—— ᠤᠯᠠᠭᠠᠨ ᠮᠤᠷᠢᠨ ᠵᠢᠯᠤᠨ ᠴᠠᠭᠠᠨ ᠰᠠᠷᠠᠳᠤ ᠵᠤᠷᠢᠭᠤᠯᠤᠭᠰᠠᠨ ᠤᠨᠴᠠ ᠤᠬᠠᠭᠠᠯᠠᠯ ( ᠭᠤᠷᠪᠠ )

ᠣᠶᠠᠭᠠᠨ ᠲᠡᠭᠡᠷᠡ ᠪᠠᠭᠣᠵᠦ ᠪᠣᠢ ᠣᠯᠠᠭᠠᠨ ᠮᠣᠷᠢᠨ ᠵᠢᠯᠢ ᠣᠬᠲᠣᠵᠦ᠂ ᠲᠡᠯ ᠲᠠᠢ ᠰᠢᠪᠠᠭᠣ ᠲᠠᠭᠣᠲᠣ ᠬᠦᠯᠦᠭ ᠭᠡᠮᠡᠭᠲᠡᠭᠰᠡᠨ ᠮᠣᠷᠢᠨᠤ ᠲᠣᠬᠠᠢ ᠵᠣᠭᠣᠬ ᠬᠦᠦᠷᠨᠢᠯᠡ᠃
ᠮᠣᠩᠭᠣᠯᠴᠣᠳᠤᠨ ᠨᠡᠬᠦᠵᠦ ᠪᠠᠭᠣᠬᠰᠠᠨ᠂ ᠲᠠᠭᠣᠯᠠᠵᠦ ᠶᠠᠪᠣᠬᠰᠠᠨ ᠠᠮᠢᠲᠣᠷᠠᠯ ᠲᠡᠦᠬᠡᠶᠢᠨ ᠣᠯᠠ ᠮᠦᠷ ᠲᠦ᠍ ᠠᠢ ᠲᠦᠮᠡᠨ ᠠᠲᠣᠭᠣ ᠪᠠᠨ ᠢᠷᠠᠢᠲᠠᠯᠠ ᠪᠡᠯᠴᠢᠭᠡᠵᠦ᠂ ᠦᠢ ᠲᠦᠮᠡᠨ ᠠᠲᠣᠭᠣ ᠪᠠᠨ ᠦᠣᠷᠰᠡᠬᠦᠯᠦᠨ ᠦᠰᠭᠡᠵᠦ᠂ ᠣᠶᠠᠩᠭᠠ ᠲᠠᠭᠣᠣ ᠳ᠋ᠠᠭᠠᠨ ᠪᠠᠬᠠᠲᠣᠨ ᠲᠠᠭᠣᠯᠠᠬᠰᠠᠭᠠᠷ ᠢᠷᠡᠭᠰᠡᠨ ᠶᠣᠮ᠃ ᠮᠣᠩᠭᠣᠯᠴᠣᠳᠤᠨ ᠮᠣᠷᠢ ᠪᠠᠨ ᠬᠡᠴᠢᠨᠡᠨ ᠶᠡᠬᠡ ᠡᠷᠬᠢᠮᠨᠡᠨ ᠬᠠᠢᠷᠠᠯᠠᠲᠠᠬ ᠨᠢ ᠠᠶᠠᠯᠭᠣ ᠲᠠᠭᠣᠣ ᠠᠢᠵᠠᠮᠲᠣ ᠰᠢᠯᠦᠭ ᠲᠣᠨᠢ ᠪᠦᠷᠢᠨ ᠲᠣᠰᠬᠠᠬᠲᠠᠵᠦ ᠂ ᠮᠣᠷᠢ ᠮᠣᠩᠭᠣᠯ ᠬᠦᠮᠦᠨ ᠬᠣᠶᠠᠷ ᠴᠠᠬ ᠬᠣᠭᠣᠴᠠᠭᠠᠨᠤ ᠣᠷᠲᠣ ᠣᠷᠣᠰᠬᠠᠯ ᠳ᠋ᠦ ᠶᠠᠬ ᠯᠠ ᠬᠣᠭᠣᠷᠤᠨ ᠬᠣᠶᠠᠷ ᠴᠢᠪᠬᠠᠲᠠᠰᠣ ᠮᠡᠲᠦ ᠢᠵᠢᠯᠢᠲᠦᠨ ᠢᠪᠡᠭᠡᠯᠲᠦᠵᠦ᠂ ᠬᠦᠭ ᠠᠶᠠᠯᠭᠣ ᠨᠡᠢᠯᠡᠭᠰᠡᠨ ᠭᠠᠢᠬᠠᠮᠰᠢᠬᠢ ᠪᠢᠴᠢᠭᠯᠡᠭᠰᠡᠨ ᠪᠢᠯᠡ᠃ ᠮᠣᠷᠢ ᠪᠠ ᠬᠦᠮᠦᠨᠤ ᠬᠠᠢᠷᠠ ᠪᠤᠯ ᠲᠡᠦᠭᠡ ᠪᠠᠨ ᠲᠠᠭᠠᠵᠦ ᠡᠷᠬᠢᠭᠰᠡᠨ ᠲᠦᠷᠪᠡᠨ ᠴᠠᠬᠤᠨ ᠤᠶᠠᠩᠭᠠᠨ ᠲᠦᠷᠡᠯᠭᠡ᠂ ᠮᠦᠷᠦᠭᠡᠲᠦᠯ ᠶ᠋ᠢᠡᠨ ᠲᠠᠭᠠᠵᠦ ᠶᠦᠷᠭᠡᠭᠰᠡᠨ ᠬᠦᠮᠦᠨ ᠲᠡᠦᠬᠡᠶᠢᠨ ᠪᠣᠭᠣᠷᠣᠯ ᠣᠷᠣᠰᠬᠠᠯ ᠪᠣᠶᠣ᠃

ᠲᠡᠦᠭᠡ ᠪᠠᠨ ᠲᠠᠭᠠᠵᠦ ᠡᠷᠬᠢᠭᠰᠡᠨ ᠲᠦᠷᠪᠡᠨ ᠴᠠᠬᠤᠨ ᠤᠶᠠᠩᠭᠠᠨ ᠲᠦᠷᠡᠯᠭᠡ
ᠮᠦᠷᠦᠭᠡᠲᠦᠯ ᠶ᠋ᠢᠡᠨ ᠲᠠᠭᠠᠵᠦ ᠶᠦᠷᠭᠡᠭᠰᠡᠨ ᠬᠦᠮᠦᠨ ᠲᠡᠦᠬᠡᠶᠢᠨ ᠪᠣᠭᠣᠷᠣᠯ ᠣᠷᠣᠰᠬᠠᠯ
ᠬᠦᠯᠦᠭ ᠮᠣᠷᠢᠨᠤ ᠲᠣᠬᠠᠢ ᠬᠠᠮᠣᠬᠤᠨ ᠣᠯᠠᠨ ᠲᠠᠭᠣᠣ ᠲᠠᠢ ᠠᠷᠠᠳ ᠲᠦᠮᠡᠨ ᠪᠣᠯ ᠮᠣᠩᠭᠣᠯᠴᠣᠳ ᠭᠡᠬᠦ ᠳ᠋ᠦ ᠡᠷᠡᠭᠡᠯᠵᠡᠭᠡ ᠠᠯᠠᠭᠠ᠃ ᠮᠣᠩᠭᠣᠯ ᠠᠷᠠᠳᠤᠨ ᠲᠠᠭᠣᠣ ᠳ᠋ᠦ ᠮᠣᠷᠢᠨᠤ ᠲᠣᠬᠠᠢ ᠲᠠᠭᠣᠣ ᠮᠠᠰᠢ ᠣᠯᠠᠨ ᠪᠠᠢᠲᠠᠬ ᠪᠦᠭᠡᠳ ᠦᠨᠢ ᠡᠷᠳᠡᠨᠤ ᠣᠯᠠᠮᠵᠢᠯᠠᠯ ᠲᠠᠢ ᠪᠠᠢᠵᠦ ᠡᠲᠦᠭᠡ ᠪᠣᠯᠲᠠᠯᠠ ᠦᠷᠬᠦᠯᠵᠢᠯᠡᠨ ᠵᠣᠬᠢᠶᠠᠬᠲᠠᠭᠰᠠᠭᠠᠷ᠃ ᠲᠡᠷᠡᠴᠢᠯᠡᠨ ᠡᠷᠳᠡᠮᠲᠡᠳ ᠢᠷᠠᠭᠣ ᠨᠠᠢᠷᠠᠬᠤᠨ ᠲᠦᠷᠪᠡᠨ ᠬᠦᠯᠲᠦ ᠮᠦᠷ ᠪᠠᠲᠠᠬᠢ ᠬᠦᠯᠦᠭ ᠮᠣᠷᠢᠨᠤ ᠲᠦᠷᠪᠡᠨ ᠲᠣᠭᠣᠷᠠᠢᠶᠢᠨ ᠬᠡᠮᠨᠡᠯ ᠳ᠋ᠦ ᠴᠡᠭᠴᠡᠷᠡᠵᠦ ᠵᠣᠬᠢᠶᠠᠬᠲᠠᠬᠰᠠᠨ ᠭᠡᠮᠡᠨ ᠰᠣᠲᠣᠯᠵᠦ ᠪᠠᠢᠬᠰᠠᠨ ᠨᠢ ᠶᠡᠬᠡ ᠰᠣᠨᠢᠷᠬᠠᠯᠲᠠᠢ ᠪᠢᠯᠡ᠃ ᠢᠨᠴᠠᠭᠠᠬᠣ ᠨᠢ ᠬᠦᠷᠲᠡᠯᠡ ᠢᠷᠠᠭᠣ ᠡᠭᠡᠰᠢᠭᠯᠡᠩ ᠮᠣᠩᠭᠣᠯ ᠮᠣᠷᠢ ᠪᠣᠯ ᠮᠣᠬᠣᠰᠢ ᠦᠭᠡᠢ ᠬᠦᠴᠦᠨ᠂ ᠮᠢᠲᠠᠷᠠᠰᠢ ᠦᠭᠡᠢ ᠬᠣᠷᠲᠣ᠃ ᠮᠣᠷᠢ ᠪᠠᠢᠬᠰᠠᠨ ᠡᠴᠡ ᠮᠣᠩᠭᠣᠯᠴᠣᠳ ᠬᠦᠯ ᠲᠠᠢ ᠪᠣᠯᠵᠦ᠂ ᠬᠣᠷᠲᠣ ᠲᠠᠢ ᠪᠣᠯᠪᠠ; ᠮᠣᠩᠭᠣᠯᠴᠣᠳ ᠪᠠᠢᠬᠰᠠᠨ ᠡᠴᠡ ᠮᠣᠷᠢ ᠰᠢᠲᠦᠭᠡᠨ ᠪᠣᠯᠵᠦ᠂ ᠬᠡᠢᠮᠦᠷᠢ ᠪᠣᠯᠵᠦ᠂ ᠬᠣᠭᠣᠷ ᠪᠤᠯᠪᠠ᠃ ᠢᠩᠬᠢᠵᠦ ᠪᠣᠲᠣᠬᠣ ᠡᠴᠡ ᠬᠦᠯᠦᠭᠤᠨ ᠲᠦᠷᠪᠡᠨ ᠬᠦᠯ ᠬᠡᠮᠡᠵᠦ ᠰᠢᠯᠦᠭᠤᠨ ᠲᠦᠷᠪᠡᠨ ᠲᠣᠭᠣᠷᠠᠢ ᠪᠦᠯᠦᠭᠡ᠃
ᠬᠦᠯᠦᠭ ᠮᠣᠷᠢ ᠬᠢᠭᠡᠳ ᠬᠦᠭᠵᠢᠮ ᠲᠠᠭᠣᠣ ᠬᠣᠭᠣᠷᠣᠨᠲᠣ ᠪᠠᠨ ᠰᠠᠯᠣᠰᠢ ᠦᠭᠡᠢ ᠬᠣᠯᠪᠣᠭᠠ ᠪᠠᠷᠢᠯᠲᠣᠯᠭᠠ ᠲᠠᠢ᠃ ᠬᠦᠯᠦᠭ ᠮᠣᠷᠢ ᠨᠢ ᠬᠠᠢᠷᠠ ᠲᠣᠷᠠᠯᠠᠯ᠂ ᠡᠬᠡ ᠣᠷᠣᠨᠴᠢ ᠰᠡᠳᠬᠢᠯ᠂ ᠪᠠᠭᠠᠲᠣᠷᠯᠢᠬ ᠦᠢᠯᠡᠰᠤᠨ ᠰᠠᠯᠣᠰᠢ ᠦᠭᠡᠢ ᠪᠦᠷᠢᠯᠲᠦᠬᠦᠨ ᠪᠣᠯᠵᠦ ᠪᠠᠢᠬᠰᠠᠨ ᠣᠴᠢᠷ ᠡᠴᠡ ᠡᠷᠳᠡᠨ ᠡᠴᠡ ᠢᠨᠠᠬᠰᠢ ᠠᠷᠠᠳᠤᠨ ᠲᠠᠭᠣᠣᠶᠢᠨ ᠠᠭᠣᠲᠠᠮ ᠶᠡᠬᠡ 《ᠨᠣᠲᠣᠬ》 ᠲᠦ᠍ ᠵᠢᠭᠠᠬᠠᠨ ᠰᠢᠷᠭᠠ᠂ ᠦᠨᠳᠦᠷ ᠰᠠᠭᠠᠷᠠᠯ᠂ ᠲᠦᠷᠪᠡᠨ ᠨᠠᠰᠣᠲᠠᠢ ᠬᠠᠯᠢᠭᠣᠨ᠂ ᠠᠯᠠᠬ ᠮᠣᠷᠢ᠂ ᠭᠠᠩᠭᠠᠩ ᠬᠣᠯᠠ᠂ ᠪᠣᠭᠣᠷᠣᠯ ᠮᠣᠷᠢ᠂ ᠴᠣᠮᠪᠣᠩ ᠲᠣᠭᠣᠷᠠᠢᠲᠣ ᠬᠦᠷᠡᠩ᠂ ᠬᠠᠷᠠ ᠬᠠᠯᠢᠭᠣᠨ᠂ ᠡᠬᠦᠯᠡᠨ ᠬᠦᠬᠡ᠂ ᠽᠠᠨᠲᠠᠨ ᠬᠦᠷᠡᠩ᠂ ᠬᠠᠷᠠ ᠬᠡᠭᠡᠷ᠂ ᠮᠦᠨᠲᠦᠭᠡᠷ ᠰᠠᠭᠠᠷᠠᠯ ᠁ ᠭᠡᠬᠦᠴᠢᠯᠡᠨ ᠠᠲᠣᠭᠣᠨ ᠰᠦᠷᠦᠭ ᠲᠠᠪᠬᠢᠯᠲᠣᠵᠦ᠂ ᠠᠶᠠ ᠲᠠᠭᠣᠣᠶᠢᠨ ᠮᠦᠷ ᠪᠠᠲᠠᠬ ᠡᠴᠡ ᠮᠣᠷᠢᠨᠤ ᠬᠦᠯᠦᠰᠦ ᠦᠨᠦᠷᠲᠦᠵᠦ᠂ ᠲᠡᠯ ᠨᠢ ᠨᠠᠮᠢᠷᠠᠵᠦ᠂ ᠲᠣᠭᠣᠷᠠᠢ ᠨᠢ ᠲᠠᠴᠢᠬᠢᠨᠡᠵᠦ᠂ ᠢᠨᠴᠠᠭᠠᠬᠣ ᠨᠢ ᠰᠣᠨᠣᠰᠲᠠᠵᠦ ᠪᠠᠢᠬᠰᠠᠨ ᠶᠣᠮ᠃ 《ᠱᠠᠩᠬᠣ ᠲᠠᠢ ᠰᠢᠷᠭᠠ ᠮᠣᠷᠢ ᠶᠣᠭᠠᠨ᠂ ᠰᠠᠵᠢᠯᠠᠭᠣᠯᠣᠨ ᠰᠠᠵᠢᠯᠠᠭᠣᠯᠣᠨ ᠠᠢᠰᠣᠢ ᠳ᠋ᠠ》᠂ 《ᠭᠠᠩᠭᠠᠩ ᠰᠠᠭᠠᠷᠠᠯ ᠶ᠋ᠢᠡᠨ ᠣᠨᠣᠶᠠ ᠬᠦ᠂ ᠭᠠᠵᠠᠷᠤᠨ ᠬᠣᠯᠠᠶᠢ ᠲᠣᠭᠣᠯᠣᠶᠠ ᠬᠦ》 ᠂ 《ᠡᠬᠦᠯᠡᠨ ᠬᠦᠬᠡ ᠮᠣᠷᠢ ᠮᠢᠨᠢ᠂ ᠡᠬᠦᠯᠡᠶᠢ ᠮᠠᠭᠠᠵᠢᠮᠠ ᠵᠢᠷᠣᠭᠠ ᠲᠠᠢ 》᠂ 《ᠵᠢᠷᠣᠭᠠ ᠪᠣᠷᠣ ᠨᠢ ᠲᠠᠷᠭᠣᠨ ᠪᠣᠢ ᠰᠢᠦ᠂ ᠵᠢᠯᠣᠭᠣᠶᠢ ᠨᠢ ᠰᠣᠢᠭᠠᠳ ᠮᠣᠷᠲᠠᠶᠠ ᠳ᠋ᠣᠣ 》᠂ 《ᠢᠨᠵᠠᠭᠠᠨ ᠵᠤ ᠲᠠᠢ ᠰᠠᠭᠠᠷᠠᠯ ᠮᠤᠷᠢ ᠵᠢ ᠪᠠᠨ ᠢᠨᠴᠠᠭᠠᠬᠤ ᠵᠢᠨ ᠴᠢᠮᠡᠭᠡ ᠪᠡᠷ ᠨᠢ ᠲᠠᠨᠢᠬᠰᠠᠨ ᠶᠤᠮ ᠬᠦᠢ 》 ᠭᠡᠮᠡᠨ ᠮᠣᠷᠢ ᠪᠡᠷ ᠡᠬᠢᠯᠡᠬᠦᠯᠦᠨ ᠬᠦᠮᠦᠨ ᠶ᠋ᠢᠡᠷ ᠲᠡᠯᠭᠡᠷᠡᠬᠦᠯᠵᠦ᠂ ᠮᠣᠷᠢ ᠬᠦᠮᠦᠨᠢ ᠬᠣᠣᠰᠯᠠᠭᠣᠯᠣᠬᠰᠠᠨ ᠠᠷᠠᠳᠤᠨ ᠲᠠᠭᠣᠣ ᠵᠠᠭᠣᠨ ᠵᠠᠭᠣᠨᠢ ᠲᠠᠮᠵᠢᠨ ᠬᠦᠯᠦᠭᠤᠨ ᠲᠣᠭᠣᠰᠣ᠂ ᠬᠦᠨᠳᠡᠢᠶᠢᠨ ᠵᠡᠷᠭᠡᠯᠭᠡᠨ᠂ ᠬᠦᠮᠦᠨᠤ ᠰᠡᠳᠬᠢᠯᠤᠨ ᠮᠠᠨᠠᠨ ᠲᠣᠮᠲᠠᠭᠣᠷ ᠪᠦᠷᠦᠯᠵᠡᠩᠭᠡᠨ ᠬᠠᠩᠬᠢᠨᠠᠬᠰᠠᠭᠠᠷ ᠢᠷᠡᠭᠰᠡᠨ ᠶᠣᠮ᠃
