ᠠᠮᠠᠨ ᠪᠡᠯᠭᠡ ᠡᠴᠠ ᠠᠰᠢᠳᠠ᠎ᠶᠢᠨ ᠪᠡᠯᠭᠡ ᠭᠡᠲᠡᠭ᠎ᠤᠨ ᠲᠤᠬᠠᠢ
2026-01-09 10:54:06
ᠵᠣᠬᠢᠶᠠᠭ᠍ᠴᠢ᠄
ᠲᠠᠯᠠᠨᠪᠠᠶᠠᠷ
ᠣᠩᠱᠢᠭ᠍ᠰᠠᠨ ᠣᠳᠠᠭ᠎ᠠ᠄
★★★☆☆

ᠠᠯᠢ ᠡᠷᠳᠠᠡ ᠡᠴᠠ ᠠᠷᠠᠳ᠎ᠤᠨ ᠲᠤᠮᠳᠡ  ᠠᠮᠠᠨ᠎ᠤ ᠪᠡᠯᠭᠡ ᠬᠠᠮᠢᠭᠠᠰᠢ ᠪᠣᠯ ᠠᠰᠢᠳᠡ᠎ᠶᠢᠨ ᠪᠡᠯᠭᠡ ᠲᠡᠶ᠋ᠢᠰᠢ᠎ᠪᠡᠨ  ᠭᠡᠲᠡᠭ ᠨᠢᠭᠡᠨ ᠵᠤᠶ᠋ᠢᠷ ᠰᠡᠴᠡᠨ ᠦᠭᠡ ᠠᠮᠠᠨ ᠤᠩᠰᠢᠯᠭ᠎ᠠ ᠮᠡᠳᠤ ᠤᠯᠠᠮᠵᠢᠯᠠᠭᠲᠠᠨ ᠢᠷᠡᠭᠰᠡᠨ᠎ᠢ ᠪᠢᠳᠡ ᠪᠦᠬᠥᠨ ᠴᠠᠭᠠᠨ᠎ᠠ ᠨᠢ ᠭᠠᠷᠲᠠᠯ᠎ᠠ ᠮᠡᠲᠡᠬᠥ᠌ ᠪᠠᠢᠯᠬᠥᠢ᠃

 ᠮᠡᠳᠡᠭᠡᠵᠢ ᠡᠬᠥᠨ᠎ᠳᠦ ᠢᠷᠤᠭᠡᠯ ᠪᠡᠯᠭᠡᠲᠡᠯ᠎ᠤᠨ ᠰᠠᠨᠠᠭ᠎ᠠ ᠠᠬᠤᠢ ᠬᠢᠭᠡᠳ ᠦᠭᠡ᠎ᠶᠢ ᠵᠦᠪ ᠵᠤᠶ᠋ᠢᠲᠠᠢ ᠡᠶᠡᠷᠡᠬᠥᠨ ᠰᠠᠶ᠋ᠢᠬᠠᠨ ᠶᠠᠷᠢᠵᠤ ᠬᠡᠯᠡᠬᠥ᠌ ᠶ᠋ᠢ ᠬᠢᠴᠢᠶᠡᠩᠬᠥᠶ᠋ᠢᠯᠡᠭᠰᠡᠨ ᠤᠳᠬ᠎ᠠ ᠤᠴᠢᠷ ᠪᠠᠶ᠋ᠢᠬᠤ ᠡᠴᠠ ᠭᠠᠳᠠᠨ᠎ᠠ ᠨᠡᠩ ᠴᠢᠬᠤᠯᠠ ᠨᠢ ᠦᠭᠡ᠎ᠶᠢᠨ ᠡᠨ᠋ᠸᠷᠬᠢ ᠭᠡᠲᠡᠭ ᠡᠷᠴᠢ ᠬᠦᠴᠤᠨ᠎ᠤ ᠨᠢᠭᠡᠨ ᠶᠤᠰᠣ ᠠᠭᠤᠯᠤᠭᠲᠠᠵᠤ ᠪᠠᠶ᠋ᠢᠭ᠎ᠠ ᠶᠤᠮ᠃ ᠶᠠᠷᠢᠶᠡᠨ ᠦᠭᠡᠢ ᠦᠭᠡ᠎ᠶᠢᠨ ᠡᠨ᠋ᠸᠷᠬᠢ ᠳ᠋ᠤ 《ᠰᠠᠶ᠋ᠢᠬᠠᠨ ᠮᠠᠭᠤᠬᠠᠢ》 ᠭᠡᠬᠥ᠌ ᠬᠤᠶᠠᠷ ᠲᠠᠯ᠎ᠠ ᠡᠴᠠ ᠦᠵᠡᠬᠥ᠌ ᠤᠴᠢᠷᠲᠠᠢ᠃ ᠰᠠᠶ᠋ᠢᠨ ᠪᠠᠶ᠋ᠢᠮᠠᠨ ᠰᠠᠶᠢ ᠮᠠᠭᠤ ᠪᠠᠶ᠋ᠢᠵᠤ᠂ ᠡᠰᠡᠷᠬᠥᠤ᠎ᠪᠠᠷ ᠮᠠᠭᠤ ᠪᠠᠶ᠋ᠢᠬᠤ᠎ᠳᠤ ᠯᠠ ᠰᠠᠶ᠋ᠢᠨ ᠢᠯᠡᠷᠡᠬᠥ᠌ ᠲᠤᠭᠲᠠᠯᠴᠠᠭ᠎ᠠ ᠪᠠᠶ᠋ᠢᠳᠠᠭ ᠪᠢᠯᠡ᠃ ᠲᠡᠶ᠋ᠢᠮᠤ ᠪᠤᠯᠬᠤᠷ 《ᠪᠡᠶ᠎ᠡ᠂ ᠬᠡᠯᠡ᠂ ᠰᠡᠳᠬᠢᠯ》 ᠭᠤᠷᠪᠠ᠎ᠶᠢᠨ ᠴᠡᠭᠡᠷ ᠶᠤᠰᠤᠨ᠎ᠤ ᠲᠤᠬᠠᠢ ᠬᠠᠲᠠᠭᠤ ᠴᠢᠩᠭ᠎ᠠ ᠰᠤᠷᠭᠠᠯ ᠦᠭᠡ ᠴᠤ᠌ ᠡᠷᠲᠡᠨ ᠡᠴᠠ ᠡᠲᠤᠭᠡ᠎ᠪᠤᠯᠳᠠᠯ᠎ᠠ ᠮᠢᠬᠠᠨ ᠪᠡᠶ᠎ᠡ᠎ᠶᠢᠨ ᠴᠢᠨᠢ ᠰᠡᠬᠥᠲᠡᠷ ᠮᠡᠲᠤ᠌ ᠳᠠᠭᠠᠵᠤ ᠶᠠᠪᠤᠳᠠᠭ ᠪᠤᠯᠤᠭᠰᠠᠨ ᠪᠠᠶ᠋ᠢᠵᠤ ᠲᠠᠭᠠᠷᠠᠨ᠎ᠠ᠃ ᠲᠡᠷᠤᠢ 《ᠪᠡᠶ᠎ᠡ ᠪᠡᠷ ᠤᠢᠯᠡᠳᠬᠥ᠌᠂ ᠠᠮᠠ᠎ᠪᠠᠷ ᠬᠡᠯᠡᠬᠥ᠌᠂ ᠰᠡᠳᠭᠢᠯ᠎ᠢᠶᠠᠷ ᠰᠤᠪᠢᠬᠤ》 ᠵᠢ ᠠᠩᠬᠠᠷᠤᠭᠤᠯᠤᠭᠰᠠᠨ ᠤᠴᠢᠷ ᠪᠣᠯᠬᠤ ᠶᠤᠮ᠃

