ᠪᠦᠷᠭᠦᠳ᠎ᠤᠨ ᠬᠠᠷᠠᠴᠠ ᠪᠡᠷ ᠬᠤᠷᠸ᠎ᠠ ᠵᠢ ᠰᠢᠷᠳᠡᠭᠰᠡᠨ ᠮᠦᠩᠭᠡ ᠵᠢᠨ ᠲᠤᠷᠭᠠᠨ ᠭᠱᠠᠨ
2026-04-14 17:00:38
ᠵᠣᠬᠢᠶᠠᠭ᠍ᠴᠢ᠄
ᠬ᠍ᠸ᠋ ᠬᠤᠡᠭ ᠮᠸᠢ ᠰᠠᠴᠡᠨᠴᠤᠬᠳᠤ​ ᠸᠠᠡᠭ ᠯᠸᠢ
ᠣᠩᠱᠢᠭ᠍ᠰᠠᠨ ᠣᠳᠠᠭ᠎ᠠ᠄
★★★☆☆

— 《ᠠᠯᠳᠠᠨ ᠬᠦᠷᠦᠭ》 ᠱᠠᠩᠨᠠᠯᠳᠤ ᠭᠡᠷᠡᠯ ᠵᠢᠷᠤᠭᠴᠢᠨ ᠨᠣᠮᠢᠨ· ᠾᠧ ᠵᠢᠨ ᠪᠦᠲᠦᠭᠡᠯ᠎ᠤᠨ ᠲᠤᠬᠠᠢ ᠦᠨᠠᠯᠠᠯᠳᠠ


ᠨᠣᠮᠢᠨ·ᠾᠧ ᠤᠭᠳᠠᠷᠭᠤᠢ᠎ᠠᠴᠠ ᠰᠡᠭᠦᠳᠡᠷᠯᠡᠬᠦ᠌ ᠬᠠᠷᠠᠭᠠᠰᠤ᠂ ᠪᠠᠢᠭᠠᠯᠢ ᠬᠥᠮᠦᠨ ᠰᠣᠶᠣᠯ᠎ᠤᠨ ᠲᠤᠬᠠᠢ ᠭᠦᠨᠵᠡᠭᠡᠢ ᠲᠠᠢᠯᠪᠤᠷᠢᠯᠠᠯᠲᠠ ᠵᠢᠴᠢ ᠦᠨᠡᠨ ᠪᠣᠳᠠᠲᠠᠢ ᠪᠠᠷᠢᠮᠲᠠᠯᠠᠯ᠎ᠢᠶᠠᠷ᠎ᠢᠶᠠᠨ ᠭᠡᠷᠡᠯ ᠵᠢᠷᠤᠭ᠎ᠤᠨ ᠤᠷᠠᠯᠢᠭ᠎ᠤᠨ ᠬᠦᠷᠢᠶᠡᠨ᠎ᠳᠦ ᠥᠪᠡᠷᠮᠢᠴᠡ ᠣᠨᠴᠠᠯᠢᠭ ᠵᠢᠡᠷ ᠵᠢᠡᠨ ᠭᠠᠡᠭᠭᠠᠷᠠᠨ᠎ᠠ ᠃ ᠲᠡᠭᠦᠨ᠎ᠦ ᠪᠦᠲᠦᠭᠡᠯ ᠨᠢ ᠪᠢᠳᠡᠨ᠎ᠳᠦ ᠳᠡᠯᠡᠬᠡᠶ᠎ᠶ᠋ᠢᠨ ᠰᠦᠷᠯᠢᠭ ᠰᠠᠢᠬᠠᠨ ᠪᠠ ᠭᠠᠢᠬᠠᠮᠱᠢᠭ᠎ᠢ ᠦᠵᠡᠭᠦᠯᠵᠦ᠍ ᠂ ᠲᠡᠦᠬᠡ᠎ᠶ᠋ᠢᠨ ᠭᠦᠨ ᠵᠤᠵᠠᠭᠠᠨ ᠰᠣᠶᠣᠯ᠎ᠢ ᠮᠡᠳᠡᠷᠡᠭᠦᠯᠪᠡ᠃ ᠲᠡᠭᠦᠨ ᠤ᠋ ᠤᠭᠳᠠᠷᠭᠤᠢ ᠡᠴᠡ ᠰᠡᠬᠦᠳᠡᠷᠯᠡᠭᠰᠡᠨ ᠬᠡᠷᠡᠯ ᠵᠢᠷᠤᠭ ᠤ᠋ᠨ ᠤᠷᠠᠯᠢᠭ ᠤ᠋ᠨ ᠠᠮᠵᠢᠯᠲᠠ ᠪᠦᠲᠦᠮᠵᠢ ᠨᠢ ᠳᠤᠮᠳᠠᠳᠤ ᠤᠯᠤᠰ ᠤ᠋ᠨ ᠬᠡᠷᠡᠯ ᠵᠢᠷᠤᠭ ᠤ᠋ᠨ ᠲᠤᠰᠭᠠᠶ ᠮᠡᠷᠭᠡᠵᠢᠯᠲᠡᠨ ᠤ᠋ ᠳᠡᠭᠡᠳᠦ ᠬᠡᠮᠵᠢᠶᠡᠨ ᠤ᠋ ᠨᠤᠳᠠᠯᠠᠯᠳᠠ ᠵᠢ ᠣᠯᠵᠤ ᠂ ᠳᠤᠮᠳᠠᠳᠤ ᠤᠯᠤᠰ ᠤ᠋ᠨ ᠬᠡᠷᠡᠯ ᠵᠢᠷᠤᠭ ᠤ᠋ᠨ ᠬᠠᠮᠤᠭ ᠤ᠋ᠨ ᠲᠡᠭᠡᠳᠤ ᠱᠠᠩᠨᠠᠯ ᠢ᠋ ᠲᠤᠰᠴᠤ᠂ ᠥᠪᠥᠷ ᠮᠣᠩᠭᠣᠯ ᠳ᠋ᠦ ᠢᠷᠠᠭᠤ ᠠᠯᠳᠠᠷ ᠨᠡᠮᠡᠷᠢᠯᠡᠪᠡ᠃

— ᠶᠠᠮᠠᠷ ᠰᠦᠷᠯᠢᠭ ᠰᠠᠢᠬᠠᠨ ᠪᠤᠢ!

ᠡᠨᠡ ᠪᠤᠯ ᠨᠣᠮᠢᠨ·ᠾᠧ ᠵᠢᠨ ᠭᠡᠷᠡᠯ ᠵᠢᠷᠤᠭ᠎ᠤᠨ ᠪᠦᠲᠦᠭᠡᠯ᠎ᠢ ᠰᠤᠨᠢᠷᠬᠠᠵᠤ ᠦᠡᠭᠭᠡᠷᠡᠭᠰᠡᠨ ᠬᠦᠮᠤᠰ᠎ᠤᠨ ᠠᠡᠭᠬᠠᠨ᠎ᠤ ᠲᠦᠷᠦᠭᠳᠡᠯ᠃ ᠨᠣᠮᠢᠨ·ᠾᠧ ᠵᠢᠨ ᠭᠡᠷᠡᠯ ᠵᠢᠷᠤᠭ᠎ᠤᠨ ᠪᠦᠲᠦᠭᠡᠯ᠎ᠢ ᠰᠤᠨᠢᠷᠬᠠᠬᠤ ᠨᠢ ᠶᠠᠭ ᠯᠡ  ᠬᠦᠭᠡ ᠤᠬᠳᠠᠷᠭᠤᠢ ᠪᠡᠷ ᠲᠡᠬᠦᠯᠢᠨ ᠠᠶᠠᠯᠠᠵᠤ ᠪᠠᠢᠭ᠎ᠠ ᠮᠡᠳᠤ ᠭᠠᠢᠬᠠᠯᠳᠠᠢ᠃

ᠨᠣᠮᠢᠨ·ᠾᠧ ᠵᠢᠨ ᠭᠡᠷᠡᠯ ᠵᠢᠷᠤᠭ᠎ᠤᠨ ᠪᠦᠲᠦᠭᠡᠯ᠎ᠳ᠋ᠤ ᠬᠠᠭᠤᠴᠢ ᠪᠠᠭᠤᠷᠢ᠂ ᠭᠤᠤᠯ ᠮᠦᠷᠡᠨ᠂ ᠬᠤᠳᠠ ᠬᠦᠳᠡᠭᠡ ᠵᠢᠨ ᠦᠵᠡᠮᠵᠢ ᠁ ᠬᠡᠬᠦ ᠵᠡᠷᠭᠡ ᠦᠵᠡᠰᠬᠦᠯᠡᠡᠭᠳᠤ ᠰᠠᠢᠬᠠᠨ ᠦᠪᠤᠷ ᠮᠤᠡᠭᠭᠤᠯ᠎ᠤᠨ ᠪᠠᠢᠭᠠᠯᠢ ᠨᠡᠢᠭᠡᠮ᠎ᠤᠨ ᠦᠡᠭᠭᠡ ᠦᠵᠡᠮᠵᠢ ᠵᠢᠨ ᠤᠯᠠᠨ ᠰᠢᠷᠢᠰ᠎ᠤᠯᠠᠨ ᠶᠠᠡᠭᠵᠤ ᠵᠢᠨ ᠪᠦᠳᠤᠭᠡᠯ ᠪᠠᠢᠳᠠᠭ᠃ ᠨᠣᠮᠢᠨ·ᠾᠧ ᠵᠢᠨ  ᠤᠭᠳᠠᠷᠭᠤᠢ ᠡᠴᠡ ᠬᠤᠷᠤᠮ ᠵᠠᠭᠤᠷ᠎ᠠ ᠵᠢᠨ  ᠦᠵᠡᠭᠳᠡᠯ᠎ᠢ  ᠵᠢᠷᠤᠬᠯᠠᠨ ᠰᠡᠬᠦᠳᠡᠷᠯᠡᠬᠦ ᠴᠢᠳᠠᠪᠤᠷᠢ ᠮᠠᠰᠢ ᠰᠠᠢᠨ᠂ ᠤᠯᠠᠨ ᠠᠷᠪᠢᠨ ᠰᠡᠳᠬᠢᠯ᠎ᠳᠤ ᠬᠤᠨᠤᠬᠰᠢᠬᠰᠠᠨ  ᠪᠦᠳᠤᠭᠡᠯ᠎ᠢ ᠲᠤᠭᠤᠷᠪᠢᠬᠰᠠᠨ᠂ ᠡᠬᠦᠨ᠎ᠤ ᠲᠤᠳᠤᠷ᠎ᠠ ᠬᠠᠭᠤᠴᠢ ᠪᠠᠭᠤᠷᠢ ᠵᠢ ᠤᠬᠳᠠᠷᠭᠤᠢ  ᠡᠴᠡ ᠰᠡᠭᠦᠳᠡᠷᠯᠡᠭ᠌ᠰᠡᠨ ᠰᠢᠷᠢᠰ ᠪᠦᠳᠤᠭᠡᠯ ᠵᠢᠡᠷ ᠵᠢᠡᠨ  ᠠᠷᠪᠠᠨ ᠲᠠᠪᠤᠳᠤᠭᠠᠷ ᠬᠤᠭᠤᠴᠠᠭᠠᠨ ᠤ᠋ ᠳᠤᠮᠳᠠᠳᠤ ᠤᠯᠤᠰ ᠤ᠋ᠨ ᠭᠡᠷᠡᠯ ᠵᠢᠷᠤᠭ ᠤ᠋ᠨ ᠤᠷᠠᠯᠢᠭ ᠤ᠋ᠨ ᠨᠠᠢᠷ ᠵᠢᠴᠢ ᠠᠷᠪᠠᠨ ᠲᠠᠪᠤᠳᠤᠭᠠᠷ ᠬᠤᠭᠤᠴᠠᠭᠠᠨ ᠤ᠋ ᠳᠤᠮᠳᠠᠳᠤ ᠤᠯᠤᠰ ᠤ᠋ᠨ ᠭᠡᠷᠡᠯ ᠵᠢᠷᠤᠭ ᠤ᠋ᠨ ᠠᠯᠲᠠᠨ ᠬᠥᠷᠥᠭ ᠱᠠᠩᠨᠠᠯ᠎ᠢ ᠭᠥᠷᠳᠡᠪᠠ᠃ 


QQ20260414-170437.png


ᠳᠤᠮᠳᠠᠳᠤ ᠤᠯᠤᠰ ᠤ᠋ᠨ ᠭᠡᠷᠡᠯ ᠵᠢᠷᠤᠭ ᠤ᠋ᠨ ᠠᠯᠲᠠᠨ ᠬᠥᠷᠥᠭ ᠱᠠᠩᠨᠠᠯ ᠪᠣᠯ ᠪᠦᠬᠦ᠌ ᠤᠯᠤᠰ ᠤ᠋ᠨ ᠴᠢᠨᠠᠷᠲᠠᠶ ᠭᠡᠷᠡᠯ ᠵᠢᠷᠤᠭ ᠤ᠋ᠨ ᠤᠷᠠᠯᠢᠭ ᠤ᠋ᠨ ᠬᠠᠮᠤᠭ ᠤ᠋ᠨ ᠳᠡᠭᠡᠳᠦ ᠱᠠᠩᠨᠠᠯ ᠪᠣᠯᠤᠨ᠎ᠠ᠃ ᠨᠣᠮᠢᠨ·ᠾᠧ 2005 ᠣᠨ ᠡᠴᠡ ᠡᠬᠢᠯᠡᠨ 20 ᠭᠠᠷᠤᠢ ᠵᠢᠯ ᠤ᠋ᠨ ᠲᠤᠷᠰᠢ ᠭᠠᠭ᠍ᠴᠠᠭᠠᠷ ᠢ᠋ᠶ᠋ᠠᠨ ᠨᠢᠰᠭᠡᠯ ᠵᠢᠯᠣᠭᠣᠳᠤᠨ ᠤᠭᠳᠠᠷᠭᠤᠢ ᠡᠴᠡ ᠰᠡᠬᠦᠳᠡᠷ ᠳᠠᠳᠠᠵᠦ᠂ ᠭᠡᠷᠡᠯ ᠵᠢᠷᠤᠭ ᠢ᠋ᠶ᠋ᠡᠷ ᠡᠬᠡ ᠤᠯᠤᠰ ᠤ᠋ᠨ ᠤᠮᠠᠷᠠᠲᠤ ᠬᠢᠯᠢ ᠶ᠋ᠢᠨ ᠡᠬᠡ ᠭᠠᠵᠠᠷ ᠢ᠋ ᠵᠢᠷᠤᠭᠯᠠᠬᠰᠠᠭᠠᠷ ᠢᠷᠡᠵᠡᠢ᠃ ᠲᠤᠰ ᠤᠳᠠᠭ᠎ᠠ ᠱᠠᠩᠨᠠᠯ ᠲᠤᠰᠤᠭᠰᠠᠨ 《ᠡᠬᠡ ᠭᠠᠵᠠᠷ ᠤ᠋ᠨ ᠥᠪ》 ᠰᠢᠷᠢᠰ ᠭᠡᠷᠡᠯ ᠵᠢᠷᠤᠭ ᠲᠦ᠍ᠨᠢ ᠳᠡᠯᠡᠬᠡᠢ ᠶ᠋ᠢᠨ ᠰᠤᠶᠤᠯ ᠤ᠋ᠨ ᠥᠪ᠎ᠪᠤᠯᠬᠤ ᠶᠤᠸᠠᠨ ᠤ᠋ ᠳᠡᠭᠡᠳᠦ ᠨᠡᠢᠰᠯᠡᠯ ᠤ᠋ᠨ ᠪᠠᠭᠤᠷᠢ᠂ ᠮᠢᠩ ᠤᠯᠤᠰ ᠤ᠋ᠨ ᠤᠷᠳᠤ ᠴᠠᠭᠠᠨ ᠬᠡᠷᠡᠮ ᠤ᠋ᠨ ᠴᠤᠨᠵᠢ᠂ ᠴᠠᠭᠠᠨᠬᠤᠳᠠ ᠶ᠋ᠢᠨ ᠪᠠᠭᠤᠷᠢ᠂ ᠬᠠᠷ᠎ᠠ ᠬᠤᠳᠠ᠂ ᠤᠯᠠᠨ ᠰᠦᠮ᠎ᠠ ᠶ᠋ᠢᠨ ᠪᠠᠭᠤᠷᠢ᠂ ᠪᠣᠭᠣᠮᠲᠠ ᠶ᠋ᠢᠨ ᠭᠠᠳᠠᠨᠠᠬᠢ ᠤᠷᠲᠦ ᠴᠠᠭᠠᠨ ᠬᠡᠷᠡᠮ᠂ ᠱᠦᠷᠬᠡᠢ ᠴᠠᠢᠵᠠ ᠵᠡᠷᠭᠡ 50 ᠡᠷᠲᠡᠨ ᠤ᠋ ᠪᠠᠭᠤᠷᠢ ᠶ᠋ᠢᠨ ᠵᠢᠷᠤᠭ ᠪᠠᠭᠳᠠᠵᠦ᠂ ᠦᠪᠦᠷ ᠮᠤᠩᠭᠤᠯ᠎ᠤᠨ ᠬᠠᠭᠤᠴᠢ ᠪᠠᠭᠤᠷᠢ ᠪᠠ ᠠᠭᠤᠯᠠ ᠤᠰᠤ ᠵᠢ ᠴᠣ ᠱᠢᠨ᠎ᠡ ᠬᠠᠷᠠᠭᠠᠰᠤ ᠡᠴᠡ ᠬᠦᠮᠦᠰ ᠲᠦ᠍ ᠲᠡᠯᠭᠡᠨ ᠦᠵᠡᠬᠦᠯᠵᠡᠢ᠃ ᠱᠢᠯᠭᠠᠷᠠᠭᠤᠯᠬᠤ ᠺᠣᠮᠢᠰ ᠡᠴᠡ᠄ 《ᠲᠤᠮᠤ ᠭᠡᠷᠡᠯ ᠵᠢᠷᠤᠭ ᠤ᠋ᠨ ᠮᠠᠱᠢᠨ ᠳ᠋ᠦ ᠵᠢᠭᠦᠷ ᠤᠷᠭᠤᠭᠤᠯᠵᠤ᠂ ᠣᠨᠴᠠᠭᠠᠢ ᠰᠡᠭᠦᠳᠡᠷᠯᠡᠬᠦ᠌ ᠠᠷᠭ᠎ᠠ ᠪᠠᠷ ᠭᠡᠷᠡᠯ ᠵᠢᠷᠤᠭ ᠤ᠋ᠨ ᠰᠣᠶᠣᠯ ᠢ᠋ ᠴᠣ ᠱᠢᠨ᠎ᠡ ᠦᠨᠳᠦᠷᠴᠡ ᠳ᠋ᠤ ᠬᠦᠷᠭᠡᠪᠠ》 ᠭᠡᠵᠦ ᠨᠣᠮᠢᠨ·ᠾᠧ ᠵᠢᠨ ᠪᠦᠳᠦᠭᠡᠯ ᠢ᠋ ᠦᠨᠳᠤᠷ ᠦᠨᠡᠯᠡᠭᠰᠡᠨ ᠪᠠᠢᠨ᠎ᠠ᠃

ᠭᠡᠷᠡᠯ ᠵᠢᠷᠤᠭ᠎ᠤᠨ ᠤᠷᠠᠯᠢᠭ᠎ᠤᠨ ᠥᠷᠭᠡᠨ ᠬᠦᠷᠢᠶ᠎ᠠ ᠴᠠᠷᠠᠭᠠᠨ᠎ᠳᠤ᠂ ᠨᠣᠮᠢᠨ·ᠾᠧ  ᠥᠪᠡᠷᠮᠢᠴᠡ ᠵᠣᠬᠢᠶᠠᠨ ᠪᠦᠲᠦᠭᠡᠯᠭᠡ᠎ᠶ᠋ᠢᠨ ᠬᠠᠷᠠᠭᠠᠰᠤ ᠪᠠ ᠭᠦᠨ ᠵᠤᠵᠠᠭᠠᠨ ᠤᠷᠠᠯᠢᠭ᠎ᠤᠨ ᠡᠬᠦᠳᠤᠨ ᠪᠦᠳᠤᠭᠡᠯᠳᠡ ᠪᠡᠷ ᠵᠢᠡᠨ ᠤᠯᠠᠨ᠎ᠤ ᠲᠤᠮᠳᠠ ᠪᠡᠨ ᠬᠢᠯᠠᠷᠠᠭᠤᠯᠵᠤ ᠶᠠᠪᠤᠭᠰᠠᠨ ᠨᠢᠭᠡᠨ᠃ ᠲᠡᠷᠡ ᠪᠡᠷ ᠬᠦᠬᠡ ᠲᠡᠭᠷᠢ᠂ ᠬᠦᠷᠤᠰᠤᠳᠤ ᠲᠡᠯᠡᠬᠡᠢ ᠵᠢᠨ ᠬᠤᠭᠤᠷᠤᠨᠳᠤ ᠨᠢᠰᠭᠡᠯ ᠵᠢᠡᠨ ᠵᠢᠯᠤᠭᠤᠳᠤᠨ᠂ ᠬᠡᠷᠡᠯ ᠵᠢᠷᠤᠭ᠎ᠤᠨ ᠮᠠᠰᠢᠨ ᠵᠢᠡᠨ ᠪᠠᠷᠢᠵᠤ ᠤᠯᠠᠨ ᠰᠠᠢᠬᠠᠨ ᠬᠤᠪᠤᠷ ᠴᠤᠬᠠᠭ ᠬᠡᠷᠡᠯ ᠵᠢᠷᠤᠭ᠎ᠤᠨ ᠪᠦᠳᠤᠭᠡᠯ᠎ᠢ ᠰᠡᠬᠦᠳᠡᠷᠯᠡᠨ ᠦᠯᠡᠳᠡᠭᠡᠭᠰᠡᠨ ᠪᠢᠯᠡ᠃ ᠲᠡᠬᠦᠨ᠎ᠤ ᠪᠦᠲᠦᠭᠡᠯ ᠨᠢᠭᠡᠪᠦᠷᠢ ᠨᠢ ᠴᠥᠮ ᠳᠡᠯᠡᠬᠡᠢ ᠳ᠋ᠠᠬᠢᠨ᠎ᠳᠤ ᠬᠠᠨᠳᠤᠭᠤᠯᠤᠭ᠍ᠰᠠᠨ ᠭᠦᠨᠵᠡᠭᠡᠢ ᠠᠵᠢᠭ᠍ᠯᠠᠯᠲᠠ ᠪᠠ ᠬᠢᠵᠠᠭᠠᠯᠠᠰᠢ ᠦᠭᠡᠢ ᠬᠠᠢᠷ᠎ᠠ ᠰᠡᠳᠬᠢᠯᠭᠡ ᠵᠢ ᠠᠴᠢᠶᠠᠯᠠᠵᠤ ᠪᠤᠢ᠃

ᠨᠣᠮᠢᠨ·ᠾᠧ ᠵᠢᠨ  ᠬᠡᠷᠡᠯ ᠵᠢᠷᠤᠭ᠎ᠤᠨ ᠪᠦᠲᠦᠭᠡᠯ᠎ᠦᠨ ᠬᠠᠮᠤᠭ᠎ᠤᠨ ᠢᠯᠡ ᠲᠣᠳᠣ ᠣᠨᠴᠠᠯᠢᠭ ᠪᠣᠯ ᠤᠭᠳᠠᠷᠭᠤᠢ᠎ᠠᠴᠠ ᠰᠡᠭᠦᠳᠡᠷᠯᠡᠭ᠌ᠰᠡᠨ ᠬᠠᠷᠠᠭᠠᠨ ᠰᠡᠷᠡᠯ᠎ᠤᠨ ᠭᠠᠢᠬᠠᠮᠱᠢᠭ ᠶᠤᠮ᠃ ᠲᠡᠭᠦᠨ᠎ᠦ ᠰᠡᠭᠦᠳᠡᠷᠯᠡᠭ᠌ᠰᠡᠨ《ᠲᠠᠯ᠎ᠠ ᠨᠤᠲᠤᠭ᠎ᠤᠨ ᠰᠤᠳᠠᠰᠤ》 ᠱᠢᠷᠢᠰ ᠪᠦᠲᠦᠭᠡᠯ᠎ᠤᠨ ᠨᠢᠭᠡ《ᠤᠭᠠᠯᠵᠠᠨ ᠮᠡᠷᠭᠡᠯ》 ᠎ᠳ᠋ᠤ᠂  ᠬᠠᠷᠠᠭ᠎ᠠ ᠠᠯᠳᠠᠮ᠎ᠠ ᠦᠷᠭᠡᠨ ᠲᠠᠯ᠎ᠠ᠂  ᠲᠠᠪᠠᠳᠠᠢ ᠢᠳᠡᠰᠢᠯᠡᠬᠦ ᠮᠠᠯ ᠰᠦᠷᠦᠭ᠂ ᠲᠠᠬᠢᠷᠯᠠᠨ ᠮᠤᠷᠤᠯᠵᠠᠬᠤ ᠮᠡᠷᠭᠡᠯ᠎ᠤᠨ ᠤᠷᠤᠰᠬᠠᠯ ᠨᠢ ᠠᠵᠠ ᠵᠢᠨ ᠴᠡᠡᠭᠭᠡᠷ ᠬᠠᠳᠠᠭ ᠰᠢᠤᠬᠠᠨ ᠠᠶᠠᠳᠠᠢ ᠰᠠᠢᠬᠠᠨ ᠬᠠᠷᠠᠬᠳᠠᠵᠤ᠂ ᠤᠰᠤᠨ ᠪᠤᠳᠤᠭ᠎ᠤᠨ ᠵᠢᠷᠤᠭ ᠰᠢᠬ ᠭᠤᠢᠳᠠ᠃  ᠡᠢᠮᠤᠷᠬᠦᠤ ᠥᠪᠡᠷᠮᠢᠴᠡ ᠬᠠᠷᠠᠭᠠᠰᠤ ᠨᠢ ᠦᠵᠡᠭ᠌ᠴᠢᠳ ᠲᠸ᠋ ᠮᠡᠷᠭᠡᠯ ᠭᠤᠤᠯ᠎ᠤᠨ ᠤᠶᠠᠨ ᠵᠥᠭᠡᠯᠡᠨ ᠪᠠ ᠲᠠᠯ᠎ᠠ ᠨᠤᠲᠤᠭ᠎ᠤᠨ ᠰᠦᠷᠯᠢᠭ ᠰᠠᠢᠬᠠᠨ᠎ᠢ ᠴᠤ᠋ ᠰᠢᠨ᠎ᠠ ᠪᠡᠷ ᠲᠠᠨᠢᠭᠤᠯᠵᠦ᠂ ᠮᠡᠷᠭᠡᠯ ᠭᠤᠤᠯ  ᠪᠣᠯᠤᠨ ᠲᠠᠯ᠎ᠠ ᠨᠤᠲᠤᠭ᠎ᠤᠨ ᠬᠣᠭᠣᠷᠣᠨᠳᠣᠬᠢ ᠡᠶ᠎ᠡ ᠵᠣᠬᠢᠴᠠᠯ᠎ᠲᠠᠶ᠎ᠪᠠᠷ ᠬᠠᠮᠲᠤ ᠣᠷᠣᠱᠢᠬᠰᠠᠨ ᠪᠦᠬᠦᠯᠢ ᠴᠣᠭ᠍ᠴᠠ᠎ᠶ᠋ᠢᠨ ᠬᠠᠷᠢᠴᠠᠭ᠎ᠠ᠎ᠶ᠋ᠢ ᠦᠵᠡᠭᠦᠯᠦᠭᠰᠡᠨ ᠪᠦᠭᠡᠳ ᠲᠠᠯ᠎ᠠ ᠨᠤᠳᠤᠭ᠎ᠤᠨ ᠰᠤᠶᠤᠯ᠎ᠤᠨ ᠭᠠᠢᠬᠠᠮᠰᠢᠭ᠎ᠢ ᠬᠠᠷᠠᠭᠤᠯᠵᠠᠢ ᠃ ᠨᠣᠮᠢᠨ·ᠾᠧ ᠤᠭᠳᠠᠷᠭᠤᠢ ᠡᠴᠡ  ᠰᠡᠭᠦᠳᠡᠷᠯᠡᠬᠦ᠌᠎ᠪᠡᠷ ᠳᠡᠮᠵᠢᠨ ᠂ ᠤᠯᠠᠮᠵᠢᠯᠠᠯᠲᠤ ᠬᠡᠷᠡᠯ ᠵᠢᠷᠤᠭ᠎ᠤᠨ ᠬᠠᠷᠠᠭᠠᠰᠤ᠎ᠶ᠋ᠢᠨ ᠬᠢᠵᠠᠭᠠᠷᠯᠠᠯ᠎ᠢ ᠡᠪᠳᠡᠵᠦ᠍ ᠂ ᠪᠢᠳᠡᠨ᠎ᠳᠦ ᠶᠢᠷᠲᠢᠨᠴᠦ᠍᠎ᠶ᠋ᠢ ᠲᠠᠨᠢᠬᠤ ᠱᠢᠨ᠎ᠡ ᠴᠣᠩᠬᠣ᠎ᠶ᠋ᠢ ᠨᠡᠭᠡᠭᠡᠵᠦ᠍᠂ ᠲᠡᠳᠡᠭᠡᠷ ᠡᠡᠭ᠎ᠤᠨ ᠦᠵᠡᠮᠵᠢ᠎ᠶ᠋ᠢ ᠤᠨᠳᠤᠤ ᠲᠠᠲᠠᠬᠤ ᠬᠦᠴᠦᠨ᠎ᠲᠡᠶ ᠪᠣᠯᠭᠠᠬᠰᠠᠨ ᠪᠦᠭᠡᠳ ᠥᠩᠭᠡ ᠪᠤᠳᠤᠭ ᠪᠣᠯᠤᠨ ᠬᠡᠷᠡᠯ ᠰᠡᠭᠦᠳᠡᠷ᠎ᠦᠨ ᠬᠡᠷᠡᠭ᠌ᠯᠡᠯᠲᠡ ᠵᠢ ᠮᠠᠰᠢ ᠠᠮᠢᠳᠤᠯᠢᠭ ᠲᠤᠬᠢᠷᠠᠭᠤᠯᠵᠤ᠂ ᠭᠡᠷᠡᠯ ᠵᠢᠷᠤᠭ᠎ᠤᠨ ᠲᠤᠷᠭᠠᠨ ᠬᠱᠠᠨ ᠵᠢᠡᠷ ᠬᠤᠷᠸ᠎ᠠ ᠵᠢ ᠤᠶᠠᠡᠭᠭᠠᠯᠠᠬᠤ ᠨᠣᠮᠢᠨ·ᠾᠧ ᠎ᠳ᠋ᠦ᠍ ᠯᠡ ᠪᠠᠢᠳᠠᠭ ᠦᠪᠡᠷᠮᠢᠴᠡ ᠮᠡᠷᠭᠡᠵᠢᠯ ᠰᠢᠩᠭᠡᠵᠡᠢ᠃

ᠨᠣᠮᠢᠨ·ᠾᠧ  ᠵᠢᠨ  ᠬᠡᠷᠡᠯ ᠵᠢᠷᠤᠭ᠎ᠤᠨ ᠪᠦᠲᠦᠭᠡᠯ᠎ᠦᠨ ᠰᠡᠳᠦᠪ ᠣᠯᠠᠨ ᠶᠠᠩᠵᠤ ᠪᠤᠯᠪᠠᠴᠤ ᠪᠠᠢᠭᠠᠯᠢ᠎ᠶ᠋ᠢᠨ ᠦᠵᠡᠮᠵᠢ ᠪᠠ ᠪᠠᠭᠤᠷᠢ ᠦᠯᠡᠳᠡᠭ᠌ᠳᠡᠯ ᠨᠢ ᠲᠡᠬᠦᠨ᠎ᠤ ᠰᠡᠬᠦᠳᠡᠷᠯᠡᠬᠦ  ᠬᠣᠶᠠᠷ ᠶᠡᠬᠡ ᠭᠤᠤᠯ ᠰᠡᠳᠦᠪ ᠪᠤᠯᠤᠨ᠎ᠠ᠃ ᠲᠡᠬᠦᠨ᠎ᠤ ᠰᠡᠬᠦᠳᠡᠷᠯᠡᠭᠰᠡᠨ  ᠪᠠᠢᠭᠠᠯᠢ᠎ᠶ᠋ᠢᠨ ᠦᠵᠡᠮᠵᠢ ᠎ᠳᠤ ᠡᠬᠡ ᠪᠠᠢᠭᠠᠯᠢ᠎ᠶ᠋ᠢ ᠪᠢᠱᠢᠷᠡᠨ ᠵᠢᠷᠦᠬᠡᠱᠢᠶᠡᠬᠦ᠌ ᠪᠠ ᠬᠠᠢᠷᠠᠯᠠᠬᠤ ᠰᠡᠳᠭᠢᠯᠭᠡ ᠪᠢᠯᠬᠠᠮ᠎ᠠ ᠪᠠᠢᠳᠠᠭ᠃ ᠵᠢᠱ᠌ᠢᠶᠠᠯᠠᠪᠠᠯ᠄《ᠠᠭᠤᠯᠠ ᠤᠰᠤᠨ᠎ᠤ ᠦᠡᠭᠭᠡ ᠦᠵᠡᠮᠵᠢ》 ᠱᠢᠷᠢᠰ᠎ᠪᠦᠳᠤᠭᠡᠯ᠎ᠳᠡᠬᠢ 《ᠶᠡᠬᠡ ᠬᠢᠩᠭᠠᠨ ᠳᠠᠪᠠᠭ᠎ᠠ》 ᠎ᠶ᠋ᠢᠨ ᠲᠤᠬᠠᠶ ᠬᠡᠷᠡᠯ ᠵᠢᠷᠤᠭ᠎ᠤᠨ ᠪᠦᠲᠦᠭᠡᠯ ᠨᠢ ᠬᠥᠮᠦᠰ᠎ᠤᠨ ᠰᠡᠳᠬᠢᠯ᠎ᠳᠤ ᠭᠦᠨ ᠰᠠᠭᠤᠭ᠍ᠳᠠᠯ ᠦᠯᠡᠳᠡᠭᠡᠵᠡᠶ᠃ ᠵᠢᠷᠤᠭ᠎ᠲᠤ᠂ ᠦᠷᠬᠦᠯᠵᠢᠯᠡᠨ ᠰᠦᠨᠳᠡᠷᠯᠡᠬᠦ ᠠᠭᠤᠯᠠ ᠨᠢᠷᠤᠭᠤᠳ᠂ ᠤᠢ ᠬᠦᠪᠴᠢ ᠂ ᠮᠠᠨᠠᠨ ᠬᠦᠳᠡᠡᠭ᠂ ᠡᠬᠦᠯᠡᠨ ᠴᠠᠭᠠᠨᠠᠬᠢ ᠮᠠᠨᠳᠤᠬᠤ ᠨᠠᠷᠠᠨ᠎ᠤ ᠲᠤᠶᠠᠭ᠎ᠠ ᠵᠢ ᠮᠠᠰᠢ ᠠᠮᠢᠳᠤᠯᠢᠭ ᠰᠡᠬᠦᠳᠡᠷᠯᠡᠵᠠᠢ᠃ ᠲᠤᠰ ᠵᠢᠷᠤᠭ ᠨᠢ ᠮᠡᠷᠭᠡᠵᠢᠯ᠎ᠤᠨ ᠲᠠᠯ᠎ᠠ ᠪᠡᠷ ᠰᠦᠷᠭᠡᠤ ᠬᠡᠷᠡᠯ᠎ᠤᠨ ᠭᠠᠢᠬᠠᠮᠰᠢᠬᠳᠤ ᠮᠡᠳᠡᠷᠡᠮᠵᠢ ᠵᠢ ᠡᠪᠯᠢᠭ ᠠᠰᠢᠬᠯᠠᠵᠤ᠂ ᠶᠡᠭᠡ ᠬᠢᠡᠭᠭᠠᠨ ᠲᠠᠪᠠᠭ᠎ᠠ ᠵᠢᠨ ᠵᠤᠨ᠎ᠤ ᠦᠷᠯᠤᠭᠡ ᠵᠢᠨ ᠠᠮᠢᠵᠢᠷᠠᠯ᠎ᠤᠨ ᠬᠦᠴᠦᠨ᠎ᠢ ᠲᠤᠳᠤᠷᠠᠭᠤᠯᠵᠠᠢ᠃ ᠬᠠᠭᠤᠴᠢ ᠪᠠᠭᠤᠷᠢ ᠵᠢ ᠰᠡᠬᠦᠳᠡᠷᠯᠡᠭᠰᠡᠨ ᠬᠡᠷᠡᠯ ᠵᠢᠷᠤᠭ᠎ᠤᠨ ᠪᠦᠳᠤᠭᠡᠯ᠎ᠳᠤ ᠴᠦ᠍ ᠠᠳᠠᠯᠢᠬᠠᠨ ᠭᠦᠨ ᠵᠤᠵᠠᠭᠠᠨ ᠬᠠᠢᠷ᠎ᠠ ᠰᠡᠳᠭᠢᠯᠭᠡ᠎ᠪᠡᠨ ᠰᠢᠡᠭᠭᠡᠭᠡᠵᠤ᠂  ᠶᠤᠸᠠᠨ᠎ᠤ ᠳᠡᠭᠡᠳᠦ ᠨᠡᠢᠰᠯᠡᠯ᠂ ᠮᠢᠩ ᠤᠯᠤᠰ᠎ᠤᠨ ᠤᠷᠳᠤ ᠴᠠᠭᠠᠨ ᠬᠡᠷᠡᠮ᠎ᠦᠨ ᠴᠤᠨᠵᠢ ᠵᠡᠷᠭᠡ ᠬᠠᠭᠤᠴᠢ ᠪᠠᠭᠤᠷᠢ᠎ᠳᠦ ᠠᠩᠬᠠᠷᠤᠯ᠎ᠢᠶᠠᠨ ᠲᠥᠪᠯᠡᠷᠡᠭᠦᠯᠵᠦ᠍᠂ ᠤᠭᠳᠠᠷᠭᠤᠢ᠎ᠠᠴᠠ ᠰᠡᠭᠦᠳᠡᠷᠯᠡᠬᠦ᠌᠎ᠪᠡᠷ ᠳᠠᠮᠵᠢᠨ ᠲᠠᠯ᠎ᠠ ᠨᠤᠳᠤᠭ᠎ᠤᠨ ᠪᠤᠯᠪᠠᠰᠤᠨ᠎ᠤ ᠲᠡᠤᠭᠡ ᠵᠢ ᠬᠦᠤᠷᠨᠢᠨ᠂ ᠲᠠᠯ᠎ᠠ ᠨᠤᠳᠤᠭ᠎ᠤᠨ ᠰᠤᠶᠤᠯ᠎ᠤᠨ ᠬᠦᠭᠵᠢᠯᠳᠡ ᠵᠢ ᠬᠠᠷᠠᠭᠤᠯᠵᠠᠢ ᠃ ᠬᠠᠭᠤᠴᠢ ᠪᠠᠭᠤᠷᠢ ᠪᠤᠯ ᠬᠦᠮᠤᠨ ᠲᠦᠷᠤᠯᠬᠢᠳᠠᠨ᠎ᠤ  ᠨᠡᠢᠭᠡᠮ᠂ ᠤᠯᠤᠰ ᠲᠦᠷᠤ᠂ ᠠᠵᠤ ᠠᠬᠤᠢ᠂ ᠰᠤᠶᠤᠯ᠂ ᠴᠡᠷᠢᠭ᠎ᠤᠨ ᠶᠠᠪᠤᠳᠠᠯ᠂ ᠱᠠᠰᠢᠨ ᠰᠤᠷᠳᠠᠬᠤᠨ ᠵᠡᠷᠭᠡ ᠤᠯᠠᠨ ᠲᠠᠯ᠎ᠠ᠎ᠳᠤ ᠬᠤᠯᠪᠤᠬᠳᠠᠬᠤ ᠲᠡᠤᠭᠡ ᠵᠢᠨ ᠢᠮ ᠲᠠᠮᠠᠭ᠎ᠠ ᠪᠤᠯᠤᠨ᠎ᠠ᠃《ᠶᠤᠸᠠᠨ᠎ᠤ ᠳᠡᠭᠡᠳᠦ ᠨᠡᠢᠰᠯᠡᠯ᠎ᠦᠨ ᠪᠠᠭᠤᠷᠢ 》 ᠵᠢᠷᠤᠭ ᠲᠸ᠋᠂ ᠠᠭᠤᠳᠠᠮ ᠴᠡᠯᠡᠭᠡᠷ ᠱᠠᠩᠳᠤ ᠵᠢᠨ ᠰᠢᠷ᠎ᠠ ᠲᠠᠯ᠎ᠠ᠎ᠳᠤ  ᠲᠡᠯᠡᠬᠡᠢ ᠵᠢᠨ ᠲᠦᠪ ᠪᠤᠯᠵᠦ ᠪᠠᠢᠭᠰᠠᠨ ᠶᠤᠸᠠᠨ᠎ᠤ ᠲᠡᠭᠡᠳᠤ ᠨᠡᠢᠰᠯᠡᠯ᠎ᠤᠨ ᠪᠠᠭᠤᠷᠢ ᠤᠯᠠᠷᠢᠬᠤ ᠤᠨ ᠴᠠᠭ᠎ᠢ ᠨᠠᠮᠵᠢᠭᠤᠨ ᠤᠬᠳᠤᠵᠤ᠂ ᠨᠤᠷᠠᠵᠤ ᠡᠪᠳᠡᠷᠡᠭᠰᠡᠨ ᠬᠡᠷᠡᠮ  ᠬᠠᠶᠠᠭ᠎ᠠ ᠨᠢ ᠥᠩᠭᠡᠷᠡᠭ᠌ᠰᠡᠨ᠎ᠦ ᠬᠡᠷᠡᠯ ᠰᠠᠴᠤᠷᠠᠩᠭᠤᠶ ᠪᠤᠯᠪᠠᠰᠤᠨ ᠲᠡᠦᠭᠡ ᠪᠡᠨ ᠬᠦᠦᠷᠨᠢᠨ᠎ᠡ᠃ ᠨᠣᠮᠢᠨ·ᠾᠧ ᠲᠤᠰ ᠵᠢᠷᠤᠭ᠎ᠢ ᠰᠡᠬᠦᠳᠡᠷᠯᠡᠬᠦ᠎ᠳᠤ ᠬᠡᠷᠡᠯ᠎ᠢ ᠤᠷᠠᠨ᠎ᠢᠶᠠᠷ ᠠᠱᠢᠭ᠍ᠯᠠᠵᠤ᠂ ᠪᠠᠭᠤᠷᠢ᠎ᠶ᠋ᠢᠨ ᠪᠣᠷᠣ ᠲᠥᠯᠥᠪ᠎ᠢ ᠬᠡᠷᠡᠯ ᠰᠡᠭᠦᠳᠡᠷ᠎ᠦᠨ ᠲᠤᠰᠭᠠᠯ ᠳᠤᠤᠷ᠎ᠠ ᠨᠠᠩ ᠲᠣᠳᠣᠷᠬᠠᠶ ᠪᠣᠯᠭᠠᠵᠤ᠂ ᠶᠠᠭ ᠯᠠ ᠲᠡᠦᠬᠡ᠎ᠶ᠋ᠢᠨ ᠲᠣᠭᠣᠰᠣ᠎ᠶ᠋ᠢ ᠭᠦᠪᠢᠭ᠌ᠰᠡᠨ ᠮᠡᠲᠦ᠂ ᠦᠵᠡᠭᠴᠢᠳ᠎ᠢ ᠴᠠᠭ ᠣᠷᠣᠨ ᠵᠠᠶ ᠵᠢᠨ ᠬᠦᠯᠢᠶᠡᠰᠤᠯᠡᠯ ᠡᠴᠡ ᠮᠤᠯᠳᠤᠷᠠᠭᠤᠯᠵᠤ᠂ ᠪᠤᠭᠤᠷᠤᠯ ᠲᠡᠤᠭᠡ ᠵᠢ ᠦᠢᠯᠠᠭᠠᠭᠤᠯᠵᠦ ᠴᠢᠳᠠᠪᠠ᠃ ᠲᠡᠭᠦᠨ᠎ᠦ ᠪᠦᠲᠦᠭᠡᠯ᠎ᠳᠦ᠂ ᠡᠭᠡ ᠪᠠᠢᠭᠠᠯᠢ ᠨᠢ ᠰᠣᠶᠣᠯ ᠢᠷᠭᠡᠨᠱᠢᠯ᠎ᠳᠡᠭᠡᠨ ᠲᠠᠪᠢᠰᠭᠡᠷ ᠦᠡᠭᠭᠡ ᠪᠤᠯᠵᠤ᠂ ᠰᠣᠶᠣᠯ ᠢᠷᠭᠡᠨᠱᠢᠯ ᠨᠢ ᠡᠭᠡ  ᠪᠠᠢᠭᠠᠯᠢ᠎ᠳᠠᠭᠠᠨ ᠰᠤᠶᠤᠯ ᠲᠡᠦᠬᠡ᠎ᠶ᠋ᠢᠨ ᠭᠦᠨ ᠵᠤᠵᠠᠭᠠᠨ ᠦᠪ ᠣᠯᠭᠣᠵᠤ᠂ ᠬᠣᠶᠠᠭᠤᠯᠠ᠎ᠪᠠᠨ ᠬᠠᠷᠢᠯᠴᠠᠨ ᠨᠥᠬᠥᠴᠡᠯᠳᠦᠵᠦ᠍᠂ ᠡᠬᠡ ᠭᠠᠵᠠᠷ᠎ᠤᠨ ᠬᠥᠭ᠌ᠵᠢᠮ᠎ᠢ ᠬᠠᠮᠲᠤ᠎ᠪᠠᠷ ᠬᠥᠭ᠌ᠵᠢᠮᠳᠡᠭ᠌ᠰᠡᠨ ᠪᠠᠢᠨ᠎ᠠ᠃

《ᠤᠬᠳᠠᠷᠭᠤᠢ᠎ᠠᠴᠠ ᠰᠡᠭᠦᠳᠡᠷᠯᠡᠬᠦ ᠨᠢ ᠦᠨᠡᠨ ᠪᠣᠳᠠᠲᠠᠶ ᠪᠦᠭᠡᠳ ᠰᠠᠢᠨ ᠰᠠᠢᠬᠠᠨ᠎ᠢ ᠢᠯᠡᠷᠡᠬᠦᠯᠤᠨ᠎ᠠ᠃》ᠡᠨᠡ ᠪᠣᠯ ᠨᠣᠮᠢᠨ·ᠾᠧ  ᠵᠢᠨ ᠢᠮᠠᠭ᠍ᠲᠠ ᠪᠠᠷᠢᠮᠲᠠᠯᠠᠭ᠍ᠰᠠᠭᠠᠷ ᠢᠷᠡᠭ᠌ᠰᠡᠨ ᠵᠣᠬᠢᠶᠠᠨ ᠪᠦᠲᠦᠭᠡᠬᠦ᠌ ᠣᠢᠯᠠᠭᠠᠭ᠍ᠳᠠᠬᠤᠨ ᠮᠥᠨ᠃  ᠬᠦᠮᠤᠰ ᠰᠢᠨ᠎ᠠ ᠮᠡᠷᠭᠡᠵᠢᠯ ᠵᠢᠡᠷ ᠬᠡᠷᠡᠯ ᠵᠢᠷᠤᠭ᠎ᠢ ᠵᠠᠰᠠᠨ ᠴᠢᠮᠡᠭᠯᠡᠬᠦ ᠪᠤᠯᠤᠬᠰᠠᠨ ᠤᠳᠤ ᠴᠠᠭ ᠲᠦ᠍ ᠨᠣᠮᠢᠨ·ᠾᠧ ᠮᠦᠨ ᠬᠦ᠌ ᠦᠪᠡᠷ᠎ᠤᠨ ᠬᠡᠷᠡᠯ ᠵᠢᠷᠤᠭ᠎ᠤᠨ ᠪᠦᠳᠤᠭᠡᠯ᠎ᠤᠨ ᠵᠢᠡᠨ ᠤᠤᠯ ᠬᠡᠪ ᠮᠠᠶᠢᠭ᠎ᠢ ᠬᠠᠳᠠᠭᠠᠯᠠᠬᠤ ᠪᠡᠨ ᠪᠠᠷᠢᠮᠳᠠᠯᠠᠬᠰᠠᠭᠠᠷ ᠃ ᠲᠡᠭᠦᠨ᠎ᠦ ᠦᠵᠡᠬᠦ᠌᠎ᠪᠡᠷ ᠂ ᠭᠡᠷᠡᠯ ᠵᠢᠷᠤᠭ᠎ᠤᠨ ᠮᠥᠨ ᠴᠢᠨᠠᠷ ᠪᠣᠯ ᠪᠣᠳᠠᠲᠤ ᠠᠬᠤᠶ᠎ᠳᠠᠬᠢ ᠦᠨᠡᠨᠴᠢ ᠲᠡᠮᠳᠡᠭ᠌ᠯᠡᠯ ᠮᠥᠨ ᠂ ᠭᠠᠭ᠍ᠴᠠ ᠬᠦ᠌ ᠦᠨᠡᠨ ᠪᠣᠳᠠᠲᠠᠶ ᠵᠢᠷᠤᠭ ᠳᠦᠷᠰᠦ ᠰᠠᠶᠢ ᠬᠠᠮᠤᠭ᠎ᠤᠨ ᠴᠢᠩ ᠦᠨᠡᠨᠴᠢ ᠰᠡᠳᠭᠢᠯᠭᠡ ᠪᠠ ᠬᠠᠮᠤᠭ᠎ᠤᠨ ᠭᠦᠨ ᠭᠦᠨᠵᠡᠭᠡᠶ ᠠᠭᠤᠯᠤᠭ᠍ᠳᠠᠬᠤᠨ᠎ᠢ ᠳᠠᠮᠵᠢᠭᠤᠯᠵᠤ ᠴᠢᠳᠠᠨ᠎ᠠ᠃ ᠲᠡᠭᠦᠨ᠎ᠦ 《ᠡᠬᠡ ᠭᠠᠵᠠᠷ᠎ᠤᠨ ᠥᠪ 》 ᠰᠢᠷᠢᠰ ᠬᠡᠷᠡᠯ ᠵᠢᠷᠤᠭ᠎ᠤᠨ ᠪᠦᠲᠦᠭᠡᠯ ᠨᠢᠭᠡᠪᠦᠷᠢ ᠨᠢ ᠴᠥᠮ ᠬᠠᠮᠤᠭ᠎ᠤᠨ ᠦᠨᠡᠨ ᠪᠣᠳᠠᠲᠠᠶ ᠳᠦᠷᠰᠦ ᠪᠠᠢᠳᠠᠯ᠎ᠢᠶᠠᠷ ᠢᠯᠡᠷᠡᠭ᠌ᠰᠡᠨ ᠶᠤᠮ᠃ ᠡᠷᠲᠡᠨ᠎ᠦ ᠬᠠᠳᠠᠨ ᠵᠢᠷᠤᠭ᠂ ᠠᠯᠢ ᠡᠰᠡᠬᠦᠯ᠎ᠠ  ᠡᠴᠢᠨ᠎ᠠ ᠨᠢᠭᠤᠴᠠᠬᠠᠢ ᠣᠪᠣᠭ᠎ᠠ ᠤᠷᠤᠳ ᠪᠦᠷ ᠲᠡᠭᠦᠨ᠎ᠦ  ᠬᠡᠷᠡᠯ ᠵᠢᠷᠤᠭ᠎ᠤᠨ ᠮᠠᠰᠢᠨ ᠵᠢᠡᠷ ᠲᠠᠮᠵᠢᠨ ᠤᠭ ᠳᠦᠷᠢ᠎ᠪᠡᠨ ᠬᠠᠳᠠᠭᠠᠯᠠᠵᠤ ᠦᠵᠡᠭᠴᠢᠳ ᠲᠠᠢ ᠵᠤᠯᠭᠠᠯ᠎ᠠ᠃ ᠡᠲᠡᠭᠡᠷ ᠪᠦᠲᠦᠭᠡᠯ ᠨᠢ ᠶᠠᠮᠠᠷ ᠴᠤ᠌ ᠰᠢᠨ᠎ᠠ ᠮᠡᠷᠭᠡᠵᠢᠯ᠎ᠤᠨ ᠴᠢᠮᠡᠭ᠌ᠯᠡᠯ᠎ᠢ ᠳᠠᠮᠵᠢᠭ᠍ᠰᠠᠨ ᠥᠬᠡᠶ ᠪᠣᠯᠪᠠᠴᠤ᠌ ᠪᠣᠷᠣᠭ᠍ᠵᠢᠭᠤᠨ ᠭᠤᠤ᠎ᠠ ᠪᠠ ᠬᠦᠴᠦᠷᠬᠡᠭ ᠶᠡᠬᠡ ᠨᠥᠯᠥᠭᠡᠯᠡᠬᠦ᠌ ᠬᠦᠴᠦᠨ᠎ᠲᠡᠶ᠃ ᠦᠵᠡᠭ᠌ᠴᠢᠳ ᠡᠳᠡᠭᠡᠷ ᠵᠢᠷᠤᠭ᠎ᠠᠴᠠ  ᠲᠡᠤᠭᠡ ᠵᠢᠨ ᠤᠯᠠ ᠮᠥᠷ᠂ ᠪᠠᠢᠭᠠᠯᠢ᠎ᠶ᠋ᠢᠨ ᠬᠦᠴᠦᠨ ᠵᠢᠴᠢ ᠰᠣᠶᠣᠯ᠎ᠤᠨ ᠤᠯᠠᠮᠵᠢᠯᠠᠯ᠎ᠢ ᠣᠯᠵᠤ ᠬᠠᠷᠠᠨ᠎ᠠ᠃ ᠡᠢᠮᠦᠷᠬᠦᠦ ᠦᠨᠡᠨ ᠪᠣᠳᠠᠲᠠᠶ ᠬᠥᠭᠡᠭᠡᠴᠡᠯᠳᠦᠯ ᠨᠢ ᠲᠡᠭᠦᠨ᠎ᠦ ᠤᠷᠠᠨ ᠪᠦᠲᠦᠭᠡᠯ᠎ᠢ ᠲᠤᠢᠯ᠎ᠤᠨ ᠥᠨᠳᠥᠷ ᠤᠷᠠᠯᠢᠭ᠎ᠤᠨ ᠦᠨ᠎ᠡ ᠥᠷᠲᠡᠭ ᠪᠠ ᠲᠡᠦᠬᠡ᠎ᠶ᠋ᠢᠨ ᠦᠨ᠎ᠡ ᠥᠷᠲᠡᠭ᠎ᠲᠡᠶ ᠪᠣᠯᠭᠠᠭ᠍ᠰᠠᠨ ᠶᠤᠮ᠃

ᠨᠣᠮᠢᠨ·ᠾᠧ ᠤᠭᠳᠠᠷᠭᠤᠢ᠎ᠠᠴᠠ ᠰᠡᠭᠦᠳᠡᠷᠯᠡᠬᠦ᠌ ᠬᠠᠷᠠᠭᠠᠰᠤ᠂ ᠪᠠᠢᠭᠠᠯᠢ ᠬᠥᠮᠦᠨ ᠰᠣᠶᠣᠯ᠎ᠤᠨ ᠲᠤᠬᠠᠢ ᠭᠦᠨᠵᠡᠭᠡᠢ ᠲᠠᠢᠯᠪᠤᠷᠢᠯᠠᠯᠲᠠ ᠵᠢᠴᠢ ᠦᠨᠡᠨ ᠪᠣᠳᠠᠲᠠᠢ ᠪᠠᠷᠢᠮᠲᠠᠯᠠᠯ᠎ᠢᠶᠠᠷ᠎ᠢᠶᠠᠨ ᠭᠡᠷᠡᠯ ᠵᠢᠷᠤᠭ᠎ᠤᠨ ᠤᠷᠠᠯᠢᠭ᠎ᠤᠨ ᠬᠦᠷᠢᠶᠡᠨ᠎ᠳᠦ ᠥᠪᠡᠷᠮᠢᠴᠡ ᠣᠨᠴᠠᠯᠢᠭ ᠵᠢᠡᠷ ᠵᠢᠡᠨ ᠭᠠᠡᠭᠭᠠᠷᠠᠨ᠎ᠠ᠃ ᠲᠡᠭᠦᠨ᠎ᠦ ᠪᠦᠲᠦᠭᠡᠯ ᠨᠢ ᠪᠢᠳᠡᠨ᠎ᠳᠦ ᠳᠡᠯᠡᠬᠡᠶ᠎ᠶ᠋ᠢᠨ ᠰᠦᠷᠯᠢᠭ ᠰᠠᠢᠬᠠᠨ ᠪᠠ ᠭᠠᠢᠬᠠᠮᠱᠢᠭ᠎ᠢ ᠦᠵᠡᠭᠦᠯᠵᠦ᠍᠂ ᠲᠡᠦᠬᠡ᠎ᠶ᠋ᠢᠨ ᠭᠦᠨ ᠵᠤᠵᠠᠭᠠᠨ ᠰᠣᠶᠣᠯ᠎ᠢ ᠮᠡᠳᠡᠷᠡᠭᠦᠯᠪᠡ᠃ ᠲᠡᠭᠦᠨ ᠤ᠋ ᠤᠭᠳᠠᠷᠭᠤᠢ ᠡᠴᠡ ᠰᠡᠬᠦᠳᠡᠷᠯᠡᠭᠰᠡᠨ ᠬᠡᠷᠡᠯ ᠵᠢᠷᠤᠭ ᠤ᠋ᠨ ᠤᠷᠠᠯᠢᠭ ᠤ᠋ᠨ ᠠᠮᠵᠢᠯᠲᠠ ᠪᠦᠲᠦᠮᠵᠢ ᠨᠢ ᠳᠤᠮᠳᠠᠳᠤ ᠤᠯᠤᠰ ᠤ᠋ᠨ ᠬᠡᠷᠡᠯ ᠵᠢᠷᠤᠭ ᠤ᠋ᠨ ᠲᠤᠰᠭᠠᠶ ᠮᠡᠷᠭᠡᠵᠢᠯᠲᠡᠨ ᠤ᠋ ᠳᠡᠭᠡᠳᠦ ᠬᠡᠮᠵᠢᠶᠡᠨ ᠤ᠋ ᠨᠤᠳᠠᠯᠠᠯᠳᠠ ᠵᠢ ᠣᠯᠵᠤ᠂ ᠳᠤᠮᠳᠠᠳᠤ ᠤᠯᠤᠰ ᠤ᠋ᠨ ᠬᠡᠷᠡᠯ ᠵᠢᠷᠤᠭ ᠤ᠋ᠨ ᠬᠠᠮᠤᠭ ᠤ᠋ᠨ ᠲᠡᠭᠡᠳᠤ ᠱᠠᠩᠨᠠᠯ ᠢ᠋ ᠲᠤᠰᠴᠤ᠂ ᠥᠪᠥᠷ ᠮᠣᠩᠭᠣᠯ ᠳ᠋ᠦ ᠢᠷᠠᠭᠤ ᠠᠯᠳᠠᠷ ᠨᠡᠮᠡᠷᠢᠯᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号