ᠨᠠᠷᠠᠨ ᠵᠥᠭ
2026-04-15 11:16:19
ᠵᠣᠬᠢᠶᠠᠭ᠍ᠴᠢ᠄
ᠴᠡᠪᠰᠢᠭ
ᠣᠩᠱᠢᠭ᠍ᠰᠠᠨ ᠣᠳᠠᠭ᠎ᠠ᠄
★★★☆☆

ᠨᠠᠷᠠᠨ ᠵᠥᠭ ᠬᠠᠨᠳᠣᠭ᠍ᠰᠠᠨ ᠣᠷᠲᠣ᠎ᠠᠴᠠ ᠤᠷᠲᠣ ᠬᠤᠶᠠᠷ ᠳᠠᠪᠬᠤᠷ ᠴᠠᠭᠠᠨ ᠠᠰᠠᠷ᠃ ᠨᠢᠭᠡᠲᠦᠭᠡᠷ ᠳᠠᠪᠬᠤᠷ᠎ᠨᠢ ᠪᠦᠷ ᠳᠡᠯᠭᠡᠭᠦᠷ᠂ ᠪᠠᠭᠤᠳᠠᠯ᠂ ᠬᠤᠭᠤᠯᠠᠨ ᠭᠡᠷ᠃ ᠬᠤᠶᠠᠲᠣᠭᠠᠷ ᠳᠠᠪᠬᠤᠷ᠎ᠲᠤ ᠡᠵᠡᠳ᠎ᠨᠢ ᠰᠠᠭᠤᠳᠠᠭ ᠠᠵᠢ᠃ ᠡᠬᠦᠳᠡ᠂ ᠴᠣᠩᠬᠤᠨ᠎ᠤ ᠱᠢᠯ᠎ᠨᠢ ᠨᠠᠷᠠᠨ᠎ᠳᠤ ᠭᠢᠯᠳᠡᠵᠦ᠍᠂ ᠠᠯᠢ᠎ᠳᠤᠨᠢ ᠣᠷᠣᠪᠠᠴᠤ᠌ ᠭᠡᠭᠡ᠎ᠲᠠᠢ᠂ ᠢᠯᠴᠢ᠎ᠲᠠᠢ᠃

ᠨᠠᠷᠢᠯᠢᠭ ᠬᠢᠴᠡ᠎ᠲᠠᠢ ᠬᠠᠷ᠎ᠠ ᠱᠢᠯ ᠵᠡᠭᠦᠭ᠌ᠰᠡᠨ ᠬᠥᠪᠴᠢᠨ᠂ ᠬᠤᠷᠴᠠ ᠨᠠᠷᠠᠨ᠎ᠤ ᠳᠣᠤᠷ᠎ᠠ ᠵᠡᠭᠡᠯᠢ᠎ᠶ᠋ᠢᠨ ᠶᠠᠭᠤᠮ᠎ᠠ ᠪᠦᠬᠦᠨ᠎ᠢ ᠭᠠᠢᠬᠠᠨ ᠰᠣᠨᠢᠷᠬᠠᠵᠣ ᠶᠠᠪᠣᠨ᠎ᠠ᠃ ᠡᠨᠡ ᠬᠦ᠌ ᠴᠡᠪᠡᠷᠬᠡᠨ ᠬᠤᠲᠠᠬᠠᠨ᠎ᠳᠤ ᠴᠠᠭᠠᠨ ᠢᠳᠡᠭᠡᠨ᠎ᠤ ᠳᠡᠯᠭᠡᠭᠦᠷ ᠨᠡᠯᠢᠶᠡᠳ ᠬᠡᠳᠦ ᠪᠠᠢᠳᠠᠭ᠎ᠤᠨ ᠳᠣᠲᠣᠷ᠎ᠠ᠎ᠪᠠᠨ ᠲᠣᠰ ᠵᠡᠭᠡᠯᠢ᠎ᠶ᠋ᠢᠨ 《ᠨᠠᠷᠡᠨ ᠵᠥᠭ》 ᠳᠡᠯᠭᠡᠭᠦᠷ ᠬᠠᠮᠤᠭ᠎ᠠᠴᠠ ᠰᠠᠢᠨ ᠭᠡᠵᠦ᠍ ᠰᠣᠨᠣᠰᠴᠤ᠌ ᠪᠠᠢᠭ᠍ᠰᠠᠨ᠃ ᠠᠮᠠᠷᠬᠠᠨ ᠣᠯᠣᠭᠠᠳ ᠬᠦᠷᠴᠥ᠍ ᠢᠷᠡᠯ᠎ᠡ᠃

《ᠰᠠᠢᠨ ᠪᠠᠢᠨ᠎ᠠ ᠤᠤ!》

《ᠰᠠᠢᠨ ᠪᠠᠢᠨ᠎ᠠ ᠤᠤ᠂ ᠲᠡ! ᠶᠠᠭᠤ ᠠᠪᠬᠤ ᠪᠣᠢ?》

《ᠤᠷᠢᠳ᠎ᠢᠶᠠᠷ ᠨᠢᠭᠡ ᠥᠵᠡᠭᠡ ᠲᠡᠭᠡᠶ᠎ᠡ᠃》

ᠠᠳᠡ ᠵᠥᠪᠬᠡᠨ ᠴᠠᠭᠠᠨ ᠢᠳᠡᠭᠡ ᠬᠤᠳᠠᠯᠳᠣᠬᠤ ᠲᠠᠳᠦᠢ ᠦᠭᠡᠢ᠂ ᠪᠡᠰᠡ ᠥᠨᠳᠥᠰᠥᠲᠡᠨ᠎ᠤ ᠣᠨᠴᠠᠯᠢᠭ᠎ᠲᠠᠢ ᠡᠳ᠋ ᠪᠠᠷᠠᠭ᠎ᠠ᠂ ᠡᠳᠦᠷ ᠲᠣᠳᠣᠮ᠎ᠤᠨ ᠬᠡᠷᠡᠭ᠌ᠰᠡᠯ ᠡᠨᠡ ᠲᠡᠷᠨ ᠭᠡᠳ᠂ ᠶᠠᠭᠤᠮ᠎ᠠ ᠶᠠᠭᠤᠮ᠎ᠠ᠎ᠨᠢ ᠨᠡᠯᠢᠶᠡᠳ ᠬᠠᠩᠭᠠᠮᠵᠢᠲᠠᠢ᠂ ᠶᠡᠭᠡ ᠱᠢᠭ ᠳᠡᠯᠭᠡᠭᠦᠷ ᠶᠣᠮ ᠪᠠᠢᠨ᠎ᠠ᠃ ᠵᠣᠴᠢᠳ ᠬᠤᠶᠠᠷ ᠭᠤᠷᠪᠠ᠎ᠪᠠᠷ ᠲᠠᠰᠣᠷᠠᠯᠲᠠ ᠦᠭᠡᠢ ᠣᠷᠣᠵᠣ ᠭᠠᠷᠬᠤ᠎ᠳᠤ ᠳᠡᠯᠭᠡᠭᠦᠷ᠎ᠤᠨ ᠡᠵᠡᠨ ᠨᠠᠷᠠᠩᠭᠤᠸ᠎ᠠ ᠭᠡᠵᠦ᠍ ᠳᠥᠴᠢ ᠡᠷᠭᠢᠮ᠎ᠡ ᠨᠠᠰᠣᠨ᠎ᠤ ᠮᠠᠷᠢᠶᠠᠯᠢᠭ ᠱᠢᠷ᠎ᠡ ᠪᠦᠰᠡᠭᠦᠢ᠂ ᠬᠦᠮᠥᠨ ᠪᠣᠯᠭᠠᠨ᠎ᠲᠠᠢ ᠨᠢᠭᠡᠨ ᠠᠳᠠᠯᠢ᠎ᠪᠠᠷ ᠮᠡᠨᠳᠥᠴᠢᠯᠡᠨ ᠥᠭᠡ ᠰᠣᠯᠢᠯᠴᠠᠵᠣ ᠠᠮᠵᠢᠨ᠎ᠠ᠃ ᠬᠠᠯᠠᠭᠤᠮᠰᠤᠭ᠂ ᠬᠦᠩᠭᠡᠮᠰᠥᠭ᠂ ᠳᠠᠳᠮᠠᠭ ᠭᠡᠳᠡᠭ᠎ᠨᠢ ᠬᠡᠨ᠎ᠳᠤ ᠴᠤ᠌ ᠭᠡᠰᠡᠨ ᠲᠠᠭᠠᠯᠠᠮᠵᠢᠲᠠᠢ᠃ ᠬᠦᠪᠴᠢᠨ᠎ᠤ ᠠᠪᠬᠤ ᠭᠡᠰᠡᠨ ᠴᠠᠭᠠᠨ ᠢᠳᠡᠭᠡ᠎ᠨᠢ ᠠᠳᠡ ᠪᠦᠷ ᠪᠡᠪ ᠪᠡᠯᠡᠬᠡᠨ᠂ ᠱᠢᠪ ᠱᠢᠨᠡᠬᠡᠨ ᠬᠠᠷᠠᠭ᠍ᠳᠠᠨ᠎ᠠ᠃ ᠴᠠᠭ ᠵᠠᠪ᠎ᠢ ᠠᠮᠵᠢᠭᠤᠯᠣᠨ ᠵᠣᠭᠤᠭ᠍ᠳᠠᠬᠤ᠎ᠳᠠᠭᠠᠨ ᠨᠠᠷᠠᠩᠭᠤᠸ᠎ᠠ᠎ᠶ᠋ᠢᠨ ᠨᠠᠷ᠎ᠠ ᠤᠰᠤ᠂ ᠬᠤᠱᠢᠭᠤ ᠨᠣᠲᠤᠭ᠎ᠢ ᠮᠡᠳᠡᠵᠦ᠍ ᠠᠪᠣᠯ᠎ᠠ᠂ ᠲᠡᠭᠡᠭᠡᠳ ᠠᠵᠢᠯ᠎ᠢᠶᠠᠷ ᠶᠠᠪᠣᠵᠣ ᠪᠠᠢᠬᠤ᠂ 《ᠠᠵᠢᠨᠠᠢ》 ᠪᠠᠭᠤᠳᠠᠯ᠎ᠳᠤ ᠰᠠᠭᠤᠵᠣ ᠪᠠᠢᠬᠤ᠎ᠪᠠᠨ ᠬᠡᠯᠡᠭᠡᠳ᠄ 《ᠪᠢᠳᠡ ᠴᠢᠨᠢ ᠨᠢᠭᠡ ᠨᠣᠲᠤᠭ᠎ᠤᠨ᠎ᠬᠢ ᠪᠠᠢᠵᠠᠢ!》 