ᠬᠣᠷᠲᠣᠶᠢ ᠨᠢ ᠨᠢᠰᠭᠡᠵᠦ ᠂ ᠣᠷᠣᠨ ᠵᠠᠢᠶᠢ ᠨᠢ ᠲᠡᠯᠡᠵᠦ᠂ ᠬᠠᠢᠷᠠ ᠰᠡᠳᠬᠢᠯᠭᠡᠶᠢ ᠨᠢ ᠪᠠᠶᠠᠯᠢᠬᠵᠢᠭᠣᠯᠣᠨ᠂ ᠬᠡᠢᠮᠦᠷᠢ ᠰᠦᠯᠲᠡᠶᠢ ᠨᠢ ᠮᠠᠨᠲᠣᠭᠣᠯᠣᠬᠰᠠᠨ ᠭᠠᠢᠬᠠᠮᠰᠢᠬᠲᠣ ᠬᠦᠯᠦᠭ ᠮᠣᠷᠢ ᠦᠭᠡᠢ ᠪᠣᠯ ᠮᠣᠩᠭᠣᠯᠴᠣᠳᠤᠨ ᠲᠣᠬᠠᠢ ᠲᠦᠰᠦᠭᠡᠯᠡᠬᠦᠶᠡ ᠪᠡᠷᠬᠡ᠃ ᠶᠡᠷᠦ ᠨᠢ ᠠᠯᠠᠭᠠ ᠲᠠᠷᠣᠮᠠ ᠭᠠᠵᠠᠷᠤᠨ ᠲᠦᠯᠦᠭᠡ ᠴᠢᠰᠣ ᠰᠠᠬᠠᠷᠠᠭᠣᠯᠵᠦ ᠣᠨᠠᠬᠰᠠᠨ ᠠᠩᠬᠠᠨᠤ ᠲᠠᠢᠴᠢᠨ ᠡᠴᠡ ᠠᠪᠣᠭᠠᠳ ᠠᠵᠠ ᠵᠢᠷᠭᠠᠯ ᠬᠠᠯᠬᠢᠯᠠᠬᠰᠠᠨ ᠲᠠᠯᠠ ᠨᠣᠲᠣᠬ ᠲᠡᠭᠡᠷᠡ ᠲᠠᠭᠣᠣ ᠪᠠᠨ ᠲᠠᠭᠣᠯᠠᠨ ᠠᠮᠢᠲᠣᠷᠠᠵᠦ ᠶᠠᠪᠣᠭᠠ ᠦᠨᠦᠶᠢᠨ ᠪᠢᠳᠡᠨ ᠳ᠋ᠦ ᠬᠦᠷᠴᠦ ᠢᠷᠡᠲᠡᠯᠡᠬᠢ ᠲᠡᠦᠬᠡᠶᠢ ᠮᠣᠷᠢ ᠲᠠᠢ ᠪᠠᠨ ᠬᠠᠮᠲᠣ ᠪᠢᠴᠢᠭᠯᠡᠭᠰᠡᠨ᠃ ᠮᠣᠷᠢ ᠪᠡᠷ ᠶ᠋ᠢᠡᠨ ᠪᠠᠬᠠᠷᠬᠠᠬᠰᠠᠨ᠂ ᠢᠲᠡᠭᠡᠭᠰᠡᠨ᠂ ᠭᠠᠢᠬᠠᠭᠣᠯᠣᠬᠰᠠᠨ ᠣᠲᠠᠭᠠᠨ ᠡᠳᠦᠷ ᠵᠣᠵᠠᠭᠠᠨ ᠬᠣᠨᠣᠬᠤᠨ ᠠᠵᠦ ᠠᠮᠢᠲᠣᠷᠠᠯ ᠡᠴᠡ ᠮᠣᠷᠢ ᠲᠠᠢ ᠬᠣᠯᠪᠣᠬᠲᠠᠬᠰᠠᠨ ᠣᠯᠠᠨ ᠰᠠᠢᠬᠠᠨ ᠠᠶᠠ ᠲᠠᠭᠣᠣ ᠲᠦᠷᠦᠨ ᠭᠠᠷᠣᠬᠰᠠᠨ ᠪᠠᠢᠵᠠᠢ᠃ ᠡᠷᠳᠡᠮᠲᠡᠨ ᠪᠣᠷᠵᠢᠬᠢᠨ ᠸᠠᠩᠴᠣᠬᠤᠨ ᠰᠢᠨᠵᠢᠯᠡᠭᠰᠡᠨ ᠶ᠋ᠢᠡᠷ᠂ 《ᠮᠣᠷᠢ ᠲᠠᠢ ᠬᠣᠯᠪᠣᠬᠲᠠᠬᠰᠠᠨ ᠮᠣᠩᠭᠣᠯ ᠲᠠᠭᠣᠣ ᠮᠢᠩᠭᠠᠨ ᠪᠠᠲᠠᠬ ᠲᠦ᠍ ᠬᠦᠷᠴᠦ ᠪᠠᠢᠬᠣ ᠠᠵᠢ》᠃ ᠦᠪᠦᠷ ᠮᠣᠩᠭᠣᠯ ᠣᠷᠣᠨᠤ ᠠᠷᠠᠳᠤᠨ ᠲᠠᠭᠣᠣᠶᠢ ᠡᠮᠬᠢᠳᠭᠡᠭᠰᠡᠨ 《ᠮᠣᠩᠭᠣᠯ ᠠᠷᠠᠳᠤᠨ ᠲᠠᠭᠣᠣᠶᠢᠨ ᠴᠢᠭᠣᠯᠭᠠᠨ》 ᠨᠣᠮ ᠳ᠋ᠦ 4000 ᠪᠠᠲᠠᠬ ᠲᠠᠭᠣᠣ ᠪᠦᠷᠢᠳᠭᠡᠭᠰᠡᠨ ᠪᠠᠢᠬᠣ ᠳ᠋ᠦ ᠲᠡᠬᠦᠨᠤ ᠲᠣᠲᠣᠷᠠ ᠡᠴᠡ ᠮᠣᠷᠢ ᠲᠠᠢ ᠬᠣᠯᠪᠣᠬᠲᠠᠬᠰᠠᠨ ᠲᠠᠭᠣᠣ 40% ᠢ᠋ ᠡᠵᠡᠯᠡᠵᠦ ᠪᠣᠢ᠃ ᠡᠨᠡ ᠨᠢ ᠪᠠᠷᠣᠬ ᠬᠠᠭᠠᠰ ᠰᠢᠬᠠᠮᠢ ᠡᠵᠡᠯᠡᠯᠡ ᠭᠡᠰᠡᠨ ᠦᠭᠡ᠃ ᠠᠷᠠᠳᠤᠨ ᠲᠠᠭᠣᠣᠶᠢᠨ ᠠᠶᠠᠯᠭᠣᠨ ᠳ᠋ᠦ ᠠᠮᠠᠭᠠᠢ ᠬᠡᠮᠡᠯᠢᠬᠦ ᠬᠦᠯᠦᠭ ᠮᠣᠷᠢᠳᠶ᠋ᠢᠡᠨ ᠠᠯᠲᠠᠷᠰᠢᠭᠣᠯᠣᠨ ᠲᠠᠭᠣᠯᠠᠬᠰᠠᠨ ᠡᠳᠡᠭᠡᠷ ᠲᠠᠭᠣᠣ ᠨᠣᠭᠣᠳ ᠲᠦ᠍ ᠬᠦᠯᠦᠭ ᠮᠣᠷᠢ ᠪᠠᠨ ᠪᠠᠬᠠᠲᠣᠨ ᠬᠠᠢᠷᠠᠯᠠᠬᠰᠠᠨ᠂ ᠬᠦᠯᠦᠭ ᠮᠣᠷᠢᠨᠤ ᠰᠢᠨᠵᠢ ᠡᠴᠡ ᠡᠬᠢᠯᠡᠨ ᠬᠦᠲᠡᠯᠦᠯ ᠶᠠᠪᠣᠲᠠᠯᠤᠨ ᠰᠠᠢᠬᠠᠨᠢ ᠮᠠᠬᠲᠠᠬᠰᠠᠨ᠂ ᠮᠦᠩᠬᠦᠨ ᠬᠠᠵᠠᠭᠠᠷ᠂ ᠠᠯᠲᠠᠨ ᠡᠮᠡᠭᠡᠯ᠂ ᠨᠠᠢ᠍ᠮᠠᠨ ᠭᠠᠨᠵᠣᠭᠠ᠂ ᠪᠣᠯᠢᠭᠠᠷᠢᠨ ᠬᠦᠯᠢᠮ ᠡᠴᠡ ᠠᠪᠣᠭᠠᠳ ᠣᠨᠣᠬᠰᠠᠨ ᠡᠵᠡᠨᠤ ᠬᠢᠨᠢ ᠬᠦᠲᠡᠯᠦᠯ ᠲᠦᠷᠬᠦ ᠳ᠋ᠦ ᠬᠦᠷᠲᠡᠯᠡ ᠣᠶᠠᠩᠭᠠᠯᠠᠨ ᠲᠠᠭᠣᠯᠠᠬᠰᠠᠨ᠂ ᠬᠦᠯᠦᠭ ᠮᠣᠷᠢᠨᠤ ᠠᠭᠠᠰᠢ ᠵᠠᠩ ᠡᠴᠡ ᠠᠵᠢᠯ ᠦᠢᠯᠡᠰ ᠲᠣᠨᠢ ᠲᠣᠰᠠᠯᠠᠬᠰᠠᠨ ᠪᠦᠬᠦᠨᠢ ᠮᠠᠬᠲᠠᠬᠰᠠᠨ᠂ ᠤᠨᠤᠭᠠ ᠬᠦᠯᠦᠭ ᠡᠴᠡ ᠤᠨᠤᠭᠰᠠᠨ ᠡᠵᠡᠨᠤ ᠬᠢᠨᠢ ᠲᠤᠷᠠᠯᠠᠯ ᠬᠠᠢᠷᠠ ᠵᠢ ᠲᠠᠭᠤᠯᠠᠭᠰᠠᠨ᠂ ᠠᠲᠣᠭᠣᠴᠢᠨ ᠬᠤᠨᠢᠴᠢᠨᠤ ᠬᠦᠯᠦᠭ ᠮᠣᠷᠢ ᠪᠠᠨ ᠲᠣᠷᠠᠰᠣᠨ ᠰᠠᠨᠠᠬᠰᠠᠨ ᠰᠡᠳᠬᠢᠯᠭᠡᠶᠢ ᠣᠶᠠᠩᠭᠠᠯᠠᠵᠦ ᠮᠠᠬᠲᠠᠬᠰᠠᠨ ᠵᠡᠷᠭᠡ ᠠᠭᠣᠯᠭᠠ ᠪᠠᠬᠲᠠᠵᠦ᠂ ᠲᠡᠷᠡᠴᠢᠯᠡᠨ ᠬᠦᠮᠦᠨ ᠦᠨᠳᠦᠰᠦᠳᠡᠨ ᠶᠠᠰᠤᠳᠠᠨᠤ ᠪᠠᠨ ᠲᠡᠦᠭᠡ ᠴᠠᠳᠢᠬ᠂ ᠨᠡᠢᠭᠡᠮᠤᠨ ᠶᠣᠰᠣ ᠣᠴᠢᠷ᠂ ᠰᠡᠳᠬᠢᠯᠤᠨ ᠠᠮᠠᠷᠠᠬ᠂ ᠠᠪᠣ ᠡᠵᠢ᠂ ᠨᠣᠲᠣᠬ ᠣᠰᠣ ᠪᠠᠨ ᠲᠠᠭᠤᠯᠠᠬᠤᠳᠠᠭᠠᠨ ᠬᠦᠯᠦᠭ ᠮᠣᠷᠢ ᠲᠠᠢ ᠪᠠᠨ ᠬᠣᠯᠪᠣᠨ᠂ ᠬᠦᠯᠦᠭ ᠮᠤᠷᠢ ᠪᠠᠷ ᠵᠢᠡᠨ ᠭᠠᠷᠴᠠᠭᠯᠠᠨ᠂ ᠬᠦᠯᠦᠭ ᠮᠤᠷᠢ ᠪᠠᠷ ᠵᠢᠡᠨ ᠦᠯᠢᠭᠡᠷᠯᠡᠨ ᠲᠠᠭᠣᠯᠠᠲᠠᠬ ᠪᠢᠯᠡ᠃ ᠮᠤᠷᠢᠨᠤ ᠲᠤᠬᠠᠢ ᠲᠠᠭᠤᠤ ᠪᠤᠯ ᠨᠢᠭᠡ ᠶᠤᠰᠤᠨᠳᠠᠭᠠᠨ ᠦᠨᠡᠨ ᠲᠡᠦᠭᠡ᠂ ᠦᠯᠢᠭᠡᠷ ᠲᠤᠮᠤᠭ᠂ ᠦᠪ ᠰᠤᠶᠤᠯ᠂ ᠤᠷᠠᠯᠢᠬᠤᠨ ᠬᠦᠮᠦᠷᠭᠡ ᠪᠤᠯᠤᠨᠠ᠃
ᠠᠷᠠᠳᠤᠨ ᠲᠠᠭᠣᠣᠶᠢᠨ ᠡᠢᠮᠦᠷᠬᠦᠦ ᠪᠠᠲᠣ ᠣᠯᠠᠮᠵᠢᠯᠠᠯ ᠨᠢ ᠵᠣᠬᠢᠶᠠᠯᠤᠨ ᠲᠠᠭᠣᠣᠶᠢ ᠴᠢᠩᠭᠠ ᠨᠦᠯᠦᠭᠡᠯᠡᠵᠦ᠂ ᠴᠠᠬᠯᠠᠰᠢ ᠦᠭᠡᠢ ᠴᠠᠳᠢᠬ ᠲᠡᠦᠬᠡᠲᠦ ᠲᠠᠭᠣᠣ ᠣᠷᠠᠯᠢᠬ ᠶ᠋ᠢᠡᠨ ᠤᠨ ᠵᠢᠯᠤᠨ ᠲᠣᠭᠣᠰᠣᠨ ᠳ᠋ᠦ ᠪᠣᠯᠠᠬᠲᠠᠭᠣᠯᠣᠯ ᠦᠭᠡᠢ ᠨᠠᠨᠳᠢᠩᠨᠠᠵᠦ᠂ ᠡᠪᠦᠭᠡ ᠲᠡᠭᠡᠲᠦ ᠡᠴᠡ ᠣᠯᠠᠮᠵᠢᠯᠠᠬᠰᠠᠨ ᠦᠪ ᠰᠣᠶᠣᠯᠤᠨ ᠨᠡᠯᠦᠭᠡᠷ ᠲᠡᠯᠠᠢ ᠳ᠋ᠦ ᠡᠬᠦᠷᠢᠲᠡᠶᠢᠨ ᠨᠢᠭᠡᠨ ᠴᠢᠳᠬᠣᠯᠠᠩ ᠨᠡᠮᠡᠶᠦ ᠬᠡᠮᠡᠨ ᠬᠦᠮᠦᠰ ᠬᠦᠯᠦᠭ ᠮᠣᠷᠢ ᠪᠠᠨ ᠮᠠᠬᠲᠠᠵᠦ ᠣᠶᠠᠩᠭᠠᠯᠠᠬᠰᠠᠨ ᠲᠠᠭᠣᠣᠶᠢ ᠦᠨᠦ ᠪᠣᠯᠲᠠᠯᠠ ᠦᠷᠬᠦᠯᠵᠢᠯᠡᠨ ᠵᠣᠬᠢᠶᠠᠵᠦ ᠬᠣᠷᠢᠮ ᠨᠠᠢᠷ᠂ ᠦᠲᠡᠰᠢᠯᠡᠭᠡ ᠨᠠᠭᠠᠲᠣᠮ ᠳ᠋ᠦ ᠦᠷᠬᠦᠯᠵᠢᠯᠡᠨ ᠲᠠᠭᠣᠯᠠᠬᠰᠠᠭᠠᠷ ᠃ 1988 ᠤᠨ ᠳ᠋ᠦ ᠰ ·ᠡᠩᠬᠡᠪᠠᠶᠠᠷᠤᠨ ᠠᠶᠠ᠂ ᠨᠠᠰᠣᠨᠤ ᠰᠢᠯᠦᠭ ᠶ᠋ᠢᠡᠷ ᠵᠣᠬᠢᠶᠠᠨ ᠪᠦᠲᠦᠭᠡᠭᠲᠡᠭᠰᠡᠨ ᠨᠠᠢᠷᠠᠯ ᠲᠠᠭᠣᠣ 《ᠨᠠᠢ᠍ᠮᠠᠨ ᠰᠢᠷᠭᠠᠶᠢᠨ ᠮᠠᠬᠲᠠᠭᠠᠯ》 ᠨᠢ ᠡᠷᠡᠭᠲᠡᠢᠶᠢᠨ ᠬᠠᠩᠬᠢᠨᠠᠮᠠ ᠬᠣᠭᠣᠯᠠᠢᠶᠢᠨ ᠭᠣᠴᠣᠯᠠᠯ ᠪᠠ ᠣᠯᠠᠨ ᠲᠠᠭᠣᠨ ᠬᠣᠭᠣᠯᠠᠢᠶᠢ ᠣᠶᠠᠯᠲᠣᠭᠣᠯᠵᠦ᠂ ᠮᠣᠷᠢᠨᠤ ᠬᠦᠶᠦᠲᠡᠯ᠂ ᠲᠠᠪᠬᠢᠭᠠ᠂ ᠦᠣᠷᠰᠡᠯ ᠵᠡᠷᠭᠡᠶᠢ ᠲᠠᠭᠣᠴᠢᠳᠤᠨ ᠲᠠᠭᠣᠨ ᠬᠣᠭᠣᠯᠠᠢ ᠪᠡᠷ ᠢᠯᠡᠷᠡᠬᠦᠯᠵᠦ ᠂ ᠬᠦᠭᠡᠮᠡᠢ ᠲᠠᠢ ᠬᠠᠪᠰᠣᠷᠭᠠᠨ ᠵᠣᠬᠢᠴᠠᠯᠲᠣᠭᠣᠯᠣᠬᠰᠠᠨᠤ ᠣᠯᠠᠮ ᠶ᠋ᠢᠡᠷ ᠲᠡᠯᠡᠬᠡᠢ ᠳ᠋ᠦ ᠠᠯᠲᠠᠷᠰᠢᠵᠦ ᠣᠯᠠᠨ ᠱᠠᠩᠨᠠᠯ ᠬᠦᠷᠲᠡᠵᠦ ᠪᠢᠯᠡ᠃ ᠣᠯᠠᠭᠠᠨ ᠮᠣᠷᠢᠨ ᠵᠢᠯᠢ ᠣᠬᠲᠣᠵᠦ ᠬᠠᠨ ᠬᠦᠯᠦᠭ ᠬᠠᠮᠲᠣᠯᠢᠬᠤᠨ ᠵᠣᠬᠢᠶᠠᠬᠰᠠᠨ 《ᠮᠣᠷᠢᠨᠤ ᠮᠠᠬᠲᠠᠭᠠᠯ》 ᠭᠡᠰᠡᠨ ᠰᠢᠨᠡ ᠲᠠᠭᠣᠣ ᠦᠭᠡ ᠰᠢᠯᠦᠭ᠂ ᠬᠦᠭ ᠠᠶᠠᠯᠭᠣᠨᠤ ᠲᠠᠰᠣᠷᠬᠠᠢ ᠵᠣᠬᠢᠴᠠᠯᠢ ᠬᠠᠷᠠᠭᠣᠯᠪᠠ᠃ 《 ᠴᠢᠨᠳᠠᠭᠠᠨ ᠴᠠᠭᠠᠨ ᠮᠤᠷᠢᠨᠤ ᠮᠠᠭᠳᠠᠭᠠᠯ 》 ᠡᠴᠡ 《ᠴᠢᠩᠬᠢᠰᠤᠨ ᠴᠠᠭᠠᠨ ᠠᠳᠤᠭᠤ》 ᠬᠦᠷᠳᠡᠯᠡ ᠠᠷᠠᠳᠤᠨ ᠲᠠᠭᠣᠣᠶᠢᠨ ᠬᠦᠷᠦᠰᠦᠨ ᠡᠴᠡ ᠣᠷᠭᠣᠨ ᠲᠡᠯᠭᠡᠷᠡᠭᠰᠡᠨ ᠣᠷᠠᠯᠢᠬᠤᠨ ᠴᠡᠴᠡᠭᠡᠰ ᠬᠤᠷᠸᠠ ᠵᠢ ᠪᠠᠶᠠᠰᠬᠠᠨ ᠤᠶᠠᠩᠭᠠᠷᠠᠭᠰᠠᠭᠠᠷ᠃
