ᠦᠯᠵᠠᠢ ᠵᠦᠩ᠎ᠲᠠᠢ ᠲᠡᠷᠡ ᠬᠤᠯᠠ᠎ᠶ᠋ᠢᠨ ᠵᠦᠭ
ᠦᠰᠦᠨ᠎ᠤ ᠲᠠᠷᠤᠯᠭ᠎ᠠ ᠱᠢᠭ᠋ ᠦᠨᠡᠨᠴᠢᠬᠡᠨ ᠲᠦᠯᠬᠡᠨ
ᠦᠬᠡᠷ᠎ᠡ ᠬᠦᠮᠦᠨ᠎ᠤ ᠨᠤᠲᠤᠭ ᠪᠠᠢᠭ᠍ᠰᠠᠨ ᠴᠤ᠌
ᠦᠢ ᠲᠦᠮᠡᠨ ᠮᠤᠩᠭᠤᠯ᠎ᠤᠨ ᠦᠷ᠎ᠡ ᠰᠠᠲᠦ
ᠦᠪᠡᠷ᠎ᠤᠨ ᠴᠢᠰᠤᠨ᠎ᠳᠤ ᠢᠷᠡᠵᠤ ᠨᠡᠢᠯᠡᠬᠦ᠌
ᠦᠩ ᠪᠠᠶᠠᠨ ᠦᠯᠵᠠᠢᠮᠦᠢ᠍ᠷᠡᠨ ᠭᠤᠤᠯ᠎ᠤᠨ ᠨᠠᠮᠤᠷ ᠪᠤᠯᠤᠨ᠎ᠠ
ᠱᠢᠷᠢᠨ ᠬᠦᠬᠦᠤᠷ᠎ᠲᠠᠢ ᠠᠢᠷᠠᠭ ᠱᠤᠤᠬᠢᠵᠤ
ᠰᠠᠷ᠎ᠠ ᠤᠷᠭᠤᠵᠤ ᠪᠤᠢ ᠲᠡᠭᠡ᠎ᠶ᠋ᠢᠨ ᠬᠠᠨ
ᠰᠠᠮ ᠰᠡᠮᠬᠡᠨ ᠮᠢᠨᠤ ᠪᠤᠲᠤᠯ᠎ᠳᠤ ᠨᠡᠬᠦᠲᠡᠯᠯᠡᠬᠦᠢ
ᠰᠠᠩ᠎ᠤᠨ ᠪᠤᠢᠪᠣᠷ ᠱᠢᠭ᠋ ᠮᠠᠨᠠᠨ ᠬᠦᠱᠢᠬᠡᠯᠡᠬᠦ᠌ ᠠᠭᠤᠯᠠᠨ᠎ᠳᠤ
ᠰᠠᠨᠠᠭᠠᠨ᠎ᠳᠤ ᠦᠭᠡᠢ ᠪᠤᠭᠤ ᠤᠷᠤᠮᠲᠠᠬᠤ᠂ ᠠᠷᠭᠠᠯᠢ ᠲᠡᠱᠢᠬᠦ᠌
ᠰᠠᠷᠠᠨ᠎ᠤ ᠲᠤᠤᠷ᠎ᠠ ᠫᠠᠵᠠᠢ ᠬᠤᠭᠤᠷᠴᠢ ᠬᠠᠷᠠᠭ᠍ᠲᠠᠬᠤ ᠱᠢᠭ᠋ ᠪᠤᠯᠤᠨ᠎ᠠ
ᠪᠤᠯᠤᠷ ᠵᠢᠷᠦᠬᠡᠨ᠎ᠡ ᠤᠶᠠᠩᠭ᠎ᠠ ᠰᠠᠯᠬᠢᠲᠠᠨ ᠬᠤᠩᠭᠤᠷᠯᠠᠬᠤᠳᠤ
ᠡᠨᠡ ᠨᠠᠮᠤᠷ᠎ᠢ ᠬᠠᠢᠷᠠᠯᠠᠶ᠎ᠠ ᠬᠡᠰᠡᠨ ᠶᠤᠮ
ᠡᠨᠡ ᠨᠠᠮᠤᠷ᠎ᠤᠨ ᠤᠶᠠᠬᠠᠨ ᠬᠦᠬᠡ ᠠᠶᠠᠰ᠎ᠢᠶᠠᠷ
ᠦᠨᠢ ᠬᠤᠯᠠ᠎ᠶ᠋ᠢᠨ ᠦᠯᠵᠡᠢᠮᠦᠢ᠍ᠷᠡᠨ ᠭᠤᠤᠯ᠎ᠢ ᠴᠢᠩᠨᠠᠶᠠ
ᠱᠢᠪᠠᠭᠤᠳ ᠵᠦᠷᠢᠨ ᠦᠩᠬᠡᠷᠡᠬᠦ᠌ ᠮᠡᠲᠦ
ᠰᠡᠷᠢᠬᠦᠬᠡᠨ ᠴᠡᠩᠬᠡᠷ ᠦᠲᠡᠰᠢ ᠴᠢᠮᠠᠶ᠋ᠢ ᠵᠤᠷᠢᠨ ᠠᠯᠬᠤᠯᠠᠨ᠎ᠠ ᠬᠡᠰᠡᠨ ᠶᠤᠮ
ᠶᠡᠷᠡ ᠶᠢᠰᠦᠨ ᠠᠭᠤᠯᠠᠰ᠎ᠤᠨ ᠴᠠᠭᠠᠨ᠎ᠠ ᠰᠠᠭᠤᠭ᠍ᠴᠢ