ᠭᠡᠮᠡᠨ ᠬᠤᠳᠠᠯ ᠲᠠᠯᠪᠢᠴᠢᠬᠠᠯ᠎ᠠ — ᠶᠡᠭᠡ ᠬᠤᠲᠠ᠎ᠠᠴᠠ ᠢᠷᠡᠭ᠌ᠰᠡᠨ ᠬᠦᠮᠥᠨ᠂ ᠴᠠᠭᠠᠨ ᠢᠳᠡᠭᠡ᠎ᠶ᠋ᠢ ᠬᠢᠮᠳᠠᠷᠠᠭᠤᠯᠵᠣ ᠠᠪᠣᠶ᠎ᠠ ᠭᠡᠵᠦ᠍ ᠯᠨ ᠪᠣᠳᠣᠵᠣ ᠶᠠᠪᠣᠭ᠍ᠰᠠᠨ᠎ᠢᠶᠠᠷ᠎ᠢᠶᠠᠨ ᠰᠠᠢᠮᠰᠣᠷᠠᠬᠰᠠᠨ ᠲᠡᠳᠦᠢ᠂ ᠥᠭᠡᠷ᠎ᠡ ᠰᠠᠨᠠᠭ᠎ᠠ ᠦᠭᠡᠢ ᠠᠵᠢ᠃ ᠲᠡᠭᠡᠭ᠌ᠰᠡᠨ ᠴᠢᠨᠢ ᠪᠠᠢᠳᠠᠭ ᠦᠭᠡᠢ᠂ ᠨᠠᠷᠠᠩᠭᠤᠸ᠎ᠠ ᠣᠢᠷ᠎ᠠ᠎ᠶ᠋ᠢᠨ ᠲᠥᠷᠥᠯ᠎ᠲᠠᠢ᠎ᠪᠠᠨ ᠬᠤᠯᠨ᠎ᠶ᠋ᠢᠨ ᠨᠣᠲᠤᠭ᠎ᠲᠤ ᠠᠭᠤᠯᠵᠠᠭ᠍ᠰᠠᠨ ᠱᠢᠭ᠋ ᠪᠠᠶᠠᠷᠯᠠᠨ ᠢᠷᠡᠵᠦ᠍ ᠭᠠᠷ᠎ᠢ᠎ᠨᠢ ᠠᠳᠭᠤᠭᠠᠳ᠄ 《ᠲᠡᠢᠮᠥ᠍ ᠤᠤ! ᠡᠨᠡ ᠭᠠᠵᠠᠷ ᠪᠡᠰᠡ ᠨᠣᠲᠤᠭ᠎ᠤᠨ ᠬᠦᠮᠥᠨ᠎ᠲᠠᠢ᠎ᠪᠠᠨ ᠤᠴᠠᠷᠠᠴᠢᠬᠠᠨ᠎ᠠ ᠭᠡᠳᠡᠭ ᠴᠢᠨᠢ ᠁ ᠶᠠᠮᠠᠷ ᠭᠤᠶᠣ ᠪᠣᠢ!》 ᠭᠡᠵᠦ᠍ ᠶᠠᠷᠢᠬᠤ᠎ᠳᠤ ᠨᠢᠭᠤᠷ᠎ᠨᠢ ᠥᠯᠥ᠍ ᠮᠡᠳᠡᠭ ᠴᠢᠨᠥᠷᠡᠨ ᠤᠯᠠᠢᠵᠣ᠂ ᠬᠠᠪ ᠬᠠᠯᠠᠭᠤᠨ ᠭᠠᠷ᠎ᠨᠢ ᠴᠡᠴᠡᠷᠡᠵᠦ᠍ ᠪᠠᠢᠨ᠎ᠠ᠃ ᠬᠦᠭᠡᠷᠦᠬᠦᠢ᠂ ᠨᠣᠲᠤᠭ᠎ᠤᠨ ᠬᠦᠮᠥᠨ᠎ᠲᠠᠢ᠎ᠪᠠᠨ ᠤᠴᠠᠷᠠᠭ᠍ᠰᠠᠨ ᠦᠭᠡᠢ ᠬᠡᠴᠢᠨᠡᠭᠡᠨ ᠴᠤ᠌ ᠤᠳᠠᠭ᠍ᠰᠠᠨ᠎ᠢ ᠪᠤᠤ ᠮᠡᠳᠡ᠃ ᠭᠠᠯ ᠬᠠᠯᠠᠭᠤᠨ ᠰᠡᠳᠭᠢᠯ᠎ᠳᠤᠨᠢ ᠬᠦᠪᠴᠢᠨ ᠴᠤ᠌ ᠨᠥᠯᠥᠭᠡᠯᠡᠭ᠌ᠳᠡᠨ ᠳᠣᠭ᠍ᠳᠣᠯᠵᠦ᠍ ᠡᠬᠢᠯᠡᠭ᠌ᠰᠡᠨ ᠪᠣᠯᠪᠠᠴᠤ᠌᠂《ᠲᠡ ᠶᠠᠭᠤ ᠠᠪᠬᠤ ᠪᠣᠢ? ᠬᠢᠮᠳᠠᠷᠠᠭᠤᠯᠵᠣ ᠥᠭ᠌ᠭᠦᠶ᠎ᠡ》 ᠭᠡᠬᠦ᠌᠎ᠶ᠋ᠢ ᠰᠣᠨᠣᠰᠣᠭᠠᠳ ᠬᠤᠳᠠᠯ ᠬᠡᠯᠡᠭ᠌ᠰᠡᠨ᠎ᠳᠡᠭᠡᠨ ᠢᠴᠢᠩᠬᠦᠷᠡᠵᠦ᠍ ᠪᠠᠢᠭ᠍ᠰᠠᠨ᠎ᠤ ᠳᠡᠭᠡᠷ᠎ᠡ ᠣᠳᠣ ᠡᠬᠦᠨ᠎ᠠᠴᠠ᠎ᠪᠠᠨ ᠪᠣᠯᠣᠭᠠᠳ 《ᠬᠦᠮᠥᠨ᠎ᠤ ᠮᠠᠢᠮᠠᠢ᠎ᠶ᠋ᠢᠨ ᠠᠱᠢᠭ᠎ᠢ᠎ᠨᠢ ᠠᠯᠳᠠᠭᠤᠯᠴᠢᠬᠠᠬᠤ ᠶᠣᠮ ᠪᠠᠢᠨ᠎ᠠ ᠁》 ᠭᠡᠮᠡᠨ ᠤᠯᠠᠮ ᠢᠴᠢᠵᠦ᠍ ᠵᠤᠪᠠᠯ᠎ᠠ᠃

