ᠤᠯᠠᠭᠠᠨ ᠮᠤᠷᠢ
2026-02-04 11:16:35
ᠵᠣᠬᠢᠶᠠᠭ᠍ᠴᠢ᠄
ᠹᠧᠩ᠊·ᠰᠡᠴᠡᠨᠪᠠᠭᠠᠲᠤᠷ
ᠣᠩᠱᠢᠭ᠍ᠰᠠᠨ ᠣᠳᠠᠭ᠎ᠠ᠄
★★★☆☆

ᠠᠷᠪᠠᠨ ᠲᠤᠯᠤᠳᠤᠭᠠᠷ ᠵᠢᠷᠠᠨ᠎ᠤ ᠰᠦᠷ᠎ᠢᠶᠠᠷ ᠲᠠᠷᠤᠭ᠍ᠴᠢ ᠬᠡᠮᠡᠬᠦ᠌ ᠭᠠᠯ ᠮᠤᠷᠢᠨ ᠵᠢᠯ ᠲᠤᠬᠢᠶᠠᠵᠦ᠍ ᠪᠠᠢᠨ᠎ᠠ᠃ ᠱᠢᠨ᠎ᠡ ᠵᠢᠯ ᠬᠦᠮᠦᠨ ᠵᠤᠨ ᠪᠦᠬᠦᠨ᠎ᠢᠶᠠᠷ᠎ᠢᠶᠠᠨ ᠮᠤᠩᠭᠤᠯ ᠮᠤᠷᠢᠨ᠎ᠤ ᠴᠤᠭ ᠰᠦᠯᠲᠡ ᠱᠢᠭ ᠬᠡᠢᠮᠤᠷᠢ ᠯᠤᠠᠳᠠᠭ᠎ᠠ᠎ᠨᠢ ᠮᠠᠨᠳᠤᠬᠤ ᠪᠤᠯᠳᠤᠭᠠᠢ!

ᠪᠢ ᠮᠤᠷᠢᠨ᠎ᠳᠤ ᠬᠠᠢᠷᠠᠲᠠᠢ ᠪᠤᠯᠬᠤᠷ ᠮᠢᠨᠤ ᠵᠤᠬᠢᠶᠠᠯ ᠪᠦᠳᠦᠭᠡᠯ᠎ᠳᠤ ᠠᠷᠪᠢᠨ ᠮᠤᠷᠢ ᠭᠠᠷᠳᠠᠭ᠃ ᠮᠢᠨᠤ ᠵᠤᠬᠢᠶᠠᠯ ᠪᠦᠳᠦᠭᠡᠯ᠎ᠳᠤ ᠠᠮᠢᠯᠠᠨ ᠦᠦᠷᠰᠡᠭ᠌ᠰᠡᠨ ᠤᠯᠠᠭᠠᠨ ᠪᠤᠶᠤ ᠪᠤᠷᠣ ᠮᠤᠷᠢᠳ᠎ᠢ ᠬᠤᠷᠢᠶᠠᠨ ᠴᠣᠭ᠍ᠯᠠᠭᠤᠯᠪᠠᠯ ᠬᠡᠳᠦᠨ ᠠᠵᠢᠷᠭ᠎ᠠ ᠠᠳᠤᠭᠤ ᠪᠤᠯᠪᠠ᠃ ᠪᠠᠭ᠎ᠠ᠎ᠳᠠᠭᠠᠨ ᠤᠷᠤᠯᠳᠤᠭᠠᠨ ᠮᠤᠷᠢ ᠤᠨᠤᠵᠤ ᠦᠰᠦᠭ᠌ᠰᠡᠨ ᠪᠤᠶᠤ ᠮᠤᠷᠢ ᠵᠢᠷᠤᠬᠤ ᠲᠤᠷᠠᠳᠠᠢ ᠯᠣᠭ᠎ᠠ ᠬᠤᠯᠪᠤᠭ᠎ᠠ᠎ᠲᠠᠢ ᠪᠠᠢᠪᠠ ᠦᠦ ᠳ᠋ᠠ᠃

ᠲᠤᠷ᠎ᠠ ᠪᠠᠬ᠎ᠠ ᠬᠠᠮᠤᠭ᠎ᠤᠨ ᠰᠠᠢᠨ ᠪᠠᠭ᠍ᠰᠢ᠃ ᠰᠠᠢᠨ ᠪᠠᠭ᠍ᠰᠢ᠎ᠲᠠᠢ ᠤᠴᠢᠷ ᠲᠤᠷ᠎ᠠ᠎ᠳᠤ ᠱᠢᠷ᠎ᠡ ᠦᠭᠡᠢ᠃ ᠮᠠᠨ᠎ᠢ ᠪᠠᠭ᠎ᠠ ᠪᠠᠢᠬᠣ ᠳ᠋ᠦ ᠬᠠᠷᠠᠨᠳᠠ᠂ ᠴᠠᠭᠠᠰᠤ ᠬᠤᠪᠤᠷᠬᠠᠨ ᠭᠠᠴᠢᠭ ᠴᠠᠭ᠃ ᠴᠠᠰᠦ᠂ ᠡᠯᠡᠰᠦᠨ ᠲᠡᠭᠡᠷ᠎ᠡ ᠬᠤᠷᠤᠭᠠᠨ ᠰᠡᠶᠡᠭᠡᠨ᠎ᠤ ᠬᠤᠭᠤᠷᠬᠠᠢ᠎ᠪᠠᠷ ᠮᠤᠷᠢ ᠵᠢᠷᠤᠭᠠᠳ᠄ 《ᠭᠠᠵᠠᠷ ᠵᠢᠷᠤᠵᠦ᠍ ᠨᠠᠭᠠᠳᠤᠯ᠎ᠠ᠃ ᠭᠠᠵᠠᠷ᠎ᠤᠨ ᠨᠢᠷᠤᠭᠤ ᠠᠮᠠᠷᠠᠭᠠᠬᠤ ᠦᠭᠡᠢ᠃ ᠮᠠᠭᠤ ᠢᠷᠸ᠎ᠠ᠎ᠲᠠᠢ᠎ᠨᠢ ᠁》 ᠭᠡᠵᠦ᠍ ᠠᠪᠤ ᠡᠵᠢ ᠪᠡᠷ ᠵᠠᠩᠨᠠᠭᠤᠯᠤᠨ᠎ᠠ᠃ ᠲᠡᠭᠡᠭᠡᠳ ᠪᠠᠷᠢᠭᠠᠳᠠ᠎ᠶ᠋ᠢᠨ ᠬᠡᠴᠢᠨᠡᠨ ᠵᠠᠭᠤᠨ ᠠᠳᠤᠭᠤ ᠬᠦᠨᠳᠡᠢ ᠲᠦᠭᠦᠷᠡᠩ ᠱᠢᠷᠭᠠᠯ ᠮᠠᠨᠠᠨ ᠲᠠᠳᠠᠳᠠᠯ᠎ᠠ ᠶᠦᠷᠭᠡᠭᠡᠳ ᠡᠪᠡᠳᠳᠡᠭ ᠦᠭᠡᠢ ᠠᠳᠠᠯ᠎ᠠ ᠮᠢᠨᠤ ᠭᠠᠭ᠍ᠴᠠ ᠬᠤᠶᠠᠷ ᠮᠤᠷᠢ ᠵᠢᠷᠤᠬᠤ᠎ᠪᠠᠷ ᠨᠢᠷᠤᠭᠤ᠎ᠨᠢ ᠡᠪᠡᠳᠴᠢᠬᠡᠳᠡᠭ ᠶᠠᠮᠠᠷ ᠵᠦᠭᠡᠯᠡᠨ ᠨᠢᠷᠤᠭᠤ᠎ᠲᠠᠢ ᠬᠠᠴᠢᠨ ᠭᠠᠵᠠᠷ ᠪᠤᠢ ᠬᠡᠮᠡᠨ ᠲᠤᠳᠤᠷ᠎ᠠ᠎ᠪᠠᠨ ᠪᠢᠳᠡᠭᠦᠬᠡᠨ ᠭᠤᠮᠤᠷᠬᠠᠨ᠎ᠠ᠃

