ᠬᠠᠪᠤᠷ ᠤ᠋ᠨ ᠵᠢᠷᠤᠭ
2026-03-25 11:17:30
ᠵᠣᠬᠢᠶᠠᠭ᠍ᠴᠢ᠄
ᠬᠢᠯᠤᠭᠡᠨ ᠫ᠊·ᠴᠢᠯᠠᠭᠤᠨᠪᠠᠳᠤ
ᠣᠩᠱᠢᠭ᠍ᠰᠠᠨ ᠣᠳᠠᠭ᠎ᠠ᠄
★★★☆☆

 

ᠨᠠᠷᠠᠨ᠎ᠠᠴᠠ ᠨᠠᠭᠠᠰᠢ᠎ᠪᠠᠨ ᠰᠤᠷᠯᠠᠬ᠍ᠰᠡᠨ ᠡᠭᠡᠯᠢ ᠪᠢᠯᠢᠤ᠂ ᠬᠠᠪᠤᠷ ᠡ

ᠨᠠᠮᠤᠷ ᠡᠪᠤᠯ᠎ᠤᠨ ᠵᠢᠪᠠᠷ᠎ᠢᠶᠠᠨ ᠬᠠᠯᠠᠬ᠍ᠰᠡᠨ ᠵᠢᠮ᠎ᠡ ᠪᠢᠯᠢᠤ᠂ ᠬᠠᠪᠤᠷ ᠡ

ᠨᠠᠷᠠᠳᠤ᠎ᠶ᠋ᠢᠨ ᠵᠢᠯ᠎ᠢᠶᠠᠷ ᠨᠢᠭᠡᠯᠡ ᠡᠷᠬᠢᠳᠡᠭ ᠡᠷᠢᠬᠡ ᠪᠢᠯᠢᠤ᠂ ᠬᠠᠪᠤᠷ ᠡ

ᠨᠠᠰᠤᠨ᠎ᠤ ᠬᠤᠳᠤᠭ᠎ᠲᠤ ᠠᠮᠢᠯᠠᠯ ᠱᠢᠪᠡᠨᠡᠭ᠌ᠰᠡᠨ ᠬᠠᠢᠷ᠎ᠠ ᠪᠢᠯᠢᠤ᠂ ᠬᠠᠪᠤᠷ ᠡ




ᠵᠢᠬᠦᠷᠳᠡᠨ ᠱᠢᠪᠠᠭᠤᠳ᠎ᠤᠨ ᠴᠢᠨᠢ ᠠᠯᠤᠰ ᠭᠠᠩᠭᠠᠨᠠᠭ᠎ᠠ᠎ᠶ᠋ᠢ ᠠᠨᠢᠷᠯᠠᠵᠤ

ᠵᠡᠬᠦᠳᠦᠨ ᠶᠢᠷᠳᠢᠨᠴᠤ᠌ ᠤᠰᠤᠨ ᠦᠩᠬᠡ᠎ᠪᠠᠷ ᠤᠶᠠᠷᠠᠯ ᠬᠠᠢᠯᠤᠨ ᠮᠡᠯᠳᠡᠯᠵᠡᠨᠡᠮ

ᠵᠡᠬᠦᠨ ᠬᠤᠩᠬᠤᠷ ᠱᠢᠯᠢ᠎ᠨᠤᠭᠤᠳ ᠶ᠋ᠢᠡᠷ ᠨᠢᠭᠤᠬ᠍ᠳᠠᠬ᠍ᠰᠡᠨ ᠨᠤᠭᠤᠭᠠᠨ᠎ᠤ ᠨᠢᠳᠤᠳ

ᠵᠡᠷᠭᠡᠯᠬᠡᠨ ᠪᠦᠵᠢᠭ᠎ᠢᠶᠠᠨ ᠨᠠᠢᠷᠠᠵᠤ ᠬᠠᠷᠠᠭᠠᠨ᠎ᠤ ᠦᠵᠤᠬᠦᠷ ᠦᠨᠳᠡᠯᠵᠡᠨᠡᠮ




ᠰᠠᠶᠢᠬᠠᠨ ᠯᠡ ᠶᠤᠮ ᠱᠢᠬ ᠪᠤᠴᠠᠬ᠍ᠰᠡᠨ ᠴᠤ᠌ ᠬᠡᠤᠬᠡᠨ ᠬᠠᠪᠤᠷ᠎ᠤᠨ ᠴᠢᠮᠡᠭᠡ

ᠮᠤᠷᠢᠳᠠᠨ᠎ᠤ ᠲᠦᠷᠬᠦᠮ᠎ᠢᠶᠠᠨ ᠰᠠᠨᠠᠵᠤ ᠮᠠᠷᠳᠠᠯ ᠦᠭᠡᠢ ᠠᠢᠯᠴᠢᠯᠠᠭ᠎ᠠ ᠪᠢᠯᠢᠤ

ᠰᠠᠢᠬᠠᠨ ᠽᠠᠮᠪᠤᠳᠢᠪ᠎ᠤᠨ ᠦᠭ᠌ᠬᠦᠭᠡᠵᠢ᠎ᠪᠠᠨ ᠪᠡᠯᠡᠭ᠌ᠯᠡᠬᠦ᠌᠎ᠪᠠᠷ ᠶᠠᠭᠠᠷᠠᠨ

ᠮᠤᠷᠢᠨ ᠵᠢᠯ᠎ᠤᠨ 《ᠨᠤᠭᠤᠭᠠᠨ ᠵᠢᠯᠤᠭᠤ》 ᠲᠡᠪᠡᠷᠡᠬᠦᠯᠤᠨ ᠰᠠᠭᠠᠳᠠᠭ᠎ᠠ ᠪᠢᠯᠢᠤ




ᠬᠠᠪᠤᠷ ᠪᠤᠯᠬᠤᠷ ᠬᠠᠮᠤᠭ᠎ᠤᠨ ᠦᠵᠡᠮᠵᠢ᠎ᠪᠠᠷ ᠲᠡᠯᠡᠬᠡᠢ ᠰᠡᠷᠬᠦᠳᠡᠭ ᠶᠤᠮ

ᠬᠠᠪᠤᠷ᠎ᠤᠨ ᠴᠡᠩᠬᠡᠷ ᠬᠠᠶᠢᠭ᠎ᠢᠶᠠᠷ ᠨᠤᠳᠤᠭ ᠮᠢᠨᠢ ᠵᠢᠷᠤᠬᠠᠢᠯᠠᠳᠠᠭ ᠶᠤᠮ

ᠬᠠᠪᠤᠷ᠎ᠤᠨ ᠵᠢᠷᠤᠭ᠎ᠲᠠᠢ ᠱᠢᠯᠦᠭ᠎ᠢᠶᠠᠨ ᠪᠢ ᠴᠦ᠍ ᠪᠠᠯ᠎ᠢᠶᠠᠷ ᠨᠡᠷᠡᠳᠡᠭ ᠶᠤᠮ

ᠬᠠᠪᠤᠷ᠎ᠤᠨ ᠠᠮᠢᠰᠭᠤᠯ ᠵᠦᠭ ᠡᠬᠡ ᠤᠷᠤᠨ ᠮᠢᠨᠢ ᠴᠡᠴᠡᠭ᠌ᠯᠡᠳᠡᠭ ᠶᠤᠮ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号