ᠬᠦᠪᠴᠢᠨ ᠲᠣᠰ ᠨᠣᠲᠤᠭ᠎ᠤᠨ ᠴᠠᠭᠠᠨ ᠢᠳᠡᠭᠡ᠎ᠠᠴᠠ ᠬᠢᠮᠳᠠᠬᠠᠨ᠎ᠢ᠎ᠨᠢ ᠱᠢᠯᠢᠵᠦ᠍ ᠡᠯᠪᠡᠭ ᠠᠪᠣᠪᠠ᠃ ᠢᠩᠬᠢᠵᠦ᠍ ᠠᠪᠣᠪᠠᠯ ᠨᠠᠷᠠᠩᠭᠤᠸ᠎ᠠ ᠬᠢᠮᠳᠠᠷᠠᠭᠤᠯᠵᠣ ᠥᠭ᠌ᠭᠦᠶ᠎ᠡ ᠭᠡᠮᠡᠨ ᠵᠣᠪᠠᠭᠠᠬᠤ ᠦᠭᠡᠢ ᠭᠡᠮᠡᠨ ᠪᠣᠳᠣᠭ᠍ᠰᠠᠨ᠎ᠨᠢ ᠮᠠᠰᠢ ᠵᠥᠪ ᠪᠣᠯᠵᠣ ᠲᠠᠭᠠᠷᠠᠯ᠎ᠠ᠃ ᠭᠡᠲᠡᠯ᠎ᠡ ᠡᠨᠡ ᠪᠣᠳᠣᠯ᠎ᠢ᠎ᠨᠢ ᠨᠡᠪᠲᠡ ᠥᠵᠡᠭ᠌ᠰᠡᠨ ᠨᠠᠷᠠᠩᠭᠤᠸ᠎ᠠ᠂ ᠰᠠᠶᠢ ᠬᠦᠪᠴᠢᠨ ᠥᠨ᠎ᠡ᠎ᠶ᠋ᠢ᠎ᠨᠢ ᠥᠵᠡᠭᠡᠳ ᠯᠨ ᠴᠠᠭᠠᠰᠢ᠎ᠨᠢ ᠲᠠᠯᠪᠢᠭ᠍ᠰᠠᠨ ᠱᠢᠯ ᠰᠠᠪᠠ᠎ᠲᠠᠢ ᠱᠢᠨᠡᠬᠡᠨ ᠴᠡᠭᠡ᠎ᠠᠴᠠ ᠬᠤᠶᠠᠷ᠎ᠢ ᠠᠪᠴᠤ᠌ ᠳᠡᠭᠡᠷ᠎ᠡ᠎ᠨᠢ ᠲᠣᠷᠭᠠᠨ ᠬᠠᠳᠠᠭ ᠲᠠᠲᠠᠭᠠᠳ᠄ 《ᠰᠠᠷ᠎ᠠ ᠱᠢᠨ᠎ᠡ ᠣᠢᠷᠠᠳᠴᠦ ᠪᠠᠢᠨ᠎ᠠ᠂ ᠠᠩᠬ᠎ᠠ ᠲᠠᠨᠢᠯᠴᠠᠭ᠍ᠰᠠᠨ ᠨᠣᠲᠤᠭ᠎ᠤᠨ ᠠᠬ᠎ᠠ᠎ᠳᠠᠭᠠᠨ ᠵᠠᠮ᠎ᠤᠨ ᠪᠡᠯᠡᠭ᠎ᠲᠠᠢ ᠶᠠᠪᠣᠭᠤᠯᠣᠶ᠎ᠠ》 ᠭᠡᠵᠦ᠍ ᠭᠠᠷᠳᠠᠭᠤᠯᠣᠯ᠎ᠠ᠃ ᠬᠦᠪᠴᠢᠨ ᠪᠦᠷ ᠴᠤ᠌ ᠢᠴᠢᠬᠦ᠌ ᠵᠣᠪᠠᠭ᠍ᠣ᠎ᠲᠠᠢ᠂ 《ᠬᠠᠳᠠᠭ᠎ᠢ ᠴᠢᠨᠢ ᠳᠣᠭ᠍ᠲᠠᠭᠠᠶ᠎ᠠ! ᠪᠠᠷᠠᠭ᠎ᠠ ᠲᠠᠸᠠᠷ᠎ᠢᠶᠠᠨ ᠪᠡᠯᠡᠭ᠌ᠯᠡᠳᠡᠭ ᠦᠭᠡᠢ ᠶᠣᠮ ᠱᠢᠥ ᠁》 ᠭᠡᠵᠦ᠍ ᠲᠥᠯᠬᠢᠯᠴᠡᠨ ᠭᠤᠶᠣᠵᠣ ᠴᠤ᠌ ᠥᠵᠡᠯ᠎ᠡ᠂ ᠲᠥᠷᠢᠮᠳᠡᠵᠦ᠍ ᠴᠤ᠌ ᠦᠵᠡᠯ᠎ᠡ᠂ ᠶᠠᠮᠠᠷ ᠴᠤ᠌ ᠬᠡᠷᠡᠭ ᠪᠣᠯᠣᠭ᠍ᠰᠠᠨ ᠦᠭᠡᠢ᠃ ᠠᠷᠭ᠎ᠠ ᠪᠠᠷᠠᠭ᠍ᠳᠠᠬᠤ᠎ᠳᠠᠭᠠᠨ ᠥᠨ᠎ᠡ᠎ᠲᠠᠢ ᠱᠢᠭ ᠮᠠᠯᠠᠭᠠᠢ᠂ ᠲᠣᠷᠭ᠎ᠠ᠂ ᠬᠦᠵᠢ ᠲᠡᠷᠢᠭᠦᠲᠡᠨ᠎ᠠᠴᠠ᠎ᠨᠢ ᠨᠡᠮᠡᠵᠦ᠍ ᠠᠪᠣᠯ᠎ᠠ᠃ ᠡᠨᠡ ᠤᠳᠠᠭ᠎ᠠ ᠨᠠᠷᠠᠩᠭᠤᠸ᠎ᠠ ᠬᠢᠮᠳᠠᠷᠠᠭᠤᠯᠬᠤ ᠭᠡᠰᠡᠨ᠎ᠢ ᠬᠦᠪᠴᠢᠨ ᠲᠠᠰᠤ ᠵᠥᠪᠱᠢᠶᠡᠷᠡᠭ᠌ᠰᠡᠨ ᠦᠭᠡᠢ᠂《ᠲᠡᠢᠮᠥ᠍ ᠪᠣᠯ ᠪᠢ ᠠᠯᠢ᠎ᠶ᠋ᠢ᠎ᠨᠢ ᠴᠤ᠌ ᠠᠪᠬᠤ ᠦᠭᠡᠢ》 ᠭᠡᠬᠦ᠌ ᠮᠡᠳᠦ᠍᠎ᠪᠠᠷ 《ᠰᠥᠷᠳᠡᠬᠦᠯᠥᠨ》 ᠪᠠᠢᠵᠣ ᠤᠭ ᠥᠨ᠎ᠡ᠎ᠪᠠᠷ᠎ᠨᠢ ᠠᠪᠣᠭ᠍ᠰᠠᠨ ᠶᠣᠮ᠃ ᠲᠡᠭᠡᠬᠦ᠌᠎ᠳᠤᠨᠢ ᠨᠠᠷᠠᠩᠭᠤᠸ᠎ᠠ ᠤᠷᠠᠨ ᠪᠢᠴᠢᠯᠭᠡ ᠤᠷᠠᠯᠢᠭ ᠥᠰᠥᠭ᠎ᠲᠠᠢ ᠭᠤᠶᠣ ᠶᠡᠭᠡᠮᠰᠥᠭ ᠪᠢᠴᠢᠭᠡᠰᠦ ᠡᠯᠭᠦᠭᠡᠰᠦ᠎ᠠᠴᠠ ᠬᠤᠶᠠᠷ᠎ᠢ ᠨᠡᠮᠡᠵᠦ᠍ ᠪᠡᠯᠡᠭ᠌ᠯᠡᠪᠡ᠃ ᠬᠦᠪᠴᠢᠨ ᠪᠣᠴᠠᠭᠠᠬᠤ᠂ ᠲᠥᠯᠬᠢᠬᠦ᠌ ᠠᠷᠭ᠎ᠠ ᠪᠠᠢᠭ᠍ᠰᠠᠨ ᠦᠭᠡᠢ᠂ ᠰᠠᠶᠢ ᠡᠨᠡ ᠪᠢᠴᠢᠭᠡᠰᠦ ᠡᠯᠭᠦᠭᠡᠰᠦ᠎ᠶ᠋ᠢᠨ ᠥᠨ᠎ᠡ᠎ᠶ᠋ᠢ ᠥᠵᠡᠩᠭᠦᠲᠡ ᠬᠤᠷᠳᠣᠨ ᠪᠣᠴᠠᠭᠠᠵᠣ ᠲᠠᠯᠪᠢᠭᠠᠳ᠂ 《ᠪᠠᠰᠨ ᠯᠨ ᠪᠣᠷᠣᠭᠤᠳᠠᠬᠤ ᠱᠢᠭ᠋ ᠪᠣᠯᠣᠯ᠎ᠠ᠂ ᠠᠩᠬᠠᠷᠣᠭ᠍ᠰᠠᠨ ᠦᠭᠡᠢ ᠪᠠᠢᠭᠠᠰᠠᠢ》 ᠭᠡᠮᠡᠨ ᠬᠠᠨᠴᠣᠢ᠎ᠳᠠᠭᠠᠨ ᠵᠠᠯᠪᠠᠷᠢᠭ᠍ᠰᠠᠨ᠎ᠨᠢ ᠬᠤᠭᠤᠰᠣᠳᠠᠪᠠ᠂ ᠨᠠᠷᠠᠩᠭᠤᠸ᠎ᠠ ᠠᠩᠬᠠᠷᠣᠭᠠᠳ ᠠᠮᠵᠢᠴᠢᠬᠠᠭ᠍ᠰᠠᠨ ᠪᠠᠢᠵᠠᠢ᠃

