— ᠱᠢᠨ᠎ᠡ ᠤᠨ᠎ᠤ ᠮᠢᠯᠢᠶᠠᠯᠭ᠎ᠠ
ᠤᠨ ᠵᠢᠯ ᠪᠤᠯ ᠦᠷᠲᠡᠭᠡ ᠲᠠᠮᠵᠢᠨ ᠲᠠᠪᠬᠢᠵᠤ ᠶᠠᠪᠤᠭ᠎ᠠ ᠬᠤᠷᠲᠤᠨᠤ ᠭᠠᠯᠲᠤ ᠲᠡᠷᠭᠡ᠂ ᠬᠦᠭᠡ ᠤᠭ᠍ᠲᠠᠷᠭᠤᠢ᠎ᠳᠤ ᠰᠤᠭᠤᠨᠠᠭ ᠲᠠᠲᠠᠭᠤᠯᠤᠨ ᠲᠡᠬᠦᠯᠢᠵᠤ ᠪᠠᠢᠭ᠎ᠠ ᠰᠤᠮᠤᠨ ᠴᠠᠭᠠᠨ ᠨᠢᠰᠭᠡᠯ᠂ ᠨᠡᠯᠦᠭᠡᠷ ᠲᠠᠯᠠᠢ ᠲᠡᠭᠡᠷ᠎ᠡ ᠲᠠᠪᠠᠯᠭ᠎ᠠ ᠰᠦᠷᠦᠨ ᠠᠶᠠᠯᠠᠵᠤ ᠪᠠᠢᠭ᠎ᠠ ᠠᠰᠠᠷ᠎ᠲᠤ ᠬᠦᠯᠭᠡ ᠮᠡᠲᠤ ᠠᠰᠤᠷᠤ ᠬᠦᠴᠦᠲᠤ ᠴᠠᠭ ᠬᠤᠭᠤᠴᠠᠭᠠᠨ᠎ᠤ ᠮᠠᠱᠢᠨ ᠶᠤᠮ᠃ ᠲᠡᠭᠦᠨ᠎ᠳᠤ ᠲᠤᠳᠠᠬᠤ ᠡᠨᠧᠷᠬᠢ᠂ ᠶᠠᠲᠠᠬᠤ ᠬᠦᠴᠤ᠌᠂ ᠬᠦᠷᠦᠰᠢ ᠦᠭᠡᠢ ᠦᠷᠲᠡᠭᠡ ᠭᠡᠵᠤ ᠦᠭᠡᠢ᠃ ᠲᠡᠷᠡ᠎ᠪᠠᠷ ᠬᠦᠮᠦᠨ ᠲᠦᠷᠦᠯᠬᠢᠲᠡᠨ᠎ᠤ ᠲᠡᠦᠬᠡ ᠪᠤᠯᠪᠠᠰᠤᠨ᠂ ᠰᠤᠶᠤᠯ ᠢᠷᠭᠡᠨᠱᠢᠯ᠂ ᠪᠦᠲᠦᠭᠡᠯ ᠲᠤᠭᠤᠷᠪᠢᠯᠢ ᠠᠴᠢᠵᠤ᠂ ᠲᠤᠷᠠᠳᠭᠠᠯ ᠮᠦᠷᠦᠭᠡᠲᠦᠯ᠂ ᠤᠴᠠᠷᠠᠯ ᠲᠤᠬᠢᠶᠠᠯ᠂ ᠪᠠᠶᠠᠷ ᠭᠤᠨᠢᠭ᠎ᠢ ᠲᠡᠭᠡᠭᠡᠭ᠌ᠰᠡᠭᠡᠷ ᠬᠦᠪᠡᠭᠡ ᠬᠢᠵᠠᠭᠠᠷ ᠦᠭᠡᠢ ᠤᠷᠴᠢᠯᠠᠩ᠎ᠤᠨ ᠤᠷᠤᠨ ᠵᠠᠢ ᠲᠤᠮᠲᠠᠭᠤᠷ ᠵᠤᠷᠴᠢᠨ ᠪᠠᠢᠭ᠎ᠠ᠃
ᠢᠯᠠᠨ ᠲᠡᠢᠯᠦᠰᠢ ᠦᠭᠡᠢ ᠮᠦᠷᠲᠡᠭᠡᠨ ᠠᠷᠭᠠᠮᠵᠢᠨ ᠲᠤᠭ᠍ᠲᠠᠭᠠᠵᠤ ᠪᠤᠯᠤᠰᠢ ᠦᠭᠡᠢ ᠲᠡᠷᠡ ᠶᠡᠭᠡ ᠤᠷᠴᠢᠯ᠎ᠳᠤ ᠪᠢᠲᠡ ᠪᠦᠬᠦᠨ᠎ᠤ ᠬᠦᠰᠡᠯ ᠲᠡᠮᠡᠦᠯᠣᠯ᠂ ᠠᠮᠢᠲᠤᠷᠠᠯ ᠠᠬᠤᠢ᠂ ᠤᠶᠠᠩᠭ᠎ᠠ ᠲᠠᠭᠤᠤ᠂ ᠤᠷᠠᠨ ᠪᠡᠶᠡᠯᠡᠭᠡ ᠪᠦᠬᠦᠲᠡ ᠤᠷᠤᠱᠢᠨᠡ᠃ ᠲᠡᠭᠡᠬᠦ᠌ᠪᠠᠷ ᠲᠦᠷᠦᠭᠡ ᠵᠢᠬᠢᠭ᠌ᠰᠡᠨ ᠮᠤᠷᠢᠲᠠᠨ ᠱᠢᠭ᠋ ᠲᠠᠪᠬᠢᠨ ᠦᠩᠭᠡᠷᠡᠬᠦ᠌ ᠤᠨ ᠵᠢᠯ᠎ᠤᠳ᠎ᠠᠴᠠ ᠲᠤᠷᠠᠳᠭᠠᠯ ᠭᠡᠭ᠌ᠴᠢ ᠦᠩᠭᠡᠷᠡᠭ᠌ᠰᠡᠨ ᠴᠠᠭ᠎ᠤᠨ ᠦᠩᠭᠡ ᠪᠤᠲᠤᠭ᠂ ᠦᠨᠦᠷ ᠠᠮᠲᠠ᠂ ᠤᠳᠭ᠎ᠠ ᠤᠴᠢᠷ ᠁ ᠬᠠᠮᠤᠭ᠎ᠤᠨ ᠲᠤᠳᠤ ᠦᠯᠡᠲᠡᠲᠡᠭ ᠪᠠᠢᠬ᠎ᠠ᠃
ᠦᠰᠴᠤ᠌ ᠦᠨᠲᠡᠢᠭ᠌ᠰᠡᠨ ᠤᠨ ᠰᠠᠷ᠎ᠠ᠎ᠪᠠᠨ ᠪᠤᠲᠤᠨ ᠰᠠᠭᠤᠬᠤᠢ᠎ᠳᠤ ᠢᠲᠡᠬᠦ᠌ᠪᠠᠨ ᠬᠠᠢᠷᠠᠯᠠᠭᠠᠳ ᠭᠠᠮᠨᠠᠵᠤ ᠶᠠᠪᠤᠭ᠍ᠰᠠᠭᠠᠷ ᠴᠠᠭᠠᠰᠤᠲᠠᠢ᠎ᠪᠠᠨ ᠨᠠᠭᠠᠯᠲᠤᠭ᠍ᠰᠠᠨ ᠭᠠᠭ᠍ᠴᠠ ᠬᠤᠶᠠᠷ ᠱᠢᠬᠢᠷ᠂ ᠵᠦᠭᠡᠭᠡᠢ ᠪᠤᠲᠠᠭ᠎ᠠ᠎ᠲᠠᠢ ᠵᠢᠭᠤᠷᠠᠵᠤ ᠢᠲᠡᠬᠦ᠌ ᠰᠡᠨ ᠭᠡᠵᠤ ᠱᠢᠯᠦᠰᠤ ᠭᠤᠭᠤᠵᠢᠲᠠᠯᠠ ᠲᠤᠷᠠᠯᠠᠲᠠᠭ ᠱᠠᠲᠠᠩ ᠪᠤᠷᠮ᠎ᠠ᠎ᠶ᠋ᠢᠨ ᠠᠮᠲᠠ᠂ ᠬᠠᠵᠠᠭᠤ ᠬᠠᠪᠢ᠎ᠪᠠᠷ᠎ᠨᠢ ᠶᠠᠪᠤᠵᠤ ᠦᠩᠭᠡᠷᠡᠬᠦ᠌᠎ᠳᠤ ᠬᠤᠭᠤᠯᠠᠢ ᠭᠤᠪᠤᠭᠣᠨᠠᠭᠤᠯᠲᠠᠭ ᠰᠤᠮᠤ᠎ᠶ᠋ᠢᠨ ᠬᠤᠷᠱᠢᠶᠠᠨ᠎ᠤ ᠠᠯᠢᠮ᠎ᠠ ᠵᠢᠮᠢᠰ᠎ᠤᠨ ᠦᠨᠦᠷ ᠲᠡᠷᠡ ᠯᠡ ᠶᠠᠩᠵᠤ᠎ᠪᠠᠷ᠎ᠢᠶᠠᠨ ᠲᠤᠳᠤᠷ᠎ᠠ ᠤᠷᠤᠵᠤ ᠢᠷᠡᠵᠤ ᠪᠠᠢᠨ᠎ᠠ᠃ ᠶᠠᠭᠤᠮ᠎ᠠ ᠬᠤᠪᠤᠷ᠂ ᠠᠮᠢᠲᠤᠷᠠᠯ ᠬᠤᠨᠴᠢᠷ ᠪᠠᠢᠭ᠍ᠰᠠᠨ ᠲᠡᠭᠡᠷ᠎ᠡ ᠵᠠᠭᠤᠨ᠎ᠤ ᠲᠠᠯᠠᠭᠠᠳ ᠤᠨ᠎ᠤ ᠪᠠᠷᠢᠭᠠᠲᠠ᠎ᠶ᠋ᠢᠨ ᠰᠤᠷᠭᠠᠭᠤᠯᠢ᠎ᠶ᠋ᠢᠨ ᠰᠤᠷᠤᠭ᠍ᠴᠢ ᠪᠢᠲᠡᠨᠡᠷ ᠪᠠᠭᠠᠲᠠᠭ᠍ᠰᠠᠨ ᠲᠡᠷᠯᠢᠭ᠂ ᠨᠦᠬᠦᠭᠡᠰᠤ᠎ᠲᠠᠢ ᠦᠮᠦᠲᠤ᠌᠂ ᠮᠠᠢᠵᠢᠬᠢ ᠭᠤᠲᠤᠯ᠎ᠲᠠᠢ ᠮᠠᠨᠠᠷᠠᠭᠠᠵᠤ᠂ ᠵᠢᠵᠢᠬᠦᠷ ᠪᠠᠭ᠍ᠰᠢ᠎ᠶ᠋ᠢᠨ ᠬᠠᠷᠮᠠᠨ᠎ᠳᠤ ᠶᠠᠪᠤᠲᠠᠭ ᠲᠡᠮᠦᠷ ᠱᠦᠭ᠌ᠯᠤᠶ᠋ᠢᠨ ᠲᠠᠭᠤᠨ᠎ᠢᠶᠠᠷ ᠤᠨᠲᠠᠵᠤ ᠪᠤᠰᠤᠨ᠂ ᠭᠠᠭ᠍ᠴᠠᠬᠠᠨ ᠰᠠᠭ᠍ᠰᠤᠨ ᠪᠦᠮᠪᠦᠭᠡ᠎ᠪᠠᠨ ᠰᠤᠷᠭᠠᠭᠤᠯᠢ᠎ᠪᠠᠷ᠎ᠢᠶᠠᠨ ᠨᠠᠭᠠᠳᠴᠤ᠌᠂ ᠭᠠᠭ᠍ᠴᠠᠬᠠᠨ ᠰᠤᠸᠠᠮᠫᠠᠨ᠎ᠢᠶᠠᠨ ᠠᠩᠭᠢ ᠲᠠᠮᠵᠢᠭᠤᠯᠤᠨ ᠵᠦᠭᠡᠭᠡᠵᠤ ᠰᠤᠷᠤᠯᠴᠠᠲᠠᠭ᠃ ᠲᠠᠭ᠍ᠯᠠᠭᠠᠨᠤᠪᠠᠨ ᠲᠤᠳᠤᠷ᠎ᠠ ᠲᠠᠯ᠎ᠠ᠎ᠳᠤ ᠦᠷᠡᠵᠢᠬᠦᠯᠬᠦ᠌ ᠦᠢᠯᠡᠲᠦᠯ᠎ᠤᠨ ᠬᠦᠰᠦᠨᠦᠭ᠎ᠲᠠᠢ ᠬᠠᠷᠠᠨᠲᠠᠶ᠋ᠢᠨ ᠬᠠᠢᠷᠴᠠᠭ᠂ ᠱᠢᠬᠢᠷ᠎ᠤᠨ ᠦᠨᠦᠷᠲᠡᠢ ᠲᠦᠷᠪᠡᠯᠵᠢᠨ ᠪᠠᠯᠠᠯᠣᠭᠤᠷ ᠪᠤᠯᠤᠨ ᠠᠪᠴᠢᠵᠤ ᠰᠤᠨᠲᠠᠭ ᠭᠠᠯ ᠪᠠᠮᠪᠠᠷ᠎ᠤᠨ ᠲᠠᠭ᠍ᠯᠠᠭᠠᠲᠠᠢ ᠲᠤᠰ᠎ᠤᠨ ᠪᠠᠯ᠎ᠢ ᠤᠯᠵᠤ ᠵᠠᠷᠤᠬᠤ ᠰᠡᠨ ᠭᠡᠵᠤ ᠬᠡᠲᠦᠢ ᠬᠦᠰᠡᠲᠡᠭ ᠪᠠᠢᠪᠠ ᠡ᠃ ᠠᠩᠭᠢ᠎ᠶ᠋ᠢᠨ ᠮᠢᠨᠢ ᠬᠤᠢᠲᠤ ᠬᠠᠶᠠᠭᠠᠨ ᠲᠡᠭᠡᠷ᠎ᠡ ᠲᠠᠪᠤᠨ ᠶᠡᠭᠡ ᠤᠲᠤᠷᠢᠲᠤᠭ᠍ᠴᠢᠶ᠋ᠢᠨ ᠬᠦᠷᠦᠭ᠂ ᠰᠠᠮᠪᠠᠷ᠎ᠠ᠎ᠶ᠋ᠢᠨ ᠬᠠᠵᠠᠭᠤᠲᠠ ᠯᠸᠢ ᠹᠧᠩ᠎ᠤᠨ ᠵᠢᠷᠤᠭ ᠡᠯᠬᠦᠭᠡᠲᠡᠢ᠃ ᠰᠤᠷᠤᠭ᠍ᠰᠠᠨ ᠲᠡᠭᠡᠷ᠎ᠡ ᠰᠤᠷᠬᠤ᠂ ᠭᠠᠮᠨᠠᠭ᠍ᠰᠠᠨ ᠲᠡᠭᠡᠷ᠎ᠡ ᠭᠠᠮᠨᠠᠬᠤ ᠴᠠᠬ ᠦᠶ᠎ᠡ᠎ᠶ᠋ᠢᠨ ᠬᠡᠪ ᠰᠤᠷᠲᠠᠯ ᠮᠠᠨᠤᠰ᠎ᠢ ᠲᠡᠢᠨᠬᠦ᠌ ᠲᠦᠪ ᠭᠤᠤᠯᠴᠢ᠂ ᠠᠵᠢᠯᠴᠢ ᠠᠷᠪᠢᠴᠢ ᠬᠦᠮᠦᠨ ᠪᠤᠯᠭᠠᠵᠤ ᠬᠦᠮᠦᠵᠢᠬᠦᠯᠦᠭ᠌ᠰᠡᠨ ᠶᠤᠮ᠃ ᠪᠢᠲᠡ ᠲᠡᠬᠦᠲᠡᠭ ᠲᠡᠬᠦᠵᠤ᠂ ᠮᠦᠬᠦ᠌ ᠬᠠᠲᠠᠭᠠᠵᠤ᠂ ᠲᠡᠮᠦᠷ᠎ᠤᠨ ᠦᠭᠡᠲᠡᠰᠤ ᠴᠤᠭ᠍ᠯᠠᠭᠤᠯᠵᠤ ᠤᠯᠤᠭ᠍ᠰᠠᠨ ᠬᠡᠲᠦᠨ ᠲᠦᠬᠦᠷᠢᠭ᠎ᠢᠶᠠᠨ ᠠᠮᠲᠠᠲᠤ ᠢᠲᠡᠭᠡᠨ᠎ᠳᠤ ᠪᠢᠰᠢ ᠨᠤᠮ ᠲᠡᠪᠲᠡᠷ᠎ᠲᠤ ᠵᠤᠷᠢᠭᠤᠯᠲᠠᠭ ᠪᠠᠢᠭ᠍ᠰᠠᠨ᠃ 《ᠬᠢᠯᠠᠯᠵᠠᠭ᠍ᠰᠠᠨ ᠤᠯᠠᠭᠠᠨ ᠤᠳᠤ》᠂ 《ᠲᠠᠯ᠎ᠠ ᠨᠤᠲᠤᠭ᠎ᠤᠨ ᠬᠢᠯᠢᠩ᠎ᠤᠨ ᠭᠠᠯ》 ᠵᠡᠷᠭᠡ ᠨᠤᠮ ᠪᠠᠭ᠎ᠠ᠎ᠶ᠋ᠢᠨ ᠨᠡᠬᠦᠲᠡᠯ᠎ᠲᠠᠢ ᠬᠠᠮᠲᠤ ᠮᠢᠨᠤ ᠤᠢ ᠤᠬᠠᠭᠠᠨ᠎ᠳᠤ ᠬᠠᠲᠠᠭᠠᠯᠠᠭ᠍ᠲᠠᠨ ᠦᠯᠡᠲᠡᠭ᠌ᠰᠡᠨ ᠶᠤᠮ᠃ ᠲᠡᠭᠡᠬᠦᠯᠡᠷ ᠶᠢᠷᠲᠢᠨᠴᠤ᠎ᠶ᠋ᠢᠨ ᠬᠦᠭ᠌ᠵᠢᠯ᠎ᠢ ᠺᠤᠮᠫᠢᠥᠢ᠍ᠲ᠋ᠧᠷ ᠲᠡᠭᠡᠬᠦᠷ ᠲᠠᠪᠠᠯᠭᠠᠨ ᠰᠦᠷᠴᠤ᠌ ᠪᠠᠢᠭᠠᠳ ᠮᠡᠲᠡᠴᠢᠭᠡᠲᠡᠭ᠂ ᠤᠲᠤᠳ᠎ᠤᠨ ᠬᠤᠯᠪᠤᠭ᠎ᠠ᠂ AI ᠮᠡᠷᠭᠡᠵᠢᠯ᠎ᠢ ᠭᠠᠷ ᠤᠲᠠᠰᠤᠨ ᠲᠡᠭᠡᠷ᠎ᠡ᠎ᠪᠠᠨ ᠪᠠᠭᠤᠯᠭᠠᠴᠢᠬᠠᠲᠠᠭ ᠠᠴᠢ ᠵᠢᠭᠡ ᠨᠡᠷ᠎ᠤᠨ᠎ᠢᠶᠠᠨ ᠰᠡᠴᠡᠨ ᠰᠡᠷᠬᠦᠯᠡᠩ ᠤᠢ ᠤᠬᠠᠭᠠᠨ᠂ ᠲᠤᠨᠤᠭ ᠪᠦᠷᠢᠨ ᠬᠢᠴᠢᠶᠡᠯ᠎ᠤᠨ ᠲᠠᠩᠭᠢᠮᠢ ᠭᠠᠢᠬᠠᠬᠤ ᠪᠤᠯᠪᠠᠴᠤ᠌ ᠶᠠᠭᠤᠨ᠎ᠳᠤ ᠴᠤ᠌ ᠦᠯᠤ ᠵᠢᠲᠦᠭᠡᠷᠭᠡᠬᠦ᠌ ᠠᠷᠢᠭᠤᠨ ᠰᠠᠨᠠᠭ᠎ᠠ᠎ᠶ᠋ᠢ ᠠᠯᠲᠠᠨ ᠪᠦᠭᠡᠵᠢᠨᠳᠤ ᠰᠠᠭᠤᠯᠭᠠᠭ᠍ᠰᠠᠨ ᠠᠯᠮᠠᠰ ᠱᠢᠬᠢᠳᠭᠡᠭᠡ ᠮᠡᠲᠤ ᠦᠯᠡᠲᠡᠭᠡᠵᠤ ᠠᠪᠤᠭ᠍ᠰᠠᠨ᠎ᠤ ᠠᠴᠢ᠎ᠪᠠᠷ ᠴᠠᠭ᠎ᠤᠨ ᠶᠠᠭᠤᠮ᠎ᠠ ᠴᠠᠭ᠎ᠲᠠᠭᠠᠨ ᠭᠡᠲᠡᠭ᠎ᠢ ᠵᠦᠪᠱᠢᠶᠡᠷᠡᠨ ᠲᠠᠯᠠᠷᠬᠠᠵᠤ ᠠᠮᠢᠲᠤᠷᠠᠭ᠍ᠰᠠᠨ ᠤᠨ ᠵᠢᠯᠤᠳᠲᠡᠭᠡᠨ ᠪᠠᠶᠠᠷᠯᠠᠨᠠᠮ᠃
ᠨᠠᠶᠠᠭᠠᠳ ᠤᠨ᠎ᠤ ᠲᠦᠯᠭᠡᠨ ᠲᠠᠷᠤᠤ ᠵᠢᠯ᠎ᠤᠳ ᠠᠵᠢᠯ᠎ᠳᠤ ᠮᠡᠷᠡᠢᠵᠤ᠂ ᠦᠢᠯᠡᠰ ᠪᠦᠲᠦᠭᠡᠬᠦ᠌᠎ᠶ᠋ᠢᠨ ᠢᠲᠡ ᠬᠠᠪᠤ᠎ᠪᠠᠷ ᠴᠠᠯᠬᠢᠯᠠᠭ᠍ᠰᠠᠨ ᠵᠠᠯᠠᠭᠤ ᠨᠠᠰᠤᠨ᠎ᠤ ᠮᠢᠨᠢ ᠵᠢᠪᠬᠤᠭᠠᠲᠤ ᠡᠳᠦᠷ᠎ᠤᠳ᠎ᠲᠠᠢ ᠴᠤᠭ ᠲᠤᠭ᠍ᠲᠤᠯᠤᠯ᠂ ᠬᠡᠢᠷᠭᠡᠯ ᠲᠤᠮᠲᠠ ᠦᠩᠭᠡᠷᠡᠭ᠌ᠰᠡᠨ ᠰᠡᠨ᠃ ᠬᠠᠨᠠᠨ ᠲᠤᠯᠤᠭᠠᠢ᠎ᠳᠤ ᠡᠯᠬᠦᠭᠡᠲᠡᠢ ᠵᠢᠵᠢᠭ ᠷᠠᠳᠢᠤ᠋᠎ᠶ᠋ᠢ ᠪᠠᠷᠠᠭᠤᠨ ᠬᠤᠢᠲᠤ ᠠᠪᠲᠠᠷ᠎ᠠ ᠲᠡᠭᠡᠷ᠎ᠡ ᠲᠠᠯᠪᠢᠭ᠍ᠰᠠᠨ ᠵᠢᠷᠤᠭ᠍ᠲᠤ ᠷᠠᠳᠢᠤ᠋ ᠤᠷᠤᠯᠠᠵᠤ᠂ ᠭᠡᠷ ᠪᠤᠯᠭᠠᠨ᠎ᠳᠤ ᠰᠠᠯᠬᠢᠨ ᠰᠡᠩᠰᠡᠨᠤ ᠴᠠᠬᠢᠯᠭᠠᠨ ᠳ᠋ᠧᠩ ᠲᠤᠸᠠᠯᠠᠵᠤ᠂ ᠪᠠᠷᠤᠭ᠎ᠤᠨ ᠠᠢᠯ᠎ᠤᠨ ᠭᠠᠲᠠᠨ᠎ᠠ ᠮᠤᠲ᠋ᠤᠷ ᠲᠷᠡᠺᠲ᠋ᠤᠷ ᠵᠤᠭ᠍ᠰᠤᠵᠤ ᠡᠬᠢᠯᠡᠭ᠌ᠰᠡᠨ ᠴᠠᠭ᠃ ᠦᠭᠡᠷᠡᠴᠢᠯᠡᠯᠲᠡ ᠨᠡᠭᠡᠭᠡᠯᠲᠡ ᠬᠦᠨᠵᠡᠭᠡᠢᠷᠡᠵᠤ᠂ ᠠᠮᠢᠲᠤᠷᠠᠯ᠎ᠤᠨ ᠲᠦᠪᠱᠢᠨ ᠢᠲᠡᠭ ᠢᠲᠡᠭ᠎ᠢᠶᠠᠷ ᠲᠡᠭᠡᠭ᠌ᠰᠢᠯᠡᠭ᠌ᠰᠡᠭᠡᠷ ᠬᠤᠷᠱᠢᠶ᠎ᠠ ᠮᠠᠢᠮᠠᠢ ᠬᠦᠲᠡᠭᠡ᠎ᠳᠤ ᠢᠷᠡᠵᠤ᠂ ᠬᠤᠯᠪᠤᠭ᠎ᠠ ᠰᠦᠯᠵᠢᠶ᠎ᠡ ᠠᠮᠢᠲᠤᠷᠠᠯ᠎ᠳᠤ ᠨᠡᠪᠲᠡᠷᠡᠯ᠎ᠡ᠃ ᠠᠯᠲᠠᠨ ᠬᠢᠯᠢ᠂ ᠠᠷᠠᠳ ᠴᠡᠷᠢᠭ᠂ ᠠᠵᠢᠯ ᠦᠢᠯᠡᠰ ᠲᠡᠷᠡ ᠴᠤ᠌ ᠪᠠᠢᠲᠤᠭᠠᠢ ᠠᠲᠠᠷ ᠲᠠᠯ᠎ᠠ ᠲᠡᠭᠡᠷ᠎ᠡ ᠤᠷᠭᠤᠨ ᠪᠤᠰᠤᠭ᠍ᠰᠠᠨ ᠱᠢᠨ᠎ᠡ ᠬᠤᠲᠠᠬᠠᠨᠤ ᠲᠤᠬᠠᠢ ᠤᠶᠠᠩᠭ᠎ᠠ ᠲᠠᠭᠤᠤ ᠬᠦᠷᠲᠡᠯ᠎ᠡ ᠵᠤᠬᠢᠶᠠᠭ᠍ᠲᠠᠨ ᠭᠠᠷᠴᠤ᠌᠂ ᠪᠤᠲᠤᠯ ᠰᠡᠳᠭᠢᠯ᠎ᠳᠤᠨᠢ ᠬᠦᠰᠡᠯ ᠵᠢᠬᠦᠷᠯᠡᠭ᠌ᠰᠡᠨ ᠬᠦᠮᠦᠨ ᠠᠷᠠᠳ ᠮᠠᠨᠢ ᠦᠭᠡᠷᠡᠴᠢᠯᠡᠯᠲᠡ ᠨᠡᠭᠡᠭᠡᠯᠲᠡ᠎ᠶ᠋ᠢᠨ ᠠᠴᠢ ᠲᠤᠰᠠ᠎ᠶ᠋ᠢ ᠪᠡᠶ᠎ᠡ ᠰᠡᠳᠭᠢᠯ᠎ᠢᠶᠠᠷ᠎ᠢᠶᠠᠨ ᠮᠡᠲᠡᠷᠡᠵᠤ ᠡᠬᠢᠯᠡᠭᠡᠳ᠂ ᠡᠬᠡ ᠤᠷᠤᠨ᠎ᠤ᠎ᠪᠠᠨ ᠴᠤᠭ᠍ᠴᠠᠯᠠᠯᠲᠠ᠂ ᠡᠭᠡᠯᠭᠡᠨ ᠠᠮᠢᠲᠤᠷᠠᠯ᠎ᠤᠨ᠎ᠢᠶᠠᠨ ᠬᠦᠭ᠌ᠵᠢᠯᠲᠡ᠎ᠶ᠋ᠢᠨ ᠲᠦᠯᠦᠭᠡ ᠮᠠᠯ ᠰᠦᠷᠦᠭ᠎ᠢᠶᠠᠨ ᠦᠨᠢᠷ ᠦᠰᠭᠡᠵᠤ᠂ ᠠᠱᠢᠭ ᠭᠠᠷᠤᠯᠲᠠ᠎ᠶ᠋ᠢ᠎ᠨᠢ ᠦᠢᠯᠡᠳᠪᠤᠷᠢ᠎ᠳᠤ ᠲᠤᠱᠢᠶᠠᠨ᠂ ᠠᠴᠢ ᠲᠤᠰᠠ᠎ᠶ᠋ᠢ᠎ᠨᠢ ᠨᠡᠢᠭᠡᠮ᠎ᠳᠡᠭᠡᠨ ᠵᠤᠷᠢᠭᠤᠯᠵᠤ ᠡᠬᠢᠯᠡᠵᠡᠢ᠃ ᠬᠦᠭ᠌ᠵᠢᠯ᠎ᠤᠨ᠎ᠢᠶᠠᠨ ᠭᠠᠷᠤᠭ᠎ᠠ᠎ᠶ᠋ᠢ ᠠᠪᠤᠭ᠍ᠰᠠᠨ ᠪᠠᠭ᠍ᠠᠲᠤᠯᠲᠤ ᠤᠨ ᠰᠠᠷᠠᠡᠬᠡᠯ ᠪᠢᠲᠡᠨ᠎ᠤ ᠠᠮᠢᠲᠤᠷᠠᠯ ᠲᠤᠮᠲᠠᠭᠤᠷ ᠲᠦᠷᠦᠬᠡ ᠵᠢᠭᠢᠭ᠌ᠰᠡᠨ ᠮᠤᠷᠢᠲᠡᠨ ᠮᠡᠲᠤ ᠲᠠᠪᠬᠢᠨ ᠦᠩᠭᠡᠷᠡᠭ᠌ᠰᠡᠨ᠎ᠨᠢ ᠲᠡᠷᠡ ᠶᠤᠮ᠃
ᠲᠡᠢᠮᠤ ᠡ᠂ ᠠᠮᠢᠲᠤᠷᠠᠨ ᠵᠢᠳᠬᠦᠵᠤ ᠶᠠᠪᠤᠭ᠍ᠰᠠᠨ ᠲᠠᠷᠠᠭ᠎ᠠ ᠲᠠᠷᠠᠭᠠᠴᠢ᠎ᠶ᠋ᠢᠨ ᠤᠨ ᠰᠠᠷ᠎ᠠ᠎ᠳᠤ ᠪᠦᠬᠦᠲᠡ ᠯᠡ ᠪᠤᠷᠪᠢ ᠪᠤᠷᠪᠢ᠎ᠪᠠᠨ ᠬᠢᠰᠭᠢᠨ ᠢᠷᠡᠭ᠌ᠰᠡᠨ ᠮᠦᠷᠲᠡᠯ᠎ᠡ᠎ᠪᠠᠨ ᠱᠢᠯᠢ ᠱᠢᠯᠢ᠎ᠪᠠᠨ ᠲᠠᠷᠤᠨ ᠪᠦᠲᠡᠭᠢᠷᠡᠵᠤ᠂ ᠱᠢᠨ᠎ᠡ ᠰᠤᠲᠤᠨ ᠪᠦᠬᠦᠨ᠎ᠢᠶᠠᠨ ᠦᠯᠡᠲᠡᠭᠡᠨ ᠤᠲᠤᠭ᠍ᠰᠠᠭᠠᠷ ᠦᠨᠤ ᠬᠦᠷᠴᠡᠢ᠃ ᠠᠮᠢᠲᠤᠷᠠᠯ᠎ᠤᠨ ᠱᠢᠭ᠌ᠰᠢᠯᠲᠡᠳᠤ ᠦᠯᠡᠲᠡᠭ᠌ᠰᠡᠨ ᠶᠠᠭᠤᠮ᠎ᠠ ᠪᠦᠬᠦᠨ ᠦᠪᠡᠷ ᠦᠪᠡᠷ᠎ᠤᠨ᠎ᠢᠶᠠᠨ ᠦᠨ᠎ᠡ ᠪᠡᠨ᠎ᠡ᠎ᠲᠠᠢ᠂ ᠦᠪᠡᠷ ᠦᠪᠡᠷ᠎ᠤᠨ᠎ᠢᠶᠠᠨ ᠤᠴᠢᠷ ᠤᠬᠠᠭᠠᠨ᠎ᠲᠠᠢ᠃ ᠱᠢᠨ᠎ᠡ᠎ᠶ᠋ᠢᠨ ᠨᠢᠭᠡᠨ᠎ᠤ ᠦᠷᠯᠦᠭᠡ ᠡᠪᠦᠯᠵᠢᠶᠡᠨᠠᠴᠠᠪᠠᠨ ᠮᠤᠷᠲᠠᠨ ᠭᠠᠷᠴᠤ᠌ ᠠᠢᠯ᠎ᠤᠳ᠎ᠤᠨ ᠬᠤᠭᠤᠷᠤᠨᠳᠤᠭᠤᠷ ᠭᠠᠷᠤᠭ᠍ᠰᠠᠨ ᠵᠡᠷᠲᠡᠪᠠᠷ ᠲᠡᠷᠬᠢᠬᠦᠯᠦᠭ᠌ᠰᠡᠭᠡᠷ ᠲᠠᠪᠤ ᠲᠤᠯᠤᠭᠠᠨ ᠮᠤᠷᠢᠲᠡᠨ ᠪᠤᠯᠵᠤ ᠭᠡᠰᠦᠯᠭᠡ ᠬᠢᠲᠡᠭ ᠪᠠᠢᠭ᠍ᠰᠠᠨ ᠲᠡᠢᠮᠤ ᠱᠢᠨ᠎ᠡ ᠤᠳᠤ ᠪᠠᠢᠬᠤ ᠦᠭᠡᠢ᠃ ᠬᠤᠷᠲᠤᠨ ᠲᠡᠷᠭᠡ ᠮᠤᠷᠢ᠎ᠶᠢ ᠤᠷᠤᠯᠠᠵᠤ᠂ ᠲᠦᠷᠭᠡᠨ ᠬᠦᠷᠭᠡᠯᠲᠡ ᠬᠤᠷᠱᠢᠶ᠎ᠠ᠎ᠶ᠋ᠢ ᠤᠷᠤᠯᠠᠨ᠂ ᠬᠤᠯᠪᠤᠭ᠎ᠠ ᠰᠦᠯᠵᠢᠶ᠎ᠡ ᠷᠠᠳᠢᠤ᠋ ᠵᠢᠷᠤᠭ᠍ᠲᠤ᠎ᠶ᠋ᠢ ᠤᠷᠤᠯᠠᠵᠠᠢ᠃ ᠲᠡᠭ᠌ᠷᠢ᠎ᠶ᠋ᠢᠨ ᠬᠢᠵᠠᠭᠠᠷᠲᠤ ᠪᠠᠢᠭ᠎ᠠ ᠬᠦᠮᠦᠰ ᠵᠢᠷᠬᠢᠶ᠎ᠠ᠎ᠪᠠᠷ ᠵᠤᠯᠭᠠᠵᠤ᠂ ᠲᠢᠪ ᠠᠯᠤᠰᠯᠠᠭ᠍ᠰᠠᠨ ᠠᠶᠠᠯᠠᠯ᠎ᠳᠤ ᠵᠠᠯᠠᠭᠤᠰ ᠪᠠᠢᠲᠤᠭᠠᠢ ᠨᠠᠰᠤᠲᠠᠳ ᠬᠦᠷᠲᠡᠯ᠎ᠡ ᠲᠠᠰᠴᠦ᠂ ᠭᠠᠴᠠᠭ᠎ᠠ ᠰᠤᠮᠤ᠎ᠶ᠋ᠢᠨ ᠨᠠᠢᠷ᠎ᠲᠤ ᠪᠢᠰᠢ ᠤᠯᠢᠮᠫᠢᠺ᠎ᠤᠨ ᠲᠡᠮᠡᠴᠡᠭᠡᠨ᠎ᠠᠴᠠ ᠬᠦᠪᠡᠬᠦᠳ ᠦᠬᠢᠳ ᠮᠢᠨᠢ ᠠᠯᠲᠠᠨ ᠮᠧᠳᠠᠯ ᠠᠪᠴᠤ᠌ ᠪᠠᠢᠨ᠎ᠠ᠃ 《ᠳ᠋ᠠᠯᠢᠶᠠᠨ — 14》 ᠬᠡᠮᠡᠭ᠌ᠴᠢ ᠵᠢᠵᠢᠭ ᠲᠷᠠᠺᠲ᠋ᠤᠷ᠎ᠢᠶᠠᠷ ᠠᠢᠯ ᠬᠤᠲᠠ᠎ᠶ᠋ᠢᠨ᠎ᠬᠢᠨ᠎ᠢᠶᠠᠨ ᠲᠡᠭᠡᠭᠡᠨ ᠬᠤᠷᠱᠢᠶᠠᠨ ᠵᠦᠭ ᠬᠦᠶᠦᠯᠭᠡᠵᠤ᠂ ᠬᠠᠲᠤᠭᠤᠷ ᠬᠠᠮᠤᠭᠤᠷ ᠴᠢᠷᠦᠨ ᠡᠪᠡᠰᠤ ᠬᠠᠲᠤᠵᠤ ᠶᠠᠪᠤᠭ᠍ᠰᠠᠨ ᠲᠡᠭᠡᠷ᠎ᠡ ᠵᠠᠭᠤᠨ᠎ᠤ ᠶᠡᠷᠡᠭᠡᠳ ᠤᠨ ᠪᠠᠰᠠ᠎ᠯᠠ ᠲᠠᠪᠬᠢᠨ ᠦᠩᠭᠡᠷᠡᠵᠤ᠂ ᠭᠤᠷᠪᠠᠨ ᠬᠢᠲᠤᠭ᠎ᠠ᠎ᠲᠠᠢ᠂ ᠪᠤᠭᠤᠵᠢᠯᠠᠵᠤ ᠲᠡᠭᠡᠭᠡᠬᠦ᠌ ᠮᠠᠱᠢᠨ᠎ᠲᠠᠢ ᠢᠵᠢ ᠪᠦᠷᠢᠲᠦᠭ᠌ᠰᠡᠨ ᠮᠠᠱᠢᠨ ᠲᠧᠭ᠌ᠨᠢᠭ ᠮᠠᠯᠵᠢᠬᠤ ᠦᠢᠯᠡᠳᠪᠦᠷᠢᠯᠡᠯ᠎ᠤᠨ ᠤᠷᠲᠤ ᠨᠠᠮᠤᠷ᠎ᠢ ᠡᠷᠴᠢᠲᠡᠢ ᠪᠤᠭᠤᠨᠢᠰᠭᠠᠵᠠᠢ᠃ ᠠᠩᠬᠠᠨ᠎ᠤ ᠴᠠᠰᠤ ᠤᠷᠤᠲᠠᠯ᠎ᠠ ᠡᠴᠦᠷᠡᠲᠡᠭ ᠪᠠᠢᠭ᠍ᠰᠠᠨ ᠨᠠᠮᠤᠷ᠎ᠤᠨ ᠠᠵᠢᠯ ᠲᠤᠯᠤᠭ᠎ᠠ ᠬᠤᠨᠤᠭ ᠲᠤᠳᠤᠷ᠎ᠠ ᠱᠢᠪᠲᠤᠷᠠᠭᠠᠨ᠎ᠳᠠᠭᠠᠨ ᠤᠷᠤᠵᠤ᠂ ᠠᠢᠷᠠᠭ ᠨᠠᠢᠷ ᠬᠤᠶᠠᠷ᠎ᠢᠶᠠᠨ ᠪᠠᠷᠠᠵᠤ ᠶᠠᠲᠠᠭ᠍ᠰᠠᠨ ᠤᠷᠲᠤ ᠨᠠᠮᠤᠷ ᠵᠢᠯ ᠤᠰᠤ᠂ ᠱᠢᠨ᠎ᠡ ᠭᠡᠷ᠎ᠤᠨ ᠨᠠᠢᠷ᠎ᠲᠤ ᠵᠤᠷᠢᠭᠤᠯᠤᠭ᠍ᠰᠠᠨ ᠤᠶᠠᠩᠭ᠎ᠠ ᠲᠠᠭᠤᠤ᠎ᠲᠠᠢ ᠤᠯᠠᠷᠢᠯ ᠪᠤᠯᠲᠠᠯ᠎ᠠ᠎ᠪᠠᠨ ᠬᠤᠪᠢᠷᠠᠪᠠ᠃ ᠱᠢᠨ᠎ᠡ ᠬᠦᠲᠡᠭᠡ᠎ᠶ᠋ᠢᠨ ᠱᠢᠨ᠎ᠡ ᠠᠢᠵᠠᠮ ᠲᠤᠭ᠍ᠲᠠᠵᠤ᠂ ᠱᠢᠨ᠎ᠡ ᠠᠮᠢᠲᠤᠷᠠᠯ᠎ᠤᠨ ᠱᠢᠨ᠎ᠡ ᠠᠭᠤᠯᠭ᠎ᠠ ᠪᠠᠲᠤᠵᠢᠨ᠂ ᠬᠤᠷᠠᠭ᠎ᠠ ᠲᠤᠭᠤᠯ᠎ᠨᠢ ᠬᠦᠷᠲᠡᠯ᠎ᠡ ᠲᠤᠷᠠᠨᠲᠠᠭᠤᠷ ᠮᠠᠱᠢᠨ᠎ᠲᠠᠢ᠂ ᠲᠤᠯᠠᠭᠠᠨ ᠫᠧᠩ᠎ᠲᠠᠢ ᠤᠷᠴᠢᠨ᠎ᠳᠤ ᠲᠤᠷᠨᠢᠵᠤ ᠪᠠᠢᠨ᠎ᠠ᠃ ᠬᠤᠷᠲᠤᠨ ᠮᠤᠷᠢᠳ ᠫᠦᠭ᠎ᠲᠠᠢ ᠮᠠᠱᠢᠨ᠎ᠳᠠᠭᠠᠨ ᠨᠡᠮᠨᠡᠭᠡ᠎ᠲᠠᠢ ᠠᠢᠮᠠᠭ ᠠᠯᠤᠰᠯᠠᠨ ᠵᠤᠷᠴᠢᠵᠤ᠂ ᠭᠤᠪᠢ᠎ᠶ᠋ᠢᠨ ᠲᠡᠮᠡᠭᠡ ᠤᠷᠠᠨ ᠬᠤᠱᠢᠭᠤᠨ᠎ᠳᠠᠭᠠᠨ ᠮᠦᠩᠭᠦᠨ ᠪᠤᠢᠯᠠ᠎ᠲᠠᠢ ᠱᠠᠩᠨᠠᠯ᠎ᠳᠤ ᠤᠴᠢᠲᠠᠭ ᠪᠤᠯᠵᠠᠢ᠃ ᠬᠠᠮᠲᠤ᠎ᠶ᠋ᠢᠨ ᠮᠠᠯ᠎ᠢ ᠬᠠᠷᠢᠭᠤᠯᠤᠭ᠍ᠰᠠᠨᠤᠪᠠᠨ ᠬᠦᠯᠦᠰᠦᠨ᠎ᠳᠤ ᠬᠤᠪᠢ ᠲᠡᠮᠳᠡᠭ᠌ᠯᠡᠬᠦᠯᠵᠤ ᠠᠪᠲᠠᠭ ᠪᠠᠢᠭ᠍ᠰᠠᠨ ᠠᠱᠢᠭ ᠤᠷᠤᠯᠭ᠎ᠠ ᠦᠨᠦᠲᠦᠷ ᠬᠤᠪᠢ᠎ᠶ᠋ᠢᠨ ᠮᠠᠯ ᠤᠨᠤᠭ᠎ᠠ᠎ᠪᠠᠨ ᠵᠠᠬ᠎ᠠ ᠲᠡᠭᠡᠷ᠎ᠡ ᠵᠠᠷᠤᠵᠤ ᠤᠯᠤᠭ᠍ᠰᠠᠨ ᠤᠯᠠᠨ ᠤᠷᠤᠨᠲᠤ ᠬᠠᠲᠠᠭᠠᠯᠠᠮᠵᠢ᠎ᠶ᠋ᠢᠨ ᠺᠠᠷᠲ᠎ᠵᠢᠡᠷ ᠰᠤᠯᠢᠭ᠍ᠲᠠᠵᠤ᠂ ᠲᠠᠭ᠎ᠠ᠎ᠪᠠᠷ ᠤᠯᠲᠠᠲᠠᠭ ᠦᠭᠡᠢ ᠪᠠᠢᠭ᠍ᠰᠠᠨ ᠪᠦᠰ ᠪᠠᠷᠠᠭ᠎ᠠ᠂ ᠭᠤᠯᠢᠷ ᠪᠤᠲᠠᠭ᠎ᠠ᠂ ᠠᠷᠢᠬᠢ ᠲᠠᠮᠠᠬᠢᠨ᠎ᠤ ᠪᠢᠯᠧᠲ ᠵᠠᠬ᠎ᠠ ᠵᠡᠭᠡᠯᠢ᠎ᠶ᠋ᠢᠨ ᠴᠢᠯᠦᠭᠡᠲᠤ ᠬᠠᠩᠭᠠᠯᠭ᠎ᠠ᠎ᠪᠠᠷ ᠤᠷᠤᠯᠠᠭ᠍ᠲᠠᠵᠠᠢ᠃ ᠲᠤᠭᠤᠭ᠍ᠰᠠᠨ ᠲᠤᠷᠭ᠎ᠠ᠎ᠪᠠᠨ ᠲᠤᠬᠤᠢ᠎ᠪᠠᠷ ᠪᠢᠰᠢ ᠭᠠᠷᠭᠠᠭ᠎ᠠ᠎ᠪᠠᠷ᠂ ᠤᠤᠭᠤᠵᠤ ᠢᠲᠡᠬᠦ᠌ ᠤᠬᠢᠶᠠᠵᠤ ᠱᠢᠯᠡᠭᠡᠬᠦ᠌ᠳᠤ ᠵᠤᠷᠢᠭᠤᠯᠤᠭ᠍ᠲᠠᠭ᠍ᠰᠠᠨ ᠭᠡᠷ ᠪᠦᠯᠢ᠎ᠶ᠋ᠢᠨ ᠴᠠᠬᠢᠯᠭᠠᠨ ᠬᠡᠷᠡᠭ᠌ᠰᠡᠯ᠎ᠢ ᠢᠵᠢᠪᠠᠷᠨᠢ ᠬᠤᠤᠰᠯᠠᠭᠤᠯᠤᠭ᠍ᠰᠠᠨ ᠴᠢᠨᠡᠭᠡᠯᠢᠭ ᠠᠮᠢᠲᠤᠷᠠᠯ ᠬᠤᠲᠠ ᠬᠦᠲᠡᠭᠡ᠎ᠳᠤ ᠢᠵᠢᠯᠭᠡᠨ ᠲᠦᠪᠬᠢᠨᠡᠪᠡ᠃ ᠡᠨᠡ ᠪᠦᠬᠦᠨ ᠦᠭᠡᠷᠡᠴᠢᠯᠡᠯᠲᠡ ᠨᠡᠭᠡᠭᠡᠯᠲᠡ᠎ᠶ᠋ᠢᠨ᠂ ᠦᠷᠨᠢᠨ ᠮᠠᠨᠲᠤᠯᠲᠠ᠎ᠶ᠋ᠢᠨ ᠰᠠᠢᠨ᠂ ᠨᠠᠮ ᠲᠦᠷᠤ᠎ᠶ᠋ᠢᠨ ᠪᠤᠲᠤᠯᠭ᠎ᠠ᠂ ᠠᠷᠠᠳ ᠲᠦᠮᠡᠨ᠎ᠤ ᠭᠡᠱᠢᠭ ᠪᠤᠶᠠᠨ᠃ ᠡᠨᠡ ᠪᠦᠬᠦᠨ ᠤᠤᠭᠠᠯ ᠠᠷᠠᠨᠱᠢᠨ᠎ᠢᠶᠠᠨ ᠦᠯᠤ ᠮᠠᠷᠲᠠᠬᠤ᠎ᠶ᠋ᠢ ᠰᠠᠨᠠᠭᠤᠯᠤᠭ᠍ᠰᠠᠨ᠂ ᠤᠨᠠᠭᠠᠨ ᠪᠠᠢᠭᠠᠯᠢ᠎ᠪᠠᠨ ᠬᠡᠪ᠎ᠢᠶᠠᠷ᠎ᠨᠢ ᠪᠠᠢᠯᠭᠠᠬᠤ᠎ᠶ᠋ᠢ ᠰᠤᠷᠭᠠᠭ᠍ᠰᠠᠨ ᠮᠡᠷᠭᠡᠨ ᠤᠲᠤᠷᠢᠲᠤᠭ᠍ᠴᠢᠶ᠋ᠢᠨ ᠰᠠᠢᠨ ……
ᠱᠢᠨ᠎ᠡ ᠵᠢᠯ ᠢᠷᠡᠵᠤ ᠶᠠᠪᠤᠨ᠎ᠠ᠃ ᠠᠷᠪᠠᠨ ᠲᠤᠯᠤᠲᠤᠭᠠᠷ ᠵᠢᠷᠠᠨ᠎ᠤ ᠭᠠᠯ ᠮᠤᠷᠢᠨ ᠵᠢᠯ ᠪᠤᠶᠤ ᠠᠷᠭ᠎ᠠ᠎ᠶ᠋ᠢᠨ ᠲᠤᠭᠠᠯᠠᠯ᠎ᠤᠨ 2026 ᠤᠨ ᠱᠢᠨᠡᠭᠡᠨ ᠲᠦᠷᠬᠦ᠌᠎ᠲᠠᠢ᠂ ᠱᠢᠨᠡᠭᠡᠨ ᠤᠶᠠᠩᠭ᠎ᠠ᠎ᠲᠠᠢ᠎ᠪᠠᠨ ᠪᠢᠲᠡᠨ ᠵᠦᠭ ᠢᠷᠡᠯ᠎ᠡ᠃ ᠬᠤᠯᠠ ᠵᠠᠮ᠎ᠤᠨ ᠲᠤᠭᠤᠰᠤᠨ᠎ᠠᠴᠠ ᠰᠤᠭᠤᠷᠠᠭ᠍ᠰᠠᠨ ᠮᠠᠩᠯᠠᠢ ᠮᠤᠷᠢ ᠱᠢᠭ᠋ ᠡᠨᠡ ᠱᠢᠨ᠎ᠡ ᠤᠨ ᠠᠵᠠ ᠬᠡᠢᠮᠤᠷᠢ᠂ ᠰᠠᠢᠨ ᠰᠠᠢᠬᠠᠨ᠎ᠤ ᠪᠡᠯᠭᠡᠲᠡᠯ ᠮᠦᠨ᠎ᠠᠴᠠ ᠮᠦᠨ᠃ ᠢᠷᠡᠲᠡᠭ ᠶ᠋ᠢᠡᠷ᠎ᠢᠶᠠᠨ ᠯᠡ ᠢᠷᠡᠵᠤ ᠪᠠᠢᠭ᠎ᠠ ᠤᠨ ᠵᠢᠯ ᠭᠡᠲᠡᠭ ᠴᠠᠭ᠎ᠤᠨ ᠬᠦᠷᠲᠤ ᠬᠤᠷᠢᠭ᠍ᠯᠠᠵᠤ ᠪᠤᠯᠤᠰᠢ ᠦᠭᠡᠢ ᠮᠢᠨᠦ᠋ᠲ ᠰᠧᠺᠦ᠋ᠨ᠋ᠳ᠋ᠶ᠋ᠢᠡᠷᠢᠶᠠᠨ᠂ ᠬᠠᠨ᠎ᠠ᠎ᠶ᠋ᠢᠨ ᠨᠢᠲᠤ᠎ᠪᠠᠷ ᠬᠡᠮᠵᠢᠲᠡᠭ ᠨᠠᠷᠠᠨ᠎ᠤ ᠭᠡᠷᠡᠯ᠎ᠢᠶᠠᠷ᠎ᠢᠶᠠᠨ ᠲᠤᠭᠠᠴᠠᠭᠠᠯᠠᠨ ᠬᠦᠨ ᠴᠡᠩᠭᠡᠷ ᠰᠠᠨᠰᠠᠷ᠎ᠤᠨ ᠠᠭᠤᠲᠠᠮ᠎ᠳᠤ ᠤᠷᠴᠢᠵᠤ ᠪᠠᠢᠨ᠎ᠠ᠃ ᠬᠢᠮᠡᠯ ᠲᠠᠭᠠᠭᠤᠯᠢ᠂ ᠰᠠᠨᠰᠠᠷ᠎ᠤᠨ ᠬᠦᠯᠭᠡ ᠨᠢᠰᠦᠯᠴᠡᠭ᠌ᠰᠡᠨ ᠡᠨᠡ ᠨᠡᠯᠦᠭᠡᠷ ᠶᠡᠭᠡ ᠤᠷᠴᠢᠯᠠᠩ᠎ᠳᠤ ᠪᠢᠲᠡ ᠡᠪ ᠨᠠᠢᠷᠠᠮᠲᠠᠯ᠂ ᠡᠩᠭᠡ ᠲᠠᠢᠪᠤᠩ᠂ ᠠᠷᠠᠳᠴᠢᠯᠠᠯ᠎ᠢ ᠪᠠᠲᠠᠷᠠᠭᠤᠯᠤᠨ ᠠᠵᠤ ᠲᠦᠷᠦᠨᠡᠮ ᠪᠢᠱᠢᠤ? ᠬᠦᠵᠢ ᠲᠡᠯᠡᠬᠡᠢ ᠠᠮᠤᠭᠤᠯᠠᠩ ᠪᠠᠢᠭ!
ᠰᠤᠷᠭᠠᠭᠤᠯᠢ᠎ᠶ᠋ᠢᠨ ᠬᠦᠷᠢᠶᠡᠨ᠎ᠠᠴᠠ ᠬᠡᠦᠬᠡᠳ᠎ᠤᠨ ᠲᠠᠭᠤ ᠴᠠᠩᠭᠢᠨᠠᠵᠤ᠂ ᠴᠡᠷᠢᠭ᠎ᠤᠨ ᠬᠤᠸᠠᠷᠠᠨ᠎ᠳᠤ ᠪᠤᠯᠪᠠᠰᠤᠷᠠᠯ᠎ᠤᠨ ᠪᠦᠷᠢᠶ᠎ᠡ ᠬᠠᠩᠭᠢᠨᠠᠨ᠂ ᠰᠠᠷᠠᠭᠤᠯ ᠲᠠᠯ᠎ᠠ᠎ᠪᠠᠷ ᠭᠠᠯᠲᠤ ᠲᠡᠷᠭᠡ ᠬᠤᠷᠲᠤᠯᠠᠵᠤ ᠪᠠᠢᠨ᠎ᠠ᠃ ᠱᠢᠨ᠎ᠡ ᠤᠨ ᠢᠷᠡᠯ᠎ᠡ᠃ ᠤᠶᠠᠭ᠎ᠠ ᠰᠤᠢᠯᠭᠠ ᠰᠠᠢᠲᠠᠢ ᠬᠤᠷᠲᠤᠨ ᠬᠦᠯᠦᠭ᠎ᠤᠳ ᠤᠮᠠᠷᠠᠲᠤ᠎ᠶ᠋ᠢᠨ ᠲᠠᠯ᠎ᠠ᠎ᠶ᠋ᠢᠨ 《ᠮᠦᠩᠭᠦᠨ ᠡᠪᠦᠯ᠎ᠤᠨ ᠨᠠᠢᠷ》ᠲᠦ᠍ ᠲᠠᠪᠬᠢᠯᠲᠤᠨ᠂ ᠨᠤᠮᠢᠨ ᠴᠡᠩᠭᠡᠷ ᠲᠤᠷᠤᠨᠠᠲᠤ ᠲᠠᠯᠠᠢ ᠲᠡᠭᠡᠷ᠎ᠡ ᠴᠠᠭᠠᠨ ᠵᠢᠷᠤᠭ᠎ᠠ ᠲᠠᠲᠠᠭᠤᠯᠤᠭ᠍ᠰᠠᠨ ᠴᠡᠷᠢᠭ᠎ᠤᠨ ᠬᠦᠯᠭᠡ ᠤᠩᠭᠤᠴᠠ ᠰᠤᠷᠢᠯᠲᠡ᠎ᠶ᠋ᠢᠨ ᠵᠢᠭ᠍ᠰᠠᠭᠠᠯ᠎ᠳᠤ ᠵᠢᠭ᠌ᠲᠡᠷᠡᠵᠤ᠂ ᠡᠬᠡ ᠤᠷᠤᠨ᠎ᠤ ᠨᠢᠭᠡᠲᠦᠯ᠂ ᠡᠩᠭᠡ ᠲᠠᠢᠪᠤᠩ᠎ᠤᠨ ᠪᠡᠯᠭᠡᠲᠡᠯᠢ ᠬᠤᠷᠤᠢᠯᠠᠭ᠍ᠰᠠᠨ ᠲᠠᠪᠤᠨ ᠤᠲᠤ᠎ᠲᠤ ᠤᠯᠠᠭᠠᠨ ᠲᠤᠭ ᠠᠭᠤᠲᠠᠮ ᠲᠠᠯᠠᠪᠠᠢ᠎ᠳᠤ ᠨᠠᠮᠢᠷᠠᠨ ᠪᠠᠢᠨ᠎ᠠ᠃ ᠱᠢᠨ᠎ᠡ ᠤᠨ ᠢᠷᠡᠯ᠎ᠡ᠃ ᠶᠠᠭᠤ᠎ᠪᠠᠷ ᠴᠤ᠌ ᠦᠯᠢᠳᠭᠡᠰᠢ ᠦᠭᠡᠢ ᠠᠷᠢᠭᠤᠨ ᠰᠠᠢᠬᠠᠨ᠂ ᠶᠠᠭᠤ ᠴᠤ᠌ ᠲᠤᠳᠠᠮᠠ ᠦᠭᠡᠢ ᠪᠠᠶᠠᠨ ᠲᠠᠩᠰᠤᠭ ᠡᠬᠡ ᠤᠷᠤᠨ᠎ᠤ ᠮᠢᠨᠢ ᠱᠢᠨ᠎ᠡ ᠵᠢᠯ ᠦᠭᠡᠲᠡ ᠡᠰᠡᠷᠡᠭ᠂ ᠠᠮᠤᠭᠤᠯᠠᠩ ᠲᠠᠢᠪᠤᠩ ᠪᠠᠢᠬᠤ ᠪᠤᠯᠲᠤᠭᠠᠢ!
