ᠴᠠᠰᠤᠳᠤ ᠡᠪᠦᠯ᠎ᠤᠨ ᠳᠠᠨᠭᠰᠤᠭᠯᠠᠯ ᠮᠦᠰᠦᠳᠦ ᠳᠠᠯ᠎ᠠ ᠵᠢᠨ ᠪᠠᠬᠠᠷᠬᠠᠯ
2026-02-13 10:46:33
ᠵᠣᠬᠢᠶᠠᠭ᠍ᠴᠢ᠄
​ᠠᠯᠢᠶ᠎ᠠ ᠰᠢᠶᠸ ᠰᠢᠨ ᠶᠣᠣ
ᠣᠩᠱᠢᠭ᠍ᠰᠠᠨ ᠣᠳᠠᠭ᠎ᠠ᠄
★★★☆☆

— ᠬᠠᠭᠤᠴᠢᠨ ᠪᠠᠷᠭᠤ ᠬᠣᠰᠢᠭᠤᠨ᠎ᠤ ᠮᠦᠰᠦ ᠴᠠᠰᠤᠨ᠎ᠤ ᠨᠠᠭᠠᠳᠤᠮ᠎ᠤᠨ ᠳᠤᠬᠠᠢ ᠳᠡᠮᠳᠡᠭᠯᠡᠯ


《ᠮᠢᠩᠭᠠᠨ ᠨᠤᠭᠤᠯᠤᠭᠠᠲᠤ ᠤᠭᠠᠯᠵᠠ ᠤᠰᠤᠨ》 ᠬᠡᠮᠡᠨ ᠠᠯᠳᠠᠷᠰᠢᠭ᠍ᠰᠠᠨ ᠮᠡᠷᠭᠡᠯ ᠭᠣᠣᠯ᠎ᠢ ᠳᠤᠷᠠᠳᠬᠤ᠎ᠳᠤ᠂ ᠡᠬᠡ ᠪᠠᠢᠭᠠᠯᠢ᠎ᠶᠢᠨ ᠭᠣᠢᠳᠠ ᠰᠠᠢᠬᠠᠨ᠎ᠢ ᠬᠦᠮᠦᠨ ᠪᠦᠬᠦᠨ ᠪᠠᠬᠠᠷᠬᠠᠨ᠎ᠠ᠃ ᠮᠡᠷᠭᠡᠯ ᠭᠣᠣᠯ᠎ᠤᠨ 5A ᠳᠡᠰ᠎ᠦᠨ ᠦᠵᠡᠮᠵᠢ᠎ᠶᠢᠨ ᠣᠷᠣᠨ ᠨᠢ ᠥᠪᠡᠷᠲᠡᠭᠡᠨ ᠵᠠᠰᠠᠬᠤ ᠣᠷᠣᠨ᠎ᠤ ᠠᠩᠬᠠᠳᠠᠭ᠍ᠴᠢ ᠤᠯᠤᠰ᠎ᠤᠨ 5A ᠲᠠᠰ᠎ᠤᠨ ᠲᠠᠯ᠎ᠠ ᠨᠤᠲᠤᠭ᠎ᠤᠨ ᠭᠣᠣᠯ ᠰᠡᠳᠦᠪᠲᠦ ᠦᠵᠡᠮᠵᠢ᠎ᠶᠢᠨ ᠣᠷᠣᠨ ᠪᠣᠯᠣᠨ᠎ᠠ᠃ ᠬᠠᠭᠤᠴᠢᠨ ᠪᠠᠷᠭᠤ ᠬᠣᠰᠢᠭᠤ ᠡᠭᠦᠨ᠎ᠢᠶᠡᠷ ᠭᠣᠣᠯ ᠬᠥᠳᠡᠯᠭᠡᠭᠦᠷ ᠪᠣᠯᠭᠠᠵᠤ᠂ ᠵᠢᠭᠤᠯᠴᠢᠯᠡᠯ᠎ᠤᠨ ᠪᠠᠢᠷᠢᠰᠢᠭᠤᠯᠤᠯᠲᠠ᠎ᠶᠢ ᠵᠣᠬᠢᠰᠲᠠᠢ ᠲᠥᠯᠥᠪᠵᠢᠭᠦᠯᠵᠦ᠂ 《ᠪᠦᠬᠦ ᠣᠷᠣᠨ ᠪᠦᠰᠡ᠎ᠶᠢᠨ ᠵᠢᠭᠤᠯᠴᠢᠯᠡᠯ》᠂ 《ᠳᠦᠷᠪᠡᠨ ᠤᠯᠠᠷᠢᠯ᠎ᠤᠨ ᠵᠢᠭᠤᠯᠴᠢᠯᠡᠯ》᠎ᠢ᠋ ᠯᠠᠪᠳᠠᠭᠤᠨ ᠪᠠᠲᠤᠲᠠᠢ ᠠᠬᠢᠭᠤᠯᠵᠤ᠂ 《ᠨᠠᠭᠠᠳᠤᠮ᠎ᠤᠨ ᠬᠣᠲᠠ》᠂ ᠨᠡᠭᠦᠳᠡᠯ᠂ ᠮᠣᠷᠢ ᠤᠨᠤᠬᠤ ᠵᠡᠷᠭᠡ ᠣᠨᠴᠠᠯᠢᠭ᠍ᠲᠤ ᠰᠣᠶᠣᠯ ᠵᠢᠭᠤᠯᠴᠢᠯᠡᠯ᠎ᠤᠨ ᠳᠦᠷᠦᠯ ᠵᠦᠢᠯ᠎ᠢ ᠰᠢᠨ᠎ᠡ᠎ᠪᠡᠷ ᠡᠭᠦᠳᠦᠨ ᠭᠠᠷᠭᠠᠪᠠ᠃ ᠭᠡᠷ ᠪᠦᠯᠢ᠎ᠶᠢᠨ ᠮᠠᠯᠴᠢᠨ ᠡᠷᠦᠬᠡ᠎ᠶᠢᠨ ᠵᠢᠭᠤᠯᠴᠢᠯᠡᠯ᠎ᠢ ᠢᠳᠡᠪᠬᠢᠲᠡᠢ ᠬᠥᠭᠵᠢᠭᠦᠯᠵᠦ᠂ 《ᠡᠳᠦᠷ ᠪᠦᠷᠢ ᠵᠢᠨ ᠮᠥᠰᠥ ᠴᠠᠰᠤᠨ᠎ᠤ ᠨᠠᠭᠠᠳᠤᠮ》 ᠵᠡᠷᠭᠡ ᠨᠠᠷᠠᠲᠤ ᠲᠡᠮᠳᠡᠭᠳᠤ ᠵᠢᠨ ᠠᠵᠢᠯᠯᠠᠭ᠎ᠠ ᠨᠢ ᠵᠢᠭᠤᠯᠴᠢᠯᠠᠭᠴᠢ᠎ᠶᠢᠨ ᠲᠠᠭᠠᠰᠢᠶᠠᠯ᠎ᠢ ᠣᠯᠵᠤ᠂ ᠡᠪᠦᠯ᠎ᠦᠨ ᠤᠯᠠᠷᠢᠯ᠎ᠤᠨ ᠵᠢᠭᠤᠯᠴᠢᠯᠡᠯ᠎ᠤᠨ ᠬᠥᠭᠵᠢᠯᠲᠡ᠎ᠶᠢᠨ ᠪᠠᠢᠳᠠᠯ ᠰᠢᠨ᠎ᠡ ᠰᠢᠪᠲᠤᠯᠤᠯᠲᠠ᠎ᠶᠢ ᠪᠡᠶᠡᠯᠡᠭᠦᠯᠪᠡ᠃