ᠬᠦᠪᠴᠢᠨ ᠠᠷᠭ᠎ᠠ ᠴᠥᠬᠦᠵᠦ᠍ ᠤᠬᠠᠭᠠᠨ ᠮᠣᠬᠤᠷᠳᠠᠨ᠎ᠠ᠃ 《ᠠᠮᠠᠨ ᠠᠶ᠎ᠠ᠎ᠪᠠᠷ᠎ᠢᠶᠠᠨ ᠬᠡᠯᠡᠭ᠌ᠰᠡᠨ ᠨᠢᠭᠡ ᠯᠨ ᠬᠤᠳᠠᠯ᠎ᠠᠴᠠ ᠪᠣᠯᠣᠭᠠᠳ ᠡᠨᠡ ᠲᠠᠨᠢᠯ ᠪᠣᠰᠣ ᠪᠦᠰᠡᠬᠦᠢ ᠠᠱᠢᠭ ᠠᠯᠳᠠᠵᠣ ᠪᠠᠢᠨ᠎ᠠ ᠳ᠋ᠠ》 ᠭᠡᠵᠦ᠍ ᠪᠣᠳᠣᠬᠤ᠎ᠠᠴᠠ ᠪᠡᠶ᠎ᠡ᠎ᠳᠡᠭᠡᠨ ᠬᠤᠷᠣᠰᠣᠨ ᠠᠮᠠ᠎ᠪᠠᠨ ᠠᠯᠠᠭᠠᠳᠠᠮᠠᠷ ᠰᠠᠨᠠᠭ᠍ᠳᠠᠨ᠎ᠠ᠃

