ᠬᠤᠷᠴᠢᠨ᠎ᠤ᠎ᠪᠠᠷ ᠵᠢᠷᠤᠭ ᠨᠢ ᠲᠠᠯ᠎ᠠ ᠨᠤᠲᠤᠭ᠎ᠤᠨ ᠠᠮᠢᠳᠤᠷᠠᠯ ᠠᠬᠤᠢ᠂ ᠦᠨᠳᠦᠰᠦᠲᠡᠨ᠎ᠤ ᠵᠠᠩ ᠦᠢᠯᠨ᠂ ᠪᠠᠶ᠋ᠢᠭᠠᠯᠢ᠎ᠶᠢᠨ ᠥᠩᠭᠡ ᠦᠵᠡᠮᠵᠢ᠎ᠪᠠᠷ ᠰᠡᠳᠦᠪᠯᠡᠨ᠂ ᠬᠤᠷᠴᠢᠨ᠎ᠤ ᠲᠠᠯ᠎ᠠ ᠨᠤᠲᠤᠭ᠎ᠤᠨ ᠰᠦᠷᠯᠢᠭ ᠰᠠᠶ᠋ᠢᠬᠠᠨ ᠬᠢᠭᠡᠳ ᠦᠨᠳᠦᠰᠦᠲᠡᠨ ᠨᠤᠬᠦᠳ᠎ᠤᠨ ᠠᠷᠠᠳ ᠲᠦᠮᠡᠨ᠎ᠤ ᠣᠮᠤᠭ ᠵᠣᠷᠢᠭ᠂ ᠬᠠᠢᠷ᠎ᠠ ᠰᠡᠳᠬᠢᠯᠬᠡ ᠵᠢ ᠠᠮᠢᠳᠤᠯᠢᠭ ᠵᠢᠡᠷ ᠢᠯᠡᠷᠡᠬᠦᠯᠦᠭᠰᠡᠨ ᠪᠠᠢᠳᠠᠭ᠃ ᠲᠦᠩᠯᠢᠶᠣᠣ ᠬᠣᠲᠠ᠎ᠶᠢᠨ ᠳᠡᠰ᠎ᠦ᠋ᠨ ᠬᠣᠷᠴᠢᠨᠤ᠋ ᠪᠠᠷ ᠵᠢᠷᠤᠭ᠎ᠤᠨ ᠪᠣᠳᠠᠰ᠎ᠤ᠋ᠨ ᠪᠤᠰᠤ ᠰᠣᠶᠣᠯ᠎ᠤ᠋ᠨ ᠥᠪ᠎ᠦ᠋ᠨ ᠲᠥᠯᠥᠭᠡᠯᠡᠬᠦ ᠴᠢᠨᠠᠷᠳᠠᠢ ᠤᠯᠠᠮᠵᠢᠯᠠᠭᠴᠢ᠂ ᠬᠤᠷᠴᠢᠨ ᠵᠡᠬᠦᠨ ᠭᠠᠷᠤᠨ ᠲᠤᠮᠳᠠᠳᠦ ᠬᠤᠰᠢᠭᠤᠨ᠎ᠦ ᠨᠤᠮ᠎ᠤᠨ ᠰᠠᠩ᠎ᠳᠦ ᠠᠵᠢᠯ ᠠᠯᠪᠠ ᠲᠠᠢ ᠯᠢ ᠹᠠᠨ ᠢ 40 ᠭᠠᠷᠣᠢ ᠵᠢᠯ ᠤ᠋ᠨ ᠵᠢᠳᠬᠦᠯ ᠴᠢᠷᠮᠠᠢᠯᠭ᠎ᠠ ᠪᠡᠷ ᠬᠤᠷᠴᠢᠨ᠎ᠤ ᠪᠠᠷ ᠵᠢᠷᠤᠭ᠎ᠢ ᠦᠪᠯᠡᠨ ᠤᠯᠠᠮᠵᠢᠯᠠᠵᠦ ᠠᠯᠳᠠᠷᠰᠢᠭᠤᠯᠬᠤ ᠵᠢᠨ ᠲᠦᠯᠦᠭᠡ ᠤᠬᠠᠭᠠᠨ ᠲᠠᠮᠢᠷ ᠵᠢᠡᠨ ᠰᠢᠪᠬᠠᠵᠦ ᠶᠠᠪᠤᠨ᠎ᠠ᠃

ᠲᠦᠷᠦᠭᠦᠬᠡᠨ ᠯᠢ ᠹᠠᠨ ᠢ ᠵᠢᠨ ᠠᠵᠢᠯᠯᠠᠬᠤ ᠲᠠᠰᠤᠭ᠎ᠲᠤ ᠤᠷᠤᠬᠤ᠎ᠳᠦ ᠪᠠᠷ ᠵᠢᠷᠤᠭ᠎ᠤᠨ ᠪᠦᠲᠦᠭᠡᠯᠤᠳᠡᠮᠬᠢ ᠴᠡᠭ᠌ᠴᠡ᠎ᠲᠠᠢ ᠳᠡᠯᠭᠡᠭᠳᠡᠵᠦ ᠬᠠᠷᠠᠭ᠎ᠠ ᠵᠢ ᠪᠠᠶᠠᠰᠬᠠᠨ᠎ᠠ᠃ ᠯᠢ ᠹᠠᠨ ᠢ ᠶᠠᠭ ᠵᠤᠬᠢᠶᠠᠨ ᠪᠦᠳᠦᠬᠡᠬᠦ ᠠᠵᠢᠯ᠎ᠳᠠᠭᠠᠨ ᠮᠤᠨᠭᠭᠠᠨᠢᠵᠦ ᠪᠠᠢᠯ᠎ᠠ᠃