ᠶᠡᠷᠤ ᠨᠢ ᠶᠠᠭᠤᠮ᠎ᠠ ᠶᠠᠭᠤᠮᠠᠨ᠎ᠤ ᠤᠷᠣᠰᠢᠯ ᠲᠤᠭᠲᠠᠯᠴᠠᠭᠠᠨ ᠳ᠋ᠤ ᠰᠢᠯᠲᠠᠭᠠᠨ ᠦᠷ᠎ᠡ ᠳ᠋ᠦᠩ᠎ᠤᠨ ᠬᠠᠷᠢᠴᠠᠭ᠎ᠠ ᠬᠤᠯᠪᠤᠭ᠎ᠠ ᠪᠠᠶ᠋ᠢᠳᠠᠭ ᠪᠤᠯᠬᠤᠷ 《ᠶᠠᠭᠠᠬᠢᠭᠠᠳ? ᠶᠠᠭᠤᠨ᠎ᠳᠤ?》 ᠭᠡᠬᠥ᠌ ᠮᠡᠲᠤ᠎ᠶᠢᠨ ᠠᠰᠠᠭᠤᠯᠲᠠ᠎ᠪᠠᠷ ᠲᠡᠬᠥᠨ᠎ᠦ ᠵᠢᠮ᠎ᠡ ᠶᠤᠰᠤ᠎ᠶᠢ ᠨᠢ ᠰᠠᠶ᠋ᠢᠲᠤᠷ ᠲᠤᠩᠭᠠᠨ ᠪᠤᠲᠤᠵᠤ᠂ ᠦᠪᠡᠷ᠎ᠢ᠎ᠪᠡᠨ ᠲᠡᠬᠥᠯᠲᠡᠷᠵᠢᠬᠥᠯᠵᠣ ᠶᠠᠪᠤᠨ᠎ᠠ ᠭᠡᠭᠴᠢ ᠬᠡᠯᠡᠬᠥ᠎ᠳᠦ ᠠᠮᠠᠷᠬᠠᠨ ᠪᠠᠶ᠋ᠢᠳᠠᠭ ᠴᠤ᠌ ᠪᠤᠲᠠᠲᠠᠢ ᠬᠡᠷᠡᠭᠵᠢᠬᠥᠯᠬᠥ᠌ ᠶᠠᠪᠤᠴᠠ᠎ᠳᠤ ᠬᠠᠷᠢᠨ ᠲᠡᠶ᠋ᠢᠮᠤ ᠬᠢᠯᠪᠠᠷᠬᠠᠨ ᠪᠢᠰᠢ ᠪᠠᠶ᠋ᠢᠬᠤ᠎ᠳᠠᠭᠠᠨ ᠲᠠᠭᠠᠷᠠᠨ᠎ᠠ᠃ ᠬᠡᠷᠪᠡ ᠨᠢᠭᠡ ᠬᠦᠮᠤᠨ ᠠᠮᠢᠲᠤᠷᠠᠯ ᠲᠤᠮᠲᠠ᠎ᠪᠠᠨ ᠬᠡᠵᠢᠶᠡᠳᠡ ᠰᠠᠶ᠋ᠢᠨ᠎ᠢ ᠪᠤᠲᠤᠵᠤ ᠰᠠᠶ᠋ᠢᠬᠠᠨ ᠰᠤᠷᠲᠠᠯ ᠲᠠᠢ ᠪᠣᠯᠬᠤ ᠳ᠋ᠤ ᠬᠦᠷᠪᠡᠯ᠂ ᠲᠡᠬᠥᠨ᠎ᠦ ᠠᠮᠠᠨ ᠡᠴᠠ ᠪᠤᠰᠤᠳ᠎ᠢ ᠬᠠᠷᠢᠶᠠᠨ ᠲᠤᠷᠤᠮᠵᠢᠯᠠᠬᠤ᠂ ᠨᠡᠩ ᠴᠤ᠌ ᠭᠡᠷᠡᠬᠥᠯ ᠮᠠᠷᠭᠤᠭᠠᠨ ᠵᠤᠲᠤᠭᠠᠨ ᠨᠦᠳᠤᠬᠡᠨ ᠬᠢᠬᠥ᠌ ᠮᠡᠲᠣ᠎ᠶᠢᠨ ᠪᠡᠶ᠎ᠡ᠎ᠪᠡᠷ ᠤᠶ᠋ᠢᠯᠡᠳᠬᠥ᠎ᠶᠢᠨ ᠪᠣᠯᠬᠢ ᠲᠠᠩᠬᠠᠢ᠂ ᠠᠮᠠᠭᠠᠢ ᠵᠢᠯᠤᠭᠣ ᠦᠭᠡᠢ ᠠᠭᠠᠰᠢᠯᠠᠬᠤ ᠤᠴᠢᠷ ᠶᠠᠪᠤᠲᠠᠯ ᠢ᠋ ᠪᠠᠷᠤᠭ ᠭᠠᠷᠭᠠᠬᠤ ᠦᠭᠡᠢ ᠪᠠᠶ᠋ᠢᠬ᠎ᠠ᠃ ᠡᠢᠮᠦ ᠡᠴᠠ ᠪᠢᠳᠡ ᠪᠦᠬᠥᠨ ᠰᠡᠳᠬᠢᠯ᠎ᠦᠨ ᠠᠷᠢᠭᠤᠰᠬᠠᠯ ᠭᠡᠲᠡᠭ᠎ᠦᠨ ᠪᠠᠰᠠ ᠨᠢᠭᠡᠨ ᠭᠤᠣᠯ ᠤᠴᠢᠷ᠎ᠢ ᠮᠡᠲᠡᠷᠡᠬᠥ᠌ ᠴᠢᠬᠤᠯᠠᠲᠠᠢ ᠶᠤᠮ᠃ ᠡᠬᠥᠨ᠎ᠤ ᠲᠠᠭᠠᠤ᠎ᠳᠤ ᠪᠠᠰᠠ ᠦᠭᠡ ᠬᠡᠯᠡᠨ᠎ᠦ ᠭᠠᠶ᠋ᠢᠬᠠᠮᠰᠢᠭ ᠬᠡᠮᠡᠬᠥ᠌ ᠦᠭᠡ ᠵᠢᠨ 《ᠦᠨ᠎ᠡ ᠴᠠᠨ᠎ᠠ》 ᠵᠢ ᠪᠤᠲᠤᠵᠤ ᠦᠵᠡᠬᠥ᠌ ᠤᠴᠢᠷᠲᠠᠢ᠃ ᠦᠨᠡᠨ᠎ᠳ᠋ᠡᠬᠡᠨ ᠦᠭᠡ᠎ᠶᠢᠨ 《ᠦᠨ᠎ᠡ ᠴᠠᠨ᠎ᠠ》ᠭᠡᠲᠡᠭ᠎ᠢ ᠦᠭᠡ᠎ᠶᠢᠨ 《ᠡᠨ᠋ᠸᠷᠬᠢ》 ᠯᠤᠭᠡ ᠬᠤᠯᠪᠤᠭᠲᠠᠭᠤᠯᠤᠨ ᠦᠵᠡᠭᠰᠡᠨ ᠴᠤ᠌ ᠪᠦᠷ ᠪᠤᠯᠤᠨ᠎ᠠ᠃ ᠲᠠᠷᠤᠢ ᠢᠵᠢᠯ ᠬᠡᠮ᠎ᠤᠨ ᠤᠳᠬ᠎ᠠ᠎ᠪᠠᠷ ᠤᠢᠯᠠᠭᠠᠬᠤ ᠵᠢ ᠵᠢᠭᠠᠵᠤ ᠪᠠᠶ᠋ᠢᠨ᠎ᠠ᠃ ᠶᠠᠭ ᠢ᠌ᠢᠮᠤ᠎ᠳᠤ ᠦᠭᠡᠨ᠎ᠤ ᠦ᠎ᠶᠢ ᠮᠠᠰᠢ ᠬᠢᠴᠢᠶᠡᠩᠬᠥᠶ᠋ᠢᠯᠡᠵᠤ᠂ ᠦᠷᠤᠭᠡᠯ ᠪᠤᠰᠤᠳ᠎ᠢ ᠲᠣᠷ᠎ᠠ ᠲᠠᠪᠠ᠎ᠪᠠᠷ᠎ᠢᠶᠠᠨ ᠬᠠᠷᠢᠶᠠᠵᠤ ᠵᠦᠬᠡᠬᠥ᠌ ᠵᠡᠷᠭᠡ᠎ᠶᠢᠨ ᠪᠤᠵᠠᠷ ᠮᠠᠭᠤᠬᠠᠢ᠂ ᠪᠡᠯᠭᠡ ᠲᠠᠮᠪᠠᠷᠢᠯ ᠦᠭᠡᠢ ᠦᠭᠡ᠎ᠶᠢ ᠠᠮᠠᠨ᠎ᠤ ᠠᠶ᠎ᠠ ᠪᠠᠷ ᠭᠠᠷᠭᠠᠬᠤ᠎ᠶᠢ ᠬᠡᠵᠢᠶ᠎ᠡ ᠡᠬᠥᠷᠢᠲᠡ ᠲᠠᠰᠤ ᠲᠡᠪᠴᠢᠨ᠂ ᠠᠶᠤᠤᠯᠢᠬᠠᠢ ᠴᠡᠬᠡᠵᠢᠨ ᠳ᠋ᠡᠬᠡᠨ ᠬᠠᠳᠠᠩᠰᠢᠭᠤᠯᠵᠤ ᠶᠠᠪᠤᠬᠤ ᠴᠢᠬᠤᠯᠠᠲᠠᠢ ᠶᠤᠮ᠃ ᠲᠠᠷᠤᠢ ᠠᠮᠠᠨ᠎ᠤ ᠠᠯᠳᠠᠭ᠎ᠠ᠎ᠶᠢ ᠬᠢᠴᠢᠶᠡᠨ᠎ᠡ ᠭᠡᠰᠡᠨ ᠦᠭᠡ ᠪᠣᠯᠬᠤ ᠶᠤᠮ᠃

ᠢᠩᠬᠢᠵᠣ ᠶᠠᠷᠢᠬᠤ᠎ᠳᠤ 《ᠰᠠᠶ᠋ᠢᠨ ᠰᠠᠨᠠᠭᠠᠨ᠎ᠤ ᠦᠵᠤᠬᠥᠷ ᠰᠦ》 ᠭᠡᠬᠥ᠌ ᠨᠢᠭᠡᠨ ᠦᠭᠡ᠎ᠶᠢᠨ ᠤᠴᠢᠷ ᠤᠳᠬ᠎ᠠ ᠰᠡᠳᠬᠢᠯ ᠤᠶᠤᠨ ᠳ᠋ᠦ᠍ ᠮᠢᠨᠢ ᠲᠡᠵᠢᠭᠡᠯ ᠪᠤᠯᠵᠤ ᠪᠠᠶ᠋ᠢᠬᠤ ᠰᠢᠭ᠋ ᠡᠷᠬᠡ ᠦᠭᠡᠢ ᠪᠤᠲᠤᠭᠲᠠᠨ᠎ᠠ᠃ ᠡᠢᠮᠦ ᠳ᠋ᠤ ᠮᠠᠭᠤ ᠰᠠᠨᠠᠭ᠎ᠠ ᠦᠭᠡᠢ ᠬᠦᠮᠤᠨ ᠢ᠋ ᠬᠦᠮᠤᠰ ᠶᠡᠷᠤ ᠳ᠋ᠡᠭᠡᠨ《ᠰᠦ ᠰᠢᠭ ᠠᠷᠢᠭᠤᠨ ᠰᠡᠳᠬᠢᠯ ᠲᠠᠢ᠂ ᠰᠦᠨ ᠴᠠᠭᠠᠨ ᠰᠡᠳᠬᠢᠯ ᠲᠠᠢ》 ᠭᠡᠬᠥ᠌ ᠮᠡᠲᠣ᠎ᠶᠢᠨ ᠦᠭᠡ᠎ᠪᠡᠷ ᠵᠤᠶ᠋ᠢᠴᠢᠯᠡᠨ ᠬᠡᠯᠡᠲᠡᠭ ᠢ᠋ ᠪᠤᠲᠤᠭᠤᠰᠢᠲᠠᠢ ᠪᠠᠶ᠋ᠢᠨ᠎ᠠ᠃ ᠶᠡᠷᠤ ᠨᠢ ᠠᠯᠢᠪᠠ᠎ᠶᠢ ᠢᠷᠤᠭᠡᠨ ᠵᠦᠩᠨᠡᠬᠥ᠌ ᠪᠠᠷ ᠰᠠᠢᠨ ᠰᠠᠢᠬᠠᠨ᠎ᠬᠦᠰᠡᠯ ᠮᠦᠷᠤᠭᠡᠲᠤᠯ ᠤ᠋ᠨ᠎ᠢᠶᠠᠨ ᠢᠷᠤᠭᠡᠯ ᠪᠡᠯᠭᠡᠲᠡᠯ ᠪᠤᠯᠭᠠᠵᠤ ᠶᠠᠪᠤᠳᠠᠭ᠎ᠮᠠᠯᠴᠢᠳ᠎ᠤᠨ᠎ᠢᠶᠠᠨ ᠲᠡᠷᠡ ᠶᠡᠬᠡ ᠰᠡᠳᠬᠢᠯ᠎ᠦᠨ ᠠᠷᠢᠭᠤᠰᠬᠠᠯ᠎ᠢ ᠪᠤᠲᠤᠵᠤ ᠪᠠᠶ᠋ᠢᠨ᠎ᠠ ᠤᠤ? ᠡᠨᠡ ᠪᠦᠬᠥᠨ ᠨᠢ ᠮᠦᠨ ᠴᠤ᠌ ᠮᠤᠩᠭᠤᠯᠴᠤᠳ ᠠᠮᠠᠨ ᠪᠡᠯᠭᠡ᠎ᠶᠢ ᠲᠡᠭᠡᠲᠤᠯᠡᠲᠡᠭ ᠤᠵᠠᠭᠤᠷ ᠭᠠᠯᠪᠠ᠎ᠶᠢᠨ ᠤᠭ ᠤᠲᠣᠮ ᠲᠠᠢ ᠤᠴᠢᠷ ᠪᠣᠯᠬᠤ ᠰᠢᠭ᠋ ᠪᠤᠲᠤᠭᠲᠠᠨ᠎ᠠ᠃ 《ᠡᠷᠬᠢᠬᠥ᠌ ᠲᠦᠷᠪᠡᠨ ᠤᠯᠠᠷᠢᠯ᠎ᠦᠨ ᠵᠢᠮ᠎ᠡ᠂ ᠡᠭᠡᠯᠵᠢᠬᠥ᠌ ᠲᠦᠷᠤ᠎ᠶᠢᠨ ᠬᠠᠤᠯᠢ》 ᠭᠡᠲᠡᠭ᠎ᠢᠶᠡᠷ ᠬᠠᠷᠠᠵᠤ ᠪᠠᠶ᠋ᠢᠲᠠᠯ᠎ᠠ ᠬᠦᠭᠡᠭᠴᠢᠨ ᠮᠣᠭᠠᠢ ᠵᠢᠯ ᠦᠩᠬᠡᠷᠡᠨ ᠤᠳᠴᠤ᠂ ᠤᠯᠠᠭᠠᠨ ᠮᠤᠷᠢᠨ ᠵᠢᠯ  ᠬᠦᠷᠴᠤ ᠢᠷᠡᠯ᠎ᠠ᠃