ᠠᠩᠬ᠎ᠠ ᠣᠷᠣᠵᠣ ᠢᠷᠡᠬᠦ᠌᠎ᠳᠡᠭᠡᠨ ᠭᠠᠷ᠎ᠤᠨ ᠠᠶ᠎ᠠ᠎ᠪᠠᠷ ᠱᠢᠷᠡᠭᠡᠨ ᠳᠡᠭᠡᠷ᠎ᠡ ᠠᠪᠴᠤ᠌ ᠲᠠᠯᠪᠢᠭ᠍ᠰᠠᠨ ᠨᠢᠳᠣᠨ ᠱᠢᠯ᠎ᠢᠶᠠᠨ ᠣᠳᠣ ᠥᠵᠡᠭ᠌ᠰᠡᠨ ᠦᠭᠡᠢ ᠱᠢᠭ ᠲᠡᠨᠳᠡ᠎ᠨᠢ 《ᠮᠠᠷᠲᠠᠭᠠᠳ》 ᠶᠠᠪᠣᠯ᠎ᠠ᠃ 《ᠵᠣᠨ᠎ᠳᠠᠭᠠᠨ ᠬᠤᠷᠴᠠ ᠨᠠᠷᠨ᠎ᠲᠠᠢ᠂ ᠡᠪᠦᠯ᠎ᠳᠡᠭᠡᠨ ᠶᠡᠭᠡ ᠴᠠᠰᠤ᠎ᠲᠠᠢ ᠡᠨᠡ ᠭᠠᠵᠠᠷ᠎ᠤᠨ ᠡᠨᠡ ᠬᠦᠮᠥᠨ᠎ᠳᠤ ᠡᠨᠡ ᠯᠨ ᠰᠠᠷᠢᠪᠴᠢ (ᠨᠢᠳᠣᠨ ᠱᠢᠯ) ᠬᠡᠷᠡᠭ᠌ᠲᠡᠢ ᠶᠣᠮ》 ᠭᠡᠵᠦ᠍ ᠲᠡᠷᠨ ᠪᠣᠳᠣᠭ᠍ᠰᠠᠨ ᠪᠠᠢᠵᠠᠢ᠃ ᠡᠮᠥᠨᠡᠲᠤ ᠠᠹᠷᠢᠺᠠ᠎ᠶ᠋ᠢᠨ ᠬᠤᠪᠣᠷᠬᠠᠨ ᠡᠷᠥᠳᠡᠰᠥ᠍ ᠭᠠᠷᠣᠯᠲᠠ᠎ᠪᠠᠷ ᠬᠢᠭ᠌ᠰᠡᠨ ᠤᠨᠴᠠ᠎ᠶ᠋ᠢᠨ ᠨᠢᠳᠣᠨ ᠱᠢᠯ᠃ ᠲᠡᠭᠦᠨ᠎ᠢ ᠤᠬᠢᠶᠠᠬᠤ ᠡᠮᠲᠥ᠍ ᠤᠰᠤ᠎ᠨᠢ ᠲᠡᠭᠦᠨ᠎ᠠᠴᠠ᠎ᠪᠠᠨ ᠴᠤ᠌ ᠶᠡᠭᠡ ᠥᠨ᠎ᠡ᠎ᠲᠠᠢ᠃