ᠬᠦᠯᠦᠭ ᠮᠣᠷᠢᠨᠤ ᠲᠣᠬᠠᠢ ᠲᠠᠭᠣᠣ ᠮᠠᠰᠢ ᠡᠷᠳᠡᠨ ᠡᠴᠡ ᠣᠯᠠᠮᠵᠢᠯᠠᠯ ᠲᠠᠢ ᠪᠦᠭᠡᠳ ᠠᠭᠣᠯᠭᠠ ᠰᠡᠳᠦᠪᠯᠡᠬᠦᠨ᠂ ᠣᠶᠠᠩᠭᠠᠯᠠᠵᠦ ᠲᠠᠭᠣᠯᠠᠬᠣ ᠠᠷᠭᠠ ᠮᠠᠶᠢᠬ ᠭᠡᠳ ᠣᠷᠣᠨ ᠨᠣᠲᠣᠬᠤᠨ ᠨᠠᠷᠢᠨ ᠢᠯᠭᠠᠭᠠ ᠣᠨᠴᠠᠯᠢᠬ ᠲᠠᠢ ᠪᠢᠯᠡ᠃ ᠲᠡᠷᠡ ᠪᠦᠬᠦᠨᠢ ᠲᠡᠯᠭᠡᠵᠦ ᠦᠬᠦᠯᠡᠪᠡᠯ ᠦᠭᠡ ᠣᠯᠠᠲᠠᠵᠦ ᠬᠠᠭᠣᠲᠠᠰᠣ ᠪᠠᠭᠠᠲᠠᠬᠣ ᠲᠣᠯᠠ ᠡᠨᠳᠡ ᠠᠯᠠᠱᠠ ᠠᠷᠠᠳᠤᠨ ᠲᠠᠭᠣᠣ᠂ ᠣᠷᠲᠣᠰ ᠠᠷᠠᠳᠤᠨ ᠲᠠᠭᠣᠣ ᠪᠣᠯᠣᠨ ᠬᠣᠷᠴᠢᠨ ᠠᠷᠠᠳᠤᠨ ᠲᠠᠭᠣᠣ᠂ ᠬᠦᠯᠦᠨ ᠪᠣᠢᠷ ᠠᠷᠠᠳᠤᠨ ᠲᠠᠭᠣᠣ ᠪᠡᠷ ᠵᠢᠱᠶ᠋ᠶᠡᠯᠡᠨ ᠦᠵᠡᠬᠦᠯᠬᠦᠶᠢ ᠵᠣᠷᠢᠪᠠ᠃

ᠬᠣᠷᠴᠢᠨ ᠠᠷᠠᠳᠤᠨ ᠪᠠᠭᠠᠳᠤᠷᠯᠢᠬ ᠵᠤᠷᠢᠭ ᠰᠠᠨᠠᠭᠠᠨᠤ ᠡᠪᠭᠡᠭᠡᠰᠤ
ᠠᠯᠢ ᠴᠦ᠍ ᠨᠣᠲᠣᠬᠤᠨ ᠲᠠᠭᠣᠣ ᠳ᠋ᠦ ᠮᠣᠷᠢ ᠲᠠᠢ ᠬᠣᠯᠪᠣᠭᠠ ᠲᠠᠢ ᠲᠠᠭᠣᠣ ᠴᠦᠭᠡᠨ ᠪᠣᠰᠣ ᠪᠠᠢᠲᠠᠬ ᠲᠠᠢ ᠠᠲᠠᠯᠢ ᠪᠡᠷ ᠬᠣᠷᠴᠢᠨ ᠠᠷᠠᠳᠤᠨ ᠲᠠᠭᠣᠣ ᠳ᠋ᠦ ᠮᠣᠷᠢ ᠪᠡᠷ ᠰᠡᠳᠦᠪᠯᠡᠭᠰᠡᠨ ᠲᠠᠭᠣᠣ ᠳ᠋ᠦ 《ᠬᠠᠷᠠ ᠬᠠᠯᠢᠭᠣᠨ》᠂ 《ᠬᠠᠨᠲᠠᠷᠣᠭᠠ ᠬᠡᠭᠡᠷ》᠂ 《ᠬᠦᠷᠡᠩ ᠮᠣᠷᠢ ᠬᠦᠨᠲᠦᠷᠦᠮᠡ ᠵᠢᠷᠣᠭᠠ》᠂ 《 ᠮᠣᠭᠠᠢ ᠬᠡᠭᠡᠷ》᠂ 《ᠰᠢᠪᠰᠢᠷᠭᠠ ᠬᠣᠷᠲᠣᠨ ᠰᠢᠷᠭᠠ》᠂ 《ᠨᠠᠷᠢᠨ ᠬᠦᠭᠡ》 ᠭᠡᠵᠦ ᠮᠣᠩ ᠦᠭᠡᠢ ᠣᠯᠠᠨ ᠪᠠᠢᠲᠠᠬ᠃ ᠵᠠᠷᠢᠮ ᠦᠯᠢᠭᠡᠷᠲᠦ ᠲᠠᠭᠣᠣ ᠨᠢ ᠮᠣᠷᠢ ᠪᠡᠷ ᠰᠡᠳᠦᠪᠯᠡᠵᠦ ᠭᠠᠷᠴᠠᠬᠯᠠᠬᠰᠠᠨ ᠦᠭᠡᠢ ᠭᠡᠲᠡᠭ ᠪᠣᠯᠪᠠᠴᠣ ᠲᠠᠭᠣᠣᠶᠢᠨ ᠪᠠᠭᠠᠲᠣᠷᠤᠨ ᠦᠢᠯᠡ ᠶᠠᠪᠣᠲᠠᠯᠤᠨ ᠦᠷᠨᠢᠯ ᠬᠦᠭᠵᠢᠯ ᠳ᠋ᠦ ᠬᠦᠯᠦᠭ ᠮᠣᠷᠢ ᠣᠮᠲᠣᠭᠠᠢᠯᠠᠵᠦ ᠪᠣᠯᠣᠰᠢ ᠦᠭᠡᠢ ᠦᠢᠯᠡᠲᠦᠯ ᠦᠵᠡᠬᠦᠯᠲᠡᠭ᠃ ᠬᠣᠷᠴᠢᠨ ᠠᠷᠠᠳᠤᠨ ᠨᠠᠢᠷᠤᠨ ᠲᠠᠭᠣᠣ 《ᠡᠬᠦᠯᠡᠨ ᠬᠦᠬᠡ ᠮᠣᠷᠢ ᠮᠢᠨᠢ》 ᠳ᠋ᠦ᠄
《 ᠮᠠᠩᠨᠠᠢᠶᠢᠨ ᠶ᠋ᠢᠡᠨ ᠲᠡᠭᠡᠷᠡ ᠨᠢ
ᠮᠠᠨᠢᠶᠢᠨ ᠪᠢᠲᠣᠷᠶᠠᠶᠢᠨ ᠲᠠᠮᠠᠭᠠ ᠲᠠᠢ
ᠮᠢᠬᠠᠯᠢᠬ ᠲᠦᠷᠪᠡᠨ ᠲᠣᠭᠣᠷᠠᠢ ᠳ᠋ᠠᠭᠠᠨ
ᠮᠠᠨᠠᠨ ᠲᠠᠲᠠᠬᠣ ᠡᠷᠳᠡᠮ ᠲᠠᠢ》 ᠭᠡᠵᠦ ᠬᠦᠯᠦᠭ ᠮᠣᠷᠢᠨᠤ ᠰᠠᠢᠬᠠᠨᠢ ᠮᠠᠬᠲᠠᠨ ᠲᠠᠭᠣᠯᠠᠲᠠᠬ᠃
ᠶᠡᠷᠦ ᠨᠢ ᠪᠢᠳᠡ ᠬᠣᠨᠢᠨ ᠳ᠋ᠦ ᠣᠨᠣᠲᠠᠬ ᠮᠣᠷᠢ ᠪᠠᠨ ᠲᠠᠭᠣᠯᠠᠬᠣ ᠪᠡᠷ ᠪᠠᠷᠠᠬᠣ ᠦᠭᠡᠢ᠂ ᠬᠣᠯᠠᠶᠢᠨ ᠵᠠᠮ ᠳ᠋ᠦ ᠣᠨᠣᠲᠠᠬ ᠮᠣᠷᠢ ᠪᠠᠨ ᠴᠦ᠍᠂ ᠬᠣᠩᠭᠣᠷᠤᠨ ᠪᠣᠯᠵᠣᠭᠠᠨ ᠳ᠋ᠦ ᠣᠨᠣᠬᠰᠠᠨ ᠮᠣᠷᠢ ᠪᠠᠨ ᠴᠦ᠍᠂ ᠬᠣᠶᠠᠷ ᠪᠣᠭᠣᠷᠣᠯ ᠳ᠋ᠠᠭᠠᠨ ᠵᠣᠯᠭᠠᠬᠣ ᠪᠡᠷ ᠣᠨᠣᠬᠰᠠᠨ ᠮᠣᠷᠢ ᠪᠠᠨ ᠴᠦ᠍ ᠲᠠᠭᠣᠯᠠᠲᠠᠬ ᠪᠢᠯᠡ᠃
ᠬᠣᠷᠴᠢᠨ ᠠᠷᠠᠳᠤᠨ ᠲᠠᠭᠣᠣ 《 ᠣᠯᠠᠭᠠᠨ ᠮᠣᠷᠢᠨᠤ ᠮᠠᠬᠲᠠᠭᠠᠯ》 ᠳ᠋ᠦ᠄
《 ᠵᠸ!
ᠵᠣᠯᠠᠢ ᠮᠠᠩᠨᠠᠢᠶᠢᠨ ᠵᠣᠵᠠᠭᠠᠨ ᠰᠠᠢᠬᠠᠨᠢ ᠰᠢᠨᠵᠢᠪᠡᠯ
ᠵᠢᠷᠭᠣᠭᠠᠨ ᠮᠢᠩᠭᠠᠨ ᠠᠬᠲᠠᠶᠢᠨ ᠲᠣᠲᠣᠷᠠᠬᠢ ᠰᠣᠲᠣ ᠶᠣᠮ ᠰᠢᠦ
ᠵᠢᠷᠭᠣᠭᠠᠨ ᠣᠪᠣᠭᠠᠶᠢᠨ ᠲᠡᠭᠰᠢ ᠰᠠᠢᠬᠠᠨᠢ ᠰᠢᠨᠵᠢᠪᠡᠯ
ᠵᠢᠷᠠᠨ ᠵᠢᠰᠦᠶᠢᠨ ᠠᠲᠣᠭᠣᠰᠣᠨᠤ ᠰᠢᠯᠢᠲᠡᠭ ᠶᠣᠮ ᠰᠢᠦ》 ᠭᠡᠵᠦ ᠪᠠᠬᠠᠲᠣᠨ ᠲᠠᠭᠣᠯᠠᠲᠠᠬ᠃
ᠬᠦᠯᠦᠨ ᠪᠣᠢᠷ ᠠᠷᠠᠳᠤᠨ ᠲᠤᠷᠠᠯᠠᠯ ᠬᠠᠢᠷᠠ ᠵᠢᠨ ᠰᠢᠪᠡᠨᠡᠭᠡ
ᠪᠠᠷᠭᠣ ᠠᠷᠠᠳᠤᠨ ᠲᠠᠭᠣᠣ ᠳ᠋ᠦ 《 ᠭᠠᠯᠠᠭᠣᠨ ᠬᠦᠵᠦᠬᠦᠲᠦ ᠵᠡᠭᠡᠷᠲᠡ》᠂ 《ᠬᠢᠷᠦᠭᠡ ᠲᠡᠢᠭᠡᠨ ᠮᠣᠷᠢ》᠂《ᠵᠢᠷᠣᠭᠠᠲᠠᠢᠬᠠᠨ ᠬᠡᠭᠡᠷ》᠂ 《ᠲᠡᠬᠦᠯᠢᠶᠡ ᠬᠦᠷᠡᠩ》᠂ 《ᠬᠡᠭᠡᠷ ᠬᠠᠯᠢᠭᠣᠨ ᠮᠣᠷᠢ》᠂ 《 ᠭᠠᠨᠢ ᠪᠠᠭᠠᠬᠠᠨ ᠣᠯᠠᠭᠠᠨ》᠂ 《ᠵᠢᠷᠣᠭᠠ ᠰᠣᠷᠣᠭᠠ ᠦᠭᠡᠢ ᠮᠣᠷᠢ》 ᠭᠡᠬᠦᠴᠢᠯᠡᠨ ᠮᠣᠷᠢ ᠲᠠᠢ ᠬᠣᠯᠪᠣᠬᠲᠠᠬᠰᠠᠨ ᠲᠠᠭᠣᠣ ᠣᠯᠠᠨ ᠪᠠᠢᠲᠠᠬ᠃ ᠪᠠᠷᠭᠣ ᠠᠷᠠᠳᠤᠨ ᠣᠷᠲᠣᠶᠢᠨ ᠲᠠᠭᠣᠣᠶᠢᠨ ᠰᠣᠷ ᠬᠡᠮᠡᠭᠲᠡᠭᠰᠡᠨ 《ᠪᠠᠷᠭᠣᠶᠢᠨ ᠭᠣᠷᠪᠠᠨ ᠪᠣᠷᠣ》 (《ᠪᠣᠷᠣ ᠪᠣᠷᠣ ᠪᠢᠯᠵᠣᠣᠬᠠᠢ》᠂ 《 ᠡᠷᠡ ᠪᠣᠷᠣ ᠬᠠᠷᠴᠠᠭᠠᠢ》᠂ 《ᠰᠣᠶᠣᠬ ᠪᠣᠷᠣ》) ᠶ᠋ᠢᠨ《 ᠰᠣᠶᠣᠬ ᠪᠣᠷᠣ》 ᠭᠡᠬᠦ ᠲᠠᠭᠣᠣ ᠳ᠋ᠦ ᠬᠣᠶᠠᠷ ᠵᠠᠯᠠᠭᠣᠶᠢᠨ ᠠᠷᠢᠭᠣᠨ ᠨᠠᠨᠳᠢᠨ ᠦᠨᠡᠨᠴᠢ ᠬᠠᠢᠷᠠᠶᠢ ᠮᠠᠬᠲᠠᠵᠦ᠂ ᠪᠣᠷᠣ ᠮᠣᠷᠢᠨᠤ ᠬᠢᠨᠢ ᠡᠷᠡ ᠰᠢᠨᠳᠠᠰᠦᠶᠢ ᠢᠯᠡᠳᠭᠡᠬᠦ ᠳ᠋ᠡᠭᠡᠨ ᠬᠣᠶᠠᠷ ᠰᠣᠭᠣᠨ ᠳ᠋ᠣᠨᠢ ᠵᠢᠬᠦᠷ ᠣᠷᠭᠣᠭᠣᠯᠣᠨ ᠦᠯᠢᠭᠡᠷ ᠲᠣᠮᠣᠬ ᠲᠦ᠍ ᠭᠠᠷᠲᠠᠬ ᠵᠢᠬᠦᠷᠲᠦ ᠬᠦᠯᠦᠭ ᠶ᠋ᠢᠡᠷ ᠲᠦᠷᠰᠦᠯᠡᠲᠡᠭ᠃ ᠲᠡᠭᠡᠬᠦ ᠳ᠋ᠡᠭᠡᠨ ᠡᠳᠡᠭᠡᠷ ᠠᠷᠠᠳᠤᠨ ᠲᠠᠭᠣᠣ ᠨᠢ ᠣᠯᠠᠮᠵᠢᠯᠠᠨ ᠲᠠᠷᠬᠠᠬᠣ ᠶᠠᠪᠣᠴᠠ ᠳ᠋ᠠᠭᠠᠨ ᠦᠪᠡᠷ ᠦᠪᠡᠷᠤᠨ ᠬᠡᠪ ᠨᠠᠮᠪᠠ ᠪᠡᠷ ᠶ᠋ᠢᠡᠨ ᠢᠯᠭᠠᠷᠠᠵᠦ᠂ ᠬᠠᠶᠠ ᠵᠠᠷᠢᠮ ᠳ᠋ᠠᠭᠠᠨ ᠢᠵᠢᠯᠬᠡᠨ ᠨᠢᠭᠡ ᠲᠠᠭᠣᠣᠶᠢ ᠠᠲᠠᠯᠢ ᠪᠣᠰᠣ ᠬᠡᠯᠪᠡᠷᠢ ᠪᠡᠷ ᠲᠠᠭᠣᠯᠠᠬᠲᠠᠲᠠᠬ ᠪᠣᠯᠵᠠᠢ᠃ ᠲᠣᠬᠠᠢᠯᠠᠪᠠᠯ 《 ᠭᠠᠯᠠᠭᠣᠨ ᠬᠦᠵᠦᠬᠦᠲᠦ ᠵᠡᠭᠡᠷᠲᠡ》 ᠭᠡᠰᠡᠨ ᠪᠠᠷᠭᠣ ᠠᠷᠠᠳᠤᠨ ᠣᠷᠲᠣᠶᠢᠨ ᠲᠠᠭᠣᠣᠶᠢ ᠬᠠᠭᠣᠴᠢᠨ ᠪᠠᠷᠭᠣ ᠪᠣᠯᠣᠨ ᠰᠢᠨᠡ ᠪᠠᠷᠭᠣ ᠳ᠋ᠦ ᠪᠦᠷ ᠲᠠᠭᠣᠯᠠᠬᠣ ᠪᠣᠯᠪᠠᠴᠣ ᠠᠲᠠᠯᠢ ᠪᠣᠰᠣ ᠬᠣᠪᠢᠯᠪᠣᠷᠢ ᠲᠠᠢ ᠪᠠᠢᠵᠦ᠂ ᠬᠠᠭᠣᠴᠢᠨ ᠪᠠᠷᠭᠣ ᠠᠷᠠᠳᠤᠨ ᠲᠠᠭᠣᠯᠠᠲᠠᠬ 《 ᠭᠠᠯᠠᠭᠣᠨ ᠬᠦᠵᠦᠬᠦᠲᠦ ᠵᠡᠭᠡᠷᠲᠡ》 ᠭᠡᠬᠦ ᠲᠠᠭᠣᠣᠶᠢᠨ ᠠᠶᠠᠶᠢᠨ ᠴᠠᠷᠠᠭᠠ ᠨᠢ ᠦᠷᠭᠡᠴᠡ ᠪᠠᠭᠠ᠂ ᠲᠠᠪᠠᠯᠭᠠᠨ ᠬᠡᠯᠪᠡᠷᠢ ᠨᠢ ᠵᠢᠭᠲᠡ ᠰᠢᠬᠠᠭᠣ ᠶᠠᠪᠣᠬᠲᠠᠲᠠᠬ᠃ ᠬᠠᠷᠢᠨ ᠰᠢᠨᠡ ᠪᠠᠷᠭᠣᠴᠣᠳᠤᠨ ᠲᠠᠭᠣᠯᠠᠬᠣ 《ᠭᠠᠯᠠᠭᠣᠨ ᠬᠦᠵᠦᠬᠦᠲᠦ ᠵᠡᠭᠡᠷᠲᠡ》 ᠶ᠋ᠢᠨ ᠠᠶᠠᠶᠢᠨ ᠴᠠᠷᠠᠭᠠ ᠦᠷᠭᠡᠪᠲᠦᠷ ᠮᠦᠷᠲᠡᠭᠡᠨ ᠠᠶᠠ ᠨᠢ ᠲᠠᠪᠠᠯᠭᠠᠨ ᠬᠡᠯᠪᠡᠷᠢ ᠲᠠᠢ ᠶᠠᠪᠣᠬᠲᠠᠬᠣ ᠨᠢ ᠲᠣᠲᠣᠷᠬᠠᠢ ᠪᠢᠯᠡ᠃
ᠬᠦᠯᠦᠨ ᠪᠣᠢᠷᠤᠨ 《 ᠮᠦᠨᠲᠦᠭᠡᠷ ᠰᠠᠭᠠᠷᠠᠯ》 ᠭᠡᠬᠦ ᠠᠷᠠᠳᠤᠨ ᠲᠠᠭᠣᠣ ᠳ᠋ᠦ᠄
