ᠬᠠᠢᠷ᠎ᠠ ᠴᠠᠯᠭᠢᠯᠠᠭ᠍ᠰᠠᠨ ᠬᠠᠪᠤᠷ
2026-03-25 11:19:35
ᠵᠣᠬᠢᠶᠠᠭ᠍ᠴᠢ᠄
ᠰ᠊·ᠪᠦᠬᠡᠴᠢᠯᠠᠭᠤ
ᠣᠩᠱᠢᠭ᠍ᠰᠠᠨ ᠣᠳᠠᠭ᠎ᠠ᠄
★★★☆☆

ᠲᠠᠭᠢᠨᠢ ᠱᠢᠭ᠋ ᠪᠦᠰᠡᠬᠦᠢ ᠭᠡᠮᠡᠷ ᠲᠤᠷᠠᠯᠠᠯ ᠠᠰᠠᠳᠠᠯ᠎ᠠ ᠮᠦᠱᠢᠶᠡᠵᠦ᠍ ᠢᠷᠡᠭ᠌ᠰᠡᠨ ᠬᠠᠪᠤᠷ ᠡ

ᠲᠡᠯᠭᠡᠭ᠌ᠰᠡᠨ ᠵᠢᠷᠤᠭ ᠱᠢᠭ᠋ ᠬᠠᠷᠠᠭ᠎ᠠ ᠬᠤᠵᠢᠷᠯᠠᠵᠦ᠍ ᠰᠤᠯᠤᠩᠭᠠᠷᠠᠨ ᠰᠠᠴᠤᠷᠠᠭ᠍ᠰᠠᠨ ᠬᠠᠪᠤᠷ ᠡ

ᠲᠤᠤᠯᠢ᠎ᠶ᠋ᠢᠨ ᠬᠠᠢᠯᠠᠭᠠᠨ ᠱᠢᠭ᠋ ᠨᠤᠢᠷ᠎ᠢ ᠦᠷᠬᠦᠭᠡᠵᠦ᠍ ᠰᠡᠳᠭᠢᠯ᠎ᠳᠤ ᠤᠶᠠᠩᠭᠠᠷᠠᠭ᠍ᠰᠠᠨ ᠬᠠᠪᠤᠷ ᠡ

ᠲᠡᠯ᠎ᠲᠠᠢ ᠰᠢᠪᠠᠭᠤ ᠱᠢᠭ᠋  ᠬᠦᠷᠡᠩ ᠠᠭᠤᠯᠠᠰ ᠤᠩᠭᠤᠯᠳᠤᠨ ᠲᠠᠪᠭᠢᠯᠳᠤᠭ᠍ᠰᠠᠨ ᠬᠠᠪᠤᠷ ᠡ




ᠤᠩᠭᠤᠨ ᠴᠠᠭᠠᠨ ᠪᠤᠳᠤᠯ ᠤᠷᠭᠤᠬᠤ᠎ᠶ᠋ᠢᠨ ᠬᠦᠰᠡᠯ ᠵᠢᠬᠦᠷᠯᠡᠭ᠌ᠰᠡᠨ ᠦᠭᠡᠳᠡ᠎ᠲᠠᠢ ᠬᠠᠪᠤᠷ ᠡ

ᠦᠭ᠌ᠭᠢᠶᠡᠮᠦᠷ ᠮᠦᠷᠦᠭᠡᠳᠦᠯ ᠦᠨᠡᠨ ᠪᠤᠯᠵᠦ᠍ ᠲᠡᠷᠭᠡᠯᠱᠢᠨ ᠲᠤᠶᠠᠭᠠᠷᠠᠭ᠍ᠰᠠᠨ ᠵᠦᠩ᠎ᠲᠠᠢ ᠬᠠᠪᠤᠷ ᠡ

ᠤᠷᠴᠢᠯᠠᠩ ᠠᠮᠢᠯᠠᠯ᠎ᠤᠨ ᠨᠠᠢᠷᠠᠯ ᠲᠠᠭᠤᠤ᠎ᠳᠤ ᠦᠪᠡᠷ᠎ᠢ᠎ᠪᠠᠨ ᠲᠠᠨᠢᠭ᠍ᠰᠠᠨ ᠤᠷᠢᠨ ᠬᠠᠪᠤᠷ ᠡ

ᠦᠷ᠎ᠤᠨ ᠴᠠᠭᠠᠨ ᠭᠡᠭᠡ᠎ᠠᠴᠠ ᠰᠦ ᠠᠰᠭᠠᠷᠠᠵᠦ᠍ ᠵᠦᠰᠡᠷᠡᠭ᠌ᠰᠡᠨ ᠡᠰᠡᠨᠢᠯ᠎ᠤᠨ ᠬᠠᠪᠤᠷ ᠡ




ᠵᠡᠷᠭᠡᠯᠭᠡᠨ ᠴᠢᠮ᠎ᠠ᠎ᠠᠴᠠ ᠠᠮᠢᠯᠠᠵᠦ᠍ ᠤᠨᠠᠭ᠎ᠠ ᠱᠢᠭ᠋ ᠢᠨᠴᠠᠭᠠᠨ ᠲᠤᠭ᠍ᠯᠠᠵᠦ᠍ ᠪᠤᠢ

ᠵᠢᠪᠠᠷ ᠴᠢᠮ᠎ᠠ᠎ᠶ᠋ᠢ ᠤᠭ᠍ᠳᠤᠵᠦ᠍ ᠠᠮᠠᠷᠠᠭ ᠱᠢᠭ᠋ ᠦᠨᠦᠰᠦᠭᠡᠳ ᠰᠡᠪᠢᠯᠵᠡᠵᠦ᠍ ᠪᠤᠢ

ᠵᠡᠭᠡᠷ᠎ᠡ ᠴᠢᠮ᠎ᠠ᠎ᠶ᠋ᠢ ᠬᠠᠷᠠᠵᠦ᠍ ᠤᠢ᠎ᠶ᠋ᠢᠨ ᠴᠠᠭᠠᠨ᠎ᠠ᠎ᠠᠴᠠ᠎ᠪᠠᠨ ᠲᠠᠭ᠍ᠰᠢᠵᠦ᠍ ᠪᠤᠢ

ᠵᠢᠭᠠᠰᠤ ᠴᠢᠮ᠎ᠠ᠎ᠳᠤ ᠡᠷᠭᠡᠯᠡᠵᠦ᠍ ᠴᠡᠭᠡᠯ᠎ᠤᠨ ᠬᠦᠨ᠎ᠠᠴᠠ᠎ᠪᠠᠨ ᠴᠤᠯᠭᠢᠵᠦ᠍ ᠪᠤᠢ




ᠬᠠᠢᠷ᠎ᠠ ᠴᠠᠯᠭᠢᠯᠠᠭ᠍ᠰᠠᠨ ᠬᠦᠳᠡᠭᠡ ᠭᠡᠭᠡᠷ᠎ᠡ᠎ᠶ᠋ᠢᠨ ᠨᠢᠳᠦᠨ᠎ᠳᠤ ᠡᠷᠬᠦᠭ᠌ᠰᠡᠨ ᠰᠠᠴᠤᠯᠢ ᠪᠤᠯ ᠴᠢ

ᠬᠦᠭᠡᠷᠡᠵᠦ᠍ ᠨᠤᠭᠤᠭᠠᠷᠠᠭ᠍ᠰᠠᠨ ᠤᠵᠠᠭᠤᠷ ᠲᠤᠪᠤ᠎ᠶ᠋ᠢᠨ ᠰᠡᠳᠭᠢᠯ᠎ᠳᠤ ᠭᠡᠷᠡᠯ ᠢᠯᠴᠢ ᠪᠤᠯ ᠴᠢ

ᠬᠠᠩᠬᠤᠯᠵᠦ᠍ ᠤᠷᠭᠤᠬᠤ ᠡᠪᠡᠰᠦᠨ᠎ᠤ ᠪᠤᠳᠤᠯ᠎ᠳᠤ ᠠᠮᠢ ᠨᠠᠰᠤ ᠪᠤᠯ ᠴᠢ

ᠬᠠᠷᠠᠩᠭᠤᠢ᠎ᠳᠤ ᠭᠡᠷᠡᠯᠳᠦᠭ᠌ᠰᠡᠨ ᠠᠯᠳᠠᠨ ᠴᠤᠬᠤ᠎ᠶ᠋ᠢᠨ ᠢᠳᠡᠭᠡᠯ᠎ᠳᠤ ᠵᠢᠬᠦᠷ ᠰᠤᠳᠦ ᠪᠤᠯ ᠴᠢ