ᠠᠮᠲᠠᠲᠠᠨ᠎ᠢᠶᠠᠷ ᠲᠤᠳᠠᠵᠤ᠂ ᠡᠮᠦᠰᠭᠦ᠎ᠪᠠᠷ ᠬᠤᠮᠰᠠᠳᠠᠵᠦ ᠶᠠᠪᠤᠭ᠍ᠰᠠᠨ ᠤᠨ ᠵᠢᠯ᠎ᠤᠳ ᠮᠠᠨᠳᠤ ᠪᠠᠢᠭ᠍ᠰᠠᠨ᠃ ᠭᠡᠪᠡᠴᠤ᠌ ᠲᠡᠬᠦᠨ᠎ᠠᠴᠠ ᠪᠤᠯᠤᠭᠠᠳ ᠪᠢᠲᠡ ᠶᠠᠭᠤᠮᠠᠨ᠎ᠳᠤ ᠤᠯᠠᠭᠠᠨ᠂ ᠪᠤᠲᠤᠯ᠎ᠳᠠᠭᠠᠨ ᠱᠢᠨᠤᠯ᠎ᠲᠠᠢ ᠪᠤᠯᠴᠢᠬᠠᠭᠠ ᠦᠭᠡᠢ᠃ ᠤᠬᠠᠭᠠᠨᠲᠤ ᠲᠡᠭᠡᠲᠦᠰ᠎ᠤᠨ ᠮᠢᠨᠢ ᠰᠤᠷᠭᠠᠯ ᠪᠢᠲᠡᠨ᠎ᠢ ᠠᠮᠢᠨᠴᠢᠷ ᠪᠢᠰᠢ ᠨᠡᠢᠲᠡᠴᠢ ᠪᠤᠯᠭᠠᠭ᠍ᠰᠠᠨᠤ ᠰᠠᠢᠨ᠎ᠢᠶᠠᠷ ᠪᠢᠲᠡ ᠬᠤᠪᠢᠶᠠᠵᠤ ᠢᠲᠡᠨ ᠬᠤᠭᠤᠯᠵᠤ ᠮᠦᠯᠵᠢᠬᠦ᠌ᠶ᠋ᠢᠨ ᠤᠴᠢᠷ ᠤᠳᠭ᠎ᠠ᠎ᠶ᠋ᠢ ᠶᠠᠰᠤ ᠮᠢᠬᠠᠨ᠎ᠳᠠᠭᠠᠨ ᠱᠢᠩᠭᠡᠲᠡᠯᠡ ᠮᠡᠲᠡᠷᠡᠭ᠌ᠰᠡᠨ ᠰᠡᠨ᠃ ᠬᠦᠭ᠌ᠵᠢᠯ ᠲᠡᠪᠱᠢᠯᠢ ᠪᠡᠯᠭᠡᠲᠡᠭ᠌ᠰᠡᠨ ᠤᠨ ᠵᠢᠯ᠎ᠤᠨ ᠲᠦᠷᠦᠬᠡ᠎ᠶ᠋ᠢ ᠵᠢᠬᠢᠨ ᠲᠠᠪᠬᠢᠬᠤ᠎ᠶ᠋ᠢᠨ ᠨᠢᠭᠡᠨ ᠤᠮᠤᠭ᠍ᠰᠢᠯ ᠡᠨᠡ ᠪᠦᠯᠦᠭᠡ᠃
ᠭᠠᠷ ᠮᠡᠬᠦᠰ ᠭᠠᠨᠵᠤᠭ᠎ᠠ ᠲᠠᠲᠠᠭᠤ ᠤᠨ ᠵᠢᠯ᠎ᠤᠳ ᠮᠠᠨᠳᠤ ᠪᠠᠢᠭ᠍ᠰᠠᠨ᠃ ᠲᠡᠬᠦᠨ᠎ᠠᠴᠠ ᠱᠢᠯᠲᠠᠭᠠᠯᠠᠨ ᠪᠢᠲᠡ ᠤᠷᠤᠭᠤ ᠲᠤᠷᠤᠢ᠂ ᠨᠤᠨ᠎ᠵᠢ ᠨᠤᠮᠤᠢ ᠪᠤᠯᠴᠢᠬᠠᠭᠠ ᠦᠭᠡᠢ᠃ ᠤᠯᠤᠰ ᠤᠷᠤᠨ᠎ᠤ ᠮᠢᠨᠢ ᠬᠦᠮᠦᠵᠢᠯ ᠮᠠᠨᠤᠰ᠎ᠢ ᠬᠦᠰᠡᠯ ᠮᠦᠷᠦᠭᠡᠲᠦᠯ᠎ᠲᠠᠢ᠂ ᠡᠷᠢᠯ ᠲᠡᠮᠡᠦᠯᠦᠯ᠎ᠲᠠᠢ ᠪᠤᠢᠵᠢᠭᠤᠯᠤᠭ᠍ᠰᠠᠨ ᠪᠤᠯᠬᠤᠷ ᠪᠢᠲᠡ ᠦᠭᠡᠲᠡᠷᠬᠡᠭ ᠰᠠᠨᠠᠭ᠎ᠠ᠎ᠲᠠᠢ᠂ ᠭᠡᠭᠡᠯᠢᠭ ᠪᠤᠲᠤᠯ᠎ᠲᠠᠢ ᠦᠰᠦᠭ᠌ᠰᠡᠨ᠃ ᠠᠮᠢᠲᠤᠷᠠᠯ᠎ᠢ ᠮᠢᠨᠢ ᠡᠳᠦᠷ᠎ᠠᠴᠠ ᠡᠳᠦᠷ᠎ᠲᠤ ᠪᠠᠶᠠᠵᠢᠭᠤᠯᠵᠤ᠂ ᠠᠬᠤᠢ ᠤᠷᠴᠢᠨ᠎ᠢ ᠮᠢᠨᠢ ᠵᠢᠯ᠎ᠠᠴᠠ ᠵᠢᠯ᠎ᠳᠤ ᠱᠢᠨᠡᠴᠢᠯᠡᠭ᠌ᠰᠡᠨ ᠦᠭᠡᠷᠡᠴᠢᠯᠡᠯᠲᠡ᠎ᠶ᠋ᠢᠨ ᠲᠠᠭᠤᠯᠠᠯ᠎ᠲᠠᠢ ᠤᠨ ᠵᠢᠯ᠎ᠤᠳ᠎ᠢ ᠲᠦᠷᠦᠬᠡ ᠵᠢᠬᠢᠨ ᠲᠤᠭᠤᠯᠬᠤ᠎ᠶ᠋ᠢᠨ ᠪᠠᠭ᠍ᠠᠷᠬᠠᠯ ᠡᠨᠡ ᠪᠦᠯᠦᠭᠡ᠃
ᠱᠢᠨ᠎ᠡ ᠵᠢᠯ ᠢᠷᠡᠵᠤ ᠶᠠᠪᠤᠨ᠎ᠠ᠃ ᠬᠠᠭᠤᠴᠢᠨ ᠤᠨ᠎ᠤ ᠦᠲᠡᠯᠲᠡ᠂ ᠱᠢᠨ᠎ᠡ ᠤᠨ᠎ᠤ ᠵᠤᠯᠭᠠᠯᠲᠠ ᠬᠡᠮᠡᠬᠦ᠌ ᠬᠤᠶᠠᠷ ᠬᠠᠲᠠᠭ ᠪᠢᠲᠡᠨ᠎ᠤ ᠭᠠᠷ ᠲᠡᠭᠡᠷ᠎ᠡ ᠲᠡᠯᠭᠡᠭᠡᠰᠦᠲᠡᠢ᠃ ᠠᠵᠠ ᠵᠢᠷᠭᠠᠯ᠂ ᠰᠠᠢᠨ ᠰᠠᠢᠬᠠᠨ ᠪᠦᠬᠦᠨ᠎ᠢ ᠦᠭ᠌ᠭᠦᠭ᠌ᠰᠡᠨ ᠬᠠᠭᠤᠴᠢᠨ ᠤᠨᠢᠶᠠᠨ 《ᠪᠠᠶᠠᠷᠲᠠᠢ!》 ᠭᠡᠵᠤ ᠦᠲᠡᠶᠡ᠃ ᠠᠬᠢᠯᠲᠠ ᠲᠠᠪᠱᠢᠯᠲᠠ᠂ ᠦᠷᠨᠢᠯ ᠬᠦᠭ᠌ᠵᠢᠯ᠎ᠤᠨ᠎ᠢᠶᠠᠨ ᠵᠢᠯᠤᠭᠤ᠎ᠶ᠋ᠢ ᠰᠤᠩᠭᠠᠭ᠍ᠰᠠᠨ ᠱᠢᠨ᠎ᠡ ᠤᠨᠢᠶᠠᠨ 《ᠪᠠᠶᠠᠷᠯᠠᠯ᠎ᠠ!》 ᠭᠡᠵᠤ ᠤᠭ᠍ᠲᠤᠶ᠎ᠠ!