《 ᠮᠦᠨᠲᠦᠭᠡᠷ ᠰᠠᠭᠠᠷᠠᠯ ᠮᠣᠷᠢᠶᠢ ᠪᠠᠨ
ᠮᠦᠰᠦᠨ ᠬᠦᠩᠬᠦᠷ ᠲᠡᠯᠡᠰᠦᠬᠦᠯᠦᠶᠡ
ᠮᠦᠷᠦᠭᠡᠲᠦᠯ ᠪᠣᠯᠣᠬᠰᠠᠨ ᠲᠡᠬᠦᠦᠶᠢ ᠪᠠᠨ
ᠮᠦᠳᠲᠦᠭᠡᠨ ᠢᠯᠡᠭᠡᠬᠦᠶᠢ ᠮᠡᠳᠡᠭᠡᠷᠡᠢ》 ᠭᠡᠲᠡᠭ᠃
ᠰᠣᠯᠣᠨ ᠡᠸᠠᠩᠬᠢ ᠠᠷᠠᠳᠤᠨ ᠲᠠᠭᠣᠣ 《 ᠬᠦᠶᠦᠲᠡᠯ ᠲᠠᠢ ᠮᠣᠷᠢ》 ᠳ᠋ᠦ᠄
《 ᠣᠶᠠᠬᠠᠨ ᠬᠦᠶᠦᠲᠡᠯ ᠲᠠᠢ ᠮᠣᠷᠢ ᠮᠢᠨᠢ
ᠠᠭᠣᠲᠠᠮ ᠲᠠᠯᠠ ᠳ᠋ᠠᠭᠠᠨ ᠵᠢᠷᠭᠠᠯ ᠲᠠᠢ
ᠦᠶᠡᠷᠭᠡᠵᠦ ᠪᠠᠢᠭᠠ ᠪᠢᠳᠡ ᠬᠣᠶᠠᠷᠢ
ᠣᠯᠠᠨ ᠶ᠋ᠢᠡᠷ ᠶ᠋ᠢᠡᠨ ᠬᠡᠯᠡᠭᠡᠳ ᠶᠠᠭᠠᠬᠢᠨᠠ》 ᠭᠡᠵᠦ ᠲᠠᠭᠣᠯᠠᠲᠠᠬ᠃
ᠰᠢᠨᠲᠠᠰᠣᠲᠣ ᠬᠦᠯᠦᠭ ᠮᠢᠨᠢ᠂ ᠡᠷᠴᠢᠲᠦ ᠵᠢᠬᠦᠷ ᠮᠢᠨᠢ᠂ ᠰᠢᠯᠦᠭ ᠲᠠᠭᠣᠣᠶᠢᠨ ᠮᠦᠷ ᠪᠠᠲᠠᠬ ᠲᠦ᠍ ᠦᠣᠷᠰᠡᠨ ᠬᠠᠩᠬᠢᠨᠠᠬᠰᠠᠭᠠᠷ᠃
ᠠᠯᠠᠱᠠ ᠠᠷᠠᠳᠤᠨ ᠱᠠᠰᠲᠢᠷ ᠲᠡᠦᠭᠡ ᠵᠢᠨ ᠲᠡᠮᠳᠡᠭᠯᠡᠯ
《 ᠠᠯᠠᠱᠠ ᠬᠣᠱᠣᠳ ᠱᠠᠰᠲᠢᠷ ᠲᠠᠭᠣᠣ》 ᠶ᠋ᠢᠨ ᠡᠮᠬᠢᠳᠭᠡᠯ ᠳ᠋ᠦ ᠣᠷᠣᠬᠰᠠᠨ 423 ᠲᠠᠭᠣᠣᠶᠢᠨ ᠲᠣᠲᠣᠷᠠ ᠮᠣᠷᠢᠶᠢ ᠲᠠᠭᠣᠯᠠᠬᠰᠠᠨ ᠲᠠᠭᠣᠣ ᠪᠣᠶᠣ ᠮᠣᠷᠢ ᠪᠡᠷ ᠡᠬᠢᠯᠡᠭᠰᠡᠨ ᠲᠠᠭᠣᠣ 300 ᠰᠢᠬᠠᠮ ᠪᠣᠢ᠃ ᠡᠵᠡᠨᠡ ᠲᠣᠷᠭᠣᠳ ᠠᠷᠠᠳᠤᠨ ᠲᠠᠭᠣᠣ ᠳ᠋ᠦ ᠵᠦᠪᠬᠡᠨ ᠮᠣᠷᠢᠶᠢ ᠲᠠᠭᠣᠯᠠᠬᠰᠠᠨ ᠲᠠᠭᠣᠣ ᠬᠣᠷᠢᠭᠠᠳ ᠪᠠᠢᠬᠣ ᠠᠵᠢ᠃ ᠲᠠᠭᠣᠣ ᠳ᠋ᠦ ᠲᠠᠭᠣᠯᠠᠬᠲᠠᠬᠣ ᠮᠣᠷᠢᠨᠤ ᠦᠩᠭᠡ ᠵᠢᠰᠦᠮ ᠳ᠋ᠦ ᠰᠢᠷᠭᠠ᠂ ᠬᠡᠭᠡᠷ᠂ ᠬᠡᠭᠡᠷ ᠬᠠᠯᠲᠠᠷ᠂ ᠵᠡᠭᠡᠷᠲᠡ᠂ ᠬᠦᠷᠡᠩ᠂ ᠪᠣᠷᠣ᠂ ᠪᠣᠷᠣᠯᠠᠬ᠂ ᠣᠯᠠᠭᠠᠨ ᠬᠠᠯᠢᠭᠣᠨ᠂ ᠴᠠᠭᠠᠨ᠂ ᠴᠠᠭᠠᠨ ᠰᠠᠭᠠᠷᠠᠯ᠂ ᠬᠦᠭᠡ᠂ ᠡᠬᠦᠯᠡᠨ ᠬᠦᠭᠡ᠂ ᠬᠣᠯᠠ᠂ ᠬᠣᠯᠠ ᠬᠠᠯᠲᠠᠷ᠂ ᠪᠣᠭᠣᠷᠣᠯ᠂ ᠴᠣᠬᠣᠷ᠂ ᠴᠠᠪᠢᠲᠠᠷ ᠵᠡᠷᠭᠡ ᠪᠠᠢᠬᠣ ᠪᠦᠭᠡᠳ ᠮᠣᠷᠢᠨᠤ ᠶᠠᠪᠣᠲᠠᠯᠢ ᠴᠦ᠍ ᠰᠠᠶᠢᠭᠠᠯᠠᠭᠣᠯᠬᠣ᠂ ᠰᠠᠢᠪᠣᠷᠯᠠᠭᠣᠯᠬᠣ᠂ ᠲᠡᠰᠢᠬᠦᠯᠬᠦ᠂ ᠵᠢᠷᠣᠭᠠᠯᠠᠭᠣᠯᠬᠣ᠂ ᠬᠠᠯᠬᠢᠭᠣᠯᠬᠣ ᠵᠡᠷᠭᠡ ᠪᠡᠷ ᠲᠦᠷᠰᠦᠯᠡᠵᠦ ᠦᠭᠡ ᠬᠡᠯᠡᠨᠤ ᠣᠷᠠᠨ ᠪᠠᠶᠠᠯᠢᠬᠢ ᠭᠠᠢᠬᠠᠭᠣᠯᠲᠠᠬ᠃
1979 ᠤᠨ ᠳ᠋ᠦ ᠬᠡᠪᠯᠡᠬᠦᠯᠦᠭᠰᠡᠨ ᠯᠸᠢ ᠰᠠᠴᠡᠨᠪᠠᠲᠣ ᠪᠣᠯᠣᠨ ᠵᠣᠣ ᠯᠢᠶᠠᠩ ᠴᠸᠩᠤᠨ ᠡᠮᠬᠢᠳᠭᠡᠨ ᠨᠠᠢᠷᠠᠭᠣᠯᠣᠬᠰᠠᠨ 《ᠠᠯᠠᠱᠠ ᠠᠷᠠᠳᠤᠨ ᠲᠠᠭᠣᠣᠶᠢᠨ ᠲᠡᠬᠦᠪᠦᠷᠢ》 ᠳ᠋ᠦ 《 ᠮᠣᠷᠢᠨᠤ ᠮᠠᠬᠲᠠᠭᠠᠯ ᠲᠠᠭᠣᠣ》 ᠭᠡᠬᠦ ᠲᠣᠰᠬᠠᠢ ᠪᠦᠯᠦᠭ ᠶ᠋ᠢᠡᠷ ᠡᠮᠬᠢᠳᠭᠡᠵᠦ 《 ᠰᠡᠴᠡᠨ ᠪᠡᠢᠰᠠᠶᠢᠨ ᠣᠨᠠᠭᠠ》᠂ 《ᠬᠦᠪᠦᠩ ᠴᠠᠭᠠᠨ ᠮᠣᠷᠢ》᠂ 《 ᠰᠡᠴᠡᠨ ᠬᠠᠨᠤ ᠣᠨᠠᠭᠠ》 ᠵᠡᠷᠭᠡ ᠲᠠᠭᠣᠣᠶᠢ ᠪᠠᠬᠲᠠᠭᠠᠵᠠᠢ ᠃ 《 ᠬᠦᠪᠦᠩ ᠴᠠᠭᠠᠨ ᠮᠣᠷᠢ 》 ᠳ᠋ᠦ᠄
《 ᠬᠦᠪᠦᠩ ᠴᠠᠭᠠᠨ ᠮᠣᠷᠢ ᠨᠢ
ᠬᠦᠲᠡᠭᠡᠶᠢᠨ ᠰᠢᠯᠢ ᠪᠡᠷ ᠨᠢ ᠪᠠᠢᠷᠢ ᠲᠠᠢ
ᠬᠠᠵᠠᠭᠣᠯᠠᠶᠠ ᠭᠡᠰᠡᠨ ᠬᠠᠵᠠᠭᠠᠷ ᠨᠢ
ᠠᠯᠲᠠᠨ ᠵᠢᠨᠵᠡᠬᠦᠷ ᠬᠠᠵᠠᠭᠠᠷ》 ᠭᠡᠵᠦ ᠲᠠᠭᠣᠯᠠᠲᠠᠬ᠃