《ᠪᠣᠳᠠᠰ᠎ᠤᠨ ᠪᠤᠰᠤ ᠰᠣᠶᠣᠯ᠎ᠤᠨ ᠥᠪ᠎ᠦᠨ ᠠᠮᠢᠵᠢᠷᠠᠯ᠎ᠤᠨ ᠬᠦᠴᠦᠨ ᠤᠯᠠᠮᠵᠢᠯᠠᠬᠤ ᠪᠠ ᠰᠢᠨᠡᠴᠢᠯᠡᠬᠦ᠎ᠳᠤ ᠪᠤᠢ᠃ ᠱᠢᠨ᠎ᠡ ᠴᠠᠭ ᠦᠶ᠎ᠡ᠎ᠶ᠋ᠢᠨ ᠬᠠᠷᠠᠭᠠᠰᠤᠡᠴᠠ ᠤᠯᠠᠮᠵᠢᠯᠠᠯᠲᠤ ᠰᠣᠶᠣᠯ ᠪᠣᠯᠤᠨ ᠤᠳᠤ ᠦᠶ᠎ᠡ᠎ᠶ᠋ᠢᠨ ᠡᠯᠧᠮᠧᠨ᠋ᠲ᠎ᠢ ᠠᠭᠤᠰᠬᠠᠨ᠂ ᠱᠢᠨ᠎ᠡ᠎ᠶ᠋ᠢ ᠡᠭᠦᠳᠬᠦ᠌ ᠰᠡᠳᠭᠢᠬᠦᠢ ᠪᠡᠷ ᠢᠳᠡᠪᠬᠢᠳᠡᠢ ᠰᠢᠪᠳᠤᠯᠤᠯᠳᠠ ᠬᠢᠵᠦ᠂ ᠥᠷᠭᠡᠨ ᠳᠡᠯᠭᠡᠷ ᠨᠥᠯᠥᠭᠡᠯᠡᠬᠦ᠌ ᠬᠦᠴᠦᠨ ᠪᠠ ᠤᠯᠠᠮᠵᠢᠯᠠᠨ ᠳᠡᠯᠭᠡᠷᠡᠭᠦᠯᠬᠦ᠌ ᠬᠦᠴᠦᠨ᠎ᠲᠠᠢ ᠪᠦᠬᠡᠳ ᠪᠠᠰᠠ ᠣᠳᠣ ᠦᠶ᠎ᠡ᠎ᠶᠢᠨ ᠭᠤᠸ᠎ᠠ ᠰᠠᠢᠬᠠᠨ᠎ᠤ ᠲᠠᠭᠠᠰᠢᠶᠠᠯᠳ᠋ᠤ ᠨᠡᠢᠴᠡᠭ᠌ᠰᠡᠨ ᠨᠡᠩ ᠤᠯᠠᠨ ᠰᠢᠯᠢᠳᠡᠭ ᠪᠦᠲᠦᠭᠡᠯ᠎ᠢ᠋ ᠵᠤᠬᠢᠶᠠᠨ ᠪᠦᠲᠦᠬᠡᠵᠤ᠂ ᠬᠤᠷᠴᠢᠨ᠎ᠤ ᠪᠠᠷ ᠵᠢᠷᠤᠭ᠎ᠢ ᠲᠠᠯ᠎ᠠ ᠨᠤᠲᠤᠭ᠎ᠠᠴᠠ ᠨᠠᠩ ᠥᠷᠭᠡᠨ ᠠᠭᠤᠳᠠᠮ ᠲᠠᠪᠴᠠᠩ᠎ᠳᠤ ᠭᠠᠷᠭᠠᠬᠤ ᠪᠤᠯ ᠮᠢᠨᠤ ᠵᠠᠢᠯᠠᠭᠤᠯᠵᠦ ᠪᠤᠯᠤᠰᠢ ᠦᠬᠡᠢ ᠲᠠᠷᠬᠠᠨ ᠬᠠᠷᠢᠭᠤᠴᠠᠯᠭ᠎ᠠ ᠮᠦᠨ》 ᠬᠡᠵᠦ ᠯᠢ ᠹᠠᠨ ᠢ ᠶᠠᠷᠢᠵᠦ ᠪᠠᠢᠯ᠎ᠠ᠃
ᠯᠢ ᠹᠠᠨ ᠢ ᠬᠣᠷᠴᠢᠨ ᠵᠡᠭᠦᠨ ᠭᠠᠷᠤᠨ ᠳᠤᠮᠳᠠᠳᠤ ᠬᠤᠰᠢᠭᠤᠨ᠎ᠦ ᠵᠢᠷ᠎ᠤᠨ ᠲᠠᠷᠢᠶᠠᠴᠢᠨ ᠠᠢᠯ᠎ᠳᠤ ᠵᠠᠶᠠᠭᠠᠵᠠᠢ᠃ ᠲᠡᠷᠨ ᠬᠠᠷᠠᠬᠠᠨ ᠪᠠᠭ᠎ᠠ ᠡᠴᠡ ᠪᠠᠨ ᠤᠷᠠᠨ ᠵᠢᠷᠤᠭᠲᠤ ᠲᠤᠷ᠎ᠠ ᠰᠤᠨᠢᠷᠬᠠᠯ ᠲᠠᠢ ᠪᠦᠭᠡᠳ ᠤᠷ᠎ᠠ ᠠᠪᠢᠶᠠᠰ ᠨᠢ ᠴᠤᠬᠤᠯᠵᠠᠨ᠂ ᠤᠷᠠᠨ ᠵᠢᠷᠤᠭ᠍ᠴᠢᠨ ᠪᠤᠯᠬᠤ ᠬᠦᠰᠡᠯ ᠮᠠᠨᠠᠵᠦ ᠪᠠᠢᠬᠰᠠᠨ ᠪᠢᠯᠨ᠃ ᠬᠡᠳᠦᠢᠪᠡᠷ ᠲᠡᠷᠨ ᠶᠡᠬᠡ ᠲᠡᠭᠡᠳᠦ ᠰᠤᠷᠭᠠᠭᠤᠯᠢ ᠵᠢᠨ ᠤᠷᠠᠨ ᠵᠢᠷᠤᠭ᠎ᠤᠨ ᠲᠤᠰᠬᠠᠶ ᠮᠡᠷᠭᠡᠵᠢᠯ ᠰᠤᠷᠤᠭᠰᠠᠨ ᠦᠬᠡᠢᠪᠤᠯᠪᠠᠴᠤ ᠲᠠᠯ᠎ᠠ ᠨᠤᠲᠤᠭ᠎ᠤᠨ ᠠᠮᠢᠳᠤᠷᠠᠯ ᠠᠬᠤᠢ ᠵᠢᠨ ᠲᠤᠬᠠᠢ ᠥᠪᠡᠷᠮᠢᠴᠡ ᠬᠠᠷᠠᠭᠠᠰᠦ᠂ ᠨᠤᠲᠤᠭᠴᠢ ᠰᠡᠳᠭᠢᠯ ᠪᠠ ᠤᠷᠠᠯᠢᠭ᠋᠎ᠤᠨ ᠲᠤᠬᠠᠢ ᠣᠷᠭᠢᠯᠤᠮ᠎ᠠ ᠬᠠᠯᠠᠭᠤᠨ ᠬᠦᠰᠡᠯ ᠬᠥᠭᠡᠭᠡᠴᠡᠯᠳᠦᠯ ᠨᠢ ᠲᠡᠬᠦᠨ᠎ᠢ ᠪᠠᠷ ᠵᠢᠷᠤᠭ᠎ᠤᠨ ᠵᠤᠬᠢᠶᠠᠨ ᠪᠦᠳᠦᠬᠡᠯᠬᠡ ᠵᠢᠨ ᠵᠠᠮ᠎ᠳᠦ ᠬᠦᠳᠦᠯᠵᠠᠢ᠃ 《ᠪᠢ ᠠᠷᠪᠠᠨ ᠬᠡᠳᠦᠨ ᠨᠠᠰᠤᠨ ᠡᠴᠡ ᠪᠠᠨ ᠪᠠᠷ ᠵᠢᠷᠤᠭ ᠲᠠᠢ ᠤᠢᠷᠠᠳᠴᠦ᠂ ᠠᠨᠭᠬ᠎ᠠ ᠡᠬᠢᠯᠡᠬᠦ ᠳ᠋ᠡᠭᠡᠨ ᠲᠠᠭᠤᠷᠢᠶᠠᠨ ᠵᠢᠷᠤᠳᠠᠭ ᠪᠠᠢᠯ᠎ᠠ᠂ ᠲᠡᠷᠨ ᠦᠶ᠎ᠡ᠎ᠳᠦ ᠮᠠᠰᠢ ᠠᠷᠪᠢᠨ ᠲᠤᠰᠭᠠᠶ ᠮᠡᠷᠭᠡᠵᠢᠯ᠎ᠦᠨ ᠨᠣᠮ ᠲᠡᠪᠳᠡᠷ᠎ᠢ ᠵᠠᠬᠢᠶᠠᠯᠡᠨ ᠣᠩᠱᠢᠵᠦ᠍᠂ ᠨᠣᠮ ᠪᠢᠴᠢᠭ᠎ᠠᠴᠠ ᠣᠶᠣᠨ᠎ᠤ ᠱᠢᠮ᠎ᠡ ᠬᠦᠷᠳᠡᠨ ᠤᠷᠤᠯᠳᠤᠵᠤ ᠰᠤᠳᠤᠯᠬᠤ ᠵᠢᠨ ᠵᠡᠷᠬᠡ ᠪᠡᠷ ᠬᠢᠷᠢᠨ᠂ ᠮᠦᠭᠳᠡᠨ ᠵᠡᠷᠬᠡ ᠭᠠᠵᠠᠷ᠎ᠲᠤ ᠬᠦᠷᠴᠦ ᠰᠤᠷᠤᠯᠴᠠᠵᠤ ᠪᠠᠢᠬᠰᠠᠨ᠂ ᠬᠤᠵᠢᠮ ᠨᠢ ᠬᠤᠷᠴᠢᠨ᠎ᠤ᠎ᠪᠠᠷ ᠵᠢᠷᠤᠭᠴᠢᠨ᠂ ᠲᠤᠮᠳᠠᠳᠦ ᠤᠯᠤᠰ᠎ᠤᠨ ᠤᠷᠠᠨ ᠵᠢᠷᠤᠭᠴᠢᠳ᠎ᠤᠨ ᠨᠡᠢᠬᠡᠮᠯᠢᠭ ᠤᠨ ᠬᠡᠰᠢᠬᠦᠨ ᠵᠠᠩ ᠮᠤᠦ ᠺᠦᠨ ᠪᠠᠬᠰᠢ᠎ᠳᠦ ᠱᠠᠪᠢᠯᠠᠭᠠᠳ᠂ ᠪᠠᠷ ᠵᠢᠷᠤᠭ᠎ᠤᠨ ᠲᠣᠰᠭᠠᠢ ᠮᠡᠷᠬᠡᠵᠢᠯ᠎ᠢ ᠰᠢᠰᠲᠸᠮ ᠲᠠᠢ ᠰᠤᠷᠴᠦ ᠡᠵᠡᠮᠰᠢᠨ᠂ ᠤᠷ᠎ᠠ ᠮᠡᠷᠬᠡᠵᠢᠯ ᠵᠢᠡᠨ ᠲᠡᠭᠡᠭᠰᠢᠯᠡᠬᠦᠯᠵᠦ᠂ ᠠᠭᠠᠵᠢᠮ ᠵᠢᠡᠷ ᠦᠪᠡᠷ᠎ᠤᠨ ᠤᠷᠠᠯᠢᠭ᠎ᠤᠨ ᠬᠡᠪ ᠨᠠᠮᠪᠠ ᠪᠠᠨ ᠪᠦᠷᠢᠯᠳᠦᠬᠦᠯᠵᠠᠢ》 ᠬᠡᠵᠦ ᠯᠢ ᠹᠠᠨ ᠢ ᠡᠷᠬᠢᠴᠡᠭᠦᠯᠦᠨᠠ᠃

ᠯᠢ ᠹᠠᠨ ᠢ ᠤᠯᠠᠨ ᠵᠢᠯ᠎ᠤᠨ ᠲᠤᠷᠰᠢ ᠬᠤᠷᠴᠢᠨᠦ ᠪᠠᠷ ᠵᠢᠷᠤᠭ᠎ᠤᠨ ᠵᠤᠬᠢᠶᠠᠨ ᠪᠦᠳᠦᠬᠡᠯᠬᠡ ᠵᠢᠨ ᠦᠢᠯᠡᠰ᠎ᠤᠨ ᠲᠦᠯᠦᠭᠡ ᠰᠢᠨᠳᠠᠷᠠᠰᠢ ᠦᠬᠡᠢ ᠴᠢᠷᠮᠠᠢᠨ ᠵᠢᠳᠬᠦᠵᠦ᠂ ᠤᠷᠤᠯᠳᠤᠵᠤ ᠪᠦᠳᠦᠭᠡᠬᠦ ᠶᠠᠪᠤᠴᠠ᠎ᠳᠤ ᠪᠠᠶᠠᠯᠢᠬ ᠲᠤᠷᠱᠢᠯᠭ᠎ᠠ ᠬᠤᠷᠠᠮᠳᠤᠭᠤᠯᠵᠤ᠂ ᠵᠣᠷᠢᠭ᠍ᠲᠠᠢ ᠰᠡᠳᠭᠢᠵᠦ᠍ ᠢᠳᠡᠪᠬᠢᠲᠡᠢ ᠱᠢᠨ᠎ᠡ᠎ᠶ᠋ᠢ ᠡᠭᠦᠳᠦᠨ᠂ ᠮᠡᠳᠡᠯᠬᠡ ᠪᠠᠨ ᠨᠡᠮᠡᠭᠳᠡᠭᠦᠯᠦᠨ ᠬᠠᠷᠠᠭ᠎ᠠ᠎ᠪᠠᠨ ᠲᠡᠯᠡᠵᠦ᠍᠂ ᠦᠯᠡᠮᠵᠢ ᠤᠯᠠᠨ ᠰᠣᠳᠣᠨ ᠪᠦᠲᠦᠭᠡᠯ᠎ᠢ ᠵᠤᠬᠢᠶᠠᠨ ᠪᠦᠳᠦᠬᠡᠭᠰᠡᠨ ᠪᠠᠢᠨ᠎ᠠ᠃ ᠤᠳᠤ ᠪᠤᠯᠳᠠᠯ᠎ᠠ ᠲᠡᠬᠦᠨ᠎ᠦ ᠵᠤᠬᠢᠶᠠᠨ ᠪᠦᠳᠦᠬᠡᠭᠰᠡᠨ ᠲᠦᠯᠦᠬᠡᠯᠡᠭᠴᠢ ᠴᠢᠨᠠᠷᠳᠠᠢ ᠪᠦᠳᠦᠬᠡᠯ ᠨᠢ 100 ᠭᠠᠷᠤᠢ ᠪᠤᠢ᠂ ᠤᠨᠴᠠᠭᠠᠢᠯᠠᠨ 2015 ᠤᠨ᠎ᠳᠦ 《ᠡᠵᠢ》 ᠬᠡᠬᠦ ᠪᠦᠳᠦᠬᠡᠯ ᠨᠢ ᠲᠠᠯᠠᠢ ᠵᠢᠨ ᠬᠤᠭᠤᠯᠠᠢ ᠵᠢᠨ ᠬᠤᠶᠠᠷ ᠡᠷᠬᠢ ᠵᠢᠨ ᠤᠷᠠᠨ ᠪᠢᠴᠢᠯᠬᠡ ᠤᠷᠠᠨ ᠵᠢᠷᠤᠭ᠎ᠤᠨ ᠨᠡᠷᠡᠳᠦ ᠪᠦᠳᠦᠬᠡᠯ᠎ᠤᠨ ᠦᠵᠡᠰᠬᠦᠯᠡᠩᠳᠦ ᠰᠤᠨᠭᠭᠤᠭᠳᠠᠨ᠂ ᠠᠮᠧᠷᠢᠺᠠ ᠵᠢᠨ ᠯᠢᠶᠠᠨ ᠪᠠᠩ ᠰᠤᠶᠤᠯ ᠰᠤᠷᠭᠠᠨ ᠬᠦᠮᠦᠵᠢᠯ᠎ᠤᠨ ᠰᠠᠭᠤᠷᠢ ᠮᠦᠨᠭᠬᠦ ᠵᠢᠨ ᠨᠡᠢᠬᠡᠮᠯᠢᠭ ᠲᠦ᠍ ᠬᠠᠳᠠᠭᠠᠯᠠᠬᠳᠠᠵᠠᠢ᠃《ᠲᠦᠮᠡᠨ ᠠᠭᠳᠠ ᠵᠢᠨ ᠲᠦᠪᠡᠷᠬᠡᠨ》᠂ 《ᠡᠵᠢ》 ᠭᠡᠬᠦ ᠬᠤᠶᠠᠷ ᠪᠦᠳᠦᠬᠡᠯ᠎ᠨᠢ ᠴᠢᠩᠳᠣᠤ᠎ᠶ᠋ᠢᠨ ᠪᠠᠷᠠᠭᠤᠨ ᠳᠠᠯᠠᠢ᠎ᠶ᠋ᠢᠨ ᠡᠷᠭᠢ ᠵᠢᠨ ᠤᠷᠠᠨ ᠵᠢᠷᠤᠭ᠎ᠤᠨ ᠤᠷᠳᠤᠨ᠎ᠳᠤ ᠬᠠᠳᠠᠭᠠᠯᠠᠭᠳᠠᠪᠠ᠃ 《ᠬᠤᠸᠠᠳᠤᠭᠤᠯ》᠂ 《ᠮᠤᠨᠭᠭᠤᠯ ᠮᠤᠷᠢ》 ᠵᠡᠷᠬᠡ ᠪᠦᠳᠦᠬᠡᠯ ᠨᠢ 2021 ᠤᠨᠦ ᠵᠢᠷᠢᠮ ᠪᠠᠷ ᠵᠢᠷᠤᠭ ᠤ᠋ᠨ ᠪᠡᠬᠡᠵᠢᠩ᠎ᠳᠡᠬᠢ ᠦᠵᠡᠰᠬᠦᠯᠡᠩᠳᠦ ᠰᠤᠨᠭᠭᠤᠭᠳᠠᠨ ᠲᠡᠯᠬᠡᠭᠳᠡᠵᠦ᠂ 2025 ᠤᠨ᠎ᠳᠦ 《ᠰᠦᠷᠯᠢᠭ ᠰᠠᠢᠬᠠᠨ ᠲᠠᠯ᠎ᠠ ᠨᠤᠳᠤᠭ》ᠬᠡᠬᠦ ᠪᠦᠳᠦᠬᠡᠯ ᠨᠢ ᠦᠪᠦᠷ ᠮᠤᠨᠭᠭᠤᠯ᠎ᠤᠨ ᠦᠪᠡᠷᠳᠡᠬᠡᠨ ᠵᠠᠰᠠᠬᠤ ᠤᠷᠤᠨ᠎ᠦ ᠠᠷᠪᠠᠨ ᠲᠦᠷᠪᠡᠳᠦᠭᠡᠷ ᠬᠤᠭᠤᠴᠠᠭᠠᠨ᠎ᠦ ᠤᠷᠠᠨ ᠵᠢᠷᠤᠭ᠎ᠤᠨ ᠰᠤᠳᠤᠨ ᠪᠦᠳᠦᠬᠡᠯ᠎ᠤᠨ ᠦᠵᠡᠰᠬᠦᠯᠡᠩᠳᠦ ᠰᠤᠨᠭᠭᠤᠭᠳᠠᠵᠦ᠂ 《ᠲᠦᠬᠦᠢᠮᠡ》 ᠬᠡᠬᠦ ᠰᠢᠷᠢᠰ ᠪᠦᠳᠦᠬᠡᠯ ᠨᠢ 2025 ᠤᠨᠦ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠬᠤᠶᠠᠳᠤᠭᠠᠷ ᠬᠤᠭᠤᠴᠠᠭᠠᠨ᠎ᠦ ᠵᠢᠵᠢᠭ ᠪᠠᠷ ᠵᠢᠷᠤᠭ ᠵᠢᠴᠢ ᠨᠣᠮ ᠬᠠᠳᠠᠭᠠᠯᠠᠬᠤ ᠺᠠᠷᠲ ᠤ᠋ᠨ ᠦᠵᠡᠰᠬᠦᠯᠡᠩᠳᠦ ᠰᠤᠨᠭᠭᠤᠭᠳᠠᠨ ᠲᠡᠯᠭᠡᠭᠳᠡᠭᠰᠡᠨ ᠪᠠᠢᠨ᠎ᠠ᠃ 2018 ᠤᠨ᠎ᠳᠦ ᠲᠡᠷᠨ ᠲᠦᠨᠭᠯᠢᠶᠤᠦ ᠬᠤᠳᠠ ᠵᠢᠨ ᠭᠠᠷ ᠤᠷᠠᠯᠠᠯ᠎ᠤᠨ ᠪᠠᠬᠰᠢᠳᠠᠨ ᠵᠢᠡᠷ ᠴᠤᠯᠠᠯᠠᠭᠳᠠᠵᠦ᠂ 2024 ᠤᠨ᠎ᠳᠦ ᠲᠦᠩᠯᠢᠶᠣᠣ ᠬᠣᠲᠠ᠎ᠶᠢᠨ ᠳᠡᠰ᠎ᠦ᠋ᠨ ᠬᠣᠷᠴᠢᠨᠤ᠋ ᠪᠠᠷ ᠵᠢᠷᠤᠭ᠎ᠤᠨ ᠪᠣᠳᠠᠰ᠎ᠤ᠋ᠨ ᠪᠤᠰᠤ ᠰᠣᠶᠣᠯ᠎ᠤ᠋ᠨ ᠥᠪ᠎ᠦ᠋ᠨ ᠲᠥᠯᠥᠭᠡᠯᠡᠬᠦ ᠴᠢᠨᠠᠷᠳᠠᠢ ᠤᠯᠠᠮᠵᠢᠯᠠᠭᠴᠢ ᠪᠤᠯᠵᠠᠢ᠃ ᠯᠢ ᠹᠠᠨ ᠢ ᠵᠢᠨ ᠪᠦᠳᠦᠭᠡᠯ ᠪᠦᠷᠢ᠎ᠳᠤ ᠤᠷ᠎ᠠ ᠠᠪᠢᠶᠠᠰ᠂ ᠵᠢᠳᠬᠦᠯ ᠴᠢᠷᠮᠠᠢᠯᠭ᠎ᠠ ᠪᠤᠯᠤᠨ ᠨᠤᠲᠤᠭᠴᠢ ᠰᠡᠳᠬᠢᠯᠬᠡ ᠨᠢ ᠠᠭᠤᠰᠤᠨ᠂ ᠮᠣᠩᠭᠤᠯ ᠦᠨᠳᠦᠰᠦᠲᠡᠨ᠎ᠤ ᠦᠢᠯᠡᠳᠪᠦᠷᠢᠯᠡᠯ ᠠᠮᠢᠳᠤᠷᠠᠯ᠂ ᠪᠠᠶ᠋ᠢᠭᠠᠯᠢ᠎ᠶᠢᠨ ᠦᠨᠭᠬᠡ ᠦᠵᠡᠮᠵᠢ ᠬᠢᠭᠡᠳ ᠦᠨᠳᠦᠰᠦᠲᠡᠨ᠎ᠤ ᠵᠠᠩ ᠦᠢᠯᠡ᠎ᠶᠢ ᠬᠠᠷᠠᠭᠤᠯᠵᠤ᠂ ᠠᠭᠤᠯᠭ᠎ᠠ ᠨᠢ ᠦᠨᠡᠨ ᠪᠤᠳᠠᠳᠠᠢ᠂ ᠠᠮᠢᠳᠤᠯᠢᠭ ᠪᠤᠷᠤᠭᠵᠢᠭᠤᠨ ᠪᠦᠭᠡᠳ ᠦᠩᠭᠡ ᠪᠤᠳᠤᠭ ᠨᠢ ᠵᠤᠬᠢᠴᠠᠨᠭᠭᠤᠢ᠂ ᠵᠢᠷᠤᠭ ᠲᠦᠷᠰᠦ ᠨᠢ ᠭᠤᠶᠤ᠂ ᠲᠠᠯ᠎ᠠ ᠨᠤᠳᠤᠭ᠎ᠤᠨ ᠰᠤᠶᠤᠯ᠎ᠤᠨ ᠤᠨᠴᠠᠯᠢᠭ ᠲᠤᠪᠤᠢᠮ᠎ᠠ ᠪᠤᠯᠬᠤᠷ ᠦᠵᠡᠭᠴᠢ ᠣᠯᠠᠨ᠎ᠤ ᠰᠤᠨᠢᠷᠬᠠᠯ ᠲᠠᠭᠠᠰᠢᠶᠠᠯ᠎ᠳᠦ ᠬᠦᠷᠦᠭᠰᠡᠨ ᠪᠠᠢᠨ᠎ᠠ᠃
ᠯᠢ ᠹᠠᠨ ᠢ ᠬᠣᠷᠴᠢᠨᠤ᠋ ᠪᠠᠷ ᠵᠢᠷᠤᠭ᠎ᠤᠨ ᠪᠣᠳᠠᠰ᠎ᠤ᠋ᠨ ᠪᠤᠰᠤ ᠰᠣᠶᠣᠯ᠎ᠤ᠋ᠨ ᠥᠪ᠎ᠦ᠋ᠨ ᠤᠯᠠᠮᠵᠢᠯᠠᠭᠴᠢ ᠪᠤᠯᠤᠭᠰᠠᠨᠦ ᠳᠠᠷᠠᠭ᠎ᠠ ᠨᠡᠩ ᠤᠯᠠᠨ ᠬᠦᠮᠦᠨ᠎ᠳᠦ ᠬᠤᠷᠴᠢᠨᠦ ᠪᠠᠷ ᠵᠢᠷᠤᠭ᠎ᠤᠨ ᠤᠷ᠎ᠠ ᠮᠡᠷᠬᠡᠵᠢᠯ᠎ᠢ ᠤᠢᠯᠠᠭᠠᠭᠤᠯᠵᠦ ᠤᠯᠠᠮᠵᠢᠯᠠᠬᠤ ᠪᠡᠷ ᠵᠢᠳᠭᠦᠨ ᠲᠡᠮᠡᠤᠯᠦᠭᠰᠡᠭᠡᠷ ᠢᠷᠡᠪᠠ᠃ ᠲᠡᠷᠨ 15 ᠪᠣᠳᠠᠰ᠎ᠤᠨ ᠪᠤᠰᠤ ᠰᠣᠶᠣᠯ᠎ᠤᠨ ᠥᠪ᠎ᠤᠨ ᠤᠯᠠᠮᠵᠢᠯᠠᠭᠴᠢ ᠪᠠ 8 ᠲᠤᠰᠬᠠᠶ ᠮᠡᠷᠭᠡᠵᠢᠯ᠎ᠤᠨ ᠭᠤᠤᠯᠯᠠᠭᠴᠢ ᠬᠦᠴᠦᠨ ᠵᠢᠡᠷ ᠪᠦᠷᠢᠯᠳᠦᠭᠰᠡᠨ ᠠᠬᠠᠮᠠᠳ ᠢᠳᠡᠷ ᠵᠠᠯᠠᠭᠤ ᠴᠢᠳᠠᠪᠤᠷᠢᠲᠠᠨ᠎ᠤ ᠡᠩᠨᠡᠭᠡ ᠵᠢ ᠪᠠᠢᠭᠤᠯᠵᠦ᠂《ᠨᠡᠷᠡᠳᠦ ᠪᠠᠭᠰᠢ ᠱᠠᠪᠢ ᠳᠠᠭᠠᠭᠤᠯᠬᠤ》 ᠬᠥᠮᠦᠵᠢᠭᠦᠯᠬᠦ᠌ ᠵᠠᠭᠪᠤᠷ᠎ᠢ ᠬᠡᠷᠡᠭᠵᠢᠭᠦᠯᠵᠦ᠍᠂ ᠲᠤᠭᠳᠠᠮᠠᠯ ᠪᠤᠰᠤ ᠬᠤᠭᠤᠴᠠᠭ᠎ᠠ ᠲᠠᠢ ᠪᠤᠯᠪᠠᠰᠤᠷᠠᠯ ᠦᠷᠨᠢᠬᠦᠯᠦᠨ᠂ ᠦᠨ᠎ᠠ ᠲᠦᠯᠣᠪᠣᠷᠢ ᠦᠬᠡᠢ ᠬᠠᠪᠰᠤᠷᠤᠨ ᠵᠢᠯᠤᠭᠤᠳᠬᠤ ᠪᠤᠶᠤ ᠵᠢᠭᠠᠨ ᠰᠤᠷᠭᠠᠵᠤ᠂ ᠪᠠᠷ ᠵᠢᠷᠤᠭ᠎ᠤᠨ ᠤᠷ᠎ᠠ ᠮᠡᠷᠭᠡᠵᠢᠯ᠎ᠢ ᠤᠯᠠᠮᠵᠢᠯᠠᠵᠤ ᠪᠤᠢ᠃ ᠲᠡᠳᠡᠨ᠎ᠦ ᠤᠢᠭ᠎ᠠ ᠦᠬᠡᠢ ᠴᠢᠷᠮᠠᠢᠯᠭ᠎ᠠ ᠪᠠ ᠨᠠᠷᠢᠨ ᠵᠢᠭᠠᠯᠲᠠ ᠨᠢᠮᠪᠠᠢ ᠵᠢᠯᠤᠭᠤᠳᠤᠭᠠ ᠪᠡᠷ ᠣᠳᠣ ᠮᠠᠰᠢ ᠤᠯᠠᠨ ᠱᠠᠪᠢ ᠨᠢ ᠬᠤᠷᠴᠢᠨᠦ ᠪᠠᠷ ᠵᠢᠷᠤᠭ᠎ᠢ ᠵᠤᠬᠢᠶᠠᠨ ᠪᠦᠳᠦᠬᠡᠬᠦ ᠲᠠᠯ᠎ᠠ ᠪᠡᠷ ᠢᠯᠡᠷᠬᠡᠢ ᠲᠠᠪᠰᠢᠯᠳᠠ ᠲᠠᠢ ᠪᠤᠯᠵᠦ᠂ ᠪᠡᠶ᠎ᠡ ᠪᠠᠨ ᠲᠠᠭᠠᠭᠠᠵᠦ ᠵᠣᠬᠢᠶᠠᠨ ᠪᠦᠲᠦᠭᠡᠬᠦ ᠴᠢᠳᠠᠪᠤᠷᠢ ᠲᠠᠢ 6 ᠪᠠᠷ ᠵᠢᠷᠤᠭ᠎ᠤᠨ ᠮᠠᠰᠲᠸᠷᠢ᠋ ᠬᠦᠮᠦᠵᠢᠭᠦᠯᠵᠡᠢ᠂ ᠡᠭᠦᠨ᠎ᠳᠤ 5 ᠬᠥᠮᠥᠨ᠎ᠨᠢ ᠬᠤᠲᠠ᠎ᠶᠢᠨ ᠳᠡᠰ᠎ᠠᠴᠠ ᠳᠡᠭᠡᠭᠰᠢᠬᠢ ᠤᠷ᠎ᠠ ᠮᠡᠷᠭᠡᠵᠢᠯ᠎ᠤᠨ ᠤᠷᠤᠯᠳᠤᠭᠠᠨ᠎ᠳᠤ ᠤᠷᠤᠯᠴᠠᠭᠠᠳ ᠤᠯᠠᠨᠳᠠ ᠱᠠᠩᠨᠠᠯ ᠬᠦᠬᠢᠬᠦᠯᠦᠯ ᠬᠦᠷᠳᠡᠵᠦ᠂ ᠬᠤᠷᠴᠢᠨᠦ ᠪᠠᠷ ᠵᠢᠷᠤᠭ᠎ᠢ ᠤᠯᠠᠮᠵᠢᠯᠠᠬᠤ ᠱᠢᠨ᠎ᠡ ᠬᠦᠴᠦᠨ ᠪᠤᠯᠪᠠ᠃ ᠯᠢ ᠹᠠᠨ ᠢ ᠪᠠᠰᠠ 《ᠬᠤᠷᠴᠢᠨᠦ ᠪᠠᠷ ᠵᠢᠷᠤᠭ᠎ᠢ ᠰᠤᠷᠭᠠᠭᠤᠯᠢ᠎ᠶᠢᠨ ᠬᠦᠷᠢᠶᠡᠨ᠎ᠳᠤ ᠣᠷᠣᠭᠤᠯᠵᠤ᠂ ᠦᠵᠡᠮᠵᠢ᠎ᠶᠢᠨ ᠣᠷᠣᠨ᠎ᠳᠤ ᠣᠷᠣᠭᠤᠯᠬᠤ》ᠠᠵᠢᠯᠯᠠᠭ᠎ᠠ᠎ᠶᠢ ᠢᠳᠡᠪᠬᠢᠳᠡᠢ ᠦᠷᠨᠢᠬᠦᠯᠵᠦ᠂ ᠨᠢᠬᠡ ᠪᠦᠯᠦᠭ ᠲᠦᠯᠦᠬᠡᠯᠡᠬᠦ ᠴᠢᠨᠠᠷᠳᠠᠢ ᠦᠵᠡᠮᠵᠢ ᠵᠢᠨ ᠤᠷᠤᠨ᠎ᠢ ᠰᠤᠨᠭᠭᠤᠭᠠᠳ᠂ ᠦᠵᠡᠮᠵᠢ ᠵᠢᠨ ᠤᠷᠤᠨ᠎ᠳᠦ ᠲᠤᠰᠬᠠᠢ ᠦᠵᠡᠬᠦᠯᠬᠡ ᠵᠢᠨ ᠲᠤᠭᠤᠷᠢᠭ ᠭᠠᠷᠭᠠᠨ᠂ ᠪᠠᠷ ᠵᠢᠷᠤᠭ᠎ᠤᠨ ᠰᠤᠳᠤᠨ ᠪᠦᠳᠦᠬᠡᠯ᠎ᠢ ᠲᠡᠯᠬᠡᠨ ᠦᠵᠡᠬᠦᠯᠵᠦ᠂ ᠵᠢᠭᠤᠯᠴᠢᠯᠠᠭᠴᠢᠳ᠎ᠲᠤ ᠬᠤᠷᠴᠢᠨᠦ ᠪᠠᠷ ᠵᠢᠷᠤᠭ᠎ᠤᠨ ᠦᠪᠡᠷᠮᠢᠴᠡ ᠤᠷᠠᠯᠢᠭ᠎ᠤᠨ ᠷᠢᠳᠢ ᠰᠢᠳᠢ ᠪᠠ ᠬᠦᠨ ᠵᠤᠵᠠᠭᠠᠨ ᠰᠤᠶᠤᠯ ᠢ᠋ ᠤᠢᠯᠠᠭᠠᠭᠤᠯᠤᠨ᠂ ᠬᠤᠷᠴᠢᠨᠦ ᠪᠠᠷ ᠵᠢᠷᠤᠭ᠎ᠤᠨ ᠨᠡᠷ᠎ᠡ ᠨᠦᠯᠦᠭᠡ ᠵᠢ ᠦᠷᠬᠡᠳᠬᠡᠪᠡ᠃ ᠡᠬᠦᠨ᠎ᠦ ᠬᠠᠮᠳᠦ ᠲᠤᠬᠠᠶ᠎ᠶᠢᠨ ᠭᠠᠵᠠᠷ᠎ᠤᠨ ᠵᠢᠡᠨ ᠰᠤᠷᠭᠠᠭᠤᠯᠢ᠎ᠲᠠᠢ ᠬᠠᠮᠲᠤᠷᠠᠨ ᠠᠵᠢᠯᠯᠠᠵᠤ᠂ ᠪᠠᠷ ᠵᠢᠷᠤᠭ᠎ᠤᠨ ᠲᠤᠰᠬᠠᠢ ᠬᠢᠴᠢᠶᠡᠯ ᠨᠡᠭᠡᠭᠡᠵᠦ᠍᠂ ᠪᠠᠷ ᠵᠢᠷᠤᠭ᠎ᠤᠨ ᠲᠡᠤᠭᠡ᠂ ᠲᠦᠷᠦᠯ ᠵᠦᠢᠯ᠂ ᠪᠠᠭᠠᠵᠢ ᠬᠡᠷᠡᠭᠰᠡᠯ᠎ᠢ ᠬᠡᠷᠡᠭᠯᠡᠬᠦ ᠡᠴᠡ ᠡᠬᠡ ᠵᠢᠷᠤᠭ᠎ᠢ ᠵᠢᠷᠤᠬᠤ᠂ ᠮᠤᠳᠤᠨ ᠬᠠᠪᠳᠠᠰᠤᠨᠳᠡᠭᠡᠷᠡ ᠰᠡᠢᠯᠬᠦ᠂ ᠲᠠᠷᠤᠮᠠᠯᠯᠠᠨ ᠦᠢᠯᠡᠳᠬᠦ ᠵᠡᠷᠬᠡ ᠵᠤᠬᠢᠶᠠᠨ ᠪᠦᠳᠦᠬᠡᠯᠬᠡ ᠵᠢᠨ ᠮᠡᠳᠡᠯᠬᠡ ᠮᠡᠷᠬᠡᠵᠢᠯ᠎ᠢ ᠵᠢᠭᠠᠨ ᠤᠯᠠᠮᠵᠢᠯᠠᠵᠦ᠂ ᠵᠠᠯᠠᠭᠤᠴᠤᠳ ᠪᠠᠭᠠᠴᠤᠳ᠎ᠤᠨ ᠤᠯᠠᠮᠵᠢᠯᠠᠯᠲᠤ᠌ ᠤᠷᠠᠯᠢᠭ᠎ᠤᠨ ᠲᠤᠬᠠᠶ ᠳᠤᠷ᠎ᠠ ᠰᠣᠨᠢᠷᠬᠠᠯ᠎ᠢ ᠬᠦᠭᠵᠢᠬᠡᠵᠦ᠂ ᠰᠢᠨ᠎ᠡ ᠨᠢᠬᠡ ᠦᠶ᠎ᠡ᠎ᠶᠢᠨ ᠤᠯᠠᠮᠵᠢᠯᠠᠭᠴᠢ ᠵᠢ ᠬᠦᠮᠦᠵᠢᠬᠦᠯᠵᠦ ᠪᠤᠢ᠃
ᠦᠷᠭᠡᠨ ᠠᠭᠤᠳᠠᠮ ᠦᠵᠡᠰᠬᠦᠯᠡᠨᠭ᠎ᠳᠦ ᠰᠠᠶ᠋ᠢᠬᠠᠨ ᠬᠣᠷᠴᠢᠨᠦ ᠲᠠᠯ᠎ᠠ ᠨᠤᠲᠤᠭ ᠳᠡᠭᠡᠷ᠎ᠡ ᠯᠢ ᠹᠠᠨ ᠢ ᠰᠢᠭ ᠤᠷᠠᠨ ᠪᠦᠳᠦᠬᠡᠯᠴᠢᠳ᠎ᠤᠨ ᠬᠠᠢᠷ᠎ᠠ ᠬᠠᠷᠢᠭᠤᠴᠠᠯᠭ᠎ᠠ ᠵᠢᠨ ᠬᠦᠴᠦᠨ᠎ᠳᠤ ᠬᠤᠷᠴᠢᠨᠦ ᠪᠠᠷ ᠵᠢᠷᠤᠭ ᠦᠪᠯᠡᠭᠳᠡᠨ ᠤᠯᠠᠮᠵᠢᠯᠠᠭᠳᠠᠭᠰᠠᠭᠠᠷ ᠁