ ᠠᠮᠢᠳᠤᠷᠠᠯ ᠠᠯᠪᠠᠨ ᠪᠠᠢᠭᠤᠯᠭ᠎ᠠ᠎ᠨᠤᠭᠤᠳ᠎ᠤᠨ ᠦᠨᠳᠦᠰᠦᠨ ᠪᠦᠳᠦᠭᠡᠨ ᠪᠠᠢᠭᠤᠯᠤᠯᠳᠠ ᠴᠤ᠌ ᠡᠳᠦᠢ ᠲᠡᠳᠦᠢ ᠠᠬᠢᠴᠠ᠎ᠲᠠᠢ ᠪᠠᠢᠵᠠᠢ᠃ ᠨᠡᠯᠢᠶᠡᠳ ᠠᠷᠪᠢᠨ ᠪᠠᠷᠢᠭᠠᠳᠠ᠎ᠶ᠋ᠢᠨ ᠠᠯᠪᠠᠨ ᠭᠡᠷ᠂ ᠬᠠᠨᠭ᠌ᠭᠠᠨ ᠪᠤᠷᠤᠯᠠᠭᠤᠯᠬᠤ ᠬᠤᠷᠱᠢᠶ᠎ᠠ᠂ ᠳᠤᠮᠳᠠᠳᠤ ᠪᠠᠭ᠎ᠠ ᠰᠤᠷᠭᠠᠭᠤᠯᠢ᠎ᠶ᠋ᠢᠨ ᠭᠡᠷ ᠪᠠᠢᠱᠢᠩ ᠪᠣᠯᠣᠨ ᠨᠢᠭᠡᠳᠦᠯ᠎ᠤᠨ ᠠᠯᠪᠠᠨ ᠭᠡᠷ᠂ ᠨᠢᠭᠡᠳᠦᠯ᠎ᠤᠨ ᠡᠮᠨᠡᠯᠭᠡ᠎ᠶ᠋ᠢᠨ ᠬᠤᠷᠢᠶ᠎ᠠ ᠵᠡᠷᠭᠡ ᠨᠢ ᠪᠦᠷ ᠸᠠᠭᠠᠷ ᠳᠤᠭᠤᠰᠭᠠᠨ ᠪᠦᠳᠦᠴᠡ᠎ᠲᠠᠢ ᠪᠤᠯᠵᠠᠢ᠃ ᠪᠠᠷᠠᠭᠤᠨ ᠬᠠᠭᠠᠯᠭᠠᠳᠠᠢ ᠪᠠᠷᠢᠭᠠᠳᠠ ᠠᠯᠪᠠᠨ ᠭᠡᠷ᠎ᠲᠡᠭᠡᠨ ᠨᠠᠮᠤᠭ᠎ᠤᠨ ᠬᠡᠢ ᠵᠠᠷᠤᠬᠤ ᠪᠤᠯᠵᠦ᠂ ᠪᠠᠶᠠᠨ ᠴᠢᠨᠡᠭᠡᠯᠢᠭ ᠠᠢᠯ ᠨᠢ ᠬᠤᠪᠢ᠎ᠶ᠋ᠢᠨ ᠭᠡᠷ᠎ᠢᠶᠠᠨ ᠸᠠᠭᠠᠷ ᠲᠤᠭᠤᠰᠭ᠎ᠠ᠎ᠪᠠᠷ ᠪᠠᠷᠢᠵᠤ ᠡᠬᠢᠯᠡᠵᠡᠢ᠃ ᠬᠤᠤᠰ ᠲᠠᠭᠠᠭᠠᠴᠢᠯᠠᠯᠳᠠ ᠡᠴᠡ ᠰᠡᠭᠦᠯᠡᠷ ᠪᠠᠭ᠎ᠠ ᠪᠤᠰᠤ ᠡᠷᠦᠬᠡ᠎ᠨᠢ ᠰᠦᠷᠦᠭ ᠮᠠᠯ᠎ᠲᠠᠢ ᠪᠤᠯᠵᠤ᠂ ᠵᠠᠷᠢᠮ ᠠᠢᠯ ᠡᠷᠦᠬᠡ ᠤᠰᠤᠨ ᠭᠠᠨᠭ᠌ ᠳᠤᠳᠤᠷ᠎ᠠ ᠪᠠᠨ ᠦᠨᠢᠶᠡᠨ ᠰᠦ ᠡᠭᠡᠳᠡᠭᠦᠯᠵᠦ᠍᠂ ᠰᠠᠭᠤᠯᠠᠭ᠎ᠠ ᠳᠤᠭᠤᠭᠠᠨ᠎ᠳᠤ ᠦᠷᠦᠮ᠎ᠡ ᠲᠤᠰᠤ ᠬᠠᠳᠠᠭᠠᠯᠠᠬᠤ ᠪᠤᠯᠵᠠᠢ᠃ ᠬᠠᠮᠳᠤ ᠨᠡᠢᠲᠡ᠎ᠶ᠋ᠢᠨ ᠦᠶ᠎ᠡ᠎ᠳᠤ ᠪᠠᠷᠠᠭᠤᠨ ᠬᠠᠭᠠᠯᠭᠠᠲᠠᠢ᠂ ᠰᠦᠮ᠎ᠡ᠎ᠶ᠋ᠢᠨ ᠬᠠᠭᠠᠯᠭᠠᠳᠠᠢ᠂ ᠵᠡᠭᠦᠨ ᠳᠦᠭᠦᠷᠭᠡ᠂ ᠨᠤᠭᠤᠰᠤᠳᠠᠢ᠂ ᠪᠠᠶᠠᠠᠨᠠᠭᠤᠷ ᠵᠡᠷᠭᠡ ᠪᠠᠷᠢᠭᠠᠳᠠ ᠡᠳᠦᠷ᠎ᠲᠤ ᠨᠠᠢ᠍ᠮᠠ ᠶᠢᠰᠦᠨ ᠵᠠᠭᠤᠨ ᠵᠢᠩ ᠦᠨᠢᠶᠡᠨ ᠰᠦ ᠬᠤᠳᠠᠯᠳᠤᠵᠤ ᠪᠠᠢᠵᠠᠢ᠃ ᠵᠤᠨ᠎ᠤ ᠭᠤᠤᠯ᠎ᠳᠤ ᠨᠤᠭᠤᠰᠤᠳᠠᠢ᠎ᠶ᠋ᠢᠨ ᠬᠤᠶᠠᠷ ᠰᠦ᠎ᠶ᠋ᠢᠨ ᠦᠢᠯᠡᠳᠪᠤᠷᠢ ᠡᠳᠦᠷ᠎ᠲᠤ ᠭᠤᠷᠪᠠ᠎ᠠᠴᠠ ᠳᠠᠪᠤᠨ ᠳᠤᠨ ᠰᠦ ᠬᠤᠷᠢᠶᠠᠵᠤ ᠪᠤᠷᠤᠯᠠᠭᠤᠯᠵᠤ᠂ ᠪᠦᠭᠦ᠌ ᠬᠤᠱᠢᠭᠤᠨ᠎ᠳᠠᠭᠠᠨ ᠤᠷᠤᠢᠯᠠᠵᠤ ᠪᠠᠢᠵᠠᠢ᠃

ᠮᠡᠷᠡᠢᠨ ᠴᠢᠷᠮᠠᠢᠵᠤ ᠮᠠᠩᠯᠠᠢ᠎ᠳᠤᠨᠢ ᠭᠠᠷᠬᠤ᠎ᠪᠠᠷ ᠴᠢᠷᠮᠠᠢᠬ᠍ᠰᠠᠨ ᠳᠠᠢᠴᠢᠨ ᠡᠩᠨᠡᠭᠡ

ᠳᠡᠷᠡ ᠭᠦ᠌ ᠤᠨ ᠰᠠᠷ᠎ᠠ᠎ᠳᠤ ᠮᠠᠨ᠎ᠤ ᠡᠯ᠎ᠡ ᠳᠠᠯ᠎ᠠ᠎ᠶ᠋ᠢᠨ ᠠᠵᠢᠯ ᠦᠢᠯᠡᠰ ᠡᠯᠪᠡᠭ ᠳᠡᠯᠪᠡᠭ ᠦᠷ᠎ᠡ ᠪᠦᠲᠦᠮᠵᠢ᠎ᠲᠠᠢ ᠪᠤᠯᠬᠤᠷ ᠠᠷᠠᠳ᠎ᠤᠨ ᠰᠡᠳᠭᠢᠯ᠎ᠢ ᠤᠯᠵᠤ᠂ ᠳᠡᠭᠡᠳᠦ ᠱᠠᠳᠤᠨ᠎ᠤ ᠰᠠᠢᠱᠢᠶᠠᠯ ᠬᠦᠬᠢᠭᠦᠯᠦᠯ᠎ᠢ ᠤᠳᠠᠭ᠎ᠠ ᠳᠠᠷᠠᠭᠠᠯᠠᠨ ᠬᠦᠷᠳᠡᠭ᠌ᠰᠡᠨ ᠨᠢ ᠴᠦᠭᠡᠨ ᠳᠤᠭᠠᠨ᠎ᠤ ᠬᠡᠳᠦᠨ ᠬᠦᠮᠦᠨ ᠠᠵᠢᠯᠯᠠᠭ᠍ᠰᠠᠨ ᠶᠠᠪᠤᠳᠠᠯ ᠪᠢᠰᠢ ᠬᠠᠷᠢᠨ ᠠᠢᠮᠠᠭ ᠬᠤᠱᠢᠭᠤᠨ᠎ᠠᠴᠠ ᠨᠤᠭᠤᠰᠤᠳᠠᠢ ᠤᠷᠤᠨ᠎ᠳᠤ ᠨᠢᠭᠡᠨ ᠰᠠᠢᠨ ᠤᠳᠤᠷᠢᠳᠭᠤ ᠪᠠᠭ᠎ᠢ ᠳᠤᠬᠢᠷᠠᠭᠤᠯᠵᠤ ᠦᠭ᠌ᠭᠦᠭ᠌ᠰᠡᠨ ᠪᠠ ᠨᠤᠭᠤᠰᠤᠳᠠᠢ ᠤᠷᠤᠨ᠎ᠤ ᠨᠢᠭᠡᠳᠦᠯ᠂ ᠶᠡᠭᠡ ᠪᠠᠭ᠎ᠠ ᠪᠠᠷᠢᠭᠠᠳᠠ᠎ᠶ᠋ᠢᠨ ᠭᠤᠷᠪᠠᠨ ᠱᠠᠳᠤᠨ᠎ᠤ ᠤᠳᠤᠷᠢᠳᠤᠯᠭ᠎ᠠ᠎ᠶ᠋ᠢᠨ ᠭᠡᠪ ᠴᠢᠨᠠᠷ᠂ ᠠᠵᠢᠯ᠎ᠤᠨ ᠬᠢᠷᠢ ᠬᠡᠮᠵᠢᠶ᠎ᠡ ᠦᠨᠳᠦᠷ᠎ᠲᠠᠢ ᠱᠢᠭᠤᠳ ᠬᠤᠯᠪᠤᠭ᠎ᠠ᠎ᠲᠠᠢ ᠪᠦᠭᠡᠳ ᠠᠷᠠᠳ ᠲᠦᠮᠡᠨ᠎ᠤ ᠳᠤᠮᠳᠠ ᠭᠤᠤᠯᠯᠠᠭ᠍ᠴᠢ ᠬᠦᠴᠦᠨ ᠪᠤᠯᠤᠭ᠍ᠰᠠᠨ ᠪᠦᠭᠦ᠌ ᠨᠢᠭᠡᠳᠦᠯ᠎ᠤᠨ ᠨᠠᠮ᠎ᠤᠨ ᠭᠡᠱᠢᠭᠦᠨ᠎ᠤ ᠬᠠᠮᠳᠤ᠎ᠶ᠋ᠢᠨ ᠴᠢᠷᠮᠠᠢᠯᠭ᠎ᠠ᠎ᠲᠠᠢ ᠱᠢᠭᠤᠳ ᠬᠤᠯᠪᠤᠭ᠎ᠠ᠎ᠲᠠᠢ ᠶᠤᠮ᠃

ᠠᠷᠠᠳ ᠲᠦᠮᠡᠨ ᠳᠡᠤᠭᠡ᠎ᠶ᠋ᠢ ᠪᠦᠳᠦᠭᠡᠭᠰᠡᠨ ᠪᠦᠭᠡᠳ ᠳᠡᠤᠭᠡ᠎ᠶ᠋ᠢᠨ ᠬᠦᠳᠡᠯᠭᠡᠭᠦ᠌ ᠬᠦᠴᠦᠨ ᠪᠤᠯᠤᠨ᠎ᠠ᠃ ᠲᠡᠷᠡ ᠦᠶ᠎ᠡ᠎ᠳᠤ ᠨᠤᠭᠤᠰᠤᠳᠠᠢ ᠨᠢᠭᠡᠳᠦᠯ᠎ᠤᠨ ᠪᠦᠭᠦ᠌ ᠳᠠᠯ᠎ᠠ᠎ᠶ᠋ᠢᠨ ᠠᠵᠢᠯ ᠡᠷᠴᠢᠮ᠎ᠲᠠᠢ ᠰᠠᠢᠨ ᠶᠠᠪᠤᠭ᠍ᠳᠠᠵᠤ ᠦᠨᠳᠦᠷ ᠠᠮᠵᠢᠯᠳᠠ ᠤᠯᠤᠭ᠍ᠰᠠᠨ᠎ᠤ ᠱᠢᠢᠳᠪᠦᠷᠢᠯᠡᠭᠦ᠌ ᠬᠦᠴᠦᠨ ᠵᠦᠢᠯ ᠭᠡᠪᠡᠯ ᠭᠤᠷᠪᠠᠨ ᠱᠠᠳᠤᠨ᠎ᠤ ᠤᠳᠤᠷᠢᠳᠤᠯᠭ᠎ᠠ ᠳᠠᠢᠴᠢᠨ  ᠳᠠᠭᠠᠭᠤᠯᠤᠭ᠍ᠴᠢ ᠦᠢᠯᠡᠳᠦᠯ ᠭᠠᠷᠭᠠᠵᠠᠢ᠃

ᠭᠤᠷᠪᠠᠨ ᠱᠠᠳᠤᠨ᠎ᠤ ᠤᠳᠤᠷᠢᠳᠤᠯᠭ᠎ᠠ ᠦᠪᠡᠷ᠎ᠤᠨ ᠪᠡᠶ᠎ᠡ᠎ᠪᠠᠷ᠎ᠢᠶᠠᠨ ᠬᠡᠪ ᠳᠦᠷᠢᠮ ᠪᠤᠯᠵᠤ᠂ ᠠᠵᠢᠯᠴᠢ ᠬᠦᠳᠡᠯᠮᠦᠷᠢᠴᠢ᠂ ᠳᠡᠰᠪᠤᠷᠢ ᠬᠠᠳᠠᠭᠤᠵᠢᠯᠳᠠᠢ ᠲᠡᠮᠡᠴᠡᠳᠡᠭ᠃ ᠠᠷᠢᠭᠤᠨ ᠴᠢᠭ᠌ᠡᠴᠢ ᠪᠠᠷ ᠵᠠᠰᠠᠭ ᠪᠠᠷᠢᠵᠤ᠂ ᠱᠡᠮᠱᠢᠨ ᠪᠦᠷᠢᠯᠭᠡᠭᠦ᠌ ᠦᠭᠡᠢ᠂ ᠬᠠᠤᠯᠢ ᠴᠠᠭᠠᠵᠠ᠂ ᠲᠦᠷᠦ᠍᠎ᠶ᠋ᠢᠨ ᠪᠤᠳᠤᠯᠭ᠎ᠠ ᠰᠠᠬᠢᠯᠭ᠎ᠠ ᠪᠠᠳᠤ᠎ᠶ᠋ᠢ ᠴᠢᠩᠭ᠎ᠠ ᠰᠠᠬᠢᠳᠠᠭ᠎ᠪᠤᠯᠬᠤᠷ ᠤᠯᠠᠨ ᠲᠦᠮᠡᠨ᠎ᠤ ᠬᠦᠷᠢᠶᠡᠯᠡᠯ᠎ᠢ ᠤᠯᠵᠤ ᠤᠷᠢᠶᠠᠯᠠᠬᠤ ᠬᠦᠴᠦᠨ᠎ᠲᠠᠢ᠂ ᠡᠷᠭᠡ ᠬᠦᠨᠳᠦᠳᠡᠢ ᠪᠤᠯᠵᠠᠢ᠃ ᠳᠡᠭᠡᠳᠦ ᠱᠠᠳᠤᠨ᠎ᠠᠴᠠ ᠤᠳᠤᠷᠢᠳᠤᠯᠭ᠎ᠠ ᠢᠷᠡᠪᠡᠯ ᠶᠡᠭᠡ ᠪᠠᠭ᠎ᠠ ᠪᠠᠷᠢᠭᠠᠳᠠ᠎ᠶ᠋ᠢᠨ ᠺᠠᠳ᠋ᠷ ᠵᠤᠴᠢᠯᠠᠨ ᠳᠠᠢᠯᠠᠬᠤ ᠦᠭᠡᠢ᠂ ᠨᠢᠭᠡᠳᠦᠯ᠎ᠤᠨ ᠺᠠᠳ᠋ᠷ ᠬᠦᠳᠡᠭᠡ ᠪᠠᠭᠤᠵᠤ ᠪᠠᠷᠢᠭᠠᠳᠠ᠎ᠳᠤ ᠤᠴᠢᠪᠠᠯ ᠢᠳᠡᠵᠦ᠍ ᠤᠤᠭᠤᠬᠤ ᠶᠠᠪᠤᠳᠠᠯ ᠦᠭᠡᠢ᠂ ᠳᠦᠢᠯ᠎ᠤᠨ ᠳᠦᠭᠦᠮ ᠳᠦᠳᠡ ᠢᠳᠡᠵᠦ᠍᠂ ᠬᠤᠷᠱᠢᠶᠠᠨ᠎ᠤ ᠭᠡᠱᠢᠭᠦᠨ᠎ᠲᠠᠢ ᠬᠠᠮᠳᠤ ᠬᠦᠳᠡᠯᠮᠦᠷᠢ᠎ᠳᠤ ᠤᠷᠤᠯᠴᠠᠳᠠᠭ᠃ ᠶᠠᠬ ᠢᠩᠬᠢᠵᠦ ᠭᠤᠷᠪᠠᠨ ᠱᠠᠳᠤ᠎ᠪᠠᠷ᠎ᠢᠶᠠᠨ ᠪᠦᠯᠭᠦᠮᠳᠡᠵᠦ᠂ ᠰᠡᠳᠭᠢᠯ ᠨᠢᠭᠡᠳᠡᠢ ᠮᠦᠷᠦ᠍ ᠵᠡᠷᠭᠡᠴᠡᠨ ᠠᠵᠢᠯᠯᠠᠭ᠍ᠰᠠᠨ᠎ᠠᠴᠠ ᠬᠤᠯᠠ ᠤᠢᠷ᠎ᠠ᠎ᠳᠠᠭᠠᠨ ᠠᠯᠳᠠᠷ᠎ᠲᠠᠢ ᠨᠤᠭᠤᠰᠤᠳᠠᠢ ᠨᠢᠭᠡᠳᠦᠯ ᠪᠤᠯᠵᠠᠢ᠃

ᠨᠤᠭᠤᠰᠤᠳᠠᠢ᠎ᠶ᠋ᠢᠨ ᠨᠠᠮ ᠵᠠᠰᠠᠭ᠂ ᠠᠷᠠᠳ ᠲᠦᠮᠡᠨ ᠠᠵᠤ ᠠᠬᠤᠢ ᠨᠡᠢᠭᠡᠮ᠎ᠤᠨ ᠬᠦᠭ᠌ᠵᠢᠯᠳᠡ ᠳᠤᠮᠳᠠ ᠡᠳᠦᠢ ᠳᠡᠳᠦᠢ ᠠᠮᠵᠢᠯᠳᠠ ᠪᠦᠳᠦᠮᠵᠢ ᠲᠤᠷᠱᠢᠯᠭ᠎ᠠ ᠰᠤᠷᠭᠠᠮᠵᠢ ᠤᠯᠤᠭ᠍ᠰᠠᠨ᠎ᠠᠴᠠ ᠲᠦᠪ᠎ᠤᠨ ᠶᠠᠮᠤᠨ ᠬᠡᠯᠳᠡᠰ᠂ ᠮᠤᠵᠢ᠂ ᠤᠷᠤᠨ ᠠᠢᠮᠠᠭ ᠬᠤᠱᠢᠭᠤ᠎ᠶ᠋ᠢᠨ ᠤᠳᠤᠷᠢᠳᠤᠯᠭ᠎ᠠ ᠨᠠᠷ ᠦᠷᠭᠦᠯᠵᠢ ᠢᠷᠡᠵᠦ᠍ ᠵᠢᠭᠠᠨ ᠵᠢᠯᠤᠭᠤᠳᠴᠤ᠌᠂ ᠪᠠᠢᠴᠠᠭᠠᠨ ᠰᠤᠳᠤᠯᠤᠨ ᠳ᠋ᠦᠡᠭ᠌ᠨᠡᠯᠳᠡ ᠬᠢᠵᠦ᠍ ᠬᠤᠱᠢᠭᠤᠨ᠎ᠤ ᠳᠤᠳᠤᠷ᠎ᠠ ᠭᠠᠳᠠᠨ᠎ᠠ᠎ᠠᠴᠠ ᠠᠯᠢ ᠤᠯᠠᠨ ᠰᠤᠷᠤᠯᠴᠠᠨ ᠳᠤᠭᠤᠷᠢᠨ ᠦᠵᠡᠭᠦ᠌ ᠪᠦᠯᠬᠦᠮ ᠢᠷᠡᠭᠦ᠌ ᠪᠤᠯᠵᠠᠢ᠃

ᠲᠣᠬᠠᠢ᠎ᠶᠢᠨ ᠦᠶ᠎ᠡ ᠳ᠋ᠦ ᠪᠠᠷᠠᠭᠤᠨ ᠬᠠᠭᠠᠯᠭᠠᠳᠠᠢ ᠵᠡᠷᠭᠡ ᠪᠠᠭ᠎ᠠ ᠪᠤᠰᠤ ᠤᠷᠤᠭ᠍ᠰᠢᠯᠠᠭ᠍ᠰᠠᠨ ᠬᠠᠮᠳᠤ ᠨᠡᠢᠳᠡ ᠪᠠ ᠬᠤᠪᠢ ᠬᠦᠮᠦᠨ ᠴᠤᠯᠭᠤᠷᠠᠨ ᠭᠠᠷᠴᠤ᠌  ᠲᠦᠪ᠎ᠤᠨ ᠪᠠ ᠤᠷᠤᠨ᠎ᠤ ᠬᠦᠬᠢᠭᠦᠯᠦᠯ᠎ᠢ ᠬᠦᠷᠳᠡᠪᠡ᠃ ᠰᠤᠩᠳᠤᠢ ᠨᠦᠭᠦᠷ ᠤᠯᠠᠨ ᠤᠳᠠᠭ᠎ᠠ ᠱᠠᠩᠨᠠᠯ ᠬᠦᠬᠢᠭᠦᠯᠦᠯ ᠤᠯᠵᠤ᠂ ᠪᠠᠷᠠᠭᠤᠨ ᠬᠠᠭᠠᠯᠭᠠᠳᠠᠢ᠎ᠶ᠋ᠢᠨ ᠭᠠᠸᠠ ᠨᠦᠭᠦᠷ ᠲᠠᠷᠢᠶᠠᠯᠠᠩ᠎ᠤᠨ ᠶᠠᠮᠤᠨ᠎ᠤ ᠬᠦᠬᠢᠭᠦᠯᠦᠯ᠎ᠢᠶᠠᠷ ᠡᠩᠭᠡᠷ᠎ᠢᠶᠠᠨ ᠮᠢᠯᠢᠶᠠᠯᠭᠠᠪᠠ᠃

1979 ᠤᠨ᠎ᠡᠴᠡ ᠰᠡᠭᠦᠯᠡᠷ᠂ ᠦᠪᠦᠷ ᠮᠤᠩᠭᠤᠯ ᠤᠷᠤᠨ᠎ᠤ ᠮᠠᠯ ᠠᠵᠤ ᠠᠬᠤᠢ᠎ᠶ᠋ᠢᠨ ᠠᠵᠢᠯ᠎ᠤᠨ ᠬᠤᠷᠠᠯ᠎ᠳᠤ ᠮᠤᠤᠨᠤᠬᠠᠢ ᠱᠦᠵᠢ ᠤᠷᠤᠯᠴᠠᠵᠤ ᠨᠤᠭᠤᠰᠤᠳᠠᠢ᠎ᠶ᠋ᠢᠨ ᠠᠵᠢᠯ᠎ᠤᠨ ᠲᠤᠷᠱᠢᠯᠭ᠎ᠠ᠎ᠪᠠᠨ ᠲᠠᠨᠢᠯᠴᠠᠭᠤᠯᠵᠤ᠂ ᠳᠠᠷᠠᠭ᠎ᠠ ᠵᠢᠯ᠎ᠤᠨ᠎ᠬᠢᠨᠢ ᠭᠤᠷᠪᠠᠨ ᠰᠠᠷ᠎ᠠ᠎ᠳᠤ ᠦᠷᠡᠳᠡᠯᠭᠡᠷ ᠨᠤᠭᠤᠰᠤᠳᠠᠢ ᠨᠢᠭᠡᠳᠦᠯ᠎ᠢᠶᠠᠨ ᠲᠦᠯᠦᠭᠡᠯᠡᠵᠦ᠍ ᠦᠪᠡᠷᠳᠡᠭᠡᠨ ᠵᠠᠰᠠᠬᠤ ᠤᠷᠤᠨ᠎ᠤ ᠲᠠᠷᠢᠶᠠᠯᠠᠩ ᠮᠠᠯ ᠠᠵᠤ ᠠᠬᠤᠢ᠎ᠶ᠋ᠢᠨ ᠹᠷᠤᠨᠲ᠎ᠤᠨ ᠲᠡᠷᠢᠭᠦᠨ᠎ᠤ ᠬᠠᠮᠳᠤ ᠨᠡᠢᠳᠡ ᠪᠤᠯᠤᠨ ᠬᠦᠳᠡᠯᠮᠦᠷᠢ᠎ᠶ᠋ᠢᠨ ᠵᠢᠱ᠌ᠢᠶᠡᠴᠢ᠎ᠶ᠋ᠢᠨ ᠬᠤᠷᠠᠯ᠎ᠳᠤ ᠤᠷᠤᠯᠴᠠᠨ ᠱᠠᠩᠨᠠᠯ ᠬᠦᠷᠳᠡᠵᠦ᠍᠂ ᠳᠠᠪᠢᠨ ᠳᠠᠪᠤᠨ ᠮᠤᠷᠢᠨ ᠬᠦᠴᠦᠨ᠎ᠤ ᠲᠷᠠᠺᠲ᠋ᠤᠷ᠎ᠢᠶᠠᠷ ᠱᠠᠩᠨᠠᠭ᠍ᠳᠠᠵᠠᠢ᠃ ᠮᠦᠨ ᠡᠨᠡ ᠤᠳᠠᠭ᠎ᠠ ᠲᠦᠢᠯ᠎ᠤᠨ ᠬᠤᠪᠢ ᠵᠠᠪᠱᠢᠶᠠᠨ᠎ᠲᠠᠢ ᠪᠤᠯᠵᠤ ᠪᠡᠭᠡᠵᠢᠩ ᠬᠤᠳᠠᠨ᠎ᠳᠤ ᠤᠯᠠᠭᠠᠬᠦᠦ ᠵᠡᠷᠭᠡ ᠨᠠᠮ ᠲᠦᠷᠦ᠍᠎ᠶ᠋ᠢᠨ ᠤᠳᠤᠷᠢᠳᠤᠯᠭ᠎ᠠ᠎ᠶ᠋ᠢᠨ ᠬᠦᠯᠢᠶᠡᠨ ᠠᠪᠴᠤ᠌ ᠠᠭᠤᠯᠵᠠᠯᠳᠠ᠎ᠳᠤ ᠤᠷᠤᠯᠴᠠᠵᠠᠢ᠃ ᠲᠡᠷᠡ ᠦᠶ᠎ᠡ ᠳ᠋ᠦ ᠬᠤᠱᠢᠭᠤᠨ᠎ᠤ ᠳᠠᠷᠤᠭ᠎ᠠ ᠪᠠᠢᠬ᠍ᠰᠠᠨ ᠪᠠᠯᠵᠤᠤᠷ ᠨᠦᠭᠦᠷ ᠨᠠᠳᠠ᠎ᠳᠤ᠂ ᠮᠠᠨ᠎ᠤ ᠨᠤᠭᠤᠰᠤᠳᠠᠢ ᠴᠢᠯᠦᠭᠡᠯᠡᠭ᠌ᠳᠡᠭ᠌ᠰᠡᠨ᠎ᠠᠴᠠ ᠨᠠᠭᠠᠰᠢ ᠡᠨᠡ ᠤᠳᠠᠭ᠎ᠠ ᠬᠠᠮᠤᠭ᠎ᠤᠨ ᠦᠨᠳᠦᠷ ᠬᠦᠬᠢᠭᠦᠯᠦᠯ ᠤᠯᠵᠠᠢ᠃ ᠲᠠ ᠨᠠᠷ ᠡᠨᠡ ᠭᠦ᠌ ᠬᠦᠬᠢᠭᠦᠯᠦᠯ᠎ᠤᠨ ᠦᠨᠡᠮᠯᠡᠯ᠎ᠢᠶᠠᠨ ᠰᠠᠢᠳᠤᠷ ᠡᠯᠭᠦᠭᠡᠷᠡᠢ ᠭᠡᠵᠦ᠍ ᠰᠡᠳᠭᠢᠯ ᠲᠣᠬᠲᠣᠯᠣᠨ ᠶᠠᠷᠢᠵᠦ ᠪᠠᠢᠬᠰᠠᠨ ᠶᠣᠮ᠃

ᠨᠤᠭᠤᠰᠤᠳᠠᠢ᠎ᠳᠤ ᠨᠠᠢ᠍ᠮᠠᠨ ᠵᠢᠯ ᠠᠵᠢᠯᠯᠠᠭ᠍ᠰᠠᠨ ᠦᠡᠭ᠌ᠭᠡᠷᠡᠯᠳᠡ᠎ᠪᠠᠨ ᠡᠷᠭᠢᠴᠡᠭᠦᠯᠦᠨ ᠪᠤᠳᠤᠪᠠᠯ ᠡᠨᠡ᠎ᠨᠢ ᠮᠢᠨᠦ᠍ ᠬᠡᠳᠦᠨ ᠠᠷᠪᠠᠨ ᠵᠢᠯ ᠤᠯᠤᠰ᠎ᠤᠨ ᠠᠯᠪᠠ᠎ᠶ᠋ᠢ ᠬᠢᠭ᠌ᠰᠡᠨ ᠬᠢᠯᠠᠰ ᠴᠢᠭ᠎ᠤᠳ᠎ᠤᠨ ᠳᠤᠳᠤᠷᠠᠬᠢ ᠨᠢᠭᠡᠨ ᠬᠠᠭᠤᠳᠠᠰᠤ ᠪᠤᠯᠬᠤ ᠶᠤᠮ᠃ ᠡᠳᠡᠭᠡᠷ ᠠᠮᠵᠢᠯᠳᠠ ᠪᠦᠳᠦᠮᠵᠢ ᠪᠤᠯ ᠬᠤᠪᠢ ᠬᠦᠮᠦᠨ᠎ᠤ ᠭᠠᠪᠢᠶ᠎ᠠ ᠵᠢᠳᠬᠦᠯ ᠪᠣᠰᠣ᠂ ᠬᠠᠷᠢᠨ ᠳᠡᠭᠡᠳᠦ ᠱᠠᠳᠤᠨ᠎ᠤ ᠨᠠᠮ ᠵᠠᠰᠠᠭ᠎ᠤᠨ ᠵᠦᠪ ᠤᠳᠤᠷᠢᠳᠤᠯᠭ᠎ᠠ ᠳᠤᠤᠷ᠎ᠠ ᠤᠯᠤᠭ᠍ᠰᠠᠨ ᠠᠮᠵᠢᠯᠳᠠ ᠪᠣᠯᠣᠨ᠎ᠠ᠃ ᠡᠯ᠎ᠡ ᠱᠠᠳᠤᠨ᠎ᠤ ᠤᠳᠤᠷᠢᠳᠤᠯᠭ᠎ᠠ ᠦᠷᠭᠡᠨ ᠤᠯᠠᠨ ᠨᠠᠮ᠎ᠤᠨ ᠭᠡᠱᠢᠭᠦᠨ ᠪᠦᠭᠦ᠌ ᠨᠢᠭᠡᠳᠦᠯ᠎ᠤᠨ ᠮᠠᠯᠴᠢᠨ ᠲᠠᠷᠢᠶᠠᠴᠢᠨ ᠠᠵᠢᠯᠲᠠᠨ ᠠᠵᠢᠯᠳᠡᠨ᠎ᠤ ᠪᠦᠯᠭᠦᠮᠳᠡᠯ ᠨᠢᠭᠡᠳᠡᠢ ᠬᠠᠮᠳᠤ᠎ᠪᠠᠷ ᠬᠠᠳᠠᠭᠤᠵᠢᠯᠳᠠᠢ ᠲᠡᠮᠡᠴᠡᠨ ᠦᠢᠯᠡᠰ ᠪᠤᠰᠬᠠᠵᠦ ᠤᠷᠤᠭ᠍ᠰᠢᠯᠠᠨ ᠳᠠᠪᠱᠢᠬ᠍ᠰᠠᠨ ᠨᠢᠭᠡᠨ ᠦᠶ᠎ᠡ᠎ᠶ᠋ᠢᠨ ᠳᠡᠤᠭᠡ ᠪᠤᠯᠬᠤ ᠶᠤᠮ᠃

ᠮᠢᠨᠦ᠍ ᠬᠤᠪᠢ᠎ᠳᠤ ᠠᠪᠴᠤ᠌ ᠬᠡᠯᠡᠪᠡᠯ᠂ ᠨᠤᠭᠤᠰᠤᠳᠠᠢ᠎ᠶ᠋ᠢᠨ ᠨᠠᠮ ᠵᠠᠰᠠᠭ᠂ ᠡᠯ᠎ᠡ ᠦᠨᠳᠦᠰᠦᠳᠡᠨ᠎ᠤ ᠠᠷᠠᠳ ᠲᠦᠮᠡᠨ ᠨᠠᠳᠠ᠎ᠶ᠋ᠢ ᠬᠦᠮᠦᠵᠢᠭᠦᠯᠦᠨ ᠰᠤᠷᠭᠠᠵᠤ ᠪᠤᠯᠪᠠᠰᠤᠷᠠᠭᠤᠯᠵᠤ ᠬᠦᠷᠢᠶᠡᠯᠡᠨ ᠳᠡᠮᠵᠢᠭ᠌ᠰᠡᠨ ᠪᠦᠭᠡᠳ ᠨᠢᠭᠡᠨ ᠡᠪ ᠬᠠᠮᠳᠤ ᠨᠠᠮ᠎ᠤᠨ ᠭᠡᠱᠢᠭᠦᠨ᠂ ᠤᠯᠤᠰ᠎ᠤᠨ ᠺᠠᠳ᠋ᠷ᠎ᠤᠨ ᠬᠢᠪᠡᠰᠤ ᠵᠤᠬᠢᠬᠤ ᠡᠭᠦᠷᠭᠡ ᠬᠠᠷᠢᠭᠤᠴᠠᠯᠭ᠎ᠠ᠎ᠪᠠᠨ ᠦᠨᠳᠦᠰᠦᠨ᠎ᠳᠡᠭᠡᠨ ᠪᠡᠶᠡᠯᠡᠭᠦᠯᠦᠭ᠌ᠰᠡᠨ ᠳᠡᠳᠦᠢ ᠪᠢᠯᠡ᠃

ᠵᠡᠭᠦᠳᠦᠨ᠎ᠳᠤ ᠬᠤᠷᠭᠤᠳᠠᠭ᠍ᠰᠠᠨ ᠨᠤᠭᠤᠰᠤᠳᠠᠢ ᠨᠤᠲᠤᠭ ᠮᠢᠨᠢ ᠤᠯᠠᠮ ᠴᠡᠴᠡᠭ᠌ᠯᠡᠨ ᠬᠦᠭ᠌ᠵᠢᠵᠦ ᠦᠭᠡᠳᠡᠯᠡᠨ ᠮᠠᠨᠳᠤᠵᠤ ᠠᠷᠠᠳ ᠲᠦᠮᠡᠨ ᠮᠢᠨᠢ ᠠᠮᠤᠷ ᠠᠮᠤᠭᠤᠯᠠᠩ ᠠᠵᠤ ᠲᠦᠷᠦᠭᠦ᠌ ᠪᠤᠯᠳᠤᠭᠠᠢ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号