ᠨᠠᠷᠠ ᠲᠡᠪᠡᠷᠢᠭᠡᠳ ᠢᠯᠴᠢ᠎ᠪᠠᠨ ᠲᠦᠭᠡᠭᠡᠳᠡᠭ᠂ ᠦᠨᠡᠨ ᠪᠠᠢᠳᠠᠭ᠎ᠤᠨ᠎ᠬᠢ

ᠨᠤᠭᠤᠭ᠎ᠠ ᠰᠡᠷᠪᠡᠯᠵᠡᠭᠡᠳ ᠢᠨᠢᠶᠡᠳᠦ᠍᠎ᠪᠠᠨ ᠪᠡᠯᠭᠡᠯᠡᠳᠡᠭ᠂ ᠨᠠᠢᠷᠰᠠᠭ ᠪᠠᠢᠳᠠᠭ᠎ᠤᠨ᠎ᠬᠢ

ᠨᠤᠭᠤᠰᠤ ᠨᠤᠷᠭᠢᠯᠳᠤᠭᠠᠳ ᠲᠠᠭᠤ᠎ᠪᠠᠨ ᠦᠭ᠌ᠳᠡᠭ᠂ ᠢᠨᠠᠭ ᠪᠠᠢᠳᠠᠭ᠎ᠤᠨ᠎ᠬᠢ

ᠨᠠᠪᠴᠢ ᠢᠨᠢᠶᠡᠭᠡᠳ ᠱᠢᠬᠦᠳᠡᠷᠢ᠎ᠪᠠᠨ ᠨᠢᠰᠭᠡᠳᠡᠭ᠂ ᠴᠢᠨᠠᠷ᠎ᠲᠠᠢ ᠪᠠᠢᠳᠠᠭ᠎ᠤᠨ᠎ᠬᠢ




ᠦᠩᠭᠡ ᠦᠩᠭᠡ᠎ᠶ᠋ᠢᠨ ᠦᠭᠡᠳᠡᠰᠦ᠎ᠪᠠᠷ ᠤᠷᠠᠯᠠᠵᠦ᠍ ᠵᠦᠢᠭ᠌ᠰᠡᠨ ᠬᠦᠭᠡᠷᠦᠬᠦᠨ ᠬᠠᠵᠢᠤᠬᠠᠢ — ᠬᠠᠪᠤᠷ

ᠤᠵᠠᠭᠤᠷ ᠡᠷᠳᠡᠨ᠎ᠤ ᠲᠤᠭᠤᠷ᠎ᠤᠨ ᠬᠦᠷᠢᠶᠡᠯᠡᠩ᠎ᠤᠨ ᠦᠭᠡᠷ᠎ᠡ ᠨᠢᠭᠡᠨ ᠨᠡᠷ᠎ᠡ — ᠬᠠᠪᠤᠷ

ᠦᠳᠡᠰᠢ᠎ᠶ᠋ᠢᠨ ᠵᠡᠬᠦᠳᠦ ᠱᠢᠭ ᠡᠷᠭᠡ ᠴᠢᠯᠦᠭᠡᠨ᠎ᠤ ᠤᠷᠤᠨ ᠵᠠᠢ — ᠬᠠᠪᠤᠷ

ᠤᠷᠠᠨ ᠵᠤᠭᠢᠶᠠᠯ᠎ᠤᠨ ᠲᠤᠷᠭᠠᠨ ᠬᠦᠱᠢᠭᠡ᠎ᠶ᠋ᠢ ᠰᠡᠬᠦᠭ᠌ᠰᠡᠨ ᠤᠯᠠᠭᠠᠨ ᠮᠦᠷ — ᠬᠠᠪᠤᠷ




ᠲᠠᠯ᠎ᠠ᠎ᠶ᠋ᠢᠨ ᠴᠡᠩᠭᠡᠷ᠎ᠠᠴᠠ ᠴᠠᠭ᠎ᠤᠨ ᠨᠡᠬᠦᠳᠡᠯ ᠴᠢᠮ᠎ᠠ᠎ᠪᠠᠷ ᠡᠭᠢᠯᠡᠳᠡᠭ ᠤᠴᠢᠷ

ᠲᠠᠷᠭᠤᠨ ᠨᠠᠭᠤᠷ᠎ᠲᠤ ᠠᠩᠭᠠᠯ᠎ᠢᠶᠠᠨ ᠲᠠᠢᠯᠤᠭᠠᠳ ᠰᠠᠷᠠ ᠡᠷᠭᠢᠴᠡᠭᠡᠳ ᠰᠠᠯᠬᠤ ᠦᠭᠡᠢ