fa21794e-fca5-4ee9-a3a5-5d1dd43d2d6a.png


ᠬᠠᠭᠤᠴᠢᠨ ᠪᠠᠷᠭᠤ ᠬᠣᠰᠢᠭᠤᠨ᠎ᠤ ᠰᠣᠶᠣᠯ ᠵᠢᠭᠤᠯᠴᠢᠯᠡᠯ᠎ᠤᠨ ᠠᠭᠤᠰᠤᠯᠴᠠᠯ᠂ ᠠᠵᠤ ᠦᠢᠯᠡᠰᠵᠢᠯᠲᠡ᠎ᠶᠢᠨ ᠬᠥᠭᠵᠢᠯᠲᠡ᠎ᠶᠢᠨ ᠠᠯᠬᠤᠭ᠎ᠠ᠎ᠶᠢᠨ ᠲᠠᠰᠤᠷᠠᠯᠲᠠ ᠦᠭᠡᠢ ᠲᠦᠷᠭᠡᠳᠬᠦ᠎ᠶᠢ ᠳᠠᠭᠠᠯᠳᠤᠨ᠂ ᠡᠵᠡᠩᠨᠡᠯᠲᠡ᠎ᠶᠢᠨ ᠬᠡᠯᠪᠡᠷᠢ ᠪᠠᠢᠳᠠᠯ᠎ᠤᠨ ᠬᠠᠩᠭᠠᠯᠭ᠎ᠠ ᠪᠣᠯᠣᠨ ᠦᠢᠯᠡᠴᠢᠯᠡᠭᠡᠨ᠎ᠦ  ᠪᠠᠲᠤᠯᠠᠭ᠎ᠠ ᠶ᠋ᠢᠨ ᠴᠢᠳᠠᠪᠤᠷᠢ ᠮᠡᠳᠡᠭᠳᠡᠮ᠎ᠡ ᠴᠢᠩᠭᠠᠷᠠᠵᠤ᠂ ᠬᠠᠭᠤᠴᠢᠨ ᠪᠠᠷᠭᠤ ᠬᠣᠰᠢᠭᠤ ᠨᠢᠭᠡᠨᠲᠡ ᠵᠢᠭᠤᠯᠴᠢᠯᠡᠯ᠎ᠤᠨ ᠦᠵᠡᠮᠵᠢᠲᠦ ᠣᠷᠣᠨ ᠪᠣᠯᠵᠤ᠂ ᠵᠢᠭᠤᠯᠴᠢᠯᠡᠯ᠎ᠤᠨ ᠣᠷᠣᠯᠭ᠎ᠠ ᠤᠯᠠᠮ᠎ᠢᠶᠠᠷ ᠨᠡᠮᠡᠭᠳᠡᠵᠡᠢ᠃ 2025 ᠣᠨ ᠬᠡᠬᠦ᠎ᠳᠤ᠂ ᠮᠡᠷᠭᠡᠯ ᠭᠣᠣᠯ᠎ᠤᠨ 5A ᠳᠡᠰ᠎ᠦᠨ ᠦᠵᠡᠮᠵᠢ᠎ᠶᠢᠨ ᠣᠷᠣᠨ᠎ᠤ ᠺᠣᠮᠫᠠᠨᠢ᠎ᠶᠢᠨ ᠪᠦᠬᠦ ᠵᠢᠯ᠎ᠦᠨ ᠡᠵᠡᠩᠨᠡᠯᠲᠡ᠎ᠶᠢᠨ ᠴᠢᠨᠠᠷᠲᠠᠢ ᠣᠷᠣᠯᠭ᠎ᠠ 3000 ᠲᠦᠮᠡᠨ ᠲᠥᠭᠥᠷᠢᠭ᠎ᠢ ᠳᠠᠪᠠᠵᠤ᠂ ᠰᠣᠶᠣᠯ ᠵᠢᠭᠤᠯᠴᠢᠯᠡᠯ᠎ᠤᠨ ᠠᠵᠤ ᠦᠢᠯᠡᠰ ᠨᠢ ᠲᠤᠰ ᠬᠣᠰᠢᠭᠤᠨ᠎ᠤ ᠠᠵᠤ ᠠᠬᠤᠢ᠎ᠶᠢᠨ ᠴᠢᠨᠠᠷ ᠰᠠᠢᠲᠠᠢ ᠬᠥᠭᠵᠢᠯᠲᠡ᠎ᠶᠢᠨ ᠰᠢᠨ᠎ᠡ ᠬᠥᠳᠡᠯᠭᠡᠭᠦᠷ ᠪᠣᠯᠤᠭᠰᠠᠨ ᠪᠠᠢᠨ᠎ᠠ᠃ 2025 ︱ 2026 ᠣᠨ᠎ᠤ ᠡᠪᠦᠯ᠎ᠦᠨ ᠤᠯᠠᠷᠢᠯ᠎ᠳᠤ᠂ ᠬᠠᠭᠤᠴᠢᠨ ᠪᠠᠷᠭᠤ ᠬᠣᠰᠢᠭᠤ 《ᠡᠳᠦᠷ ᠪᠦᠷᠢ ᠵᠢᠨ ᠮᠥᠰᠥ ᠴᠠᠰᠤᠨ᠎ᠤ ᠨᠠᠭᠠᠳᠤᠮ》 ᠢ᠋ᠢᠨᠷ ᠵᠢᠭᠤᠯᠴᠢᠯᠡᠯ᠎ᠤᠨ ᠨᠡᠷᠡᠲᠦ ᠲᠡᠮᠳᠡᠭᠳᠤ ᠵᠢ ᠡᠭᠦᠳᠬᠦ᠎ᠪᠡᠷ ᠬᠠᠷᠠᠯᠲᠠ ᠪᠣᠯᠭᠠᠵᠤ᠂ 《ᠰᠣᠶᠣᠯ ᠵᠢᠭᠤᠯᠴᠢᠯᠡᠯ +》 ᠤᠯᠠᠨ ᠡᠰᠢᠲᠦ ᠠᠭᠤᠰᠤᠯᠴᠠᠯ᠎ᠢ ᠭᠦᠨᠵᠡᠭᠡᠢ ᠠᠬᠢᠭᠤᠯᠵᠤ᠂ ᠦᠪᠡᠷᠮᠢᠴᠡ ᠰᠣᠶᠣᠯ᠎ᠤᠨ ᠣᠨᠴᠠᠯᠢᠭ᠋᠎ᠢᠶᠠᠷ ᠡᠪᠦᠯ᠎ᠦᠨ ᠤᠯᠠᠷᠢᠯ᠎ᠤᠨ ᠰᠣᠶᠣᠯ᠎ᠵᠢᠭᠤᠯᠴᠢᠯᠡᠯ᠎ᠤᠨ ᠴᠢᠨᠠᠷ ᠰᠠᠢᠲᠠᠢ ᠬᠥᠭᠵᠢᠯᠲᠡ᠎ᠶᠢᠨ ᠰᠢᠨ᠎ᠡ ᠵᠠᠮ᠎ᠢ ᠬᠠᠢᠨ ᠰᠦᠪᠡᠭᠴᠢᠯᠡᠨ᠂ ᠠᠮᠵᠢᠯᠲᠠ᠎ᠲᠠᠢ᠎ᠪᠠᠷ ᠬᠠᠭᠤᠴᠢᠨ ᠪᠠᠷᠭᠤ ᠬᠣᠰᠢᠭᠤ᠎ᠶᠢᠨ ᠰᠣᠶᠣᠯ᠎ᠢᠶᠠᠷ ᠵᠢᠭᠤᠯᠴᠢᠯᠡᠯ᠎ᠤᠨ ᠦᠢᠯᠡᠰ᠎ᠢ ᠬᠥᠭᠵᠢᠭᠦᠯᠬᠦ ᠰᠢᠨ᠎ᠡ ᠬᠠᠭᠤᠳᠠᠰᠤ᠎ᠶᠢ ᠪᠢᠴᠢᠭᠯᠡᠭᠰᠡᠨ ᠪᠠᠢᠨ᠎ᠠ᠃

ᠬᠠᠭᠤᠴᠢᠨ ᠪᠠᠷᠭᠤ ᠬᠣᠰᠢᠭᠤᠨ᠎ᠤ 《2025 ︱2026 ᠤᠨ᠎ᠤ 〈ᠡᠳᠦᠷ ᠪᠦᠷᠢ ᠵᠢᠨ ᠮᠥᠰᠥ ᠴᠠᠰᠤᠨ᠎ᠤ ᠨᠠᠭᠠᠳᠤᠮ〉》 80 ᠡᠳᠦᠷ ᠦᠷᠭᠦᠯᠵᠢᠯᠡᠵᠦ᠂ ᠡᠪᠦᠯ᠎ᠦᠨ ᠤᠯᠠᠷᠢᠯ᠎ᠤᠨ ᠵᠢᠭᠤᠯᠴᠢᠯᠡᠯ᠎ᠤᠨ ᠬᠥᠭᠵᠢᠶᠡᠨᠲᠦ ᠪᠠᠢᠳᠠᠯ᠎ᠢ ᠪᠠᠲᠤᠯᠠᠪᠠ᠃ ᠲᠤᠰ ᠠᠵᠢᠯᠯᠠᠭ᠎ᠠ ᠨᠢ ᠤᠯᠤᠰ᠎ᠤᠨ 5A ᠳᠡᠰ᠎ᠤᠨ ᠵᠢᠭᠤᠯᠴᠢᠯᠡᠯ᠎ᠤᠨ ᠦᠵᠡᠮᠵᠢ᠎ᠶᠢᠨ ᠣᠷᠣᠨ ︱ ᠬᠥᠯᠥᠨ ᠪᠤᠢ᠍ᠢᠷ᠎ᠤᠨ ᠲᠠᠯ᠎ᠠ ᠨᠤᠲᠤᠭ·ᠮᠡᠷᠭᠡᠯ ᠭᠣᠣᠯ᠎ᠤᠨ ᠦᠵᠡᠮᠵᠢ᠎ᠶᠢᠨ ᠣᠷᠣᠨ᠎ᠳᠦ ᠲᠣᠭᠲᠠᠮᠠᠯ ᠲᠠᠪᠴᠠᠩ ᠭᠠᠷᠭᠠᠵᠤ᠂ ᠡᠪᠦᠯ᠎ᠦᠨ ᠤᠯᠠᠷᠢᠯ᠎ᠤᠨ ᠰᠣᠳᠣᠨ ᠰᠠᠢᠬᠠᠨ ᠰᠣᠶᠣᠯ᠎ᠤᠨ ᠦᠵᠡᠭᠦᠯᠭᠡ᠎ᠶᠢ ᠪᠠᠢᠩᠭᠤᠵᠢᠭᠤᠯᠵᠠᠢ᠃ ᠳᠥᠷᠪᠡᠨ ᠵᠦᠭ ᠨᠠᠢ᠍ᠮᠠᠨ ᠵᠣᠪᠬᠢᠰ᠎ᠤᠨ ᠵᠢᠭᠤᠯᠴᠢᠯᠠᠭᠰᠠᠳ 《ᠡᠳᠦᠷ ᠪᠦᠷᠢ ᠵᠢᠨ ᠮᠥᠰᠥ ᠴᠠᠰᠤᠨ᠎ᠤ ᠨᠠᠭᠠᠳᠤᠮ》᠎ᠳ᠋ᠤ᠌ ᠤᠭᠠᠯᠵᠠᠨ ᠮᠡᠷᠭᠡᠯ᠎ᠤᠨ ᠳᠡᠨᠵᠢᠨ᠎ᠳᠦ 《ᠡᠷ᠎ᠡ᠎ᠶᠢᠨ ᠭᠤᠷᠪᠠᠨ ᠨᠠᠭᠠᠳᠤᠮ》᠎ᠢ᠋ ᠰᠣᠨᠢᠷᠬᠠᠬᠤ᠂ ᠤᠷᠠᠨ ᠰᠠᠢᠬᠠᠨ᠎ᠤ ᠲᠤᠭᠯᠠᠯᠳᠠ ᠦᠵᠡᠬᠦ᠂ ᠪᠣᠳᠠᠰ᠎ᠤᠨ ᠪᠤᠰᠤ ᠰᠣᠶᠣᠯ᠎ᠤᠨ ᠥᠪ᠎ᠢ ᠪᠡᠶᠡᠴᠢᠯᠡᠨ ᠣᠢᠯᠠᠭᠠᠠᠠᠤ᠂ ᠠᠮᠲᠠᠳᠤ ᠢᠳᠡᠭᠡᠨ ᠠᠮᠲᠠᠯᠠᠬᠤ ᠵᠡᠷᠭᠡ ᠰᠣᠶᠣᠯ ᠵᠢᠭᠤᠯᠴᠢᠯᠡᠯ᠎ᠤᠨ ᠪᠠᠶᠠᠯᠢᠭ᠋ ᠰᠠᠢᠬᠠᠨ ᠠᠵᠢᠯᠯᠠᠭ᠎ᠠ ᠳ᠋ᠤ᠌ ᠣᠷᠣᠯᠴᠠᠨ᠂ ᠰᠡᠳᠬᠢᠯ ᠰᠠᠨᠠᠭ᠎ᠠ ᠪᠠᠨ ᠰᠡᠷᠭᠦᠭᠡᠳᠡᠭ᠃ ᠮᠦᠰᠥ ᠴᠠᠰᠤᠨ᠎ᠤ ᠵᠢᠭᠤᠯᠴᠢᠯᠡᠯ᠎ᠤᠨ ᠬᠦᠷᠢᠶ᠎ᠡ ᠬᠡᠪᠴᠢᠶ᠎ᠡ᠎ᠶᠢ ᠳᠠᠰᠤᠷᠠᠯᠳᠠ ᠦᠭᠡᠢ ᠥᠷᠭᠡᠳᠬᠡᠵᠦ᠂ ᠡᠯᠪᠡᠭ ᠪᠠᠶᠠᠯᠢᠭ᠋ 《ᠮᠥᠰᠥ ᠴᠠᠰᠤ +》 ᠣᠯᠠᠨ ᠡᠰᠢᠲᠦ ᠡᠵᠡᠩᠨᠡᠯᠲᠡ ᠵᠢᠨ ᠭᠡᠯᠪᠡᠷᠢ ᠵᠢᠨ ᠭᠦᠨᠵᠡᠭᠡᠢ ᠠᠭᠤᠰᠤᠯᠴᠠᠯ ᠢ᠋ ᠠᠬᠢᠭᠤᠯᠬᠤ ᠵᠢᠨ ᠳᠤᠰᠠᠳᠠ ᠮᠥᠰᠥ ᠴᠠᠰᠤᠨ ᠤ᠋ ᠬᠡᠷᠡᠭᠯᠡᠭᠡᠨ ᠤ᠋ ᠠᠮᠢ ᠠᠬᠤᠢ ᠶ᠋ᠢ ᠪᠦᠷᠢᠯᠳᠦᠭᠦᠯᠵᠡᠢ᠃


6c7b3b95-8c84-4d86-a851-dba34d638963.png


《ᠮᠥᠰᠥ ᠴᠠᠰᠤ + ᠬᠡᠭᠡᠷᠡᠯᠡᠨ ᠠᠶᠠᠯᠠᠬᠤ》᠄ ᠥᠪᠡᠷᠲᠡᠭᠡᠨ ᠲᠡᠷᠭᠡ ᠵᠢᠯᠣᠭᠣᠳᠴᠤ᠂ ᠬᠡᠭᠡᠷᠡᠯᠡᠨ ᠠᠶᠠᠯᠠᠬᠤ᠎ᠳᠤ ᠪᠠᠬᠠᠲᠠᠢ ᠬᠥᠮᠥᠰ᠎ᠲᠦ ᠵᠣᠷᠢᠭᠤᠯᠵᠤ᠂ 108 ᠺᠢᠯᠣᠮᠧᠲᠷ᠎ᠤᠨ ᠬᠡᠭᠡᠷᠡᠯᠡᠨ ᠠᠶᠠᠯᠠᠬᠤ᠎ᠵᠠᠮ ᠱᠤᠭᠤᠮ᠎ᠢ ᠭᠠᠷᠭᠠᠵᠠᠢ᠃ ᠲᠤᠰ ᠵᠠᠮ ᠱᠤᠭᠤᠮ ᠨᠢ ᠴᠠᠰᠤᠲᠤ ᠲᠠᠯ᠎ᠠ᠂ ᠣᠢᠲᠣ᠌ ᠰᠢᠭᠤᠢ᠎ᠶᠢ ᠳᠠᠪᠠᠵᠤ᠂ ᠮᠥᠩᠭᠥᠨ ᠴᠠᠭᠠᠨ ᠮᠡᠷᠭᠡᠯ ᠭᠣᠣᠯ᠂ ᠤᠯᠠᠭᠠᠨ ᠲᠣᠯᠣᠭᠠᠢᠲᠤ ᠬᠣᠨᠢ ᠲᠡᠵᠢᠭᠡᠨ ᠦᠷᠡᠵᠢᠭᠦᠯᠬᠦ ᠰᠠᠭᠤᠷᠢᠨ᠎ᠢ ᠬᠣᠯᠪᠣᠭᠰᠠᠨ ᠪᠠᠢᠳᠠᠭ᠃ ᠵᠢᠭᠤᠯᠴᠢᠯᠠᠭᠰᠠᠳ ᠵᠠᠮ ᠱᠤᠭᠤᠮ ᠳᠠᠭᠠᠤ᠎ᠶᠢᠨ ᠥᠩᠭᠡ ᠦᠵᠡᠮᠵᠢ᠎ᠶᠢ ᠰᠣᠨᠢᠷᠬᠠᠬᠤ᠎ᠶᠢᠨ ᠳᠠᠭᠠᠤ ᠲᠤᠬᠠᠢ᠎ᠶᠢᠨ ᠭᠠᠵᠠᠷ᠎ᠤᠨ ᠰᠣᠶᠣᠯ ᠢᠷᠭᠡᠨᠰᠢᠯ ᠵᠠᠩ ᠵᠠᠩᠰᠢᠯ᠎ᠢ ᠣᠢᠯᠠᠭᠠᠵᠤ ᠴᠢᠳᠠᠬᠤ ᠶᠤᠮ᠃ ᠬᠠᠭᠤᠴᠢᠨ ᠪᠠᠷᠭᠤ ᠬᠣᠰᠢᠭᠤ ᠲᠤᠰ ᠬᠡᠯᠪᠡᠷᠢ᠎ᠶᠢᠨ ᠭᠣᠣᠯ ᠰᠡᠳᠦᠪᠲᠦ ᠠᠵᠢᠯᠯᠠᠭ᠎ᠠ᠎ᠶᠢ ᠣᠯᠠᠨ ᠲᠠᠯᠠᠪᠤᠷ ᠥᠷᠨᠢᠭᠦᠯᠵᠦ᠂ ᠠᠳᠠᠯᠢ ᠪᠤᠰᠤ ᠵᠢᠭᠤᠯᠴᠢᠯᠠᠭᠰᠠᠳ᠎ᠤᠨ ᠬᠡᠷᠡᠭᠴᠡᠭᠡ ᠱᠠᠭᠠᠷᠳᠠᠯᠭ᠎ᠠ᠎ᠶᠢ ᠬᠠᠩᠭᠠᠪᠠ᠃

《ᠮᠥᠰᠥ ᠴᠠᠰᠤ + ᠠᠷᠠᠳ᠎ᠤᠨ ᠠᠮᠢᠳᠤᠷᠠᠯ》᠄ ᠵᠢᠭᠤᠯᠴᠢᠯᠠᠭᠰᠠᠳ᠎ᠲᠤ ᠲᠠᠯ᠎ᠠ ᠨᠤᠲᠤᠭ᠎ᠤᠨ ᠰᠣᠶᠣᠯ᠎ᠢ ᠭᠦᠨᠵᠡᠭᠡᠢ ᠮᠡᠳᠡᠷᠡᠭᠦᠯᠬᠦ᠎ᠶᠢᠨ ᠲᠥᠯᠥᠭᠡ᠂《ᠮᠢᠨᠦ ᠮᠣᠩᠭᠣᠯ ᠭᠡᠷ》ᠬᠥᠳᠡᠯᠭᠡᠭᠡᠨ᠎ᠢ ᠥᠷᠨᠢᠭᠦᠯᠵᠡᠢ᠃ ᠲᠤᠰ ᠬᠥᠳᠡᠯᠭᠡᠭᠡᠨ᠎ᠢᠶᠡᠷ ᠳᠠᠮᠵᠢᠨ ᠵᠢᠭᠤᠯᠴᠢᠯᠠᠭᠰᠠᠳ ᠮᠠᠯᠵᠢᠬᠤ ᠡᠷᠦᠬᠡ᠎ᠳᠦ ᠬᠦᠷᠴᠦ᠂ ᠮᠠᠯᠴᠢᠳ᠎ᠤᠨ ᠡᠳᠦᠷ ᠲᠤᠲᠤᠮ᠎ᠤᠨ ᠠᠮᠢᠳᠤᠷᠠᠯ᠎ᠢ ᠪᠡᠶᠡᠴᠢᠯᠡᠨ ᠣᠢᠯᠠᠭᠠᠵᠤ ᠪᠣᠯᠣᠨ᠎ᠠ᠃ ᠪᠠᠰᠠ 《ᠤᠯᠠᠭᠠᠨ ᠲᠣᠯᠣᠭᠠᠢᠲᠤ ᠬᠣᠨᠢ ᠪᠠᠷᠢᠬᠤ 》ᠬᠥᠳᠡᠯᠭᠡᠭᠡᠨ ᠦᠷᠨᠢᠭᠦᠯᠵᠦ᠂  ᠪᠥᠬᠥ ᠤᠯᠤᠰ᠎ᠤᠨ ᠨᠠᠷᠠᠲᠤ ᠣᠨᠴᠠ ᠰᠢᠯᠢᠳᠡᠭ ᠰᠢᠨ᠎ᠡ ᠮᠠᠯ᠎ᠤᠨ ᠠᠰᠢᠭ ᠰᠢᠮ᠎ᠠ ᠲᠠᠷᠢᠶᠠᠯᠠᠩ᠎ᠤᠨ ᠪᠦᠲᠦᠭᠡᠭᠳᠡᠬᠦᠨ᠎ᠦ ᠴᠣᠯᠠ᠎ᠲᠠᠢ 《ᠤᠯᠠᠭᠠᠨ ᠲᠣᠯᠣᠭᠠᠢᠲᠤ ᠬᠣᠨᠢ 》 ᠶ᠋ᠢ ᠵᠢᠭᠤᠯᠴᠢᠯᠡᠯ ᠲᠡᠶ ᠣᠷᠭᠠᠨᠢᠭ᠋᠎ᠢᠶᠠᠷ ᠤᠶᠠᠯᠳᠤᠭᠤᠯᠵᠤ᠂ 《ᠮᠠᠯ ᠠᠵᠤ ᠠᠬᠤᠢ ᠪᠣᠯᠣᠨ ᠰᠣᠶᠣᠯ ᠵᠢᠭᠤᠯᠴᠢᠯᠡᠯ 》 ᠎ᠢ᠋ ᠠᠭᠤᠰᠤᠯᠴᠠᠭᠤᠯᠪᠠ᠃