ᠲᠡᠷᠡ ᠵᠢᠯ ᠪᠠᠭ᠎ᠠ ᠰᠤᠷᠭᠠᠭᠤᠯᠢ᠎ᠪᠠᠨ ᠠᠷᠠᠢ ᠭᠡᠵᠦ᠍ ᠲᠡᠭᠡᠰᠦᠨ ᠲᠦᠷᠦᠭᠡ ᠲᠠᠢ ᠲᠡᠭᠦᠰᠭᠡᠵᠦ᠍᠂ ᠬᠤᠱᠢᠭᠤᠨ᠎ᠤ ᠮᠤᠩᠭᠤᠯ ᠲᠤᠮᠳᠠᠳᠦ ᠰᠤᠷᠭᠠᠭᠤᠯᠢ᠎ᠳᠤ ᠲᠠᠪᠱᠢᠯ᠎ᠠ᠃ ᠰᠤᠷᠭᠠᠭᠤᠯᠢ ᠶ᠋ᠢᠨ ᠬᠦᠷᠢᠶᠡᠨ᠎ᠤ ᠡᠭᠦᠳᠡᠨ ᠲᠡᠭᠡᠷ᠎ᠡ ᠡᠭᠦᠯᠡ ᠬᠦᠯᠭᠡᠯᠡᠨ ᠲᠠᠪᠬᠢᠵᠦ᠍ ᠪᠠᠢᠭ᠎ᠠ ᠴᠠᠭᠠᠨ ᠮᠤᠷᠢᠨ᠎ᠤ ᠱᠤᠭᠤᠮᠠᠯ᠎ᠲᠠᠢ᠃ ᠭᠡᠷ ᠪᠠᠷᠢᠯᠭ᠎ᠠ ᠲᠡᠷᠢ ᠲᠡᠭ᠌ᠰᠢ᠂ ᠤᠷᠴᠢᠨ ᠲᠤᠭᠤᠷᠢᠨ ᠭᠤᠶᠤ ᠭᠡᠭᠡᠨᠴᠢᠷ᠃ ᠲᠡᠷᠡ ᠰᠠᠢᠬᠠᠨ ᠤᠷᠴᠢᠨ᠎ᠳᠤ ᠰᠤᠷᠬᠤ ᠤᠷᠮ᠎ᠠ ᠵᠤᠷᠢᠭ ᠡᠷᠴᠢᠯᠡᠭ᠌ᠳᠡᠨ᠎ᠡ᠃ ᠵᠢᠷᠤᠭ᠎ᠤᠨ ᠪᠠᠭ᠍ᠰᠢ ᠴᠡᠩᠬᠡᠯ ᠭᠡᠵᠦ᠍ ᠰᠠᠶᠢᠬᠠᠨ ᠶᠡᠭᠡ ᠰᠤᠷᠭᠠᠭᠤᠯᠢ ᠲᠡᠭᠦᠰᠦᠭᠡᠳ ᠬᠤᠪᠢᠶᠠᠭ᠍ᠳᠠᠵᠦ ᠢᠷᠡᠭᠰᠡᠨ ᠲᠤᠰᠭᠠᠢ ᠮᠡᠷᠭᠡᠵᠢᠯ᠎ᠤᠨ ᠵᠢᠷᠤᠭ᠍ᠴᠢᠨ᠃ ᠲᠡᠷᠡ᠎ᠪᠠᠷ ᠱᠢᠩᠭᠡᠨ ᠱᠢᠷᠭᠠᠯ ᠦᠰᠦ᠎ᠪᠠᠨ ᠴᠡᠩᠬᠡᠷ ᠬᠦᠷᠮᠡᠨ᠎ᠤ᠎ᠪᠠᠨ ᠪᠤᠰᠤᠭ᠎ᠠ ᠵᠠᠭᠠᠮ᠎ᠠ ᠲᠠᠪᠠᠭᠤᠯᠤᠨ ᠦᠨᠳᠦᠷ ᠲᠠᠯᠪᠢᠵᠦ᠍᠂ ᠴᠠᠭ ᠡᠷᠢᠨ᠎ᠤ ᠦᠩᠭᠡ ᠠᠶᠠᠰ ᠲᠠᠭᠠᠭ᠍ᠰᠠᠨ ᠲᠡᠭ᠌ᠵᠢᠨ ᠬᠤᠪᠴᠠᠰᠦ᠎ᠪᠠᠷ ᠵᠠᠰᠠᠨ᠎ᠠ᠃ ᠪᠢᠳᠡ ᠶᠡᠭᠡ ᠪᠠᠭ᠍ᠠᠷᠬᠠᠨ᠎ᠠ᠃ ᠶᠠᠭ ᠯᠠ ᠠᠪᠤ᠎ᠶ᠋ᠢᠨ ᠬᠤᠷᠳᠤᠨ ᠮᠤᠷᠢ ᠱᠢᠨᠵᠢᠳᠡᠭ ᠱᠢᠭ ᠬᠤᠢᠨ᠎ᠡ ᠡᠮᠦᠨ᠎ᠡ᠎ᠨᠢ ᠭᠠᠷᠴᠤ᠌᠂ ᠪᠠᠭ᠍ᠰᠢ᠎ᠪᠠᠨ ᠲᠦᠷᠪᠡᠨ ᠲᠠᠯ᠎ᠠ᠎ᠠᠴᠠ ᠨᠢ ᠨᠠᠷᠢᠨ ᠠᠵᠢᠬᠯᠠᠨ᠎ᠠ᠃  ᠨᠡᠷ᠎ᠡ᠎ᠨᠢ ᠴᠦ᠍ ᠭᠤᠶᠤ᠃

ᠨᠢᠭᠡ ᠡᠳᠦᠷ᠂ ᠮᠠᠨ᠎ᠤ ᠠᠩᠭᠢ᠎ᠶ᠋ᠢᠨ ᠪᠠᠭ᠍ᠰᠢ᠂ ᠵᠢᠷᠤᠭ᠎ᠤᠨ ᠪᠠᠭ᠍ᠰᠢ᠎ᠶ᠋ᠢ ᠲᠠᠭᠠᠭᠤᠯᠤᠨ ᠤᠷᠤᠵᠦ᠍ ᠢᠷᠡᠭᠡᠳ ᠲᠦᠬᠦᠮᠬᠡᠨ ᠲᠠᠨᠢᠯᠴᠠᠭᠤᠯᠪᠠ᠃ ᠲᠡᠷᠡ ᠡᠷᠭᠢᠯᠳᠦᠭ᠌ᠰᠡᠨ ᠲᠠᠪᠬᠤᠷ᠎ᠠ ᠨᠢᠳᠦ᠍᠎ᠪᠠᠷ ᠤᠯᠠᠨ᠎ᠢ ᠲᠤᠭᠤᠷᠢᠭᠤᠯᠤᠨ ᠬᠠᠷᠠᠵᠦ᠍ ᠢᠨᠢᠶᠡᠮᠰᠦᠭ᠌ᠯᠡᠨ᠎ᠡ᠃ ᠪᠢᠳᠡ ᠠᠯᠠᠭ᠎ᠠ ᠲᠠᠱᠢᠨ ᠤᠭ᠍ᠳᠤᠯ᠎ᠠ᠃ ᠪᠠᠭ᠍ᠰᠢ ᠠᠩᠬᠠᠨ᠎ᠤ ᠬᠢᠴᠢᠶᠡᠯ᠎ᠢᠶᠠᠨ ᠤᠷᠤᠪᠠ᠃ ᠬᠡᠤᠬᠡᠳ ᠱᠢᠨ᠎ᠡ ᠶᠠᠭᠤᠮᠠᠨ᠎ᠳᠤ ᠰᠤᠨᠢᠭᠤᠴᠢ᠃ ᠠᠩᠭᠢ᠎ᠶ᠋ᠢᠨ ᠭᠡᠷ᠎ᠲᠤ ᠨᠠᠮ ᠵᠢᠮ᠃  ᠪᠠᠭ᠍ᠰᠢ ᠪᠠᠷᠠᠭᠤᠨ ᠬᠠᠨᠠᠨ᠎ᠳᠤ ᠡᠯᠭᠦᠭ᠌ᠰᠡᠨ ᠱᠢᠨᠡᠬᠡᠨ ᠬᠠᠷ᠎ᠠ ᠰᠠᠮᠪᠠᠷ᠎ᠠ ᠲᠡᠭᠡᠷ᠎ᠡ ᠨᠢᠭᠡ ᠲᠤᠭᠤᠷᠢᠭ ᠵᠢᠷᠤᠯ᠎ᠠ᠃ ᠪᠢᠳᠡ ᠭᠠᠢᠬᠠᠪᠠ᠃ ᠲᠤᠳᠤᠷ᠎ᠠ᠎ᠨᠢ ᠲᠠᠬᠢᠨ ᠨᠢᠭᠡ ᠲᠤᠭᠤᠷᠢᠭ ᠭᠠᠷᠭᠠᠵᠦ᠍ ᠬᠠᠷ᠎ᠠ ᠴᠠᠭᠠᠨ᠎ᠢᠶᠠᠷ ᠠᠯᠠᠭ᠍ᠯᠠᠭᠤᠯᠬᠤ᠎ᠪᠠᠷ ᠶᠠᠮᠠᠷ ᠨᠢᠭᠡᠨ ᠠᠮᠢᠳᠠᠨ᠎ᠤ ᠨᠢᠳᠦ ᠭᠡᠳᠡᠭ᠎ᠢ ᠮᠡᠳᠡᠯ᠎ᠡ᠃ ᠲᠡᠷᠡ ᠨᠢᠳᠦ ᠬᠤᠶᠠᠷ ᠵᠤᠪᠬᠢᠨ ᠵᠦᠭ᠎ᠢᠶᠠᠨ ᠪᠠᠭ᠎ᠠ ᠯᠠ ᠬᠤᠱᠢᠭᠤᠷᠠᠭ᠍ᠰᠠᠨ᠎ᠠᠴᠠ ᠪᠢᠰᠢ ᠶᠠᠭ ᠯᠠ ᠮᠢᠨᠤ ᠬᠠᠵᠠᠭᠤ᠎ᠳᠤ ᠰᠠᠭᠤᠳᠠᠭ ᠲᠤᠨᠠᠯ᠎ᠤᠨ ᠬᠠᠷ᠎ᠠ ᠴᠠᠭᠠᠨ᠎ᠨᠢ ᠠᠯᠠᠭ᠍ᠯᠠᠭ᠍ᠰᠠᠨ ᠰᠡᠷᠭᠦᠯᠡᠩ ᠨᠢᠳᠦ ᠱᠢᠭ ᠬᠦᠭᠡᠷᠦᠬᠦᠨ ᠲᠤᠷᠮᠤᠭᠤᠷ ᠠᠯᠠᠭ ᠬᠠᠷᠠᠭ᠍ᠳᠠᠯ᠎ᠠ᠃ ᠪᠢ ᠲᠤᠨᠠᠯ ᠵᠦᠭ ᠬᠠᠷᠠᠪᠠ᠃ ᠲᠡᠷᠡ ᠨᠠᠮᠤᠭᠤᠬᠠᠨ ᠡᠷᠭᠢᠯᠳᠦᠭ᠌ᠰᠡᠨ ᠬᠦᠭᠡᠷᠦᠬᠦᠨ ᠪᠤᠷᠤ ᠨᠢᠳᠦ᠍᠎ᠪᠠᠷ ᠬᠠᠷ᠎ᠠ ᠰᠠᠮᠪᠠᠷ᠎ᠠ᠎ᠶ᠋ᠢ ᠴᠤᠭᠤᠷᠠᠳᠠᠯ᠎ᠠ ᠱᠢᠷᠳᠡᠨ᠎ᠡ᠃ ᠡᠨᠡ ᠶᠠᠭᠤᠨ᠎ᠤ ᠨᠢᠳᠦ ᠪᠤᠢ? ᠭᠡᠵᠦ᠍ ᠪᠢᠳᠡ ᠠᠮᠢᠰᠭᠤᠭ᠎ᠠ᠎ᠪᠠᠨ ᠬᠤᠷᠢᠶᠠᠨ ᠭᠠᠢᠬᠠᠪᠠ᠃ ᠨᠢᠳᠦᠨ᠎ᠤ ᠲᠡᠭᠡᠷ᠎ᠡ ᠲᠠᠯ᠎ᠠ᠎ᠪᠠᠷ ᠲᠡᠭ᠌ᠰᠢ ᠬᠡᠮ᠎ᠲᠠᠢ ᠲᠠᠪᠬᠤᠷ᠎ᠠ ᠭᠠᠷᠭᠠᠵᠦ᠍᠂ ᠲᠡᠪᠢᠭᠦᠷ ᠬᠡᠯᠪᠡᠷᠢᠳᠦ ᠲᠡᠷᠪᠡᠯᠵᠡᠭ᠌ᠰᠡᠨ ᠤᠷᠳᠦ ᠤᠷᠳᠦ ᠰᠤᠷᠮᠤᠣᠰᠤ ᠰᠠᠴᠤᠷᠠᠭᠤᠯᠤᠨ ᠲᠠᠳᠠᠭᠠᠳ ᠢᠷᠡᠬᠦ᠌᠎ᠪᠠᠷ ᠠᠷᠠᠢ ᠴᠦ᠍ ᠬᠦᠮᠦᠨ᠎ᠤ ᠨᠢᠳᠦ ᠪᠢᠰᠢ᠃ ᠨᠡᠩ ᠴᠦ᠍ ᠲᠤᠨᠠᠯ᠎ᠤᠨ ᠨᠢᠳᠦ ᠪᠢᠰᠢ ᠪᠤᠯᠬᠤ᠎ᠨᠢ ᠮᠡᠳᠡᠭ᠌ᠳᠡᠯ᠎ᠡ᠃ ᠪᠠᠭ᠍ᠰᠢ ᠬᠠᠢᠷ᠎ᠠ ᠲᠤᠨᠣᠷᠠᠭ᠍ᠰᠠᠨ ᠨᠢᠳᠦ᠍᠎ᠪᠠᠨ ᠠᠯᠢᠶᠠᠬᠠᠨ ᠡᠷᠭᠢᠯᠳᠤᠭᠦᠯᠵᠦ᠍᠂ ᠲᠡᠭ᠌ᠰᠢ ᠴᠠᠭᠠᠨ ᠱᠢᠳᠦ ᠪᠠᠨ ᠢᠷᠠᠯᠵᠠᠭᠤᠯᠵᠦ᠍᠄ 《ᠵᠠ᠂ ᠰᠤᠷᠤᠭ᠍ᠴᠢ ᠨᠦᠬᠦᠳ ᠡ! ᠡᠨᠡ ᠶᠠᠮᠠᠷ ᠠᠮᠢᠳᠠᠨ᠎ᠤ ᠨᠢᠳᠦ ᠪᠤᠢ?》 ᠭᠡᠪᠡ᠃ ᠪᠢᠳᠡᠨ᠎ᠤ ᠬᠠᠷᠢᠭᠤᠯᠳᠠ ᠶᠤᠰᠤᠳᠠᠢ ᠯᠠ ᠶᠠᠩᠵᠦ᠍ ᠶᠠᠩᠵᠦ᠍᠎ᠶ᠋ᠢᠨ ᠶᠠ ᠶᠠ ᠬᠤᠯᠤ᠃ 《ᠯᠤᠤ᠎ᠶ᠋ᠢᠨ᠎ᠬᠢ᠂ ᠪᠤᠳᠤᠭᠤᠨ᠎ᠤ᠎ᠬᠢ᠂ ᠱᠢᠪᠠᠭᠤᠨ᠎ᠤ᠎ᠬᠢ ᠁》᠃ ᠴᠡᠩᠭᠡᠯ ᠪᠠᠭ᠍ᠰᠢ ᠲᠤᠯᠤᠭᠠᠢ ᠰᠠᠵᠢᠨ ᠢᠨᠢᠶᠡᠪᠡ᠃ ᠲᠡᠷᠡ ᠲᠤᠷᠠᠨ ᠬᠠᠷ᠎ᠠ ᠨᠢᠳᠦᠨ᠎ᠠᠴᠠ᠎ᠪᠠᠨ ᠲᠡᠭᠡᠭ᠌ᠰᠢ ᠨᠢᠭᠡ ᠰᠠᠢᠨ ᠰᠦᠭᠦᠮ ᠵᠠᠢ᠎ᠲᠠᠢ ᠰᠤᠷᠤᠯᠵᠠᠭ᠍ᠰᠠᠨ ᠬᠤᠶᠠᠷ ᠴᠢᠬᠢ ᠵᠢᠷᠤᠬᠤ᠎ᠪᠠᠷ ᠮᠢᠨᠤ ᠲᠤᠳᠤᠷ᠎ᠠ ᠤᠷᠤᠯᠳᠤᠭᠠᠨ ᠤᠯᠠᠭᠠᠨ ᠮᠢᠨᠢ ᠭᠤᠨᠠᠨ ᠦᠬᠡᠷ᠎ᠤᠨ ᠡᠪᠡᠷ ᠭᠤᠤᠯ᠎ᠠᠴᠠ᠎ᠪᠠᠨ ᠬᠠᠭ᠎ᠠ ᠲᠠᠱᠢᠮ᠎ᠠ ᠢᠳᠡᠷ ᠶᠢᠰᠦ᠎ᠶ᠋ᠢᠨ ᠬᠦᠢᠳᠡᠨ᠎ᠳᠤ ᠤᠶᠠᠭᠠᠨ ᠲᠡᠭᠡᠷ᠎ᠡ ᠪᠦᠮᠪᠤᠯᠵᠡᠳᠡᠯ᠎ᠡ ᠲᠠᠭ᠍ᠵᠢᠵᠦ᠍᠂ ᠬᠠᠢᠯᠠᠰᠤᠨ ᠪᠤᠯᠠᠭ᠎ᠠ ᠨᠠᠷᠢᠰᠳᠠᠯ᠎ᠠ ᠬᠡᠮᠢᠯᠡᠨ᠂ ᠪᠠᠷᠠᠭᠤᠨ ᠲᠡᠭ᠌ᠷᠢ᠎ᠶ᠋ᠢᠨ ᠲᠠᠩᠨᠠᠢ᠎ᠳᠤ ᠭᠢᠯᠠᠯᠵᠠᠬᠤ ᠭᠤᠷᠪᠡᠨ ᠮᠡᠷᠡᠯ᠎ᠢ ᠴᠡᠴᠡᠷᠡᠳᠡᠯ᠎ᠡ ᠬᠠᠮᠠᠷ ᠲᠠᠴᠢᠬᠢᠨᠠᠭᠤᠯᠤᠨ ᠦᠦᠷᠰᠡᠬᠦ᠌ ᠱᠢᠭ ᠤᠢ ᠰᠠᠭᠤᠭᠳᠠᠯ᠎ᠳᠤ ᠤᠷᠤᠵᠦ ᠢᠷᠡᠪᠡ᠃

《ᠠᠪᠤ᠎ᠶ᠋ᠢᠨ ᠬᠦᠦ ᠠᠳᠠᠯᠢ ᠦᠭᠡᠢ᠂ ᠠᠷᠪᠠᠨ ᠬᠤᠷᠤᠭᠤ ᠲᠡᠭ᠌ᠰᠢ ᠦᠭᠡᠢ》᠃ ᠬᠦᠮᠦᠨ ᠬᠦᠮᠦᠨ᠎ᠤ ᠵᠢᠷᠤᠭ ᠵᠢᠷᠤᠬᠤ ᠠᠷᠭ᠎ᠠ ᠮᠠᠶᠢᠭ᠂ ᠡᠬᠢᠯᠡᠬᠦ᠌᠎ᠨᠢ ᠠᠳᠠᠯᠢ ᠦᠭᠡᠢ᠃ ᠪᠢ ᠮᠤᠷᠢ ᠵᠢᠷᠤᠬᠤ᠎ᠳᠠᠭᠠᠨ ᠬᠤᠶᠠᠷ ᠴᠢᠬᠢ᠎ᠠᠴᠠ᠎ᠨᠢ ᠡᠬᠢᠯᠡᠳᠡᠭ᠃ ᠪᠠᠰᠠ ᠮᠤᠣᠷ᠎ᠤᠨ ᠴᠢᠬᠢ ᠱᠢᠭ ᠲᠡᠭᠡᠷ᠎ᠡ᠎ᠨᠢ ᠬᠡᠳᠦ ᠬᠡᠳᠦᠨ ᠤᠷᠳᠦ ᠦᠰᠦ ᠭᠠᠷ᠎ᠤᠨ ᠠᠶ᠎ᠠ᠎ᠪᠠᠷ ᠲᠠᠳᠠᠨ᠎ᠠ᠃ ᠲᠡᠭᠡᠪᠡᠯ ᠮᠤᠷᠢᠨ᠎ᠤ᠎ᠪᠠᠨ ᠮᠠᠩᠨᠠᠢ᠂ ᠨᠢᠳᠦ᠂ ᠬᠠᠮᠠᠷ᠎ᠤᠨ ᠬᠡᠮᠵᠢᠶ᠎ᠡ᠎ᠶ᠋ᠢ ᠤᠯᠬᠤ᠎ᠳᠤ ᠠᠮᠠᠷ᠃ ᠭᠠᠷ᠎ᠤᠨ ᠲᠤᠮᠵᠢᠶ᠎ᠠ ᠠᠯᠳᠠᠬᠤ ᠦᠭᠡᠢ᠃ ᠪᠠᠭ᠍ᠰᠢ ᠬᠠᠷᠢᠨ ᠲᠡᠢᠮᠤ ᠪᠢᠰᠢ᠃ ᠨᠢᠳᠦᠨ᠎ᠠᠴᠠ᠎ᠨᠢ ᠡᠬᠢᠯᠡᠵᠦ᠍ ᠵᠢᠷᠤᠲᠠᠬ᠃ ᠰᠤᠶᠤᠯ ᠡᠷᠳᠡᠮ᠎ᠳᠤ ᠨᠡᠪᠳᠡᠷᠡᠵᠦ᠍᠂ ᠰᠡᠳᠭᠢᠯ᠎ᠠᠴᠠ᠎ᠪᠠᠨ ᠭᠡᠭᠡᠷᠡᠭ᠌ᠰᠡᠨ ᠬᠦᠮᠦᠨ᠂ ᠠᠮᠢᠳᠠᠨ᠎ᠤ ᠬᠠᠮᠤᠭ ᠠᠮᠢᠨ ᠭᠠᠵᠠᠷ᠎ᠢ ᠠᠳᠭᠤᠵᠦ᠍ ᠨᠢᠳᠦᠨ᠎ᠠᠴᠠ᠎ᠨᠢ ᠡᠬᠢᠯᠡᠵᠦ᠍ ᠵᠢᠷᠤᠳᠠᠭ ᠪᠤᠯᠤᠯᠳᠠᠢ᠃

ᠵᠢᠷᠤᠭ᠎ᠤᠨ ᠮᠤᠷᠢ ᠮᠢᠨᠤ ᠨᠠᠭᠠᠳᠴᠤ᠌ ᠦᠰᠦᠭ᠌ᠰᠡᠨ ᠪᠤᠷᠤ ᠲᠤᠪᠤᠭ᠎ᠤᠨ ᠤᠷᠤᠢ ᠱᠢᠭ᠋ ᠨᠢᠭᠡ ᠲᠠᠨᠢᠯᠬᠠᠨ ᠪᠤᠷᠤ ᠲᠤᠯᠤᠭᠠᠢ ᠲᠡᠭᠡᠷ᠎ᠡ ᠱᠢᠩᠭᠡᠨ ᠲᠡᠯ ᠰᠡᠭᠦᠯ᠎ᠢᠶᠠᠨ ᠨᠠᠮᠤᠷ᠎ᠤᠨ ᠬᠠᠯᠢᠭᠤᠨ ᠰᠠᠯᠬᠢᠨ᠎ᠳᠤ ᠨᠠᠮᠢᠷᠠᠭᠤᠯᠤᠨ ᠬᠠᠨᠢ ᠢᠵᠢᠯᠢ᠎ᠶ᠋ᠢᠨ᠎ᠢᠶᠠᠨ ᠬᠤᠢᠨ᠎ᠠ᠎ᠠᠴᠠ ᠰᠡᠳᠭᠢᠯ ᠰᠡᠩᠰᠡᠷᠡᠳᠡᠯ᠎ᠡ ᠦᠤᠷᠰᠡᠵᠦ᠍ ᠪᠠᠢᠮᠠᠷ ᠬᠠᠷᠠᠭ᠍ᠳᠠᠨ᠎ᠠ᠃ ᠭᠠᠭ᠍ᠴᠠ ᠯᠠ ᠴᠢᠨ᠋ᠸ᠎ᠠ᠎ᠶ᠋ᠢᠨ ᠬᠤᠶᠠᠷ ᠴᠢᠬᠢ᠎ᠪᠠᠨ ᠬᠠᠢᠴᠢᠯᠠᠨ᠂ ᠭᠠᠩ ᠲᠦᠷᠪᠡᠨ ᠲᠤᠭᠤᠷᠠᠢ ᠲᠠᠴᠢᠬᠢᠨᠠᠭᠤᠯᠤᠨ᠂ ᠡᠪᠡᠰᠦᠨ ᠲᠤᠯᠤᠭᠠᠢ ᠱᠢᠭᠦᠷᠡᠭᠦᠯᠦᠨ ᠨᠠᠷᠢᠨ ᠱᠢᠷᠭᠠᠯ ᠲᠤᠭᠤᠰᠤ ᠪᠤᠰᠭᠠᠨ᠂ ᠠᠳᠤᠭᠤᠨ᠎ᠤ ᠪᠠᠷ᠎ᠠ᠎ᠪᠠᠷ ᠢᠨᠴᠠᠭᠠᠨ ᠲᠠᠪᠬᠢᠬᠤ᠎ᠨᠢ ᠯᠠ ᠲᠤᠳᠠᠭᠤ᠃ ᠶᠤᠰᠤᠳᠠᠢ ᠯᠠ ᠬᠡᠭᠡᠷ᠎ᠡ᠎ᠶ᠋ᠢᠨ ᠰᠠᠯᠬᠢ᠎ᠪᠠᠷ ᠵᠡᠭᠡᠷ᠎ᠡ᠎ᠶ᠋ᠢᠨ ᠰᠠᠢᠬᠠᠨ ᠲᠤᠯᠤᠭᠠᠢ᠎ᠪᠠᠨ ᠬᠠᠶᠠᠯᠠᠨ ᠨᠠᠭᠠᠳᠤᠭ᠍ᠰᠠᠨ᠂ ᠬᠦᠬᠦᠯ᠎ᠳᠤᠨᠢ ᠨᠠᠷᠠ ᠰᠠᠯᠬᠢ ᠲᠤᠭ᠍ᠯᠠᠭ᠍ᠰᠠᠨ᠂ ᠲᠡᠪᠬᠡᠯᠵᠡᠭ᠌ᠰᠡᠨ ᠭᠠᠩᠭᠠᠩ ᠬᠦᠯᠦᠭ ᠪᠠᠢᠯ᠎ᠠ᠃ ᠡᠮᠡᠭᠡᠯ ᠲᠤᠬᠤᠵᠦ᠍ ᠤᠨᠤᠭᠠᠳ ᠪᠦᠭ᠌ᠰᠡᠨ᠎ᠤ ᠬᠤᠷᠤᠬᠠᠢ ᠦᠬᠦᠭᠦᠯᠵᠦ᠍ ᠲᠦᠷᠦᠭᠡ ᠵᠢᠭᠢᠮᠡᠷ ᠰᠠᠨᠠᠭ᠍ᠳᠠᠬᠤ᠎ᠪᠠᠷ ᠭᠡᠨᠡᠳᠳᠡ ᠰᠠᠮᠪᠠᠷ᠎ᠠ ᠲᠡᠭᠡᠷᠡᠬᠢ ᠮᠤᠷᠢ᠂ ᠮᠢᠨᠤ ᠤᠷᠤᠯᠳᠤᠭᠠᠨ ᠤᠯᠠᠭᠠᠨ ᠬᠤᠶᠠᠷ ᠲᠦᠷᠰᠦ ᠰᠤᠯᠪᠢᠴᠠᠨ ᠬᠠᠷᠠᠭ᠍ᠳᠠᠵᠦ᠍᠂ ᠪᠠᠷᠢᠶᠠᠨ᠎ᠤ ᠭᠠᠵᠠᠷ ᠢᠷᠡᠬᠦ᠌᠎ᠪᠠᠷ ᠤᠰᠤᠨ᠎ᠳᠤ ᠤᠷᠤᠭ᠍ᠰᠠᠨ ᠬᠤᠯᠤᠭᠠᠨ᠎ᠠ ᠱᠢᠭ᠋ ᠵᠤᠯᠪᠤᠢᠳᠠᠯ᠎ᠠ ᠬᠦᠯᠦᠷᠡᠵᠦ᠍᠂ ᠬᠠᠮᠠᠷ᠎ᠤᠨ ᠨᠦᠬᠡ᠎ᠨᠢ ᠰᠠᠷᠳᠠᠯᠵᠠᠨ ᠠᠮᠢᠰᠭᠤᠭ᠎ᠠ ᠰᠤᠢᠯᠡᠵᠦ᠍ ᠪᠠᠢᠳᠠᠭ᠎ᠨᠢ ᠰᠠᠨᠠᠭ᠍ᠳᠠᠨ᠎ᠠ ᠃

ᠠᠮᠢᠳᠠᠨ ᠵᠢᠷᠤᠬᠤ᠎ᠳᠤ ᠨᠢᠳᠦ᠍᠎ᠨᠢ ᠯᠠ ᠠᠮᠠᠷ ᠦᠭᠡᠢ᠃ ᠶᠠᠮᠠᠷᠴᠤ᠌ ᠠᠮᠢᠳᠠᠨ ᠬᠦᠳᠡᠯᠭᠡᠭᠡᠨ᠎ᠢᠶᠠᠷ᠎ᠢᠶᠠᠨ ᠪᠢᠰᠢ᠂ ᠨᠢᠳᠦ᠍᠎ᠪᠠᠷ᠎ᠢᠶᠠᠨ ᠠᠮᠢᠯᠠᠵᠦ᠍ ᠬᠠᠷᠠᠭ᠍ᠳᠠᠨ᠎ᠠ᠃ᠮᠤᠷᠢ᠎ᠶ᠋ᠢ ᠲᠦᠷᠪᠡᠨ ᠲᠠᠯ᠎ᠠ᠎ᠠᠴᠠ᠎ᠨᠢ ᠬᠠᠷᠠᠬᠤ ᠪᠠᠢᠳᠤᠭᠠᠢ ᠮᠦᠩᠭᠦᠨ ᠡᠮᠡᠭᠡᠯ ᠬᠠᠵᠠᠭᠠᠷ᠎ᠢᠶᠠᠷ ᠭᠤᠶᠤᠵᠦ᠍ ᠤᠨᠤᠵᠦ᠍ ᠪᠠᠢᠭᠠᠳ ᠵᠢᠷᠤᠭ᠍ᠰᠠᠨ ᠴᠦ᠍ ᠪᠤᠯᠤᠨ᠎ᠠ᠃ ᠲᠡᠷᠡ ᠪᠤᠯ ᠪᠤᠳᠠᠳᠦ ᠤᠷᠤᠱᠢᠬᠤᠢ ᠠᠮᠢᠳᠠᠨ᠃ ᠮᠤᠷᠢ ᠵᠢᠷᠤᠬᠤ᠎ᠳᠠᠭᠠᠨ ᠤᠤᠯ ᠲᠦᠷᠬᠦ᠌᠎ᠶ᠋ᠢ᠎ᠨᠢ ᠶᠠᠭᠠᠬᠢᠭ᠍ᠰᠠᠨ ᠴᠦ᠍ ᠠᠯᠳᠠᠭᠤᠯᠵᠦ᠍ ᠪᠤᠯᠬᠤ ᠦᠭᠡᠢ᠃ ᠨᠡᠩ ᠴᠦ᠍ ᠲᠤᠷᠠᠨ ᠬᠠᠷ᠎ᠠ ᠨᠢᠳᠦ᠍᠎ᠶ᠋ᠢ᠎ᠨᠢ ᠭᠡᠷᠡᠯᠳᠤᠳᠡᠯ᠎ᠡ ᠵᠢᠷᠤᠬᠤ ᠤᠴᠢᠷ᠎ᠲᠠᠢ᠃ ᠦᠨᠡᠨ᠎ᠳᠡᠭᠡᠨ ᠭᠢᠯᠳᠠᠭᠠᠨᠠᠭ᠍ᠰᠠᠨ

