ᠮᠡᠷᠭᠡᠨ ᠰᠤᠷᠴᠢᠳ ᠰᠢᠨ᠎ᠡ ᠣᠨ᠎ᠢᠶᠠᠨ ᠤᠭᠲᠤᠪᠡ
2026-01-09 15:01:41
ᠵᠣᠬᠢᠶᠠᠭ᠍ᠴᠢ᠄
ᠬᠣᠩᠭᠤᠷᠵᠤᠯᠠ ᠮᠥᠩᠭᠦᠨᠪᠠᠭᠠᠨ᠎ᠠ ᠳᠡᠯᠡᠬᠡᠢᠬᠤᠩᠭᠣᠷ
ᠣᠩᠱᠢᠭ᠍ᠰᠠᠨ ᠣᠳᠠᠭ᠎ᠠ᠄
★★★☆☆

ᠡᠷ᠎ᠡ᠎ᠶᠢᠨ ᠭᠤᠷᠪᠠᠨ ᠨᠠᠭᠠᠳᠤᠮ᠎ᠤᠨ ᠨᠢᠭᠡ ᠲᠥᠷᠥᠯ ᠪᠣᠯᠤᠭᠰᠠᠨ ᠰᠤᠷ ᠬᠠᠷᠪᠤᠯᠲᠠ ᠨᠢ ᠡᠷ᠎ᠡ ᠴᠢᠳᠠᠯ᠂ ᠡᠷᠡᠬᠡᠢ᠎ᠶᠢᠨ ᠮᠡᠷᠭᠡᠨ᠎ᠢ ᠰᠢᠯᠭᠠᠬᠤ ᠲᠡᠳᠦᠢ ᠦᠭᠡᠢ ᠰᠡᠴᠡᠨ ᠮᠡᠷᠭᠡᠨ ᠤᠬᠠᠭᠠᠨ ᠪᠢᠯᠢᠭ᠎ᠢ ᠰᠣᠷᠢᠭ᠍ᠰᠠᠨ ᠪᠡᠶ᠎ᠡ᠎ᠶᠢᠨ ᠲᠠᠮᠢᠷ᠎ᠤᠨ ᠲᠥᠷᠥᠯ ᠪᠣᠯᠬᠣᠷ ᠠᠷᠠᠳ ᠣᠯᠠᠨ᠎ᠦ ᠪᠠᠬᠠᠷᠬᠠᠯ᠎ᠢ ᠲᠠᠲᠠᠵᠤ᠂ ᠦᠶ᠎ᠡ ᠳᠠᠮᠵᠢᠨ ᠤᠯᠠᠮᠵᠢᠯᠠᠭᠳᠠᠭᠰᠠᠭᠠᠷ ᠢᠷᠡᠭᠰᠡᠨ ᠪᠢᠯᠡ᠃


df4c7dba-8695-4d88-a527-de841870b15d.png


2025ᠤᠨ᠎ᠤ 12 ᠰᠠᠷ᠎ᠠ᠎ᠶᠢᠨ 24᠎ᠦ ᠡᠳᠦᠷ᠂ ᠵᠡᠭᠦᠨ ᠦᠵᠦᠮᠦᠴᠢᠨ ᠬᠣᠰᠢᠭᠤᠨ᠎ᠤ ᠰᠤᠷᠴᠢᠳ᠎ᠤᠨ ᠰᠤᠷ ᠬᠠᠷᠪᠤᠯᠲᠠ᠎ᠶᠢᠨ ᠤᠷᠤᠯᠳᠤᠭᠠᠨ ᠶᠠᠪᠤᠭᠳᠠᠵᠤ᠂ ᠵᠢᠷᠠᠭᠠᠳ ᠰᠤᠷᠴᠢᠨ ᠢᠳᠡᠪᠬᠢᠯᠡᠨ ᠣᠷᠣᠯᠴᠠᠵᠤ᠂ ᠡᠷᠡᠭᠲᠡᠢ᠎ᠶᠢᠨ ᠳᠤᠭᠤᠢᠯᠠᠩ᠎ᠳᠤ ᠰᠣᠳᠣᠪᠢᠯᠢᠭ᠌ ᠲᠡᠷᠢᠭᠦᠯᠡᠵᠦ᠂ ᠡᠮᠡᠭᠲᠡᠢ᠎ᠶᠢᠨ ᠳᠤᠭᠤᠢᠯᠠᠩ᠎ᠳᠤ ᠯᠢᠩᠬᠤ᠎ᠠ ᠳᠡᠷᠢᠬᠦᠯᠡᠵᠡᠢ᠃

ᠵᠡᠭᠦᠨ ᠦᠵᠦᠮᠦᠴᠢᠨ ᠬᠣᠰᠢᠭᠤᠨ᠎ᠳᠤ ᠤᠯᠠᠮᠵᠢᠯᠠᠯᠲᠤ ᠰᠤᠷ ᠬᠠᠷᠪᠤᠯᠲᠠ᠎ᠶᠢᠨ ᠨᠡᠢᠭᠡᠮᠯᠢᠭ ᠪᠠ 《ᠰᠤᠮᠤ ᠮᠡᠷᠭᠡᠨ》 ᠬᠣᠶᠠᠷ ᠨᠡᠢᠭᠡᠮᠯᠢᠭ ᠪᠠᠢᠵᠤ᠂ ᠬᠣᠶᠠᠷ ᠨᠡᠢᠭᠡᠮᠯᠢᠭ ᠨᠢ ᠬᠠᠮᠲᠤᠷᠠᠨ ᠪᠠᠢᠩᠭᠤ᠎ᠶᠢᠨ ᠪᠣᠯᠪᠠᠰᠤᠷᠠᠯ ᠰᠣᠷᠢᠯᠲᠠ ᠥᠷᠨᠢᠭᠦᠯᠵᠦ᠂ ᠤᠯᠤᠰ ᠣᠷᠣᠨ᠎ᠤ ᠤᠷᠤᠯᠳᠤᠭᠠᠨ᠎ᠳᠤ ᠬᠠᠷᠪᠤᠭᠠᠴᠢᠳ᠎ᠤᠨ ᠠᠮᠵᠢᠯᠲᠠ ᠪᠦᠲᠦᠮᠵᠢ ᠲᠣᠳᠣᠬᠠᠨ ᠪᠠᠢᠯ᠎ᠠ᠃ ᠵᠢᠯ ᠪᠤᠯᠭᠠᠨ ᠰᠢᠨ᠎ᠡ ᠣᠨ᠎ᠢᠶᠠᠨ ᠤᠭᠲᠤᠬᠤ ᠨᠠᠢᠷ ᠬᠢᠵᠦ᠂ ᠣᠳᠣᠬᠠᠨ ᠪᠣᠯᠲᠠᠯ᠎ᠠ ᠠᠷᠪᠠᠨ ᠵᠢᠯ ᠦᠷᠬᠦᠯᠵᠢᠯᠡᠵᠤ᠂ ᠰᠤᠷᠴᠢᠳ᠎ᠤᠨ᠎ᠢᠶᠠᠨ ᠨᠢᠭᠡ ᠵᠢᠯ᠎ᠦᠨ ᠲᠤᠷᠰᠢᠬᠢ ᠠᠮᠵᠢᠯᠲᠠ ᠪᠦᠲᠦᠮᠵᠢ᠎ᠶᠢ ᠳ᠋ᠦᠩᠨᠡᠵᠦ᠂ ᠵᠢᠯ ᠪᠦᠷᠢ ᠵᠢᠷᠭᠤᠭᠠᠨ ᠬᠥᠮᠥᠨ ᠰᠠᠢᠨ ᠳᠤᠷ᠎ᠠ᠎ᠠᠴᠠ᠎ᠪᠠᠨ ᠳᠠᠭᠠᠭᠠᠴᠢᠯᠠᠨ ᠡᠷᠬᠢᠯᠡᠵᠦ᠂ ᠬᠥᠳᠡᠯᠭᠡᠭᠡᠨ᠎ᠦ ᠠᠯᠢᠪᠠ ᠵᠠᠷᠤᠳᠠᠯ ᠮᠥᠩᠭᠥ᠎ᠶᠢ ᠬᠠᠷᠢᠭᠤᠴᠠᠵᠤ᠂ ᠡᠮᠬᠢ ᠵᠢᠷᠤᠮ᠎ᠲᠠᠢ ᠶᠠᠪᠤᠭᠳᠠᠳᠠᠭ ᠪᠠᠢᠨ᠎ᠠ᠃ ᠲᠤᠰ ᠤᠳᠠᠭᠠᠨ᠎ᠤ ᠤᠷᠤᠯᠳᠤᠭᠠᠨ ᠨᠢ ᠤᠯᠠᠮᠵᠢᠯᠠᠯᠲᠤ ᠰᠤᠷ ᠬᠠᠷᠪᠤᠯᠲᠠ᠎ᠶᠢᠨ ᠭᠠᠢᠬᠠᠮᠰᠢᠭ᠋ ᠪᠠ ᠰᠣᠶᠣᠯ᠎ᠢ ᠬᠠᠷᠠᠭᠤᠯᠤᠨ᠂ ᠰᠤᠷ ᠬᠠᠷᠪᠤᠯᠲᠠ᠎ᠳᠤ ᠪᠠᠬᠠᠲᠠᠢ ᠬᠥᠮᠥᠰ᠎ᠲᠦ ᠤᠷ᠎ᠠ ᠮᠡᠷᠭᠡᠵᠢᠯ᠎ᠢᠶᠡᠨ ᠰᠣᠯᠢᠯᠴᠠᠬᠤ ᠲᠤᠰᠬᠠᠢ ᠮᠡᠷᠭᠡᠵᠢᠯ᠎ᠦᠨ ᠤᠷᠤᠯᠳᠤᠭᠠᠨ᠎ᠤ ᠲᠠᠪᠴᠠᠩ ᠬᠠᠩᠭᠠᠭᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号