《ᠮᠥᠰᠥ ᠴᠠᠰᠤ + ᠲᠠᠮᠢᠷ᠎ᠤᠨ ᠬᠥᠳᠡᠯᠭᠡᠭᠡᠨ》᠄ ᠤᠯᠠᠮᠵᠢᠯᠠᠯᠲᠤ ᠲᠠᠮᠢᠷ᠎ᠤᠨ ᠬᠥᠳᠡᠯᠭᠡᠭᠡᠨ᠎ᠦ ᠲᠦᠷᠦᠯ ᠵᠦᠢᠯ᠎ᠡᠴᠡ ᠭᠠᠳᠠᠨ᠎ᠠ᠂ ᠴᠠᠰᠤᠨ ᠳᠡᠭᠡᠷᠡᠬᠢ ᠬᠥᠯ ᠪᠥᠮᠪᠥᠭᠡ᠂ ᠥᠪᠡᠷ᠎ᠢᠶᠡᠨ ᠬᠢᠭᠰᠡᠨ ᠮᠥᠰᠥᠨ ᠳᠡᠪᠦᠷ᠎ᠡ᠂ ᠴᠠᠰᠤᠨ ᠳᠡᠭᠡᠷᠡᠬᠢ ᠮᠣᠲ᠋ᠣᠷ ᠲᠡᠷᠭᠡ᠂ ᠲᠡᠮᠡᠭᠡᠨ ᠴᠢᠷᠭ᠎ᠠ ᠵᠡᠷᠭᠡ ᠲᠦᠷᠦᠯ ᠵᠦᠢᠯ ᠨᠢ ᠵᠢᠭᠤᠯᠴᠢᠯᠠᠭᠰᠠᠳ᠎ᠤᠨ ᠰᠣᠨᠢᠷᠬᠠᠯ᠎ᠢ ᠶᠡᠬᠡᠳᠡ ᠲᠠᠲᠠᠪᠠ᠃ ᠵᠢᠭᠤᠯᠴᠢᠯᠠᠭᠰᠠᠳ ᠮᠡᠷᠭᠡᠯ᠎ᠦᠨ ᠡᠪᠦᠯ᠎ᠦᠨ ᠦᠵᠡᠮᠵᠢ᠎ᠶᠢ ᠰᠣᠨᠢᠷᠬᠠᠨ ᠬᠠᠷᠠᠭ᠎ᠠ᠎ᠪᠠᠨ ᠪᠠᠶᠠᠰᠬᠠᠵᠤ᠂ ᠪᠠᠰᠠ ᠲᠠᠯ᠎ᠠ ᠨᠤᠲᠤᠭ᠎ᠤᠨ《ᠺᠣᠹᠸ᠎ᠵᠢᠨ ᠥᠷᠥᠭᠡ》᠂ 《ᠴᠠᠢ᠎ᠶᠢᠨ ᠥᠷᠥᠭᠡ》᠎ᠳᠦ ᠣᠷᠣᠵᠤ ᠬᠠᠯᠠᠭᠤᠨ ᠤᠮᠳᠠᠭᠠᠨ ᠤᠤᠭᠤᠵᠤ᠂ ᠪᠡᠶ᠎ᠡ ᠰᠡᠳᠬᠢᠯ᠎ᠢᠶᠡᠨ ᠳᠤᠯᠠᠭᠠᠴᠠᠭᠤᠯᠤᠨ᠂ ᠲᠠᠯ᠎ᠠ ᠨᠤᠲᠤᠭ᠎ᠤᠨ ᠠᠶᠠᠯᠠᠯ ᠵᠢᠭᠤᠯᠴᠢᠯᠡᠯ᠎ᠤᠨ ᠬᠠᠪᠤ ᠴᠡᠩᠭᠡᠯ᠎ᠢ ᠡᠳ᠋ᠯᠡᠵᠦ ᠪᠣᠯᠣᠨ᠎ᠠ᠃


b6a2924b-2591-492c-891f-839376c93299.png


《ᠮᠥᠰᠥ ᠴᠠᠰᠤ + ᠣᠨᠴᠠᠯᠢᠭ᠍ᠲᠤ ᠬᠡᠷᠡᠭᠯᠡᠭᠡ》᠄ 《ᠲᠠᠯ᠎ᠠ ᠨᠤᠲᠤᠭ᠎ᠤᠨ ᠣᠨᠴᠠ ᠭᠠᠷᠤᠯᠲᠠ᠎ᠶᠢᠨ ᠵᠠᠬ᠎ᠠ》᠂ 《ᠬᠥᠳᠡᠭᠡ ᠨᠤᠲᠤᠭ᠎ᠤᠨ ᠵᠢᠵᠢᠭ ᠳᠡᠯᠭᠡᠭᠦᠷ》ᠵᠡᠷᠭᠡ ᠲᠠᠪᠴᠠᠩ᠎ᠢᠶᠠᠷ ᠳᠠᠮᠵᠢᠭᠤᠯᠤᠨ ᠠᠮᠲᠠᠲᠤ ᠢᠳᠡᠭᠡᠨ᠂ ᠨᠠᠷᠢᠯᠢᠭ᠋ ᠰᠠᠢᠬᠠᠨ ᠭᠠᠷ ᠤᠷᠠᠯᠠᠯ᠎ᠤᠨ ᠪᠦᠲᠦᠭᠡᠭᠳᠡᠬᠦᠨ ᠵᠡᠷᠭᠡ ᠬᠠᠭᠤᠴᠢᠨ ᠪᠠᠷᠭᠤ ᠬᠣᠰᠢᠭᠤ᠎ᠶᠢᠨ ᠴᠢᠨᠠᠷ ᠰᠠᠢᠲᠠᠢ ᠮᠠᠯ᠎ᠤᠨ ᠠᠰᠢᠭ᠋ ᠰᠢᠮ᠎ᠡ ᠲᠠᠷᠢᠶᠠᠯᠠᠩ᠎ᠤᠨ ᠪᠦᠲᠦᠭᠡᠭᠳᠡᠬᠦᠨ ᠪᠠ ᠰᠣᠶᠣᠯ᠎ᠤᠨ ᠪᠦᠲᠦᠭᠡᠭᠳᠡᠬᠦᠨ᠎ᠢ ᠬᠣᠯᠠ ᠣᠢᠷ᠎ᠠ᠎ᠶᠢᠨ ᠵᠢᠭᠤᠯᠴᠢᠯᠠᠭᠰᠠᠳ᠎ᠲᠤ ᠤᠬᠠᠭᠤᠯᠤᠨ ᠲᠠᠨᠢᠯᠴᠠᠭᠤᠯᠵᠤ ᠪᠣᠷᠣᠯᠠᠭᠤᠯᠤᠨ ᠬᠤᠳᠠᠯᠳᠤᠪᠠ᠃ 《ᠮᠥᠰᠥ ᠴᠠᠰᠤᠨ᠎ᠤ ᠡᠬᠢ ᠪᠠᠶᠠᠯᠢᠭ᠋》 ᠢ᠋ 《ᠲᠠᠯ᠎ᠠ ᠨᠤᠲᠤᠭ᠎ᠤᠨ ᠣᠨᠴᠠ ᠭᠠᠷᠤᠯᠲᠠ》 ᠲᠠᠢ ᠬᠣᠯᠪᠣᠯᠴᠠᠭᠤᠯᠤᠨ᠂ ᠰᠣᠶᠣᠯ ᠵᠢᠭᠤᠯᠴᠢᠯᠡᠯ᠎ᠤᠨ ᠬᠡᠷᠡᠭᠯᠡᠭᠡᠨ᠎ᠦ ᠠᠵᠤ ᠠᠬᠤᠢ ᠶ᠋ᠢᠨ ᠬᠠᠯᠠᠭᠤᠨ ᠦᠷᠨᠢᠯ ᠢ᠋ ᠪᠦᠲᠦᠮᠵᠢᠲᠡᠶ᠎ᠪᠡᠷ ᠪᠠᠳᠠᠷᠠᠭᠤᠯᠤᠭᠰᠠᠨ ᠪᠠᠢᠨ᠎ᠠ᠃

ᠥᠨᠢ ᠤᠳᠠᠭᠠᠨ ᠲᠡᠦᠬᠡ ᠵᠢᠨ ᠶᠠᠪᠤᠴᠠ᠎ᠳᠤ ᠬᠠᠭᠤᠴᠢᠨ ᠪᠠᠷᠭᠤ ᠬᠣᠰᠢᠭᠤ ᠵᠢᠨ ᠦᠨᠳᠦᠰᠦᠲᠡᠨ ᠨᠦ᠍ᠭᠦᠳ᠎ᠤᠨ ᠠᠷᠠᠳ ᠲᠦᠮᠡᠨ ᠭᠦᠨ ᠵᠤᠵᠠᠭᠠᠨ ᠦᠨᠳᠦᠰᠦᠲᠡᠨ᠎ᠤ ᠰᠣᠶᠣᠯ᠎ᠢ ᠡᠭᠦᠳᠦᠨ ᠪᠦᠲᠦᠭᠡᠵᠦ᠂ ᠪᠠᠢᠭᠠᠯᠢ ᠠᠬᠤᠢ ᠪᠡᠨ ᠬᠠᠢᠷᠠᠯᠠᠨ ᠳᠡᠭᠡᠳᠦᠯᠡᠵᠦ᠂ ᠬᠢᠯᠢ ᠬᠢᠵᠠᠭᠠᠷ ᠵᠢᠡᠨ ᠰᠠᠬᠢᠨ ᠬᠠᠮᠠᠭᠠᠯᠠᠵᠤ ᠢᠷᠡᠭᠰᠡᠨ ᠶᠤᠮ᠃ ᠭᠠᠵᠠᠷ ᠣᠷᠣᠨ᠎ᠤ ᠪᠠᠢᠷᠢᠰᠢᠯ᠂ ᠪᠠᠢᠭᠠᠯᠢ ᠵᠢᠨ ᠨᠥᠬᠥᠴᠡᠯ᠂ ᠬᠥᠮᠥᠰ᠎ᠤᠨ ᠦᠵᠡᠯ ᠤᠬᠠᠮᠰᠠᠷ ᠵᠡᠷᠭᠡ᠎ᠳᠤ ᠰᠠᠭᠤᠷᠢᠯᠠᠨ᠂  ᠬᠠᠭᠤᠴᠢᠨ ᠪᠠᠷᠭᠤ ᠬᠣᠰᠢᠭᠤ ᠨᠢ  ᠵᠢᠭᠤᠯᠴᠢᠯᠡᠯ᠎ᠤᠨ ᠦᠢᠯᠡᠰ ᠵᠢᠡᠨ ᠨᠡᠨᠭ ᠥᠷᠨᠢᠭᠦᠨ ᠪᠠᠳᠠᠷᠠᠩᠭᠤᠢ ᠬᠥᠭᠵᠢᠭᠦᠯᠦᠭᠰᠡᠭᠡᠷ ᠢᠷᠡᠵᠡᠢ᠃ ᠬᠠᠭᠤᠴᠢᠨ ᠪᠠᠷᠭᠤ ᠬᠣᠰᠢᠭᠤ ᠤᠯᠤᠰ᠎ᠤᠨ 5A ᠳᠡᠰ᠎ᠤᠨ ᠵᠢᠭᠤᠯᠴᠢᠯᠡᠯ᠎ᠤᠨ ᠦᠵᠡᠮᠵᠢ᠎ᠶᠢᠨ ᠣᠷᠣᠨ ︱ᠮᠡᠷᠭᠡᠯ ᠭᠣᠣᠯ᠎ᠤᠨ ᠦᠵᠡᠮᠵᠢ᠎ᠶᠢᠨ ᠣᠷᠣᠨ᠎ᠢᠶᠠᠷ ᠭᠣᠣᠯ ᠪᠣᠯᠭᠠᠵᠤ᠂ ᠤᠤᠭᠠᠯ ᠠᠮᠢ ᠠᠬᠤᠢ᠎ᠶᠢᠨ ᠨᠡᠭᠦᠳᠡᠯ ᠮᠠᠯᠵᠢᠯ᠎ᠤᠨ ᠰᠣᠶᠣᠯ᠎ᠢ ᠵᠢᠭᠤᠯᠴᠢᠯᠡᠯ᠎ᠳᠦ ᠠᠭᠤᠰᠬᠠᠵᠤ᠂ 《ᠨᠡᠭᠦᠳᠡᠯ ᠮᠠᠯᠵᠢᠯ》᠎ᠤᠨ ᠦᠵᠡᠭᠦᠯᠭᠡ᠎ᠶᠢᠨ ᠲᠣᠭᠯᠠᠯᠲᠠ᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠭᠠᠷ ᠤᠷᠠᠯᠠᠯ᠎ᠢ ᠪᠡᠶᠡᠴᠢᠯᠡᠨ ᠣᠢᠯᠠᠭᠠᠬᠤ ᠵᠡᠷᠭᠡ ᠣᠨᠴᠠᠯᠢᠭ᠍ᠲᠤ ᠰᠣᠶᠣᠯ ᠵᠢᠭᠤᠯᠴᠢᠯᠡᠯ᠎ᠤᠨ ᠲᠦᠷᠦᠯ ᠵᠦᠢᠯ᠎ᠢ ᠡᠭᠦᠳᠴᠦ᠂ ᠵᠢᠭᠤᠯᠴᠢᠯᠠᠭᠰᠠᠳ᠎ᠲᠤ ᠴᠠᠰᠤᠲᠤ ᠲᠠᠯ᠎ᠠ᠎ᠶᠢᠨ ᠦᠵᠡᠮᠵᠢ᠎ᠶᠢ ᠰᠣᠨᠢᠷᠬᠠᠭᠤᠯᠬᠤ᠎ᠶᠢᠨ ᠬᠠᠮᠲᠤ ᠲᠠᠯ᠎ᠠ ᠨᠤᠲᠤᠭ᠎ᠤᠨ ᠰᠣᠶᠣᠯ᠎ᠤᠨ ᠥᠪᠡᠷᠮᠢᠴᠡ ᠣᠨᠴᠠᠯᠢᠭ᠋᠎ᠢ ᠮᠡᠳᠡᠷᠡᠭᠦᠯᠪᠡ᠃《ᠪᠣᠳᠠᠰ᠎ᠤᠨ ᠪᠤᠰᠤ ᠰᠣᠶᠣᠯ᠎ᠤᠨ ᠥᠪ + ᠵᠢᠭᠤᠯᠴᠢᠯᠡᠯ》᠎ᠤᠨ ᠠᠭᠤᠰᠤᠯᠴᠠᠯ᠎ᠤᠨ ᠵᠠᠭᠪᠤᠷ᠎ᠤᠨ ᠰᠢᠨ᠎ᠡ᠎ᠶᠢ ᠡᠭᠦᠳᠴᠦ᠂ ᠡᠸᠡᠩᠬᠢ᠎ᠶᠢᠨ ᠦᠨᠳᠦᠰᠦᠲᠡᠨ᠎ᠦ ᠬᠤᠪᠴᠠᠰᠤ ᠵᠠᠰᠠᠯ᠎ᠤᠨ ᠦᠵᠡᠭᠦᠯᠭᠡ᠂ ᠬᠣᠯᠪᠣᠭ᠎ᠠ ᠵᠡᠷᠭᠡ ᠪᠣᠳᠠᠰ᠎ᠤᠨ ᠪᠤᠰᠤ ᠰᠣᠶᠣᠯ᠎ᠤᠨ ᠥᠪ᠎ᠢ ᠦᠵᠡᠮᠵᠢ᠎ᠶᠢᠨ ᠣᠷᠣᠨ᠎ᠳᠤ ᠣᠷᠣᠭᠤᠯᠵᠤ᠂ ᠵᠢᠭᠤᠯᠴᠢᠯᠠᠭᠰᠠᠳ᠎ᠲᠤ ᠲᠠᠨᠢᠯᠴᠠᠭᠤᠯᠵᠤ᠂ ᠦᠵᠡᠮᠵᠢ᠎ᠶᠢᠨ ᠣᠷᠣᠨ᠎ᠤ ᠨᠦᠯᠦᠭᠡᠯᠡᠬᠦ ᠬᠦᠴᠦᠨ᠂ ᠲᠠᠲᠠᠬᠤ ᠬᠦᠴᠦᠨ ᠢ᠋ ᠨᠡᠮᠡᠭᠳᠡᠭᠦᠯᠪᠡ᠃