ᠲᠤᠷᠭᠠᠨ ᠰᠤᠷ᠎ᠲᠠᠢ ᠦᠰᠦ᠂ ᠠᠷᠠᠰᠦ᠎ᠪᠠᠨ ᠢᠵᠠᠷᠠᠲᠠᠯ᠎ᠠ ᠡᠷᠴᠢᠯᠡᠨ ᠵᠠᠩᠭᠢᠷᠠᠭ᠍ᠰᠠᠨ ᠪᠤᠯᠴᠢᠩ ᠱᠢᠷᠪᠤᠰᠤ᠂ ᠮᠢᠬ᠎ᠠ ᠦᠭᠡᠬᠦ᠂ ᠬᠡᠤᠬᠡᠨ ᠬᠠᠷ᠎ᠠ ᠲᠤᠭᠤᠷᠠᠢ᠎ᠳᠠᠭᠠᠨ ᠬᠦᠷᠳᠡᠯ᠎ᠡ ᠠᠭᠠᠯᠵᠢᠨ ᠲᠤᠤᠷ ᠱᠢᠭ᠋ ᠨᠢᠭᠤᠴᠠᠭᠠᠢ ᠬᠤᠯᠪᠤᠭ᠍ᠳᠠᠭ᠍ᠰᠠᠨ ᠨᠠᠷᠢᠨ ᠰᠤᠳᠠᠰᠤ ᠱᠢᠷᠪᠤᠰᠤᠨ᠎ᠳᠡᠭᠡᠨ ᠪᠤᠭᠤᠭ᠍ᠳᠠᠭ᠍ᠰᠠᠨ ᠶᠠᠰᠦ᠎ᠶ᠋ᠢ᠎ᠨᠢ ᠵᠢᠷᠦᠨ᠎ᠡ ᠭᠡᠳᠡᠭ ᠠᠮᠠᠷ ᠦᠭᠡᠢ᠃ ᠵᠢᠷᠤᠭᠠᠴᠢ᠎ᠶ᠋ᠢᠨ ᠤᠷ᠎ᠠ ᠤᠬᠠᠭᠠᠨ ᠬᠡᠵᠢᠶ᠎ᠡ ᠴᠦ᠍ ᠬᠦᠷᠬᠦ᠌ ᠦᠭᠡᠢ᠃

ᠤᠨ ᠰᠠᠷ᠎ᠠ ᠭᠡᠭ᠌ᠴᠢ ᠤᠯᠠᠨ ᠠᠳᠤᠭᠤᠨ᠎ᠤ ᠶᠦᠷᠭᠡᠭ᠌ᠰᠡᠨ ᠲᠤᠭᠤᠰᠤ᠎ᠲᠠᠢ ᠰᠤᠭᠣᠨᠠᠭ᠍ᠯᠠᠨ᠂ ᠮᠢᠨᠤ ᠡᠷᠢᠯ ᠬᠦᠰᠡᠯ᠂ ᠵᠠᠯᠠᠭᠤ ᠬᠠᠯᠠᠭᠤᠨ ᠨᠠᠰᠤ᠎ᠲᠠᠢ ᠬᠠᠮᠳᠦ ᠬᠠᠢᠷ᠎ᠠ ᠰᠡᠳᠭᠢᠯᠬᠡᠨ᠎ᠤ ᠮᠢᠨᠢ ᠡᠩ ᠦᠭᠡᠢ ᠨᠤᠭᠤᠭᠠᠨ ᠲᠠᠯ᠎ᠠ᠎ᠪᠠᠷ ᠤᠷᠤᠰᠤᠨ ᠦᠩᠭᠡᠷᠡᠨ᠎ᠡ᠃ ᠮᠢᠨᠤ ᠨᠤᠳᠤᠭ᠎ᠲᠤ ᠵᠢᠯ᠎ᠤᠨ ᠲᠦᠷᠪᠡᠨ ᠤᠯᠠᠷᠢᠯ᠎ᠳᠤ ᠮᠤᠷᠢᠨ᠎ᠤ ᠲᠤᠭᠤᠰᠤ ᠲᠠᠰᠤᠷᠠᠬᠤ ᠦᠭᠡᠢ᠃ ᠰᠠᠷ᠎ᠠ ᠱᠢᠨ᠎ᠡ᠂ ᠤᠷᠤᠭ ᠬᠤᠷᠢᠮ᠂ ᠤᠪᠤᠭ᠎ᠠ ᠪᠤᠯᠠᠭ᠂ ᠠᠷᠠᠳ᠎ᠤᠨ ᠨᠠᠢᠷ ᠭᠡᠳ ᠶᠡᠭᠡ ᠪᠠᠭ᠎ᠠ ᠨᠠᠢᠷ ᠦᠷᠭᠦᠯᠵᠢᠯᠡᠨ᠎ᠡ᠃ ᠨᠠᠢᠷ ᠶᠠᠷᠤᠨᠢ ᠮᠤᠷᠢᠨ᠎ᠠᠴᠠ ᠰᠠᠯᠬᠤ ᠦᠭᠡᠢ᠃ ᠲᠡᠭ᠌ᠷᠢ ᠭᠠᠵᠠᠷ᠎ᠤᠨ ᠱᠢᠳᠦᠭᠡᠨ ᠤᠪᠤᠭ᠎ᠠ ᠯᠤᠤᠰ᠎ᠵᠢᠡᠨ ᠲᠠᠬᠢᠬᠤ᠎ᠳᠤ ᠴᠦ᠍ ᠤᠪᠤᠭᠠᠨ᠎ᠤ᠎ᠪᠠᠨ ᠭᠤᠤᠯ᠎ᠳᠤᠨᠢ ᠬᠠᠳᠭᠤᠭ᠍ᠰᠠᠨ ᠱᠤᠷᠤᠭ᠍ᠰᠢᠨ ᠮᠤᠳᠤᠨ᠎ᠠᠴᠠ᠎ᠪᠠᠨ ᠲᠦᠷᠪᠡᠨ ᠲᠠᠯ᠎ᠠ ᠵᠦᠭ᠎ᠨᠢ ᠲᠠᠳᠠᠭ᠍ᠰᠠᠨ ᠬᠡᠢᠮᠤᠷᠢ ᠶ᠋ᠢᠨ ᠵᠢᠷᠤᠭ᠎ᠲᠠᠢ ᠲᠦᠷᠪᠡᠯᠵᠢᠨ ᠪᠦᠰᠡ ᠲᠡᠭᠡᠷ᠎ᠡ ᠭᠠᠩ ᠲᠦᠷᠪᠡᠨ ᠲᠤᠭᠤᠷᠠᠢ᠎ᠪᠠᠷ᠎ᠢᠶᠠᠨ ᠰᠡᠮᠡᠵᠡᠨ ᠴᠠᠭᠠᠨ ᠡᠭᠦᠯᠡ ᠰᠠᠮᠠᠷᠠᠨ ᠲᠡᠭᠦᠯᠢᠨ ᠨᠢᠰᠦᠭ᠌ᠰᠡᠨ ᠵᠢᠭᠦᠷᠳᠦ ᠴᠠᠭᠠᠨ ᠮᠤᠷᠢ᠎ᠲᠠᠢ ᠲᠠᠷᠴᠣᠭ ᠨᠠᠮᠢᠷᠠᠨ᠎ᠠ᠃ ᠲᠡᠷᠡ ᠬᠡᠢᠮᠤᠷᠢ᠎ᠶ᠋ᠢᠨ ᠲᠠᠷᠴᠣᠭ ᠠᠷᠤ ᠭᠠᠵᠠᠷ᠎ᠤᠨ ᠲᠦᠷᠪᠡᠨ ᠤᠯᠠᠷᠢᠯ᠎ᠤᠨ ᠨᠠᠷᠠ ᠰᠠᠯᠬᠢᠨ᠎ᠳᠤ ᠡᠯᠡᠭ᠌ᠳᠡᠨ ᠰᠡᠭ᠌ᠯᠡᠷᠡᠭ᠌ᠰᠡᠨ ᠴᠦ᠍ ᠨᠠᠮᠢᠷᠠᠬᠤ ᠪᠤᠯᠭᠠᠨ᠎ᠤ᠎ᠪᠠᠨ ᠲᠤᠭᠠᠯᠠᠩ᠎ᠢᠶᠠᠷ ᠬᠦᠮᠦᠰ᠎ᠲᠤ ᠡᠷᠡᠭᠦᠯ ᠡᠩᠬᠡ᠂ ᠠᠵᠠ ᠵᠢᠷᠭᠠᠯ᠂ ᠬᠡᠢᠮᠤᠷᠢ᠎ᠶ᠋ᠢ ᠲᠠᠯᠠᠯᠣᠬᠰᠠᠨ ᠡᠴᠢᠨ᠎ᠡ ᠲᠠᠯᠳᠠ᠎ᠶ᠋ᠢᠨ ᠵᠦᠩ ᠰᠤᠪᠢᠩ᠂ ᠡᠶᠡᠷᠭᠦ ᠡᠨᠧᠷᠭᠢ᠎ᠪᠠᠷ ᠴᠡᠨᠡᠭ᠌ᠯᠡᠳᠡᠭ᠎ᠨᠢ ᠴᠠᠭᠠᠨ᠎ᠠ᠎ᠪᠠᠨ ᠨᠢᠭᠡᠯᠡ ᠨᠢᠭᠤᠴᠠᠭᠠᠢ᠃