ᠬᠦᠪᠴᠢᠨ ᠪᠠᠭᠤᠳᠠᠯ᠎ᠳᠠᠭᠠᠨ ᠬᠦᠷᠦᠭᠡᠳ᠂ ᠨᠠᠷᠠᠩᠭᠤᠸ᠎ᠠ᠎ᠳᠤ ᠬᠤᠳᠠᠯ ᠬᠡᠯᠡᠭ᠌ᠰᠡᠨ᠎ᠳᠡᠭᠡᠨ ᠢᠴᠢᠩᠭᠦᠷᠡᠨ ᠪᠣᠷᠣᠭᠤ ᠬᠦᠯᠢᠶᠡᠭ᠌ᠰᠡᠨ ᠨᠢᠭᠡ ᠬᠠᠭᠤᠳᠠᠰᠤ ᠪᠢᠴᠢᠵᠦ᠍᠂ ᠮᠠᠷᠭᠠᠰᠢ ᠥᠷᠯᠥᠭᠡ᠎ᠨᠢ ᠮᠣᠷᠳᠠᠬᠤ᠎ᠳᠠᠭᠠᠨ ᠡᠨᠡ ᠬᠠᠭᠤᠳᠠᠰᠣ ᠬᠢᠭᠡᠳ ᠨᠥᠭᠦᠭᠡ ᠡᠮᠲᠤ ᠤᠰᠤ᠎ᠶ᠋ᠢ ᠥᠢᠯᠡᠴᠢᠯᠡᠭ᠌ᠴᠢ᠎ᠳᠤ ᠭᠠᠷᠳᠠᠭᠤᠯᠵᠠᠢ᠃

ᠬᠦᠪᠴᠢᠨ ᠶᠠᠪᠣᠭᠠᠳ ᠤᠳᠠᠭ᠍ᠰᠠᠨ ᠴᠤ᠌ ᠦᠭᠡᠢ ᠨᠠᠷᠠᠩᠭᠤᠸ᠎ᠠ ᠨᠢᠳᠣᠨ ᠱᠢᠯ᠎ᠢ᠎ᠨᠢ ᠠᠪᠣᠭᠠᠳ ᠪᠠᠭᠤᠳᠠᠯ᠎ᠳᠤ ᠬᠦᠷᠴᠥ᠍ ᠣᠴᠢᠪᠠ᠃ ᠪᠠᠢᠳᠠᠯ᠎ᠢ ᠣᠢᠯᠠᠭᠠᠬᠰᠠᠨ᠎ᠤ ᠳᠠᠷᠠᠭ᠎ᠠ ᠨᠢᠳᠣᠨ ᠱᠢᠯ᠎ᠢ ᠲᠡᠷᠨ ᠥᠢᠯᠡᠴᠢᠯᠡᠭ᠌ᠴᠢ᠎ᠳᠤ 100 ᠵᠣᠭᠤᠰ᠎ᠲᠠᠢ ᠭᠠᠷᠳᠠᠭᠤᠯᠵᠤ᠂ ᠬᠦᠪᠴᠢᠨ᠎ᠲᠠᠢ ᠬᠠᠷᠢᠴᠠᠵᠣ ᠪᠠᠢᠭᠠᠳ ᠢᠯᠡᠬᠡᠵᠦ᠍ ᠥᠭ᠌ᠬᠦ᠎ᠶ᠋ᠢ ᠨᠠᠢᠳᠠᠵᠠᠢ᠃

ᠬᠡᠳᠦᠨ ᠬᠤᠨᠤᠭ᠎ᠤᠨ ᠳᠠᠷᠠᠭ᠎ᠠ ᠨᠠᠷᠠᠩᠭᠤᠸ᠎ᠠ ᠳᠠᠭᠢᠨ ᠪᠠᠭᠤᠳᠠᠯ᠎ᠳᠤ ᠬᠦᠷᠪᠡᠯ᠂ ᠨᠢᠳᠣᠨ ᠱᠢᠯ᠎ᠢ ᠶᠠᠪᠣᠭᠤᠯᠵᠣ ᠥᠭ᠌ᠬᠦ᠎ᠠᠴᠠ᠎ᠪᠠᠨ ᠡᠮᠥᠨ᠎ᠡ ᠬᠤᠯᠠᠭᠠᠢ᠎ᠳᠤ ᠠᠯᠳᠠᠴᠢᠬᠠᠯ᠎ᠠ ᠭᠡᠵᠦ᠍ ᠪᠠᠢᠨ᠎ᠠ᠃