ᠮᠥᠩᠭᠥᠨ ᠡᠪᠦᠯ ᠤ᠋ᠨ ᠬᠠᠭᠤᠴᠢᠨ ᠪᠠᠷᠭᠤ ᠬᠣᠰᠢᠭᠤ ᠮᠥᠰᠥ ᠴᠠᠰᠤ ᠪᠡᠷ ᠵᠢᠡᠨ ᠭᠠᠩᠭᠠᠷᠠᠨ᠎ᠠ᠃ ᠬᠠᠭᠤᠴᠢᠨ ᠪᠠᠷᠭᠤ ᠬᠣᠰᠢᠭᠤ 《ᠡᠳᠦᠷ ᠪᠦᠷᠢ ᠵᠢᠨ ᠮᠥᠰᠥ ᠴᠠᠰᠤᠨ᠎ᠤ ᠨᠠᠭᠠᠳᠤᠮ》 ᠵᠡᠷᠭᠡ ᠲᠥᠷᠥᠯ ᠲᠡᠮᠳᠡᠭ᠎ᠤᠨ ᠠᠵᠢᠯᠯᠠᠭ᠎ᠠ ᠪᠠᠷ ᠮᠥᠰᠥ ᠴᠠᠰᠤᠨ ᠤ᠋ ᠬᠠᠮᠢᠶ᠎ᠠ ᠪᠦᠬᠦᠢ ᠬᠡᠷᠡᠭᠯᠡᠭᠡ ᠶ᠋ᠢ ᠳᠠᠢᠴᠢᠯᠠᠭᠰᠠᠨ ᠵᠢᠡᠷ ᠪᠠᠷᠠᠬᠤ ᠦᠭᠡᠢ ᠠᠮᠢ ᠠᠬᠤᠢ᠂ ᠰᠣᠶᠣᠯ᠂ ᠠᠵᠤ ᠠᠬᠤᠢ ᠬᠠᠮᠵᠢᠯᠴᠠᠨ ᠬᠥᠭᠵᠢᠵᠦ ᠬᠠᠮᠲᠤ ᠣᠷᠣᠰᠢᠬᠤ ᠳ᠋ᠤ᠌ ᠪᠠᠲᠤ ᠴᠢᠩᠭ᠎ᠠ ᠲᠤᠯᠭᠠᠭᠤᠷᠢᠯᠠᠯ ᠬᠠᠩᠭᠠᠪᠠ᠃ ᠬᠠᠭᠤᠴᠢᠨ ᠪᠠᠷᠭᠤ ᠬᠣᠰᠢᠭᠤ 2025 ᠣᠨ᠎ᠤ 11 ᠰᠠᠷ᠎ᠠ ︱ 12 ᠰᠠᠷ᠎ᠠ᠎ᠳᠤ ᠤᠯᠤᠰ᠎ᠤᠨ ᠳᠣᠲᠣᠭᠠᠳᠤ᠎ᠶᠢᠨ ᠵᠢᠭᠤᠯᠴᠢᠯᠠᠭᠰᠠᠳ᠎ᠢ 14.5 ᠲᠦᠮᠡᠨ ᠬᠥᠮᠥᠨ ᠤᠳᠠᠭ᠎ᠠ ᠭᠥᠯᠢᠶᠡᠨ ᠠᠪᠴᠤ᠂ ᠠᠳᠠᠯᠢ ᠬᠤᠭᠤᠴᠠᠭᠠᠨ᠎ᠤ ᠬᠢ᠎ᠡᠴᠡ 10.78% ᠪᠡᠷ ᠨᠡᠮᠡᠭᠳᠡᠨ᠂ ᠤᠯᠤᠰ᠎ᠤᠨ ᠳᠣᠲᠣᠭᠠᠳᠤ᠎ᠶᠢᠨ ᠵᠢᠭᠤᠯᠴᠢᠯᠠᠭᠰᠠᠳ1.6 ᠳ᠋ᠦᠩᠰᠢᠭᠤᠷ ᠲᠥᠭᠥᠷᠢᠭ ᠵᠠᠷᠤᠴᠠᠭᠤᠯᠵᠤ᠂ ᠠᠳᠠᠯᠢ ᠬᠤᠭᠤᠴᠠᠭᠠᠨ᠎ᠤ ᠬᠢ᠎ᠡᠴᠡ 11.05% ᠪᠡᠷ ᠨᠡᠮᠡᠭᠳᠡᠪᠡ᠃ 2025 ᠣᠨ᠎ᠤ 《ᠴᠠᠰᠤᠨ ᠠᠮᠠᠷᠠᠯᠲᠠ》᠎ᠶ᠋ᠢᠨ ᠬᠤᠭᠤᠴᠠᠭᠠᠨ᠎ᠳᠤ ᠤᠯᠤᠰ᠎ᠤᠨ ᠳᠣᠲᠣᠭᠠᠳᠤ᠎ᠶᠢᠨ ᠵᠢᠭᠤᠯᠴᠢᠯᠠᠭᠰᠠᠳ᠎ᠢ 1.22 ᠲᠦᠮᠡᠨ ᠬᠥᠮᠥᠨ ᠤᠳᠠᠭ᠎ᠠ ᠭᠥᠯᠢᠶᠡᠨ ᠠᠪᠴᠤ᠂ ᠠᠳᠠᠯᠢ ᠬᠤᠭᠤᠴᠠᠭᠠᠨ᠎ᠤ ᠬᠢ᠎ᠡᠴᠡ 12% ᠨᠡᠮᠡᠭᠳᠡᠪᠡ᠃ ᠤᠯᠤᠰ᠎ᠤᠨ ᠳᠣᠲᠣᠭᠠᠳᠤ᠎ᠶᠢᠨ ᠵᠢᠭᠤᠯᠴᠢᠯᠠᠭᠰᠠᠳ᠎ᠤᠨ ᠶᠡᠷᠦᠩᠬᠡᠢ ᠵᠠᠷᠤᠳᠠᠯ 1223 ᠲᠦᠮᠡᠨ ᠲᠥᠭᠥᠷᠢᠭ᠎ᠲᠦ ᠬᠦᠷᠴᠦ᠂ ᠠᠳᠠᠯᠢ ᠬᠤᠭᠤᠴᠠᠭᠠᠨ᠎ᠤ ᠬᠢ᠎ᠡᠴᠡ 10% ᠨᠡᠮᠡᠭᠳᠡᠵᠡᠢ᠃