ᠡᠷᠲᠡᠨ᠎ᠤ ᠡᠪᠦᠬᠡᠳ᠎ᠲᠤ ᠮᠦᠷᠬᠦᠨᠡᠮ ᠪᠢ
ᠢᠯᠭᠤᠨ ᠰᠠᠷᠠᠨ᠎ᠤ ᠮᠦᠩᠬᠦᠨ ᠡᠬᠡᠱᠢᠭᠢ ᠲᠠᠭᠤᠯᠠᠬᠤ
ᠡᠨᠡᠯᠵᠤ ᠱᠢᠨᠡᠯᠤᠭ᠍ᠰᠠᠨ ᠴᠠᠭ᠎ᠤᠨ ᠰᠠᠯᠬᠢ᠎ᠶᠢ ᠱᠢᠷᠲᠠᠨᠠᠮ
ᠦᠲᠡᠰᠢ ᠪᠦᠷᠢ ᠨᠠᠢᠷᠠᠭ᠎ᠤᠨ ᠬᠠᠷᠬᠢᠶᠡᠳᠤ ᠲᠦᠯᠦ᠍ ᠨᠡᠮᠡᠲᠡᠭ
ᠦᠯᠢᠬᠡᠷ ᠮᠡᠲᠦ ᠵᠠᠷᠤᠳ ᠬᠦᠮᠦᠰ᠎ᠢ ᠰᠡᠳᠭᠢᠯ᠎ᠢᠶᠠᠷ ᠲᠠᠢᠯᠠᠨᠠᠮ
ᠦᠵᠡᠰᠭᠦᠯᠡᠩᠲᠦ ᠽᠠᠮᠪᠤᠯᠢᠩ᠎ᠤᠨ ᠬᠡᠷᠡᠯᠲᠦ ᠠᠶᠠᠯᠭᠤ ᠵᠦᠮᠪᠦᠷᠲᠡᠬᠦ᠌ᠳᠤ
ᠪᠠᠷ ᠵᠢᠷᠤᠭ᠎ᠤᠨ ᠬᠦᠷᠢᠶᠡᠯᠡᠩ᠎ᠳᠤ ᠬᠡᠨᠡᠳᠲᠡᠬᠡᠨ ᠠᠯᠬᠤᠨᠠᠮ ᠪᠢ
ᠦᠯᠦ᠍ ᠬᠠᠷᠠᠭ᠍ᠲᠠᠬᠤ ᠲᠤᠲᠤᠷ ᠲᠡᠮᠢᠷ᠎ᠤᠨ ᠶᠢᠷᠲᠢᠨᠴᠤ᠌ ᠵᠢᠷᠤᠵᠤ
ᠪᠦᠬᠡᠬᠡᠨ ᠵᠤᠯᠠ ᠰᠡᠮᠬᠡᠨ ᠠᠰᠠᠬᠤ᠎ᠶ᠋ᠢ ᠮᠡᠲᠡᠷᠡᠨᠡᠮ
ᠤᠯᠢᠷ ᠱᠢᠪᠠᠭᠤ ᠬᠡᠴᠢᠨᠡᠬᠡᠨ ᠠᠯᠤᠰ᠎ᠠᠴᠠ ᠨᠡᠮᠡ᠎ᠶ᠋ᠢ ᠤᠷᠤᠭᠤ ᠨᠢᠰᠴᠦ᠍
ᠪᠠᠭ᠍ᠴᠠ ᠪᠠᠭ᠍ᠴᠠ ᠬᠠᠷᠭᠠᠢ ᠲᠤᠤᠯᠢ ᠬᠠᠢᠯᠠᠬᠤ᠎ᠶ᠋ᠢ ᠬᠠᠷᠠᠨᠠᠮ ᠰᠠᠨ
ᠲᠤᠷᠤᠨ᠎ᠠ᠎ᠶ᠋ᠢᠨ ᠰᠠᠷᠠᠨ᠎ᠳᠤ ᠲᠠᠢᠬᠤ
ᠲᠠᠭᠤᠤ ᠱᠢᠭ᠋ ᠲᠡᠷᠡ ᠨᠤᠲᠤᠭ ᠵᠢᠮᠡᠬᠦᠬᠡᠨ
ᠲᠡᠬᠦᠰ ᠲᠡᠬᠦᠯᠲᠡᠷ ᠲᠤᠮᠤᠭᠠᠴᠠᠨᠢ ᠦᠷᠬᠦᠯᠵᠢ ᠠᠮᠰᠠᠵᠤ
ᠲᠡᠷᠠ ᠵᠢᠨ ᠲᠡᠷᠭᠡᠲᠡᠬᠦᠷ ᠦᠯᠵᠡᠢᠮᠦᠢ᠍ᠷᠡᠨ ᠭᠤᠤᠯ ᠤᠷᠤᠰᠭᠤ᠎ᠶ᠋ᠢ
ᠲᠡᠯᠡᠬᠡᠢ᠎ᠶ᠋ᠢᠨ ᠴᠢᠬᠢᠨ᠎ᠡ ᠤᠯᠠᠨ᠎ᠢ ᠱᠢᠪᠱᠢᠭ᠌ᠰᠡᠨ
ᠲᠦᠷᠡᠯᠭᠡ ᠬᠤᠯᠠ ᠠᠶᠠᠯᠭᠤ᠎ᠶ᠋ᠢ ᠱᠢᠷᠤᠩᠬᠠᠢᠯᠠᠵᠤ ᠢᠷᠡᠨᠡᠮ ᠳ᠋ᠠ