ᠤᠷᠢᠨ ᠴᠠᠭ᠎ᠤᠨ ᠬᠦᠬᠡᠬᠤᠳᠠ ᠮᠦᠱᠢᠶᠡᠵᠦ᠍ ᠪᠠᠢᠨ᠎ᠠ
ᠡᠭᠦᠯᠡᠰ᠎ᠢ ᠰᠡᠯᠢᠨ ᠱᠢᠪᠠᠭᠤ ᠪᠤᠰᠤ ᠰᠡᠳᠭᠢᠯ ᠮᠢᠨᠢ ᠨᠢᠰᠦᠭᠡᠳ ᠯᠡ ᠁
ᠤᠷᠤᠰᠭᠠᠯ ᠬᠠᠷᠠᠭ᠍ᠰᠠᠨ ᠨᠢᠳᠦ ᠮᠢᠨᠢ ᠪᠤᠴᠠᠯᠵᠤ ᠪᠠᠢᠨ᠎ᠠ
ᠤᠰᠤᠨ᠎ᠤ ᠬᠦᠨᠳᠤ ᠴᠢᠯᠠᠭᠤ ᠪᠢᠰᠢ ᠤᠳᠤᠳ ᠭᠡᠷᠡᠯᠳᠦᠭᠡᠳ ᠯᠡ ᠁
ᠳᠠᠯᠠᠨ ᠬᠠᠷ᠎ᠠ᠎ᠶ᠋ᠢᠨ ᠠᠯᠳᠠᠨ ᠬᠠᠷᠭᠠᠨ᠎ᠠ ᠨᠢᠳᠦᠯᠡᠵᠦ᠍ ᠪᠠᠢᠨ᠎ᠠ
ᠦᠷᠭᠡᠰᠦ᠎ᠨᠢ ᠬᠦᠷᠳᠡᠯ᠎ᠡ ᠬᠤᠩᠭᠤᠷ ᠪᠤᠳᠤᠯ᠎ᠢ ᠮᠢᠨᠢ ᠭᠡᠵᠢᠭᠡᠳᠡᠭᠡᠳ ᠯᠡ ᠁
ᠳᠠᠩᠴᠤ᠌ ᠵᠦᠭᠡᠯᠡᠨ ᠰᠠᠯᠬᠢ ᠬᠠᠴᠠᠷ᠎ᠢ ᠮᠢᠨᠢ ᠦᠨᠦᠰᠴᠦ᠍ ᠪᠠᠢᠨ᠎ᠠ
ᠡᠵᠡᠬᠦᠢ ᠪᠠᠢᠭ᠍ᠰᠠᠨ ᠬᠡᠨᠡᠨ ᠮᠡᠳᠡᠷᠡᠮᠵᠢ᠎ᠶ᠋ᠢ ᠦᠳᠦᠭᠡᠭᠡᠳ ᠯᠡ ᠁
ᠭᠤᠯᠭᠤᠢ ᠴᠡᠴᠡᠭ ᠭᠤᠷᠪᠠᠳᠤᠭᠠᠷ ᠰᠠᠷ᠎ᠠ᠎ᠳᠠᠭᠠᠨ ᠳᠡᠯᠭᠡᠷᠡᠵᠦ᠍ ᠪᠠᠢᠨ᠎ᠠ
ᠭᠠᠳᠠᠨ᠎ᠠ᠎ᠪᠠᠨ ᠦᠯᠦ᠍ ᠦᠵᠡᠭ᠌ᠳᠡᠭ᠌ᠴᠢ ᠮᠦᠷᠦᠭᠡᠳᠦᠯ ᠮᠢᠨᠢ ᠵᠢᠭᠦᠷᠯᠡᠭᠡᠳ ᠯᠡ ᠁
ᠮᠦᠩᠬᠦᠨ ᠰᠠᠷᠠᠨ᠎ᠤ ᠭᠡᠭᠡ ᠵᠡᠭᠦᠳᠦ᠍᠎ᠶ᠋ᠢ ᠮᠢᠨᠢ ᠠᠷᠭᠠᠳᠠᠵᠤ ᠪᠠᠢᠨ᠎ᠠ
ᠮᠦᠩᠭᠡ᠎ᠶ᠋ᠢᠨ ᠲᠡᠷᠡ ᠬᠦ᠌ ᠭᠱᠠᠨ ᠤᠷᠤᠭᠤ ᠦᠵᠦᠭ᠎ᠢᠶᠠᠨ ᠳᠦᠷᠦᠭᠡᠳ ᠯᠡ ᠁
ᠵᠢᠷᠦᠭᠡᠨ᠎ᠤ ᠠᠮᠠᠷᠠᠭ ᠮᠡᠲᠦ ᠡᠨᠡ ᠬᠦ᠌ ᠬᠤᠳᠠ ᠨᠠᠮᠠᠶ᠋ᠢ ᠬᠦᠬᠢᠬᠡᠵᠦ᠍ ᠯᠡ ᠪᠠᠢᠨ᠎ᠠ
ᠵᠠᠭᠤ ᠮᠢᠩᠭᠠᠨ ᠠᠨᠢᠷ ᠴᠡᠴᠡᠭ᠌ᠯᠡᠨ ᠱᠢᠯᠦᠭ᠎ᠤᠨ ᠠᠶᠠᠯᠭᠤ ᠪᠤᠯᠵᠤ ᠠᠰᠭᠠᠷᠠᠭᠠᠳ ᠯᠡ᠁