ᠪᠢᠳᠡ ᠬᠠᠮᠲᠣ᠎ᠳᠠᠭᠠᠨ ᠰᠠᠷ᠎ᠠ ᠰᠢᠨ᠎ᠡ᠎ᠶᠢᠨ ᠪᠠᠶᠠᠷᠲᠣ ᠮᠦᠴᠡ᠎ᠪᠡᠨ ᠤᠭᠲᠤᠬᠤ ᠡᠨᠡ ᠬᠥ᠌ ᠭᠱᠠᠨ᠎ᠳᠤ᠎ᠪᠡᠯᠭᠡᠰᠢᠶᠡᠬᠥ᠌ ᠤᠬᠠᠭᠠᠨ᠎ᠤ ᠢᠷᠤᠭᠡᠯ ᠵᠦᠩᠨᠡᠯ᠎ᠤᠨ ᠦᠭᠡᠨ᠎ᠤ ᠤᠴᠢᠷ ᠤᠳᠬ᠎ᠠ᠎ᠳᠤ ᠦᠪᠡᠷ᠎ᠦᠨ ᠭᠡᠰᠡᠨ ᠦᠵᠡᠯᠲᠡ ᠲᠠᠢ ᠪᠠᠶ᠋ᠢᠵᠤ᠂ ᠠᠮᠠᠨ᠎ᠤ ᠪᠡᠯᠭᠡ᠎ᠪᠠᠨ ᠲᠡᠭᠡᠲᠤᠯᠡᠬᠥ᠌ ᠲᠡᠷᠡ ᠰᠠᠶ᠋ᠢᠬᠠᠨ ᠶᠤᠰᠤ ᠤᠯᠠᠮᠵᠢᠯᠠᠯ᠎ᠢᠶᠠᠷ ᠠᠯᠢᠪᠠ ᠣᠶ᠋ᠢᠯᠠ ᠶ᠋ᠢᠨ᠎ᠢᠶᠡᠨ ᠦᠯᠵᠠᠶ᠋ᠢᠲᠠᠢ ᠪᠠᠶ᠋ᠢᠬᠤ ᠶ᠋ᠢ ᠭᠡᠭᠡᠯᠢᠭ ᠰᠠᠨᠠᠵᠤ᠂ ᠠᠮᠠ᠎ᠪᠠᠷ᠎ᠢᠶᠠᠨ ᠡᠨ᠋ᠸᠷᠬᠢ ᠮᠠᠭᠤᠲᠠᠢ ᠦᠭᠡ ᠭᠠᠷᠭᠠᠬᠤ ᠵᠢ ᠶᠡᠬᠡᠲᠡ ᠴᠡᠭᠡᠷᠯᠡᠵᠤ ᠪᠠᠶ᠋ᠢᠶ᠎ᠠ᠂ ᠪᠤᠲᠤᠬᠤᠯ᠎ᠠ ᠦᠭᠡ ᠬᠡᠯᠡᠨ᠎ᠦ ᠪᠤᠯᠪᠠᠰᠤᠨ ᠭᠡᠭᠴᠢ ᠨᠢ ᠦᠨᠡᠨ ᠳ᠋ᠡᠬᠡᠨ ᠪᠡᠯᠭᠡ ᠲᠡᠮᠪᠡᠷᠢᠯ ᠲᠠᠢ ᠰᠠᠶ᠋ᠢᠬᠠᠨ ᠦᠭᠡ ᠬᠡᠯᠡᠵᠤ ᠶᠠᠷᠢᠬᠤ ᠵᠢ ᠵᠢᠭᠠᠳᠠᠭ ᠪᠢᠵᠡ ⁈

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号