ᠬᠠᠪᠤᠷ᠎ᠤᠨ ᠤᠶᠠᠩᠭ᠎ᠠ
2026-03-25 11:10:31
ᠵᠣᠬᠢᠶᠠᠭ᠍ᠴᠢ᠄
ᠭ ·ᠡᠷᠳᠡᠨᠢᠪᠢᠯᠢᠭ
ᠣᠩᠱᠢᠭ᠍ᠰᠠᠨ ᠣᠳᠠᠭ᠎ᠠ᠄
★★★☆☆

ᠣᠶᠠᠷᠠᠭᠤᠨ ᠬᠠᠪᠣᠷ᠎ᠢ ᠣᠬ᠍ᠳᠣᠬᠤ

ᠣᠯᠠᠷᠢᠯ᠎ᠤᠨ ᠰᠠᠯᠬᠢᠨ᠎ᠤ

ᠦᠵᠦᠬᠦᠷ᠎ᠢ ᠢᠮᠡᠷᠦᠨ ᠵᠣᠬ᠍ᠰᠣᠬᠤ᠎ᠳᠤ

ᠣᠨᠣᠬ᠍ᠰᠠᠨ ᠮᠣᠷᠢ ᠮᠢᠨᠢ ᠠᠮᠠᠭᠠᠢ ᠳᠠᠷᠣᠨ

ᠠᠯᠣᠰ᠎ᠤᠨ ᠪᠠᠷ᠎ᠠ᠎ᠳᠤ ᠵᠢᠳᠬᠦᠯᠠᠨ᠎ᠡ

ᠣᠭᠠᠯᠵᠠᠯᠠᠭᠤᠯᠣᠨ ᠦᠬᠦᠯᠡᠵᠦ᠍ ᠵᠢᠷᠦᠬ᠍ᠰᠠᠨ

ᠣᠯᠠᠷᠢᠯ᠎ᠤᠨ ᠠᠮᠢᠳᠣ ᠦᠵᠡᠮᠵᠢ᠎ᠳᠤ

ᠠᠮᠢᠰᠭᠤᠵᠣ ᠠᠪᠬᠤ᠎ᠳᠤ

ᠬᠠᠬᠢᠷ ᠡᠪᠣᠯ ᠠᠭᠤᠰᠣᠨ᠎ᠠ

ᠲᠠᠢᠪᠣᠩ ᠣᠷᠣᠱᠢᠬᠤ ᠪᠠᠢᠭᠠᠯᠢ

ᠲᠡᠨᠢᠬᠦᠨ ᠰᠠᠬᠤᠯᠢᠭ᠎ᠢᠶᠠᠷ᠎ᠢᠶᠠᠨ ᠣᠷᠣᠱᠢᠬᠤ᠎ᠳᠤ

ᠲᠠᠷᠠᠭ ᠠᠢᠷᠠᠭ ᠰᠡᠩᠬᠢᠨᠡᠵᠣ

ᠠᠮᠢᠯᠠᠯ᠎ᠤᠨ ᠱᠢᠮ᠎ᠡ ᠬᠤᠷᠱᠢᠨ᠎ᠠ

ᠪᠢ ᠶᠡᠷᠦᠳᠡᠭᠡᠨ ᠪᠦᠮᠪᠦᠷᠴᠡᠭ᠎ᠤᠨ᠎ᠢᠶᠠᠨ

ᠪᠦᠲᠦᠨ ᠠᠭᠠᠯᠢ ᠪᠠᠢᠬ᠍ᠰᠠᠨ ᠴᠣ᠌ ᠶᠣᠮ ᠤᠤ

ᠪᠣᠷᠣ ᠵᠢᠷᠣᠬᠡᠨ᠎ᠤ ᠴᠣᠬᠢᠯᠭ᠎ᠠ

ᠪᠠᠢᠭᠠᠯᠢ᠎ᠪᠠᠷ᠎ᠢᠶᠠᠨ ᠯᠣᠬ᠍ᠰᠢᠨ᠎ᠠ

ᠵᠢᠯ ᠵᠢᠯ᠎ᠳᠡᠭᠡᠨ ᠪᠢ

ᠬᠠᠪᠣᠷ ᠬᠠᠪᠣᠷ᠎ᠢ ᠣᠬ᠍ᠳᠣᠳᠠᠭ

ᠬᠠᠨ ᠳᠡᠯᠡᠬᠡᠢ᠎ᠶ᠋ᠢᠨ᠎ᠢᠶᠠᠨ ᠡᠨᠡᠷᠢᠯ᠎ᠳᠡᠭᠡᠨ

ᠬᠠᠨᠢᠰᠠᠨ ᠵᠢᠷᠭᠠᠬᠤ ᠦᠨᠳᠦᠰᠦ

ᠬᠠᠪᠣᠷ᠎ᠤᠨ ᠣᠷ᠎ᠠ ᠢᠷᠡᠬᠦ᠌ ᠪᠦᠷᠢ

ᠬᠠᠨᠣᠬᠤ ᠦᠬᠡᠢ ᠰᠡᠳᠭᠢᠯ ᠮᠢᠨᠢ ᠶᠡᠷᠦᠳᠡᠭᠡᠨ

ᠪᠠᠢᠭᠠᠯᠢ᠎ᠶ᠋ᠢᠨ᠎ᠬᠢ ᠯᠡ ᠪᠠᠢᠬ᠍ᠰᠠᠨ᠎ᠤ

ᠣᠭ ᠶᠣᠰᠣ ᠦᠨᠢ ᠮᠦᠩᠬᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号