《ᠶᠠᠭᠠᠬᠢᠭ᠍ᠰᠠᠨ ᠪᠣᠢ⁈》

《ᠯᠠᠩᠭᠦᠢ ᠳᠡᠭᠡᠷ᠎ᠡ ᠲᠠᠯᠪᠢᠭᠠᠳ ᠴᠠᠭᠠᠰᠢ ᠡᠷᠭᠢᠬᠦ᠌ ᠬᠤᠭᠤᠷᠣᠨᠳᠣ ᠠᠯᠠᠭ᠎ᠠ ᠪᠣᠯᠴᠢᠬᠠᠵᠠᠢ᠂ ᠣᠷᠣᠵᠣ ᠭᠠᠷᠣᠭ᠍ᠰᠠᠨ ᠬᠦᠮᠥᠰ᠎ᠤᠨ ᠠᠯᠢ᠎ᠨᠢ ᠠᠪᠣᠭ᠍ᠰᠠᠨ᠎ᠢ ᠮᠡᠳᠡᠬᠦ᠌ ᠦᠭᠡᠢ᠃ ᠮᠣᠬᠤᠲᠠᠯ᠎ᠠ ᠬᠠᠢᠭᠠᠳ ᠣᠯᠳᠠᠭ᠍ᠰᠠᠨ ᠦᠭᠡᠢ᠂ ᠴᠠᠭ᠍ᠳᠠᠭ᠎ᠠ ᠢᠷᠡᠭᠡᠳ ᠴᠤ᠌ ᠬᠡᠷᠡᠭ ᠪᠣᠯᠣᠭ᠍ᠰᠠᠨ ᠦᠭᠡᠢ ᠁》

ᠥᠢᠯᠡᠴᠢᠯᠡᠭ᠌ᠴᠢ ᠢᠩᠬᠢᠵᠦ᠍ ᠬᠡᠯᠡᠭᠡᠳ ᠡᠭᠦᠳᠡᠨ ᠲᠡᠩᠬᠢᠮ᠎ᠤᠨ ᠳᠡᠭᠡᠷ᠎ᠡ ᠥᠨᠴᠥᠭ᠎ᠲᠠᠬᠢ ᠬᠢᠨᠠᠭᠤᠷ ᠳᠣᠷᠠᠨ ᠵᠥᠭ ᠬᠠᠷᠠᠨ᠎ᠠ᠃

ᠨᠠᠷᠠᠩᠭᠤᠸ᠎ᠠ ᠨᠢᠭᠡᠨ ᠰᠥᠨᠢ ᠵᠡᠭᠦᠳᠥ᠎ᠪᠠᠷ᠎ᠢᠶᠠᠨ ᠬᠦᠪᠴᠢᠨ᠎ᠲᠠᠢ ᠮᠠᠯᠠᠭᠠᠢᠯᠠᠨ ᠪᠣᠰᠣᠭ᠍ᠰᠠᠨ ᠥᠨᠳᠥᠷ ᠴᠠᠭᠠᠨ ᠡᠭᠦᠯᠡᠨ ᠳᠡᠭᠡᠷ᠎ᠡ ᠠᠭᠤᠯᠵᠠᠭᠠᠳ᠄ 《ᠲᠡᠢᠮᠥ᠍ ᠰᠠᠷᠢᠪᠴᠢ᠎ᠶ᠋ᠢ ᠣᠳᠣ ᠵᠣᠭᠤᠰ᠎ᠢᠶᠠᠷ ᠴᠤ᠌ ᠣᠯᠵᠣ ᠴᠢᠳᠠᠬᠤ ᠦᠭᠡᠢ ᠪᠣᠯᠣᠭ᠍ᠰᠠᠨ ᠭᠡᠵᠦ᠍ ᠬᠦᠮᠥᠰ ᠶᠠᠷᠢᠨ᠎ᠠ᠃ ᠲᠡᠭᠦᠨ᠎ᠠᠴᠠ ᠬᠤᠢᠰᠢ ᠵᠠᠷᠢᠮ ᠰᠥᠨᠢ ᠬᠠᠷ᠎ᠠ ᠳᠠᠷᠣᠬᠤ ᠱᠢᠬ᠂ ᠵᠠᠷᠢᠮ ᠡᠳᠦᠷ ᠠᠷᠣ᠎ᠠᠴᠠ ᠨᠢᠭᠡᠨ ᠰᠡᠭᠦᠳᠡᠷ ᠳᠠᠭᠠᠭᠠᠳ ᠪᠠᠢᠬᠤ ᠱᠢᠭ᠋》 ᠭᠡᠪᠡᠯ᠂ ᠬᠦᠪᠴᠢᠨ᠄ 《ᠴᠢᠮ᠎ᠠ᠎ᠶ᠋ᠢ ᠨᠢᠭᠡᠨ ᠪᠠᠷᠠᠭᠠᠨ ᠰᠡᠭᠦᠳᠡᠷ ᠳᠠᠭᠠᠭᠠᠳ ᠪᠠᠢᠪᠠᠯ ᠪᠠᠶᠠᠷᠯᠠᠭᠠᠷᠠᠢ᠂ ᠴᠢ ᠨᠠᠷᠠᠨ ᠵᠥᠭ ᠶᠠᠪᠣᠵᠣ ᠪᠠᠢᠬᠤ᠎ᠶ᠋ᠢᠨ ᠭᠡᠷᠡᠴᠢ!》 ᠭᠡᠬᠦ᠌ ᠬᠠᠷᠢᠭᠤ ᠥᠭ᠌ᠴᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号