ᠤᠶᠠᠩᠭ᠎ᠠ᠎ᠶ᠋ᠢᠨ ᠭᠤᠢᠳᠠ ᠤᠷᠠᠨ ᠳᠦᠷᠢ᠎ᠶ᠋ᠢ ᠪᠦᠲᠦᠭᠡᠭ᠌ᠰᠡᠨ ᠪᠣᠭᠤᠨᠢ ᠦᠭᠦᠯᠡᠯᠭᠡ
2026-04-22 09:59:55
ᠵᠣᠬᠢᠶᠠᠭ᠍ᠴᠢ᠄
ᠫᠦ᠌·ᠰᠠᠨᠠᠭᠠᠷᠪᠦᠣ
ᠣᠩᠱᠢᠭ᠍ᠰᠠᠨ ᠣᠳᠠᠭ᠎ᠠ᠄
★★★☆☆

— ᠣ·ᠠᠯᠲᠠᠩᠭᠤᠸ᠎ᠠ᠎ᠶ᠋ᠢᠨ 《ᠵᠢᠷᠭᠠᠯ ᠠᠪᠤ》 ᠦᠭᠦᠯᠡᠯᠭᠡ᠎ᠶ᠋ᠢᠨ ᠲᠣᠬᠠᠢ


《ᠵᠢᠷᠭᠠᠯ ᠠᠪᠤ》 ᠦᠭᠦᠯᠡᠯᠭᠡ ᠪᠤᠯ 《ᠥᠨᠢᠷ ᠴᠡᠴᠡᠭ》 ᠰᠡᠳᠬᠦᠯ᠎ᠤᠨ 2022 ᠤᠨ᠎ᠤ 6 ᠳ᠋ᠤᠭᠠᠷ ᠬᠤᠭᠤᠴᠠᠭ᠎ᠠ᠎ᠳᠤ ᠨᠡᠢᠲᠡᠯᠡᠭᠰᠡᠨ ᠪᠣᠭᠤᠨᠢ ᠦᠭᠦᠯᠡᠯᠭᠡ᠃ ᠤᠷᠠᠨ ᠵᠣᠬᠢᠶᠠᠯ ᠪᠣᠯ ᠨᠡᠢᠭᠡᠮ᠎ᠤᠨ ᠳᠤᠰᠭᠠᠯ ᠮᠦᠨ᠃ ᠤᠷᠠᠨ ᠵᠣᠬᠢᠶᠠᠯ᠎ᠨᠢ ᠲᠤᠬᠠᠢ᠎ᠶ᠋ᠢᠨ ᠴᠠᠭ ᠦᠶ᠎ᠡ᠎ᠶ᠋ᠢᠨ᠎ᠢᠶᠠᠨ ᠨᠡᠢᠭᠡᠮ᠎ᠤᠨ ᠠᠮᠢᠳᠤᠷᠠᠯ᠎ᠢ ᠶᠠᠭ 《ᠦᠨᠡᠨ ᠵᠦᠪ》 ᠳᠤᠰᠭᠠᠬᠤ ᠦᠭᠡᠢ ᠴᠦ᠍ ᠤᠷᠠᠨ ᠰᠠᠢᠬᠠᠨ᠎ᠤ ᠠᠷᠭ᠎ᠠ᠎ᠪᠠᠷ᠂ ᠰᠤᠩᠭᠤᠯᠲᠠ᠎ᠲᠠᠢ᠎ᠪᠠᠷ᠂ ᠠᠭ᠍ᠰᠢᠭᠠᠮᠠᠯ᠂ ᠲᠣᠳᠣ ᠲᠣᠮᠤᠷᠠᠭᠤᠨ᠂ ᠨᠡᠩ ᠠᠮᠢᠳᠤᠯᠢᠭ ᠢᠯᠡᠷᠡᠭᠦᠯᠳᠡᠭ᠎ᠢ ᠪᠢᠳᠡ ᠮᠡᠳᠡᠨ᠎ᠡ᠃ ᠪᠣᠭᠤᠨᠢ ᠦᠭᠦᠯᠡᠯᠭᠡ᠎ᠳᠤ ᠪᠣᠯ ᠣᠯᠠᠨ ᠲᠠᠯᠠᠪᠤᠷ᠂ ᠣᠯᠠᠨ ᠤᠢᠯᠡ ᠬᠡᠷᠡᠭ᠂ ᠣᠯᠠᠨ ᠳᠦᠷᠢ᠎ᠶ᠋ᠢ ᠪᠦᠲᠦᠭᠡᠬᠦ᠌ ᠪᠣᠯᠤᠮᠵᠢ ᠦᠭᠡᠢ ᠶᠤᠮ᠃ ᠭᠡᠲᠡᠯ᠎ᠡ ᠵᠣᠬᠢᠶᠠᠯᠴᠢ ᠣ·ᠠᠯᠲᠠᠩᠭᠤᠸ᠎ᠠ 《ᠬᠦᠳᠡᠭᠡ》 ᠬᠡᠮᠡᠬᠦ᠌ ᠲᠠᠯᠠᠪᠤᠷ᠎ᠲᠠᠭᠠᠨ ᠵᠢᠵᠢᠭ ᠰᠠᠵᠢᠭ ᠪᠣᠯᠪᠠᠴᠦ᠍ ᠣᠯᠠᠨ ᠤᠢᠯᠡ ᠬᠡᠷᠡᠭ᠂ ᠤᠯᠠᠨ ᠳᠦᠷᠢ᠎ᠶ᠋ᠢ ᠪᠦᠲᠦᠭᠡᠨ ᠴᠢᠳᠠᠪᠠ᠃ ᠢᠯᠠᠩᠭᠤᠶ᠎ᠠ ᠵᠣᠬᠢᠶᠠᠯ᠎ᠤᠨ ᠭᠤᠣᠯ ᠳᠦᠷᠢ ᠪᠣᠯᠬᠤ 《ᠵᠢᠷᠭᠠᠯ ᠠᠪᠤ》 ᠎ᠶ᠋ᠢᠨ ᠳᠦᠷᠢ᠎ᠶ᠋ᠢ ᠨᠢᠳᠦᠨ᠎ᠳᠤ ᠬᠠᠷᠠᠭ᠍ᠳᠠᠨ ᠰᠡᠳᠭᠢᠯ᠎ᠳᠤ ᠬᠤᠨᠤᠭ᠍ᠰᠢᠲᠠᠯ᠎ᠠ ᠳᠤᠷᠠᠢᠯᠭᠠᠨ ᠠᠮᠢᠯᠠᠭᠤᠯᠪᠠ᠃

ᠵᠣᠬᠢᠶᠠᠯ᠎ᠳᠤ ᠦᠷᠨᠢᠬᠦ᠌ ᠦᠢᠯᠡ᠎ᠶ᠋ᠢᠨ ᠡᠭᠦᠰᠦᠭ᠌ᠰᠡᠨ ᠴᠠᠭ᠄ ᠲᠡᠰᠭᠢᠮ᠎ᠡ ᠬᠦᠢᠲᠡᠨ ᠠᠭᠠᠷ᠎ᠨᠢ ᠬᠠᠴᠡᠷ᠎ᠢ ᠬᠠᠭᠠᠷᠢᠵᠦ᠍᠂ ᠪᠣᠳᠤᠯ᠎ᠳᠤ ᠶᠠᠭᠤ ᠨᠢᠭᠡ᠎ᠶ᠋ᠢ ᠮᠡᠳᠡᠷᠡᠭᠦᠯᠵᠦ᠍ ᠪᠠᠢᠳᠠᠭ ᠮᠦᠰᠦᠲᠦ ᠤᠯᠠᠷᠢᠯ ᠪᠣᠯᠬᠤ — ᠡᠪᠦᠯ᠎ᠤᠨ ᠴᠠᠭ᠃

ᠤᠢᠯᠡ ᠶᠠᠪᠤᠳᠠᠯ᠎ᠤᠨ ᠪᠣᠢ ᠪᠣᠯᠤᠭ᠍ᠰᠠᠨ ᠱᠢᠯᠲᠠᠭᠠᠨ᠂ ᠣᠷᠴᠢᠨ ᠠᠬᠤᠢ᠄ ᠬᠦᠢᠲᠡᠨ ᠡᠪᠦᠯ᠎ᠤᠨ ᠴᠠᠰᠤ ᠵᠤᠳ᠎ᠢ ᠰᠦᠷᠦᠨ ᠵᠢᠷᠤᠭ ᠠᠪᠤᠯᠲᠠ᠎ᠶ᠋ᠢᠨ ᠠᠵᠢᠯ᠎ᠢᠶᠠᠷ ᠳᠦᠷᠪᠡᠨ ᠨᠦᠬᠦᠳ᠎ᠤᠨ ᠬᠠᠮᠲᠦ ᠬᠥᠳᠡᠭᠡ ᠠᠢᠯ᠎ᠳᠤ ᠰᠣᠷᠪᠤᠯᠵᠢᠯᠠᠬᠤ᠎ᠪᠠᠷ ᠬᠦᠷᠦᠭᠡᠳ ᠁ ᠬᠠᠮᠢᠭᠠᠰᠢ᠎ᠪᠠᠨ ᠴᠦ᠍ ᠶᠠᠪᠤᠵᠦ᠍ ᠳᠡᠢᠯᠬᠦ᠌ ᠦᠭᠡᠢ᠂ ᠬᠤᠷᠢ ᠬᠤᠨᠤᠭ ᠪᠣᠯᠤᠭ᠍ᠰᠠᠨ — ᠬᠦᠳᠡᠭᠡ᠃

ᠵᠣᠬᠢᠶᠠᠯ᠎ᠳᠤ ᠢᠯᠡᠷᠡᠭ᠌ᠰᠡᠨ ᠳᠦᠷᠢ᠎ᠨᠦᠭᠦᠳ᠄ ᠭᠤᠣᠯ ᠳᠦᠷᠢ —  ᠵᠢᠷᠭᠠᠯ ᠠᠪᠤ;ᠪᠣᠰᠤᠳ ᠳᠦᠷᠢ —  ᠶᠡᠭᠡ ᠮᠡᠳᠡᠯᠭᠡ  ᠪᠣᠯᠪᠠᠰᠤᠷᠠᠯ ᠲᠠᠢ᠂ ᠨᠠᠮᠤᠭᠤᠨ ᠵᠠᠩ᠎ᠲᠠᠢ — ᠵᠠᠯᠠᠭᠤ ᠬᠦᠰᠡᠯ; ᠬᠠᠯᠠᠭᠤᠮᠰᠤᠭ᠂ ᠴᠠᠢᠯᠭᠠᠨ ᠵᠠᠩ᠎ᠲᠠᠢ ᠪᠦᠰᠡᠭᠦᠢ — ᠴᠠᠢᠯᠭᠠᠨ; ᠬᠥᠳᠡᠭᠡ ᠠᠢᠯ᠎ᠳᠤ ᠰᠣᠷᠪᠤᠯᠵᠢᠯᠠᠬᠤ᠎ᠪᠠᠷ ᠣᠴᠢᠭ᠍ᠰᠠᠨ ᠳᠦᠷᠪᠡᠨ ᠨᠦᠬᠦᠳ᠎ᠤᠨ ᠨᠢᠭᠡ᠂ ᠵᠢᠷᠭᠠᠯ ᠠᠪᠤ᠎ᠶ᠋ᠢᠨ ᠬᠠᠷᠢᠴᠠᠭᠤᠯᠤᠯ ᠳᠦᠷᠢ — ᠪᠠᠲᠦ; ᠭᠠᠴᠠᠭᠠᠨ ᠳᠠᠷᠤᠭ᠎ᠠ ᠰᠣᠳᠤ᠂ ᠱᠦᠵᠢ ᠳᠡᠯᠭᠡᠷ᠂ ᠡᠮᠡᠭ᠌ᠲᠡᠢᠴᠦᠳ᠎ᠤᠨ ᠬᠤᠯᠪᠤᠭᠠᠨ᠎ᠤ ᠡᠷᠬᠢᠯᠡᠭ᠌ᠴᠢ ᠴᠢᠮᠡᠭ᠂ ᠵᠢᠯᠣᠭᠤᠴᠢ ᠬᠥᠬᠡ᠂ ᠠᠷᠢᠭᠤᠨ᠎ᠠ ᠵᠡᠷᠭᠡ ᠪᠤᠢ᠃

《ᠵᠢᠷᠭᠠᠯ ᠠᠪᠤ》 ᠭᠡᠳᠡᠭ ᠦᠭᠦᠯᠡᠯᠭᠡ᠎ᠨᠢ 《ᠪᠢᠳᠡᠨ》 ᠎ᠤ᠋ ᠰᠣᠨᠤᠰᠤᠭ᠍ᠰᠠᠨ᠂ ᠦᠵᠡᠭ᠌ᠰᠡᠨ᠂ ᠪᠣᠳᠤᠭ᠍ᠰᠠᠨ ᠦᠢᠯᠡ ᠶᠠᠪᠤᠳᠠᠯ᠎ᠢᠶᠠᠷ ᠳᠠᠮᠵᠢᠭᠤᠯᠤᠨ᠂ ᠣᠳᠣᠬᠢ ᠬᠥᠳᠡᠭᠡ᠎ᠶ᠋ᠢᠨ ᠠᠮᠢᠳᠤᠷᠠᠯ᠎ᠢ ᠦᠵᠡᠭᠦᠯᠵᠦ᠍᠂ ᠦᠪᠡᠷᠮᠢᠴᠡ ᠱᠢᠨᠵᠢ᠎ᠲᠠᠢ ᠬᠡᠳᠦ ᠬᠡᠳᠦᠨ ᠳᠦᠷᠢ᠎ᠶ᠋ᠢ ᠪᠦᠲᠦᠭᠡᠪᠡ᠃ ᠬᠤᠲᠠ ᠬᠥᠳᠡᠭᠡ᠎ᠶ᠋ᠢᠨ ᠱᠢᠨ᠎ᠡ ᠬᠠᠭᠤᠴᠢᠨ ᠴᠠᠭ᠎ᠤᠨ ᠬᠦᠮᠦᠰ᠎ᠤᠨ ᠪᠣᠳᠤᠯ ᠰᠡᠳᠭᠢᠯᠭᠡᠨ᠂ ᠠᠮᠢᠳᠤᠷᠠᠬᠤᠢ᠎ᠶ᠋ᠢᠨ ᠠᠷᠭ᠎ᠠ ᠬᠡᠯᠪᠡᠷᠢ᠂ ᠦᠵᠡᠯᠲᠡ ᠤᠢᠯᠭᠠᠯᠲᠠ᠎ᠶ᠋ᠢ ᠠᠮᠢᠳᠤᠷᠠᠯ᠎ᠤᠨ ᠡᠩ᠎ᠤᠨ᠂ ᠠᠷᠰᠠᠷ ᠦᠢᠯᠡ ᠬᠡᠷᠡᠭ᠎ᠤᠨ ᠳᠤᠮᠳᠠ ᠢᠯᠡᠷᠡᠭᠦᠯᠵᠦ᠍ ᠪᠣᠢ᠃

《ᠵᠢᠷᠭᠠᠯ ᠠᠪᠤ》 ᠎ᠳ᠋ᠠᠬᠢ ᠵᠢᠷᠭᠠᠯ ᠠᠪᠤ ᠪᠣᠯ ᠬᠥᠳᠡᠭᠡ ᠨᠤᠲᠤᠭ᠎ᠲᠤ ᠠᠮᠢᠳᠤᠷᠠᠳᠠᠭ ᠮᠣᠩᠭᠤᠯ ᠡᠪᠦᠭᠡᠳ᠎ᠤᠨ ᠨᠡᠢᠲᠡᠯᠢᠭ ᠱᠢᠨᠵᠢᠳᠤ ᠥᠪᠡᠷᠮᠢᠴᠡ ᠳᠦᠷᠢ᠃ ᠲᠡᠷᠡ ᠠᠭᠤᠷ ᠣᠨᠳᠣᠭᠤᠨ᠎ᠲᠠᠢ ᠡᠪᠦᠭᠡᠨ᠂ 《ᠬᠦᠷᠢᠶᠡᠨ᠎ᠳᠤ ᠬᠡᠢᠰᠴᠦ᠍ ᠪᠠᠢᠭ᠍ᠰᠠᠨ ᠤᠭᠤᠲᠠ᠎ᠶ᠋ᠢ ᠲᠡᠭᠦᠵᠦ᠍ ᠠᠪᠤᠭ᠍ᠰᠠᠨ ᠦᠭᠡᠢ》 ᠭᠡᠵᠤ ᠠᠭᠤᠷᠯᠠᠬᠤ᠂ 《ᠲᠥᠭᠡ ᠬᠦᠷᠬᠦ᠌ ᠦᠭᠡᠢ ᠭᠠᠵᠠᠷ ᠲᠡᠷᠭᠡ ᠬᠥᠶᠥᠯᠭᠡᠯ᠎ᠡ᠂ ᠲᠦᠮᠡᠨ᠎ᠤ ᠲᠥᠯ ᠳᠤᠲᠠᠭᠠᠳ ᠴᠢ ᠯᠠ ᠭᠠᠭ᠍ᠴᠠᠭᠠᠷ ᠠᠮᠢᠳᠤᠷᠠᠵᠤ ᠪᠠᠢᠭ᠎ᠠ ᠱᠢᠭ᠋》 ᠭᠡᠵᠤ ᠠᠭᠤᠷᠯᠠᠬᠤ᠂ 《ᠬᠥᠯ ᠴᠢᠨᠢ ᠳᠤᠲᠠᠭᠤ ᠤᠷᠭᠤᠴᠢᠬᠠᠯ᠎ᠠ ᠭᠡᠵᠤ ᠥᠨᠳᠥᠷ ᠥᠰᠦᠭᠡᠢ᠎ᠲᠠᠢ ᠱᠠᠬᠠᠢ ᠡᠮᠦᠰᠴᠦ᠍ ᠪᠠᠢᠨ᠎ᠠ ᠦᠦ》 ᠭᠡᠵᠤ ᠠᠭᠤᠷᠯᠠᠬᠤ᠃ ᠲᠡᠷᠡ ᠬᠠᠲᠠᠭᠤ ᠱᠢᠵᠠᠷᠠᠭᠤᠨ ᠦᠭᠡ᠎ᠪᠠᠷ ᠰᠤᠷᠭᠠᠮᠵᠢᠯᠠᠳᠠᠭ᠃ 《ᠦᠳᠡᠰᠢ ᠣᠷᠣᠢ ᠠᠷᠢᠬᠢᠳᠠᠵᠤ ᠨᠠᠭᠠᠳᠤᠭᠠᠳ ᠠᠮᠢ ᠨᠠᠰᠤ᠎ᠪᠠᠨ ᠬᠠᠢᠷᠠᠯᠠᠬᠤ ᠦᠭᠡᠢ》 ᠭᠡᠬᠦ᠂ 《ᠡᠬᠡᠨᠠᠷ ᠴᠢᠨᠢ ᠡᠪᠡᠳᠦᠭᠡᠳ ᠬᠡᠪᠲᠡᠵᠦ᠍ ᠪᠠᠢᠬᠤ᠎ᠳᠤ ᠬᠠᠯᠠᠭᠤᠨ ᠴᠠᠢ ᠪᠡᠯᠡᠳᠴᠦ᠍ ᠢᠳᠡᠭᠦᠯᠦᠭᠡᠳ ᠡᠷᠲᠡᠬᠡᠨ ᠠᠮᠠᠷᠠᠭᠤᠯᠪᠠᠯ ᠳᠡᠭᠡᠷ᠎ᠡ ᠦᠭᠡᠢ ᠦᠦ》 ᠭᠡᠬᠦ᠃ ᠲᠡᠷᠡ ᠪᠡᠷ ᠬᠥᠮᠥᠨ᠎ᠳᠤ ᠲᠣᠰᠠᠴᠢ᠂ ᠵᠥᠭᠡᠯᠡᠨ ᠳᠣᠲᠣᠷ᠎ᠲᠠᠢ᠂ ᠦᠶ᠎ᠡ ᠬᠤᠷᠠᠭ᠎ᠤᠨ ᠨᠠᠰᠤᠲᠠᠨ᠎ᠳᠤ 《ᠴᠢᠨᠤ ᠬᠦᠦ ᠴᠢᠨᠢ ᠮᠢᠨᠦ᠍ ᠬᠥᠦ᠍᠎ᠲᠠᠢ ᠥᠭᠡᠷ᠎ᠡ ᠦᠦ ᠳ᠋ᠠ》 ᠭᠡᠵᠤ ᠮᠥᠩᠭᠦ᠎ᠪᠠᠷ ᠳᠡᠮᠵᠢᠬᠦ᠌᠎ᠳᠡᠭᠡᠨ 《ᠶᠠᠮᠠᠷ ᠴᠦ᠍ ᠴᠢᠳᠠᠯ ᠦᠭᠡᠢ ᠪᠠᠢᠵᠤ᠂ ᠴᠢ ᠠᠷᠪᠢᠨ ᠪᠤᠣ ᠮᠠᠶᠢᠭ᠍ᠯᠠ᠂ ᠪᠢ ᠬᠡᠥᠬᠡᠳ᠎ᠲᠤ ᠥᠭ᠌ᠴᠦ ᠪᠠᠢᠬᠤ᠎ᠠᠴᠠ ᠪᠢᠰᠢ᠂ ᠴᠢᠮᠠᠳᠦ ᠪᠣᠯ ᠰᠣᠬᠤᠷ ᠮᠥᠩᠭᠦ᠌ ᠴᠦ᠍ ᠥᠭ᠌ᠬᠦ ᠦᠭᠡᠢ》 ᠭᠡᠬᠦ᠃ ᠵᠢᠴᠢ ᠬᠢᠵᠢᠭ᠎ᠤᠨ ᠬᠤᠷᠢᠭ᠎ᠠ ᠲᠠᠯᠪᠢᠭ᠍ᠳᠠᠭ᠍ᠰᠠᠨ᠎ᠤ ᠳᠠᠷᠠᠭ᠎ᠠ 《ᠪᠢᠳᠡᠨ》 ᠎ᠢ᠋ ᠬᠦᠷᠭᠡᠵᠦ᠍ ᠦᠭ᠌ᠭᠦᠭ᠌ᠰᠡᠨ ᠁ ᠵᠡᠷᠭᠡ᠎ᠨᠢ ᠵᠠᠩ ᠠᠷᠠᠨᠱᠢᠨ᠂ ᠦᠢᠯᠡ ᠶᠠᠪᠣᠳᠠᠯ᠎ᠤᠨ ᠠᠶᠠᠨᠳᠠᠭᠠᠨ᠎ᠤ ᠥᠷᠨᠢᠯ ᠂ ᠮᠠᠰᠢ ᠥᠢᠷ᠎ᠡ ᠲᠣᠲᠣᠨᠣ ᠲᠦᠷᠦᠭ᠌ᠳᠡᠯ ᠣᠯᠭᠤᠨ᠎ᠠ᠃ ᠵᠣᠬᠢᠶᠠᠭ᠍ᠴᠢ᠎ᠠᠴᠠ ᠵᠢᠷᠭᠠᠯ ᠠᠪᠤ᠎ᠶ᠋ᠢᠨ ᠭᠠᠨᠳᠠᠭᠤᠨ ᠵᠦᠷᠢᠭᠦᠳ᠎ᠢ ᠨᠡᠯᠢᠶᠡᠳ ᠪᠢᠷ ᠪᠡᠭᠡᠰ ᠵᠠᠷᠤᠴᠠᠭᠤᠯᠤᠨ ᠭᠦᠦᠷᠨᠢᠭ᠌ᠰᠡᠨ ᠪᠣᠯᠪᠠᠴᠦ᠍ ᠲᠡᠭᠦᠨ᠎ᠤ ᠠᠵᠢᠯᠴᠢ ᠬᠦᠳᠡᠯᠮᠦᠷᠢᠴᠢ᠂ ᠶᠣᠰᠤ ᠵᠠᠩᠱᠢᠯ᠂ ᠤᠴᠢᠷ ᠶᠠᠪᠤᠳᠠᠯ᠎ᠤᠨ ᠤᠯᠪᠠᠭ᠎ᠠ᠎ᠶ᠋ᠢ ᠲᠤᠩᠭᠠᠳᠠᠭ᠂ ᠦᠭ᠌ᠭᠢᠶᠡᠮᠦᠷ ᠲᠤᠰᠠᠴᠢ ᠵᠠᠩ ᠠᠷᠠᠨᠱᠢᠨ ᠵᠡᠷᠭᠡ᠎ᠶ᠋ᠢ ᠡᠳᠦᠷ ᠳᠣᠲᠤᠮ᠎ᠤᠨ ᠦᠢᠯᠡ ᠶᠠᠪᠤᠳᠠᠯ᠎ᠤᠨ ᠨᠠᠷᠢᠨ ᠵᠢᠷᠤᠭ᠍ᠯᠠᠯ᠎ᠢᠶᠠᠷ ᠱᠤᠭᠤᠪᠠ᠃ ᠵᠢᠷᠭᠠᠯ ᠠᠪᠤ ᠴᠣᠬᠤᠮ ᠶᠠᠮᠠᠷ ᠬᠦᠮᠦᠨ ᠶᠤᠮ? ᠵᠣᠬᠢᠶᠠᠯ᠎ᠤᠨ ᠲᠡᠭᠦᠰᠭᠡᠯ᠎ᠳᠤ ᠪᠢᠴᠢᠭ᠌ᠰᠡᠨᠴᠢᠯᠡᠨ 《ᠨᠡᠬᠡᠢ ᠳᠡᠪᠡᠯ᠎ᠢᠶᠠᠨ ᠡᠮᠦᠰᠦᠨ᠂ ᠮᠣᠷᠢᠨ ᠳᠡᠭᠡᠷ᠎ᠡ᠎ᠪᠠᠨ ᠳᠡᠩᠬᠠᠢᠨ ᠰᠠᠭᠤᠭᠠᠳ ᠭᠠᠷ ᠳᠠᠯᠠᠯᠤᠵᠦ᠍ ᠪᠠᠢᠭ᠍ᠰᠠᠨ ᠵᠢᠷᠭᠠᠯ ᠠᠪᠤ ᠶᠠᠭ ᠯᠠ ᠺᠢᠨᠣ᠋ ᠲᠧᠯᠸᠢᠰ ᠳᠡᠭᠡᠷ᠎ᠡ ᠭᠠᠷᠳᠠᠭ ᠴᠠᠰᠤᠲᠤ ᠠᠭᠤᠯᠠ᠎ᠶ᠋ᠢᠨ ᠴᠠᠭᠠᠨ ᠡᠪᠦᠭᠡᠨ ᠱᠢᠭ ᠰᠦᠷᠯᠢᠭ᠌ᠬᠡᠨ》 ᠬᠦᠮᠦᠨ ᠶᠤᠮ ᠪᠠᠢᠨ᠎ᠠ᠃ ᠵᠣᠬᠢᠶᠠᠭ᠍ᠴᠢ ᠵᠢᠷᠭᠠᠯ ᠠᠪᠤ᠎ᠶ᠋ᠢᠨ ᠳᠦᠷᠢ᠎ᠶ᠋ᠢ ᠪᠦᠲᠦᠭᠡᠬᠦ᠌᠎ᠳᠡᠭᠡᠨ ᠠᠷᠢᠭᠤᠨ᠎ᠠ᠂ ᠪᠠᠲᠤ᠌᠂ 《ᠨᠠᠷᠠ ᠭᠠᠷᠲᠠᠯ᠎ᠠ ᠢᠨᠢᠶᠡᠮᠰᠦᠭ᠌ᠯᠡᠳᠡᠭ》 ᠪᠦᠰᠡᠭᠦᠢ᠂ ᠵᠤᠨ᠎ᠠ᠂ ᠭᠠᠴᠠᠭᠠᠨ ᠳᠠᠷᠤᠭ᠎ᠠ ᠰᠣᠳᠣ᠂ ᠱᠦᠵᠢ ᠳᠡᠯᠭᠡᠷ᠂ ᠡᠮᠡᠭ᠌ᠳᠡᠢᠴᠦᠳ᠎ᠤᠨ ᠬᠤᠯᠪᠣᠭᠠᠨ᠎ᠤ ᠡᠷᠬᠢᠯᠡᠭ᠌ᠴᠢ ᠴᠢᠮᠡᠭ ᠵᠡᠷᠭᠡ ᠬᠠᠮᠵᠢᠬᠤ ᠳᠦᠷᠢ᠎ᠶ᠋ᠢ ᠬᠥᠩᠭᠡᠨ ᠪᠢᠷ᠂ ᠲᠠᠲᠠᠯᠭᠠᠨ ᠵᠢᠷᠤᠭ᠍ᠯᠠᠯ᠎ᠢᠶᠠᠷ ᠡᠪᠯᠢᠭ ᠵᠢᠷᠤᠭ᠍ᠯᠠᠵᠠᠢ᠃ ᠵᠣᠬᠢᠶᠠᠯ᠎ᠢᠶᠠᠨ ᠨᠠᠷᠢᠨ ᠰᠡᠳᠭᠢᠮᠵᠢᠯᠡᠵᠦ᠍ ᠨᠢᠮᠪᠠᠢ ᠡᠰᠭᠡᠵᠦ᠍᠂ ᠶᠠᠷᠢᠯᠴᠠᠭ᠎ᠠ᠎ᠪᠠᠷ ᠳᠦᠷᠢ᠎ᠪᠠᠨ ᠰᠡᠳᠭᠢᠯ᠎ᠳᠤ ᠣᠢᠷᠠᠬᠠᠨ ᠠᠮᠢᠯᠠᠭᠤᠯᠵᠦ᠍ ᠴᠢᠳᠠᠵᠠᠢ᠃

《ᠤᠳᠭ᠎ᠠ ᠵᠣᠬᠢᠶᠠᠯ᠎ᠨᠢ ᠥᠪᠡᠷ᠎ᠤᠨ᠎ᠢᠶᠠᠨ ᠴᠠᠭ ᠦᠶ᠎ᠡ᠎ᠶ᠋ᠢᠨ ᠦᠨᠳᠦᠰᠦᠨ ᠱᠢᠨᠵᠢ᠎ᠨᠦᠭᠦᠳ᠎ᠢ ᠦᠨᠡᠨ ᠵᠥᠪ ᠮᠡᠳᠡᠭᠡᠯᠡᠳᠡᠭ ᠮᠥᠷᠲᠡᠭᠡᠨ ᠶᠣᠰᠣ ᠰᠤᠷᠲᠠᠬᠤᠨ᠎ᠤ ᠭᠠᠢᠬᠠᠮᠱᠢᠭ᠍ᠲᠠᠢ ᠤᠳᠭ᠎ᠠ ᠲᠡᠭᠦᠯᠳᠡᠷ ᠶᠡᠷᠦ᠍ ᠪᠣᠰᠤ᠎ᠶ᠋ᠢᠨ ᠠᠮᠢᠳᠤ ᠳᠦᠷᠢ ᠵᠢᠷᠤᠭ᠎ᠢ ᠪᠦᠲᠦᠭᠡᠭᠰᠡᠨ ᠪᠠᠢᠳᠠᠭ》 ᠬᠡᠵᠤ ᠠᠩᠭ᠌ᠯᠢ᠎ᠶ᠋ᠢᠨ ᠲᠣᠮᠠᠰ ᠸᠠᠷᠲ᠋ᠤᠨ ᠰᠡᠴᠡᠯᠡᠭᠰᠡᠨ᠃ ᠵᠢᠷᠭᠠᠯ ᠠᠪᠤ ᠪᠣᠯ 《ᠭᠠᠨᠳᠠᠭᠤᠨ ᠵᠥᠷᠢᠭᠦᠳ》 ᠪᠣᠯᠪᠠᠴᠤ᠌ ᠠᠮᠢᠳᠤᠷᠠᠯ᠎ᠤᠨ ᠶᠤᠰᠤ ᠵᠦᠢ᠎ᠳᠤ ᠨᠡᠢᠴᠡᠳᠡᠭ᠂ ᠨᠢᠴᠤᠭᠠᠬᠤ᠎ᠶ᠋ᠢᠨ ᠠᠷᠭ᠎ᠠ ᠴᠦ᠍ ᠦᠭᠡᠢ ᠦᠭᠡ ᠶᠠᠷᠢᠶ᠎ᠠ᠎ᠲᠠᠢ᠂ ᠱᠢᠨ᠎ᠡ ᠴᠠᠭ ᠦᠶ᠎ᠡ᠎ᠶ᠋ᠢᠨ 《ᠪᠢᠳᠡ》᠎ᠨᠢ ᠲᠠᠨᠢᠯᠲᠠ᠂ ᠦᠵᠡᠯ ᠤᠬᠠᠮᠰᠠᠷ᠎ᠤᠨ ᠬᠤᠪᠢ᠎ᠳᠤ ᠬᠠᠭᠤᠴᠢᠨ ᠴᠠᠭ᠎ᠤᠨ 《ᠠᠪᠤ》᠎ᠲᠠᠢ ᠵᠥᠷᠢᠶᠡᠨ᠎ᠲᠠᠢ ᠪᠣᠯᠪᠠᠴᠤ᠌ ᠤᠳᠤᠮᠱᠢᠯᠲᠤ ᠶᠣᠰᠣ ᠰᠤᠷᠲᠠᠬᠤᠨ᠂ ᠬᠥᠮᠥᠵᠢᠯ ᠵᠠᠩᠱᠢᠯ᠎ᠠᠴᠠ ᠪᠣᠯᠵᠤ ᠰᠦᠷᠭᠦᠯᠳᠡᠭ ᠦᠭᠡᠢ᠂ ᠡᠨᠡ᠎ᠨᠢ ᠮᠠᠨ᠎ᠤ ᠦᠨᠳᠦᠰᠦᠲᠠᠨ᠎ᠤ ᠴᠦᠬᠡᠨ ᠪᠣᠰᠦ ᠠᠬᠠᠮᠠᠳ᠎ᠲᠤ ᠢᠯᠡᠷᠡᠳᠡᠭ ᠤᠤᠷ ᠱᠢᠨᠵᠢ ᠶᠤᠮ᠃ ᠵᠤᠬᠢᠶᠡᠯ᠎ᠤᠨ ᠦᠢᠯᠡ ᠶᠠᠪᠣᠳᠠᠯ᠎ᠨᠢ 《ᠬᠥᠯ ᠬᠤᠷᠢᠭ᠎ᠠ》 ᠎ᠲᠠᠢ ᠤᠷᠴᠢᠨ᠎ᠳᠤ ᠥᠷᠨᠢᠯ᠎ᠡ ᠴᠦ᠍ ᠪᠠᠶᠠᠰᠤᠩᠭᠤᠢ ᠬᠤᠷᠢᠭ᠍ᠳᠠᠯ ᠠᠮᠢᠳᠤᠷᠠᠯ ᠱᠢᠤᠬᠠᠨ ᠰᠠᠨᠠᠭ᠍ᠳᠠᠨ᠎ᠠ᠃ 《ᠬᠥᠯ ᠬᠤᠷᠢᠭ᠎ᠠ》᠎ᠠ᠋ᠴᠠ ᠪᠣᠯᠵᠤ ᠲᠦᠷᠦ᠍ ᠤᠯᠤᠰ᠎ᠲᠠᠭᠠᠨ ᠭᠤᠮᠤᠳᠠᠭᠰᠠᠨ ᠦᠭᠡᠢ᠂ ᠬᠠᠷᠢᠶᠠᠯ ᠵᠦᠬᠡᠯ ᠲᠠᠯᠪᠢᠭ᠍ᠰᠠᠨ ᠦᠭᠡᠢ᠂ ᠰᠡᠳᠭᠢᠯ᠎ᠤᠨ ᠲᠡᠩᠴᠡᠭᠦᠷᠢ᠎ᠪᠠᠨ ᠠᠯᠳᠠᠭ᠍ᠰᠠᠨ ᠦᠭᠡᠢ᠃ 《ᠬᠤᠨᠢ ᠡᠷᠬᠢᠭᠦᠯᠬᠦ᠌᠎ᠪᠠᠷ》 ᠶᠠᠪᠣᠵᠣ ᠪᠠᠢᠨ᠎ᠠ᠂ 《ᠬᠥᠯᠳᠡᠭᠦᠰᠦ ᠲᠡᠭᠦᠬᠦ᠌ ᠠᠯᠪᠠᠨ᠎ᠳᠤ》 ᠣᠨᠣᠭ᠍ᠳᠠᠵᠤ ᠪᠠᠢᠨ᠎ᠠ᠂ 《ᠰᠦ᠎ᠲᠠᠢ ᠴᠠᠢ》 ᠎ᠪᠠᠨ ᠤᠤᠭᠤᠭᠠᠳ ᠨᠠᠷᠠ ᠭᠠᠷᠲᠠᠯ᠎ᠠ ᠢᠨᠢᠶᠡᠮᠰᠦᠭ᠌ᠯᠡᠵᠦ᠍ ᠪᠠᠢᠨ᠎ᠠ᠂ 《ᠪᠣᠯᠭᠤᠭᠠᠬᠤ》 ᠎ᠪᠠᠷ ᠢᠷᠡᠭ᠌ᠰᠡᠨ ᠤᠳᠤᠷᠢᠳᠤᠯᠭ᠎ᠠ ᠨᠠᠷ᠎ᠲᠠᠢ ᠨᠠᠢᠷᠯᠠᠵᠤ ᠪᠠᠢᠨ᠎ᠠ᠂ 《ᠪᠣᠳᠠᠭ᠎ᠠ ᠢᠩᠳᠡᠭᠦᠯᠬᠦ᠌》᠎ᠪᠠᠷ ᠶᠠᠪᠤᠵᠤ ᠪᠠᠢᠨ᠎ᠠ᠃ ᠥᠭᠡᠷ᠎ᠡ᠎ᠪᠠᠷ ᠬᠡᠯᠡᠪᠡᠯ ᠣᠨᠴᠠᠭᠠᠢ ᠴᠠᠭ ᠬᠤᠭᠤᠴᠠᠭ᠎ᠠ᠎ᠲᠠᠢ ᠵᠣᠬᠢᠴᠠᠭᠠᠳ ᠠᠮᠢᠳᠤᠷᠠᠵᠤ ᠪᠠᠢᠨ᠎ᠠ᠃ ᠡᠢᠮᠦᠷᠬᠦᠤ ᠠᠭᠤᠵᠢᠭᠤ ᠲᠠᠯᠪᠢᠭᠤ᠂ ᠱᠢᠳᠤᠷᠭᠤ᠂ ᠠᠵᠢᠯᠰᠠᠭ ᠵᠠᠩ ᠴᠢᠨᠠᠷ ᠪᠣᠯ ᠦᠨᠳᠦᠰᠦᠲᠡᠨ᠎ᠤ ᠶᠠᠰᠤ ᠴᠢᠮᠦᠭᠡᠨ᠎ᠳᠤ ᠱᠢᠮᠡᠳᠦᠭ᠌ᠰᠡᠨ ᠶᠤᠰᠤ ᠰᠤᠷᠲᠠᠬᠤᠨ᠂ ᠵᠠᠩ ᠵᠠᠩᠱᠢᠯ᠎ᠤᠨ ᠦᠷᠭᠦᠯᠵᠢ ᠢᠯᠡᠷᠡᠳᠡᠭ ᠱᠢᠨᠵᠢ ᠪᠢᠯᠡ᠃

ᠲᠣᠰ ᠵᠣᠬᠢᠶᠠᠯ᠎ᠤᠨ ᠬᠡᠯᠡ ᠬᠡᠯᠡᠯᠭᠡ ᠣᠨᠣᠪᠴᠢᠲᠠᠢ᠂ ᠠᠮᠢᠳᠤᠯᠢᠭ᠃ ᠦᠨᠡᠨᠳᠡᠭᠡᠨ ᠰᠠᠢᠨ ᠪᠦᠲᠦᠭᠡᠯ᠎ᠳᠤ ᠠᠪᠴᠤ᠌ ᠬᠡᠯᠡᠪᠡᠯ ᠮᠠᠲ᠋ᠧᠷᠢᠶᠠᠯ᠎ᠤᠨ ᠡᠢᠮᠦᠷᠬᠦᠤ ᠱᠢᠨᠵᠢ᠎ᠨᠢ ᠳᠣᠷᠠᠳᠤᠮᠠᠷ ᠴᠦ᠍ ᠦᠭᠡᠢ ᠡᠩ᠎ᠤᠨ ᠯᠠ ᠪᠠᠷᠢᠮᠵᠢᠶ᠎ᠠ᠃ ᠪᠢᠳᠡ ᠨᠠᠶᠠᠭᠠᠳ ᠣᠨ᠎ᠳᠤ ᠤᠩᠱᠢᠵᠤ ᠪᠠᠢᠭ᠍ᠰᠠᠨ ᠲᠣᠮᠣ ᠲᠣᠭᠤᠵᠢᠰᠴᠢ ᠨᠠᠷ᠎ᠤᠨ᠎ᠢᠶᠠᠨ ᠵᠣᠬᠢᠶᠠᠯ᠎ᠤᠳ᠎ᠢ ᠮᠡᠳᠡᠨ᠎ᠡ ᠯᠠ ᠳ᠋ᠠ᠃ ᠴᠢᠮᠡᠳᠳᠣᠷᠵᠢ᠂ ᠠ᠊·ᠣᠳᠽᠡᠷ᠂ ᠭᠡᠷᠡᠯᠴᠣᠭ᠍ᠲᠤ᠂ ᠭᠠ᠊· ᠱᠢᠷᠠᠪᠵᠠᠮᠰᠦ᠂ ᠡᠳᠦᠨᠰᠠᠩᠪᠦ᠌ ᠂ ᠮ᠊·ᠬᠠᠰᠪᠠᠭᠠᠨ᠎ᠠ᠂ ᠮ᠊·ᠵᠠᠯᠫᠦ᠋ᠩᠭ᠎ᠠ᠂ ᠪᠦᠷᠢᠨᠲᠡᠭᠦᠰ ᠁ ᠭᠡᠳ ᠬᠡᠯᠡᠨ᠎ᠤ ᠳᠠᠷᠬᠠᠳ᠎ᠤᠨ ᠵᠣᠬᠢᠶᠠᠯ᠎ᠤᠨ ᠬᠡᠯᠡ ᠶᠠᠭᠠᠬᠢᠭ᠍ᠰᠠᠨ ᠴᠡᠪᠡᠷ᠂ ᠪᠠᠶᠠᠯᠢᠭ᠂ ᠣᠨᠣᠪᠴᠢᠲᠠᠢ᠂ ᠠᠮᠢᠳᠤᠯᠢᠭ᠂ ᠤᠩᠱᠢᠪᠦᠷᠢᠲᠠᠢ ᠶᠤᠮ ᠪᠣᠢ᠃

ᠪᠢ 《ᠵᠢᠷᠭᠠᠯ ᠠᠪᠤ》 ᠭᠡᠰᠡᠨ ᠦᠭᠦᠯᠡᠯᠭᠡ᠎ᠶ᠋ᠢ ᠪᠠᠷᠢᠮᠲᠠᠲᠤ ᠦᠭᠦᠯᠡᠯᠭᠡ ᠴᠦ᠍ ᠶᠤᠮ ᠦᠦ ᠭᠡᠵᠤ ᠪᠤᠳᠤᠯ᠎ᠠ᠃ ᠲᠡᠢᠮᠦ᠍ ᠪᠢᠰᠢ ᠶᠤᠮ ᠪᠠᠢᠨ᠎ᠠ᠃ ᠬᠠᠷᠢᠨ ᠤᠷ᠎ᠠ ᠤᠬᠠᠭᠠᠨ᠎ᠨᠢ ᠲᠡᠩᠴᠡᠨ᠂ ᠤᠶᠠᠩᠭ᠎ᠠ᠎ᠶ᠋ᠢᠨ ᠭᠤᠢᠳᠠ ᠤᠷᠠᠨ ᠳᠦᠷᠢ᠎ᠶ᠋ᠢ ᠪᠦᠲᠦᠭᠡᠭ᠌ᠰᠡᠨ ᠠᠮᠵᠢᠯᠲᠠ᠎ᠲᠠᠢ ᠰᠠᠢᠨ ᠪᠦᠲᠦᠭᠡᠯ ᠪᠣᠯᠵᠠᠢ ᠭᠡᠵᠤ ᠦᠵᠡᠯᠦᠭᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号