ᠲᠤᠯᠤᠭᠠᠨ ᠪᠤᠷᠬᠠᠨ ᠤᠳᠤ ᠮᠦᠷᠦᠨ ᠲᠡᠭᠡᠷ᠎ᠡ ᠰᠠᠭᠤᠭᠠᠳ ᠵᠢᠷᠭᠢᠳᠡᠭ ᠤᠴᠢᠷ

ᠲᠤᠮᠤᠭ᠎ᠤᠨ ᠪᠠᠭᠠᠳᠤᠷ᠎ᠤᠨ ᠰᠦᠨᠡᠰᠦ ᠨᠤᠳᠤᠭ ᠤᠰᠤᠨ᠎ᠠᠴᠠ᠎ᠪᠠᠨ ᠬᠤᠯᠠᠳᠠᠬᠤ ᠦᠭᠡᠢ




ᠢᠷ ᠮᠡᠰᠡ᠎ᠲᠠᠢ ᠬᠠᠯᠢᠯ ᠬᠠᠳᠠᠨ᠎ᠠᠴᠠ ᠴᠢᠳᠭᠤᠯᠠᠵᠦ᠍ ᠪᠠᠭᠤᠭ᠍ᠰᠠᠨ ᠲᠤᠭ᠍ᠰᠢᠨ ᠬᠦᠷᠭᠢᠷ᠎ᠡ

ᠢᠷᠠᠭᠤ ᠲᠤᠩᠭᠠᠯᠠᠭ ᠤᠷᠤᠰᠭᠠᠯ᠎ᠲᠠᠢ ᠨᠡᠢᠯᠡᠭᠡᠳ ᠦᠶᠡᠷᠯᠡᠨ ᠱᠤᠤᠭᠢᠳᠠᠭ᠎ᠲᠤᠨᠢ ᠠᠭᠤᠰᠣᠮᠠᠷ ᠡ

ᠢᠴᠡᠭᠡᠨ᠎ᠠᠴᠠ᠎ᠪᠠᠨ ᠦᠨᠳᠡᠢᠵᠦ᠍ ᠠᠪᠠᠭᠠᠷᠠᠯᠳᠤᠨ ᠬᠦᠶᠦᠯᠳᠦᠭ᠌ᠰᠡᠨ ᠬᠠᠷ᠎ᠠ ᠱᠢᠷᠭᠤᠯᠵᠢ

ᠢᠳᠡᠭᠡᠯ᠎ᠤᠨ᠎ᠢᠶᠠᠨ ᠦᠵᠦᠬᠦᠷ᠎ᠲᠤ ᠬᠦᠷᠬᠦ᠌ ᠭᠡᠮᠡᠨ ᠵᠢᠳᠬᠦᠵᠦ᠍ ᠲᠡᠮᠡᠦᠯᠳᠡᠭ᠎ᠢ᠎ᠨᠢ ᠱᠠᠭ᠍ᠰᠢᠮᠠᠷ ᠡ




ᠬᠠᠩᠭᠢ ᠲᠠᠳᠠᠭ᠍ᠰᠠᠨ ᠪᠠᠯ᠎ᠠᠴᠠ ᠵᠦᠭᠡᠢ᠎ᠶ᠋ᠢ ᠰᠠᠨᠠᠬᠤ᠎ᠳᠤ ᠬᠦᠳᠡᠯᠮᠦᠷᠢ ᠭᠡᠵᠦ᠍ ᠶᠠᠭᠤᠳᠠᠢ ᠰᠠᠢᠬᠠᠨ ᠪᠤᠢ

ᠬᠠᠷᠠᠭ᠎ᠠ ᠲᠡᠯᠡᠭ᠌ᠰᠡᠨ ᠲᠡᠨᠢᠭᠡᠷ ᠲᠠᠯ᠎ᠠ᠎ᠪᠠᠷ᠎ᠢᠶᠠᠨ ᠠᠯᠬᠤᠬᠤ᠎ᠳᠤ ᠠᠮᠢᠰᠭᠤᠯ ᠶᠠᠭᠠᠭᠢᠭ᠍ᠰᠠᠨ ᠠᠭᠤᠵᠢᠮ ᠪᠤᠢ

