ᠬᠠᠪᠤᠷ ᠴᠠᠭ ᠤ᠋ᠨ ᠤᠷᠢᠨ ᠠᠮᠢᠰᠬᠤᠭ᠎ᠠ
2026-04-15 11:19:15
ᠵᠣᠬᠢᠶᠠᠭ᠍ᠴᠢ᠄
ᠱᠠ᠊·ᠮᠡᠷᠭᠡᠨ
ᠣᠩᠱᠢᠭ᠍ᠰᠠᠨ ᠣᠳᠠᠭ᠎ᠠ᠄
★★★☆☆

ᠨᠡᠷᠡᠨ᠎ᠤ ᠪᠦᠯᠢᠶᠠᠨ ᠢᠯᠴᠢ

ᠨᠠᠷᠠᠨ ᠲᠠᠬᠢᠨᠢ ᠶ᠋ᠢᠨ ᠪᠦᠯᠢᠶᠠᠨ ