ᠠᠯᠠᠭ᠎ᠠ᠎ᠶ᠋ᠢᠨ ᠴᠢᠨᠡᠬᠡᠨ ᠤᠰᠤᠨ᠎ᠳᠤᠨᠢ ᠰᠠᠷᠠᠨ ᠪᠠᠭ᠍ᠲᠠᠵᠤ ᠬᠤᠨᠤᠲᠠᠭ
ᠲᠠᠤᠯᠠᠢ᠎ᠶ᠋ᠢᠨ ᠬᠡᠪᠲᠡᠷᠢ ᠱᠢᠭ ᠬᠤᠩᠬᠤᠷᠲᠤᠨᠢ ᠲᠡᠭ᠌ᠷᠢ ᠤᠲᠤᠳᠲᠠᠢᠪᠠᠨ ᠬᠡᠪᠢᠳᠡᠭ
ᠲᠠᠩᠬᠢᠯᠬᠠᠨ ᠴᠢᠯᠦᠭᠡᠲᠠᠢ ᠠᠮᠢᠲᠤᠷᠠᠯ ᠨᠤᠲᠤᠭ᠎ᠲᠤ ᠮᠢᠨᠢ ᠪᠠᠢᠲᠠᠭ
ᠲᠠᠭ᠍ᠱᠢᠨ ᠢᠷᠠᠭᠤ ᠬᠡᠯᠡ᠎ᠶ᠋ᠢ ᠠᠲᠡ᠎ᠠᠴᠠ ᠡᠬᠢᠯᠡᠨ ᠡᠵᠡᠮᠱᠢᠲᠡᠭ
ᠪᠦᠯᠢᠶᠡᠨ ᠰᠠᠯᠬᠢᠨ᠎ᠤ ᠬᠦᠯᠳᠤ ᠮᠤᠲᠤᠳ ᠴᠡᠯ ᠨᠤᠭᠤᠭᠠᠷᠠᠬᠤ᠎ᠳᠤ
ᠪᠤᠢᠲᠠᠭ᠍ᠯᠠᠭ᠍ᠰᠠᠨ ᠰᠠᠯᠠᠭᠠᠨ ᠲᠡᠭᠡᠷ᠎ᠡ ᠬᠦᠬᠦᠬᠡ ᠲᠤᠩᠭᠤᠲᠤᠨ ᠤᠷᠢ᠎ᠨᠢ ᠦᠴᠢᠨᠡ
ᠪᠤᠲᠠᠨᠤ ᠠᠮᠢᠲᠠᠳ ᠨᠤᠢᠷᠠᠴᠠᠪᠠᠨ ᠰᠡᠷᠡᠵᠤ ᠪᠤᠵᠢᠬᠢᠨᠠᠬᠤᠳᠤ
ᠪᠤᠭᠤᠷᠤᠯ ᠽᠠᠮᠪᠤᠯᠢᠩ᠎ᠤᠨ ᠵᠢᠮ᠎ᠠ᠎ᠪᠠᠷ ᠬᠠᠪᠤᠷ ᠵᠢᠷᠭᠠᠯ᠎ᠲᠠᠢ ᠢᠷᠡᠨ᠎ᠡ
ᠬᠦᠬᠡᠮᠲᠤᠭ᠌ ᠴᠡᠯᠡᠯᠵᠡᠭ᠌ᠰᠡᠨ ᠲᠠᠯ᠎ᠠ᠎ᠶ᠋ᠢᠨ ᠬᠠᠶᠠᠭᠠᠨ᠎ᠠᠴᠠ
ᠬᠦᠯᠦᠭ᠎ᠤᠨ ᠲᠦᠪᠡᠷᠬᠡᠨ ᠬᠡᠬᠡᠨ ᠦᠷᠢ ᠲᠠᠭᠤᠲᠠᠬᠤ᠎ᠳᠤ
ᠴᠡᠬᠡᠵᠢ ᠲᠡᠨᠢᠢᠭ᠌ᠰᠡᠨ ᠶᠡᠭᠡ ᠭᠤᠪᠢ᠎ᠶ᠋ᠢᠨ ᠡᠯᠢᠬᠡᠨ᠎ᠠᠴᠠ
ᠴᠤᠯᠮᠤᠨ ᠬᠠᠶᠠᠭᠠᠷᠠᠨ ᠱᠢᠪᠠᠭᠤᠳ᠎ᠤᠨ ᠲᠠᠭᠤ ᠴᠡᠩᠬᠢᠨᠡᠵᠤ ᠬᠠᠪᠤᠷ ᠢᠷᠡᠨ᠎ᠡ
ᠬᠠᠢᠯᠤᠨ ᠦᠨᠦᠷ ᠴᠠᠰᠤ᠎ᠶ᠋ᠢ ᠤᠶᠠᠰᠭᠠᠨ ᠵᠦᠬᠡᠯᠡᠯᠡᠬᠦ᠌ᠳᠤ
ᠬᠠᠷᠠᠴᠠᠨᠤ ᠲᠤᠩᠭᠠᠯᠠᠭ᠎ᠲᠤ ᠰᠡᠳᠭᠢᠯ ᠠᠷᠢᠭᠤᠰᠤᠨ ᠡᠵᠢ ᠮᠢᠨᠢ ᠰᠠᠨᠠᠭ᠍ᠲᠠᠨᠠ
ᠬᠠᠮᠢᠭ᠎ᠠ ᠬᠤᠯᠠ᠎ᠠᠴᠠ ᠠᠷᠭᠠᠯ᠎ᠤᠨ ᠤᠲᠤᠭ᠎ᠠ ᠴᠡᠩᠬᠡᠷᠯᠡᠨ
ᠬᠠᠷᠠᠭᠠᠨ᠎ᠤ ᠦᠵᠦᠬᠦᠷ᠎ᠲᠤ ᠨᠠᠷᠠᠨ ᠤᠷᠭᠤᠵᠤ ᠨᠤᠲᠤᠭ ᠰᠠᠷᠠᠭᠤᠯᠵᠢᠨ᠎ᠠ