ᠦᠪᠦᠷ ᠮᠣᠩᠭᠣᠯᠤᠨ ᠡᠳᠦᠷᠤᠨ ᠰᠣᠨᠢᠨᠤ ᠬᠣᠷᠢᠶᠠᠶᠢᠨ ᠠᠬᠠᠮᠠᠳ ᠰᠣᠷᠪᠣᠯᠵᠢᠯᠠᠬᠴᠢ ᠵᠦᠩᠨᠡᠢᠶᠢᠨ ᠡᠮᠬᠢᠳᠭᠡᠭᠰᠡᠨ 300 ᠭᠠᠷᠣᠢ ᠠᠯᠠᠱᠠ ᠠᠷᠠᠳᠤᠨ ᠲᠠᠭᠣᠣᠶᠢ ᠪᠠᠬᠲᠠᠭᠠᠬᠰᠠᠨ《ᠠᠯᠠᠱᠠ ᠠᠷᠠᠳᠤᠨ ᠲᠠᠭᠣᠣ ᠨᠣᠭᠣᠳ》 ᠭᠡᠬᠦ ᠨᠣᠮ ᠳ᠋ᠦ 《ᠠᠷᠣᠬᠠᠨ ᠬᠦᠪᠴᠢᠶᠢᠨ ᠣᠨᠠᠭᠠ 》᠂ 《ᠡᠬᠦᠯᠡ ᠪᠡᠷ ᠲᠠᠲᠠᠭᠠᠳ ᠬᠦᠶᠦᠲᠡᠭ ᠦᠨᠳᠦᠷ ᠬᠦᠬᠡ ᠮᠣᠷᠢ 》᠂ 《ᠡᠷᠬᠡ ᠪᠠᠭᠠᠬᠠᠨ ᠬᠦᠷᠡᠩ 》᠂ 《ᠣᠯᠠᠭᠠᠨ ᠵᠡᠭᠡᠷᠲᠡ ᠮᠣᠷᠢ》᠂ 《ᠣᠶᠠᠨ ᠣᠶᠠᠨ ᠬᠡᠭᠡᠷ》 ᠵᠡᠷᠭᠡ 60 ᠭᠠᠷᠣᠢ ᠮᠣᠷᠢᠨᠤ ᠲᠣᠬᠠᠢ ᠲᠠᠭᠣᠣ ᠪᠠᠬᠲᠠᠬᠰᠠᠨ ᠪᠠᠢᠨᠠ᠃
ᠣᠷᠲᠣᠰ ᠠᠷᠠᠳᠤᠨ ᠲᠤᠮᠤᠭ ᠲᠤᠤᠯᠢ ᠵᠢᠨ ᠬᠠᠭᠤᠳᠠᠰᠤ
ᠭᠠᠲᠠᠨᠠ ᠪᠠᠨ ᠮᠣᠷᠢ ᠲᠠᠢ᠂ ᠭᠡᠷ ᠲᠡᠭᠡᠨ ᠲᠠᠭᠣᠣ ᠲᠠᠢ ᠭᠠᠢᠬᠠᠮᠰᠢᠬᠲᠣ ᠨᠢᠭᠡᠨ ᠭᠠᠵᠠᠷᠢ ᠣᠷᠲᠣᠰ ᠬᠡᠮᠡᠲᠡᠭ᠃《ᠣᠷᠠᠨ ᠲᠠᠩᠨᠠᠢ ᠪᠡᠷ ᠬᠡᠰᠦᠭᠰᠡᠨ ᠠᠭᠣᠵᠢᠮ ᠬᠠᠯᠠᠭᠣᠨ ᠰᠡᠳᠬᠢᠯᠭᠡ ᠲᠠᠢ᠂ ᠣᠰᠣᠨ ᠴᠠᠢᠲᠠᠮ ᠶ᠋ᠢᠡᠷ ᠠᠶᠠᠯᠠᠬᠰᠠᠨ ᠣᠷᠣᠰᠣᠮᠠ ᠢᠷᠠᠭᠣ ᠡᠭᠡᠰᠢᠭ ᠲᠠᠢ᠂ ᠠᠬᠢᠲᠣ ᠲᠣᠯᠣᠭᠠᠢ ᠪᠡᠷ ᠲᠠᠪᠠᠬᠰᠠᠨ ᠠᠲᠠᠪᠠᠰᠢ ᠴᠣᠪᠣᠭᠣ ᠬᠡᠮᠨᠡᠭᠡ ᠲᠠᠢ᠂ ᠠᠯᠲᠠᠨ ᠭᠠᠨᠲᠠᠷᠢ ᠪᠡᠷ ᠲᠣᠭᠣᠯᠣᠬᠰᠠᠨ ᠠᠶᠠᠴᠠ ᠰᠠᠢᠬᠠᠨ ᠬᠦᠭ ᠲᠠᠢ》 ᠣᠷᠲᠣᠰ ᠠᠷᠠᠳᠤᠨ ᠲᠠᠭᠣᠣ ᠳ᠋ᠦ《ᠡᠵᠡᠨ ᠪᠣᠬᠲᠠᠶᠢᠨ ᠬᠣᠶᠠᠷ ᠵᠠᠭᠠᠯ》᠂ 《ᠦᠨᠳᠦᠷ ᠬᠦᠬᠡ ᠮᠣᠷᠢ》᠂ 《ᠪᠣᠭᠣᠷᠣᠯ ᠮᠣᠷᠢ》᠂ 《 ᠬᠣᠷᠲᠣᠨ ᠵᠢᠷᠣᠭᠠ ᠮᠣᠷᠢ》᠂ 《 ᠭᠣᠷᠪᠠᠨ ᠰᠠᠢᠬᠠᠨ ᠬᠡᠭᠡᠷ ᠮᠣᠷᠢ》᠂ 《ᠴᠣᠬᠣᠷ ᠮᠣᠷᠢ》᠂ 《 ᠽᠠᠨᠳᠠᠨ ᠬᠦᠷᠡᠩ》᠂ 《ᠵᠢᠭᠠᠬᠠᠨ ᠰᠢᠷᠭᠠ》 ᠵᠡᠷᠭᠡ ᠮᠣᠷᠢ ᠲᠠᠢ ᠬᠣᠯᠪᠣᠬᠲᠠᠬᠰᠠᠨ ᠲᠠᠭᠣᠣ ᠣᠯᠠᠨ ᠪᠣᠢ᠃ ᠴᠢᠩᠬᠢᠰᠤᠨ ᠡᠷᠡ ᠬᠣᠶᠠᠷ ᠵᠠᠭᠠᠯᠤᠨ ᠲᠣᠬᠠᠢ ᠲᠣᠮᠣᠬᠢ ᠦᠨᠳᠦᠰᠦᠯᠡᠨ ᠲᠠᠭᠣᠯᠠᠲᠠᠬ 《 ᠡᠵᠡᠨ ᠪᠣᠬᠲᠠᠶᠢᠨ ᠬᠣᠶᠠᠷ ᠵᠠᠭᠠᠯ》 ᠭᠡᠬᠦ ᠲᠠᠭᠣᠣ ᠳ᠋ᠦ᠄
《 ᠠᠯᠲᠠᠢ ᠬᠠᠩᠭᠠᠢ ᠭᠠᠵᠠᠷᠤᠨ ᠦᠨᠳᠦᠷ
ᠠᠬᠲᠠ ᠮᠣᠷᠢ ᠮᠢᠨᠢ ᠲᠡᠭᠷᠢᠶᠢᠨ ᠣᠨᠠᠭᠠ
ᠡᠵᠡᠨ ᠪᠣᠬᠲᠠᠶᠢᠨ ᠬᠣᠶᠠᠷ ᠵᠠᠭᠠᠯ
ᠪᠠᠭᠠ ᠵᠠᠭᠠᠯ ᠪᠠᠢᠵᠠᠢ ᠰᠠᠢ》 ᠭᠡᠵᠦ ᠲᠠᠭᠣᠯᠠᠲᠠᠬ᠃
ᠠᠪᠣ ᠡᠵᠢᠶᠢᠨ ᠡᠨᠡᠷᠢᠯ ᠬᠠᠢᠷᠠᠶᠢ ᠠᠬᠲᠠ ᠬᠦᠯᠦᠭ ᠮᠣᠷᠢ ᠲᠠᠢ ᠬᠣᠯᠪᠣᠨ ᠲᠠᠭᠣᠯᠠᠬᠣ ᠪᠣᠯ ᠮᠣᠩᠭᠣᠯ ᠠᠷᠠᠳᠤᠨ ᠲᠠᠭᠣᠣᠶᠢᠨ ᠦᠪᠡᠷᠮᠢᠴᠡ ᠣᠨᠴᠠᠯᠢᠬ ᠪᠢᠯᠡ᠃ ᠡᠨᠡ ᠲᠣᠬᠠᠢ 《 ᠪᠣᠭᠣᠷᠣᠯ ᠮᠣᠷᠢ 》 ᠭᠡᠬᠦ ᠣᠷᠲᠣᠰ ᠠᠷᠠᠳᠤᠨ ᠲᠠᠭᠣᠣ ᠳ᠋ᠦ᠄
《 ᠪᠣᠭᠣᠷᠣᠯ ᠮᠣᠷᠢ ᠮᠢᠨᠢ ᠬᠦ
ᠪᠣᠯᠢᠭᠠᠷᠢ ᠲᠣᠬᠣᠮ ᠲᠠᠢ ᠶᠣᠮ ᠡ
ᠪᠣᠭᠣᠷᠣᠯ ᠠᠪᠣᠶᠢᠨ ᠶ᠋ᠢᠡᠨ ᠪᠣᠶᠠᠨ ᠬᠡᠰᠢᠭᠢ
ᠪᠣᠴᠠᠭᠠᠯ ᠦᠭᠡᠢ ᠬᠦᠷᠲᠡᠶᠡ ᠳ᠋ᠣᠣ 》 ᠭᠡᠵᠦ ᠲᠠᠭᠣᠯᠠᠲᠠᠬ᠃
ᠬᠠᠩᠬᠢᠨᠴᠣᠳᠤᠨ ᠰᠠᠭᠠᠲᠠᠬ ᠮᠣᠷᠲᠠᠭᠣᠯᠬᠣ ᠳ᠋ᠦ ᠲᠠᠭᠣᠯᠠᠲᠠᠬ 《 ᠵᠢᠷᠣᠭᠠ ᠪᠣᠷᠣ》 ᠭᠡᠬᠦ ᠲᠠᠭᠣᠣ ᠳ᠋ᠦ ᠪᠠᠰᠠ᠄
《 ᠵᠢᠷᠣᠭᠠ ᠪᠣᠷᠣ ᠨᠢ ᠲᠠᠷᠭᠣᠨ ᠪᠣᠢ ᠰᠢᠦ
ᠵᠢᠯᠣᠭᠣᠶᠢ ᠨᠢ ᠰᠣᠢᠭᠠᠳ ᠮᠣᠷᠲᠠᠶᠠ ᠳ᠋ᠣᠣ
ᠵᠣᠷᠢᠬᠰᠠᠨ ᠭᠠᠵᠠᠷ ᠬᠣᠯᠠ ᠪᠣᠢ ᠰᠢᠦ
ᠦᠷᠤᠨ ᠡᠷᠳᠡ ᠮᠣᠷᠲᠠᠶᠠ ᠳ᠋ᠣᠣ》 ᠭᠡᠲᠡᠭ᠃