ᠮᠤᠷᠢ ᠶᠡᠭᠡ ᠤᠬᠠᠭᠠᠯᠢᠭ ᠠᠮᠢᠳᠠᠨ᠃ ᠵᠠᠷᠢᠮ ᠪᠢᠴᠢᠭ ᠰᠤᠳᠤᠷ᠎ᠲᠤ 《ᠮᠤᠷᠢ ᠲᠤᠯᠤᠭᠠᠨ ᠨᠠᠰᠤᠳᠠᠢ ᠬᠡᠤᠬᠡᠳ᠎ᠤᠨ ᠤᠬᠠᠭᠠᠨ᠎ᠲᠠᠢ》 ᠭᠡᠵᠦ᠍ ᠲᠡᠮᠳᠡᠭ᠌ᠯᠡᠭ᠌ᠰᠡᠨ᠎ᠨᠢ ᠲᠠᠭᠠᠷᠠᠵᠦ᠍ ᠴᠦ᠍ ᠮᠡᠳᠡᠬᠦ᠌ ᠶᠤᠮ᠃ ᠮᠤᠷᠢ ᠶᠡᠭᠡ ᠭᠠᠵᠠᠷᠴᠢ᠂ ᠨᠤᠳᠤᠭ᠍ᠴᠢ ᠠᠮᠢᠳᠠᠨ᠃ ᠭᠡᠭᠡᠯ ᠲᠠᠢ ᠭᠡᠭᠦᠦ ᠬᠤᠯᠠ ᠶᠠᠪᠤᠭᠰᠠᠨ᠎ᠴᠤ ᠤᠨᠠᠭ᠎ᠠ ᠨᠢ ᠭᠤᠷᠪᠠᠨ ᠵᠢᠯ᠎ᠤᠨ ᠲᠠᠷᠠᠭ᠎ᠠ ᠭᠠᠵᠠᠷᠯᠠᠨ᠎ᠠ ᠭᠡᠳᠡᠭ᠎ᠢ ᠰᠤᠨᠤᠰᠤᠭᠠᠳ ᠶᠡᠭᠡ ᠭᠠᠢᠬᠠᠵᠦ᠍ ᠪᠠᠢᠭ᠍ᠰᠠᠨ ᠶᠤᠮ᠃ ᠮᠤᠷᠢ᠂ ᠨᠤᠳᠤᠭ᠎ᠤᠨ ᠰᠠᠯᠬᠢ ᠦᠨᠦᠷᠯᠡᠨ᠂ ᠭᠠᠵᠠᠷ᠎ᠤᠨ ᠰᠤᠳᠠᠰᠦ ᠴᠢᠩᠨᠠᠨ ᠭᠠᠵᠠᠷ ᠲᠤᠪᠴᠢᠯᠠᠳᠠᠭ ᠡᠷᠳᠡᠮ᠎ᠲᠠᠢ᠃ ᠶᠤᠰᠤᠳᠠᠢ ᠯᠠ 《ᠬᠤᠢᠳᠦ ᠬᠦᠯ᠎ᠢᠶᠠᠨ ᠲᠠᠯᠪᠢᠪᠠᠯ ᠬᠤᠨᠤᠭ᠎ᠤᠨ ᠭᠠᠵᠠᠷ᠂ ᠡᠮᠦᠨ᠎ᠡ ᠬᠦᠯ᠎ᠢᠶᠠᠨ ᠲᠠᠯᠪᠢᠪᠠᠯ ᠡᠳᠦᠷ᠎ᠤᠨ ᠭᠠᠵᠠᠷ》 ᠶ᠋ᠢᠡᠷ ᠲᠤᠪᠴᠢᠯᠠᠳᠠᠭ᠃ ᠬᠠᠶᠠ ᠪᠢ ᠮᠤᠷᠢ᠎ᠶ᠋ᠢ ᠭᠠᠵᠠᠷ᠎ᠤᠨ ᠨᠢᠳᠦ ᠴᠦ᠍ ᠪᠢᠯᠢᠤ ᠭᠡᠵᠦ᠍ ᠪᠤᠳᠤᠳᠠᠭ᠃ 《ᠲᠡᠭ᠌ᠷᠢ ᠲᠦᠮᠡᠨ ᠨᠢᠳᠦ᠍᠎ᠲᠠᠢ》 ᠭᠡᠳᠡᠭ᠎ᠢᠶᠠᠷ ᠭᠠᠵᠠᠷ᠎ᠲᠤ ᠬᠡᠷᠪᠡ ᠭᠠᠭ᠍ᠴᠠ ᠨᠢᠳᠦ᠍᠎ᠲᠠᠢ ᠪᠠᠢᠳᠠᠭ ᠪᠤᠯ ᠲᠡᠷᠡ ᠬᠦᠪᠡᠭᠡ ᠵᠦᠭ᠎ᠢᠶᠠᠨ ᠲᠤᠭ᠎ᠠ ᠲᠤᠮᠰᠢ ᠦᠭᠡᠢ ᠤᠯᠠᠨ ᠦᠩᠭᠡ᠎ᠶ᠋ᠢᠨ ᠭᠠᠢᠬᠠᠮᠱᠢᠭ᠎ᠢᠶᠠᠷ ᠴᠢᠨᠡᠷᠡᠨ ᠲᠤᠶᠠᠭᠠᠷᠠᠵᠦ᠍᠂ ᠵᠦᠭ ᠪᠦᠷᠢ ᠵᠤᠷᠪᠤᠰ ᠵᠤᠷᠪᠤᠰ ᠬᠦᠷᠡᠩ ᠭᠡᠷᠡᠯ ᠤᠢᠭ᠍ᠰᠠᠨ ᠬᠤᠪᠢᠯᠭᠠᠨ ᠨᠢᠳᠦ᠍᠎ᠨᠢ ᠮᠤᠷᠢ ᠪᠠᠢᠬ᠎ᠠ᠃

ᠮᠤᠷᠢ ᠮᠤᠯᠤᠷ ᠡᠷᠳᠡᠨᠢ᠃ ᠮᠤᠯᠤᠷ ᠡᠷᠳᠡᠨᠢ᠎ᠶ᠋ᠢᠨ ᠨᠢᠳᠦ᠍᠎ᠶ᠋ᠢ ᠮᠦᠩᠬᠡ ᠭᠡᠷᠡᠯᠳᠦᠳᠡᠯ᠎ᠡ ᠵᠢᠷᠤᠬᠤ ᠰᠤᠶᠤᠯ ᠰᠡᠳᠭᠢᠯᠭᠡᠨ᠎ᠤ ᠤᠨᠳᠤᠷᠣᠭᠠᠳ ᠪᠠᠷᠠᠱᠢ ᠦᠭᠡᠢ ᠦᠨᠢ ᠮᠦᠩᠬᠡ᠎ᠶ᠋ᠢᠨ ᠰᠡᠳᠦᠪ ᠪᠤᠶᠤ᠃ ᠲᠡᠷᠡ ᠮᠦᠩᠬᠡ᠎ᠶ᠋ᠢᠨ ᠰᠡᠳᠦᠪ᠂ ᠮᠢᠨᠤ ᠴᠢᠰᠦ ᠮᠢᠬᠠᠨ᠎ᠳᠤ ᠱᠢᠩᠭᠡᠵᠦ᠍᠂ ᠦᠵᠡᠭ᠌ᠳᠡᠵᠦ᠍ ᠬᠠᠷᠠᠭ᠍ᠳᠠᠮ᠎ᠠ ᠦᠭᠡᠢ ᠶᠠᠮᠠᠷ ᠨᠢᠭᠡᠨ ᠡᠴᠢᠨ᠎ᠡ ᠲᠡᠯᠳᠡ ᠢᠳᠡ ᠬᠦᠴᠦ᠍᠂ ᠪᠦᠬᠦ᠌ ᠪᠡᠶ᠎ᠡ᠎ᠶ᠋ᠢᠨ ᠡᠰ᠂ ᠪᠤᠯᠴᠢᠩ ᠱᠢᠷᠪᠦᠰᠦ ᠪᠦᠬᠦᠨ᠎ᠳᠤ ᠨᠡᠪᠳᠡᠷᠡᠨ ᠢᠷᠡᠯᠵᠠᠨ ᠮᠡᠳᠡᠷᠡᠭ᠌ᠳᠡᠵᠦ᠍᠂ ᠪᠤᠰᠤᠭ᠎ᠠ᠂ ᠲᠦᠷᠰᠦᠯᠢᠭ ᠤᠢ ᠰᠡᠳᠭᠢᠬᠦᠢ᠎ᠳᠤ ᠪᠦᠷᠭᠦᠳ᠎ᠤᠨ ᠵᠢᠭᠦᠷ ᠰᠡᠮᠡᠷᠡᠮ᠎ᠡ ᠶᠡᠭᠡ ᠠᠯᠤᠰ᠎ᠠᠴᠠ ᠲᠡᠭ᠌ᠷᠢ ᠭᠠᠵᠠᠷ᠎ᠤᠨ ᠪᠤᠭᠤᠷᠤᠯ ᠰᠠᠪᠰᠠᠯᠭᠠᠨ ᠲᠤᠮᠳᠠᠭᠤᠷ᠂ ᠤᠨᠢᠶᠠᠷ ᠮᠠᠨᠠᠨ ᠵᠦᠰᠦᠨ᠂ ᠨᠢᠭᠡᠨ ᠠᠷᠠᠠᠵᠠᠯ ᠤᠯᠠᠭᠠᠨ ᠬᠦᠯᠦᠭ᠎ᠲᠠᠢ᠂ ᠤᠷᠭ᠎ᠠ ᠴᠢᠷᠦᠭ᠌ᠰᠡᠨ ᠮᠤᠷᠢᠳᠠᠨ ᠴᠠᠬᠢᠯᠤᠨ ᠨᠠᠭᠠᠱᠢᠯᠠᠵᠦ᠍ ᠪᠠᠢᠨ᠎ᠠ ᠭᠡᠵᠦ᠍ ᠬᠡᠢ ᠰᠡᠷᠡᠯ ᠤᠯᠳᠠᠭ ᠰᠠᠨ᠃ ᠲᠡᠷᠡ ᠰᠠᠢᠬᠠᠨ ᠰᠡᠷᠡᠯ ᠮᠡᠳᠡᠷᠡᠮᠵᠢ ᠦᠨᠡᠨ᠎ᠳᠡᠭᠡᠨ ᠮᠢᠨᠤ ᠲᠡᠮᠡᠤᠯᠦᠨ ᠵᠢᠳᠬᠦᠵᠦ᠍ ᠬᠦᠷᠬᠦ᠌ ᠭᠡᠷᠡᠯ ᠭᠡᠭᠡ᠃

ᠪᠢ ᠮᠤᠷᠢ ᠵᠢᠷᠤᠬᠤ ᠲᠤᠷᠠᠳᠠᠢ᠃ ᠬᠡᠪᠡᠴᠦ᠍ ᠤᠢᠷ᠎ᠠ᠎ᠠᠴᠠ ᠬᠡᠵᠢᠶ᠎ᠡ ᠴᠦ᠍ ᠮᠤᠷᠢ᠎ᠶ᠋ᠢ ᠰᠠᠢᠬᠠᠨ ᠵᠢᠷᠤᠵᠤ ᠴᠢᠳᠠᠬᠤ ᠦᠭᠡᠢ᠎ᠪᠠᠨ ᠵᠦᠪ ᠤᠬᠠᠭᠠᠷᠠᠵᠦ᠍ ᠪᠢᠯᠡ᠃ ᠮᠤᠷᠢ ᠵᠢᠷᠦᠪᠠᠯ ᠶᠠᠰᠤ ᠲᠠᠢ᠎ᠨᠢ ᠵᠢᠷᠦᠨ᠎ᠠ ᠭᠡᠬᠦ᠌᠎ᠠᠴᠠ ᠯᠠ ᠦᠪᠡᠷ᠎ᠤᠨ ᠠᠪᠢᠶᠠᠰ ᠪᠢᠯᠢᠭ ᠳᠠᠩᠴᠢ ᠮᠡᠭᠦᠰᠳᠡᠨ᠎ᠡ᠃ ᠤᠴᠢᠷ᠎ᠨᠢ ᠮᠤᠷᠢᠨ᠎ᠤ ᠵᠢᠷᠦᠬᠡ᠂ ᠵᠤᠷᠢᠭ᠂ ᠰᠦᠰᠦ ᠨᠢᠳᠦᠨ᠎ᠳᠡᠭᠡᠨ ᠪᠤᠢ᠃ ᠨᠢᠳᠦᠨ᠎ᠳᠤᠨᠢ ᠦᠴᠦᠬᠡᠨ ᠬᠦᠷᠡᠩ ᠪᠤᠷᠤ ᠲᠤᠶᠠᠭ᠎ᠠ ᠲᠠᠳᠠᠵᠦ᠍ ᠪᠠᠢᠪᠠᠯ ᠡᠷ᠎ᠡ ᠬᠦᠮᠦᠨ᠎ᠤ ᠡᠮᠡᠭᠡᠯ᠎ᠢ ᠡᠭᠦᠷᠦᠭᠦᠯᠬᠦ᠌ ᠦᠭᠡᠢ ᠰᠠᠢᠨ ᠮᠤᠷᠢᠨ᠎ᠤ ᠱᠢᠨᠵᠢ᠃ ᠮᠤᠷᠢᠨ᠎ᠤ ᠨᠢᠳᠦ᠍᠎ᠶ᠋ᠢ ᠵᠢᠷᠤᠬᠤ᠎ᠪᠠᠷ ᠮᠤᠬᠤᠱᠢ ᠦᠭᠡᠢ ᠵᠤᠷᠢᠭ ᠰᠠᠨᠠᠭ᠎ᠠ᠂ ᠮᠤᠨᠳᠠᠭ ᠶᠡᠭᠡ ᠬᠦᠰᠡᠯᠡᠩ᠎ᠲᠠᠢ᠎ᠨᠢ ᠬᠤᠯᠪᠤᠨ ᠵᠢᠷᠤᠬᠤ ᠮᠦᠨᠴᠦ᠍ ᠶᠡᠭᠡ ᠤᠬᠠᠭᠠᠨ ᠤᠷᠤᠨ᠎ᠠ ᠱᠢᠤ᠃

ᠤᠯᠠᠭᠠᠨ ᠮᠤᠷᠢᠨ ᠵᠢᠯ᠎ᠳᠤ ᠮᠤᠷᠢ ᠬᠤᠷᠳᠤᠨ ᠪᠤᠯᠳᠤᠭᠠᠢ᠃ ᠮᠤᠷᠢᠳ᠎ᠤᠨ ᠡᠵᠡᠨ᠎ᠤ ᠬᠡᠢᠮᠤᠷᠢ ᠰᠦᠯᠳᠡ ᠤᠯᠠᠭᠠᠨ ᠮᠤᠷᠢᠨ᠎ᠤ ᠮᠢᠨᠢ ᠤᠨᠠᠭᠠᠨ ᠳᠡᠯ ᠱᠢᠭ ᠰᠤᠷᠯᠠᠨ ᠪᠤᠰᠭᠤ ᠪᠤᠯᠳᠤᠭᠠᠢ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号