ᠰᠣᠶᠣᠯ ᠵᠢᠭᠤᠯᠴᠢᠯᠡᠯ᠎ᠤᠨ ᠦᠢᠯᠡᠰ᠎ᠦᠨ ᠬᠥᠭᠵᠢᠶᠡᠨᠲᠦ ᠪᠠᠢᠳᠠᠯ ᠨᠢ ᠲᠦᠷᠦᠯ ᠲᠡᠮᠳᠡᠭ᠎ᠦᠨ ᠲᠠᠨᠢᠯᠴᠠᠭᠤᠯᠭ᠎ᠠ᠎ᠶᠢᠨ ᠬᠤᠷᠠᠯ᠎ᠠᠴᠠ ᠰᠠᠯᠵᠤ ᠴᠢᠳᠠᠬᠤ ᠦᠭᠡᠢ ᠶᠤᠮ᠃ ᠬᠥᠯᠥᠨ ᠪᠤᠢ᠍ᠢᠷ᠎ᠤᠨ ᠲᠠᠯ᠎ᠠ ᠨᠤᠲᠤᠭ᠎ᠤᠨ ᠪᠡᠭᠡᠵᠢᠩ ᠳ᠋ᠡᠬᠢ ᠰᠣᠶᠣᠯ ᠵᠢᠭᠤᠯᠴᠢᠯᠡᠯ ᠠᠷᠠᠯᠵᠢᠶᠠᠴᠢᠨ ᠤᠷᠢᠬᠤ ᠲᠠᠨᠢᠯᠴᠠᠭᠤᠯᠭ᠎ᠠ᠎ᠶᠢᠨ ᠬᠤᠷᠠᠯ 2025 ᠣᠨ᠎ᠤ 12 ᠰᠠᠷ᠎ᠠ᠎ᠶᠢᠨ 11᠎ᠦ ᠡᠳᠦᠷ᠎ᠡᠴᠡ 14 ᠎ᠦ ᠡᠳᠦᠷ ᠪᠣᠯᠲᠠᠯ᠎ᠠ ᠪᠡᠭᠡᠵᠢᠩ᠎ᠦᠨ ᠦᠵᠡᠰᠬᠦᠯᠡᠩ᠎ᠦᠨ ᠣᠷᠳᠣᠨ᠎ᠳᠤ ᠶᠠᠪᠤᠭᠳᠠᠪᠠ᠃ ᠬᠠᠭᠤᠴᠢᠨ ᠪᠠᠷᠭᠤ ᠬᠣᠰᠢᠭᠤ ᠲᠠᠯ᠎ᠠ ᠨᠤᠲᠤᠭ᠎ᠤᠨ ᠲᠡᠨᠢᠭᠡᠷ ᠠᠭᠤᠳᠠᠮ᠎ᠢ ᠬᠣᠯᠠ᠎ᠶᠢᠨ ᠬᠦᠮᠦᠰ᠎ᠲᠦ᠎ᠪᠡᠨ ᠤᠬᠠᠭᠤᠯᠵᠤ᠂ ᠪᠡᠶᠡᠴᠢᠯᠡᠨ ᠣᠢᠯᠠᠭᠠᠬᠤ ᠮᠠᠶᠢᠭ᠋ ᠤ᠋ᠨ ᠵᠢᠭᠤᠯᠴᠢᠯᠡᠯ᠎ᠤᠨ ᠲᠥᠰᠥᠪ ᠲᠥᠯᠥᠪᠯᠡᠭᠡ᠂ ᠵᠢᠭᠤᠯᠴᠢᠯᠡᠯ ᠤ᠋ᠨ ᠰᠣᠳᠣᠨ ᠵᠠᠮ ᠱᠤᠭᠤᠮ᠂ ᠰᠣᠶᠣᠯ ᠵᠢᠭᠤᠯᠴᠢᠯᠡᠯ ᠤ᠋ᠨ ᠰᠢᠷᠢᠰ ᠦᠢᠯᠡᠳᠬᠦᠨ ᠵᠢᠡᠨ ᠭᠦᠨᠵᠡᠭᠡᠢ ᠲᠠᠨᠢᠯᠴᠠᠭᠤᠯᠵᠤ᠂  ᠬᠦᠮᠦᠰ ᠲᠤ᠌  ᠬᠠᠯᠠᠭᠤᠨ ᠤᠷᠢᠯᠭ᠎ᠠ᠎ᠪᠠᠨ ᠲᠠᠯᠪᠢᠵᠠᠢ᠃

ᠳᠠᠷᠠᠭᠠᠴᠢ᠎ᠶᠢᠨ ᠠᠯᠬᠤᠮ᠎ᠳᠤ᠂ ᠬᠠᠭᠤᠴᠢᠨ ᠪᠠᠷᠭᠤ ᠬᠣᠰᠢᠭᠤ 《ᠰᠣᠶᠣᠯ ᠵᠢᠭᠤᠯᠴᠢᠯᠡᠯ +》 ᠵᠠᠭᠪᠤᠷ᠎ᠢ ᠦᠷᠭᠦᠯᠵᠢᠯᠡᠨ ᠭᠦᠨᠵᠡᠭᠡᠢᠷᠡᠭᠦᠯᠵᠦ᠂ ᠮᠥᠰᠥ ᠴᠠᠰᠤᠨ᠎ᠤ ᠰᠣᠶᠣᠯ ᠵᠢᠭᠤᠯᠴᠢᠯᠡᠯ᠎ᠤᠨ ᠪᠦᠲᠦᠭᠡᠭᠳᠡᠬᠦᠨ᠎ᠢ ᠦᠷᠬᠦᠯᠵᠢᠯᠡᠨ ᠳᠡᠰ ᠳᠡᠪᠰᠢᠭᠦᠯᠵᠦ᠂ ᠰᠣᠶᠣᠯ ᠵᠢᠭᠤᠯᠴᠢᠯᠡᠯ᠎ᠤᠨ ᠠᠭᠤᠯᠭ᠎ᠠ᠎ᠶᠢ ᠪᠠᠶᠠᠯᠢᠭ᠍ᠵᠢᠭᠤᠯᠵᠤ᠂ ᠪᠦᠬᠦ ᠬᠡᠯᠬᠢᠶᠡᠨ᠎ᠦ ᠦᠢᠯᠡᠴᠢᠯᠡᠭᠡᠨ᠎ᠦ ᠪᠠᠲᠤᠯᠠᠭ᠎ᠠ᠎ᠶᠢ ᠰᠢᠯᠢᠳᠡᠭᠵᠢᠭᠦᠯᠵᠦ᠂ ᠣᠷᠣᠨ ᠪᠦᠰᠡ ᠠᠯᠤᠰᠯᠠᠭᠰᠠᠨ ᠲᠥᠷᠥᠯ ᠲᠡᠮᠳᠡᠭ᠎ᠦᠨ ᠬᠣᠯᠪᠤᠭᠠᠯᠠᠨ ᠬᠥᠳᠡᠯᠦᠯᠴᠡᠬᠦ᠎ᠶᠢ ᠴᠢᠩᠭᠠᠳᠬᠠᠵᠤ᠂ ᠡᠪᠦᠯ᠎ᠦᠨ ᠤᠯᠠᠷᠢᠯ᠎ᠤᠨ ᠮᠥᠰᠥ ᠴᠠᠰᠤᠨ᠎ᠤ ᠰᠣᠶᠣᠯ᠎ᠵᠢᠭᠤᠯᠴᠢᠯᠡᠯ ᠤ᠋ᠨ ᠳᠠᠪᠠᠭᠤᠯᠢᠭ᠋᠎ᠢ ᠭᠦᠨᠵᠡᠭᠡᠢ ᠠᠭᠤᠳᠠᠯᠬᠤ᠎ᠪᠠᠷ ᠪᠠᠷᠠᠬᠤ ᠦᠭᠡᠢ᠂ ᠨᠠᠩ ᠴᠤ᠌ ᠳᠥᠷᠪᠡᠨ ᠤᠯᠠᠷᠢᠯ᠎ᠤᠨ ᠣᠨᠴᠠᠯᠢᠭ᠍ᠲᠤ ᠡᠬᠢ ᠪᠠᠶᠠᠯᠢᠭ᠋᠎ᠢ ᠠᠰᠢᠭ᠍ᠯᠠᠨ᠂ ᠰᠣᠶᠣᠯ ᠵᠢᠭᠤᠯᠴᠢᠯᠡᠯ᠎ᠤᠨ ᠠᠵᠤ ᠦᠢᠯᠡᠰ᠎ᠦᠨ ᠶᠠᠰᠤ ᠴᠢᠨᠠᠷ᠎ᠢ ᠳᠡᠭᠡᠭᠰᠢᠯᠡᠭᠦᠯᠦᠨ ᠦᠷ᠎ᠡ ᠠᠰᠢᠭ᠋᠎ᠢ ᠨᠡᠮᠡᠭᠳᠡᠭᠦᠯᠬᠦ ᠬᠦᠴᠦᠨ ᠴᠢᠳᠠᠯ ᠣᠯᠭᠣᠨ᠎ᠠ᠃

(ᠭᠡᠷᠡᠯ ᠵᠢᠷᠤᠭ᠎ᠢ ᠬᠠᠭᠤᠴᠢᠨ ᠪᠠᠷᠭᠤ ᠬᠤᠰᠢᠭᠤᠨ᠎ᠤ ᠬᠠᠮ ᠵᠠᠭᠤᠴᠢᠯᠠᠭᠤᠷ᠎ᠤᠨ ᠳᠦᠪ ᠡᠴᠡ ᠬᠠᠨᠭᠭᠠᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号