ᠬᠠᠨᠠᠢᠵᠦ᠍ ᠪᠤᠰᠤᠭ᠍ᠰᠠᠨ ᠰᠦᠯᠳᠡ ᠤᠪᠤᠭ᠎ᠠ᠎ᠪᠠᠨ ᠡᠷᠭᠢᠬᠦ᠌᠎ᠳᠤ ᠰᠡᠳᠭᠢᠯ ᠶᠠᠭᠤᠳᠠᠢ ᠬᠦᠭ᠌ᠰᠡᠩᠬᠦᠢ ᠪᠤᠢ

ᠬᠦᠭᠡᠷᠡᠵᠦ᠍ ᠤᠨᠢᠶᠠᠷᠳᠤᠭ᠍ᠰᠠᠨ ᠲᠤᠯᠤᠭᠠᠳ᠎ᠵᠢᠡᠨ ᠬᠠᠷᠠᠬᠤ᠎ᠳᠤ ᠲᠡᠭ᠌ᠷᠢ ᠶᠠᠭᠠᠭᠢᠭ᠍ᠰᠠᠨ ᠤᠢᠷᠠᠬᠠᠨ ᠪᠤᠢ




ᠦᠯᠢᠭᠡᠷᠳᠦ ᠠᠷᠠᠳ᠎ᠤᠨ ᠲᠠᠭᠤᠤ᠎ᠶ᠋ᠢᠨ ᠮᠢᠨᠢ ᠦᠷᠬᠦᠯᠵᠢᠯᠡᠯ᠎ᠤᠨ ᠮᠦᠩᠭᠡ ᠭᠡᠯᠪᠡᠷᠢ ᠪᠤᠯ ᠴᠢ

ᠦᠯᠦ᠍ ᠤᠩᠱᠢᠵᠦ᠍ ᠲᠤᠭᠤᠯᠬᠤ ᠡᠷᠳᠡᠨ᠎ᠤ ᠬᠦᠯᠭᠡᠨ ᠰᠤᠳᠤᠷ ᠪᠤᠯ ᠴᠢ

ᠦᠵᠡᠰᠭᠦᠯᠡᠩ ᠭᠡᠦᠭᠡᠨᠴᠤᠳ᠎ᠤᠨ ᠭᠠᠯᠪᠢᠷ ᠲᠦᠷᠬᠦ᠌᠎ᠶ᠋ᠢ ᠭᠠᠢᠬᠠᠭᠤᠯᠤᠭ᠍ᠰᠠᠨ ᠢᠯᠡ ᠨᠢᠭᠤᠴᠠ ᠪᠤᠯ ᠴᠢ

ᠦᠯᠡᠮᠵᠢ᠎ᠶ᠋ᠢᠨ ᠴᠢᠨᠠᠷ᠎ᠢ ᠲᠡᠯᠡᠭᠡᠢ᠎ᠳᠤ ᠱᠠᠭ᠍ᠰᠢᠭᠤᠯᠤᠭ᠍ᠰᠠᠨ ᠭᠠᠢᠬᠠᠮᠱᠢᠭ ᠪᠤᠯ ᠴᠢ




ᠬᠤᠷᠠᠭ᠍ᠰᠠᠨ ᠡᠬᠦᠯᠡᠰ ᠬᠦᠯᠦᠭ ᠱᠢᠭ ᠴᠤᠪᠬᠤᠴᠢᠭᠠᠳ ᠲᠡᠭᠡᠬᠦᠷ ᠮᠢᠨᠢ ᠦᠩᠭᠡᠷᠡᠨ᠎ᠡ

ᠬᠤᠷᠭᠤᠳᠠᠭ᠍ᠰᠠᠨ ᠰᠡᠬᠦᠳᠡᠷ᠎ᠨᠢ ᠬᠦᠷᠦᠰᠦᠨ᠎ᠳᠤ ᠲᠤᠰᠤᠭᠠᠳ ᠨᠢᠭᠡ᠎ᠶ᠋ᠢ ᠰᠡᠳᠭᠢᠬᠦᠯᠦᠨ᠎ᠡ

ᠬᠤᠤᠰ ᠡᠷᠪᠡᠭᠡᠢ ᠪᠦᠵᠢᠭᠡᠳ ᠬᠤᠷᠸ᠎ᠠ᠎ᠶ᠋ᠢᠨ ᠴᠡᠩᠭᠡᠯ᠎ᠢ ᠲᠠᠯᠠᠪᠴᠢ᠎ᠪᠠᠷ᠎ᠢᠶᠠᠨ ᠵᠢᠷᠤᠨ᠎ᠠ

ᠬᠦᠨᠳᠡᠢ ᠬᠠᠩᠭᠠᠢ᠎ᠶ᠋ᠢᠨ ᠴᠢᠯᠠᠭᠤᠳ ᠴᠡᠴᠡᠭ᠌ᠯᠡᠭᠡᠳ ᠲᠠᠯᠳᠠ ᠰᠤᠪᠢᠩ ᠮᠡᠳᠡᠷᠡᠭ᠌ᠳᠡᠨ᠎ᠡ




ᠭᠠᠯ ᠭᠤᠯᠤᠮᠳᠠ᠎ᠶ᠋ᠢᠨ ᠭᠡᠢᠮᠤᠷᠢ᠎ᠶ᠋ᠢ ᠪᠤᠰᠭᠠᠭ᠍ᠰᠠᠨ ᠤᠶᠠᠩᠭ᠎ᠠ ᠨᠠᠢᠷᠠᠭ — ᠬᠠᠪᠤᠷ

ᠭᠠᠵᠠᠷ ᠤᠰᠤᠨ᠎ᠤ ᠨᠠᠪᠳᠠᠭ ᠰᠠᠪᠳᠠᠭ᠎ᠢ ᠰᠡᠷᠬᠦᠭᠡᠭ᠌ᠰᠡᠨ ᠴᠤᠭᠤᠷ᠎ᠤᠨ ᠡᠭᠡᠱᠢᠭ — ᠬᠠᠪᠤᠷ

ᠭᠠᠯᠭᠢᠭᠤᠯᠵᠦ᠍ ᠢᠷᠡᠭᠡᠳ ᠬᠠᠳᠠᠷᠢᠭᠤᠯᠵᠦ᠍ ᠪᠤᠴᠬᠠᠤ ᠮᠤᠷᠢ᠎ᠲᠠᠢ ᠵᠤᠴᠢᠨ — ᠬᠠᠪᠤᠷ

ᠭᠠᠩᠭᠠᠩ ᠬᠤᠤᠰ ᠮᠡᠳᠦ ᠬᠠᠢᠷ᠎ᠠ ᠪᠡᠷ ᠲᠦᠷᠡᠯᠵᠡᠭ᠌ᠰᠡᠨ ᠵᠠᠯᠠᠭᠤ ᠨᠠᠰᠤ — ᠬᠠᠪᠤᠷ




ᠲᠤᠭᠤᠨᠤ᠎ᠠᠴᠠ ᠰᠤᠭᠤᠨᠠᠭ᠍ᠯᠠᠭ᠍ᠰᠠᠨ ᠬᠦᠭᠡ ᠤᠳᠤᠭ᠎ᠠ ᠤᠭ᠍ᠳᠠᠷᠭᠤᠢ ᠵᠦᠭ ᠴᠤᠢᠯᠠᠨ᠎ᠠ

ᠲᠡᠷᠳᠡᠭᠡ ᠬᠦᠳᠦᠯ ᠵᠡᠭᠡᠷ᠎ᠡ᠎ᠶ᠋ᠢᠨ ᠲᠠᠭ᠍ᠰᠢᠯᠳᠠ᠎ᠳᠤ ᠦᠶ᠎ᠡ ᠦᠶ᠎ᠡ ᠦᠨᠳᠡᠯᠵᠡᠨ᠎ᠡ

ᠲᠤᠷᠤᠮ ᠪᠤᠳᠤᠭᠤ᠎ᠶ᠋ᠢᠨ ᠬᠦᠭᠡᠷᠦᠬᠦᠨ ᠪᠤᠢᠯᠠᠭᠠᠨ ᠭᠤᠪᠢ ᠬᠦᠨᠳᠡᠢ᠎ᠠᠴᠠ ᠲᠠᠭᠤᠷᠢᠰᠦᠨ᠎ᠡ

ᠲᠡᠷᠡ ᠠᠯᠤᠰ᠎ᠢ ᠪᠠᠷᠠᠯᠠᠭ᠍ᠰᠠᠨ ᠠᠪᠤ᠎ᠳᠤ ᠮᠢᠨᠢ ᠦᠷᠯᠦᠭᠡ ᠪᠤᠯᠭᠠᠨ ᠠᠮᠤᠭᠤᠯᠠᠩ ᠰᠠᠭᠠᠳᠠᠨ᠎ᠠ



ᠬᠠᠪᠤᠷ — ᠤᠨ ᠵᠢᠯ᠎ᠤᠨ ᠲᠤᠤᠵᠠ᠎ᠶ᠋ᠢ ᠬᠠᠢᠴᠢᠯᠠᠭ᠍ᠰᠠᠨ ᠪᠤᠷᠬᠠᠨ᠎ᠤ ᠮᠤᠳᠤᠷ

ᠬᠠᠶᠠᠭᠠᠷᠠᠵᠦ᠍ ᠭᠡᠭᠡᠷᠡᠬᠦ᠌᠎ᠶ᠋ᠢᠨ ᠨᠢᠭᠤᠴᠠ᠎ᠶ᠋ᠢ ᠵᠠᠳᠠᠯᠤᠭ᠍ᠰᠠᠨ ᠨᠤᠭᠤᠭᠠᠨ ᠳ᠋ᠠᠷ᠎ᠠ ᠡᠭᠡ

ᠬᠠᠪᠤᠷ — ᠠᠮᠢᠳᠤᠷᠠᠵᠦ᠍ ᠤᠷᠤᠱᠢᠬᠤ᠎ᠶ᠋ᠢᠨ ᠤᠷᠳᠦ ᠠᠶᠠᠨ᠎ᠤ ᠮᠢᠨᠢ ᠠᠩᠬᠠᠨ᠎ᠤ ᠦᠷᠳᠡᠭᠡ

ᠬᠤᠭᠤᠷ᠎ᠤᠨ ᠬᠤᠶᠠᠷ ᠤᠳᠠᠰᠤᠨ᠎ᠠᠴᠠ ᠤᠨᠳᠤᠷᠣᠭ᠍ᠰᠠᠨ ᠲᠦᠮᠡᠨ ᠠᠭ᠍ᠳᠠ᠎ᠶ᠋ᠢᠨ ᠲᠦᠪᠡᠷᠭᠡᠨ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号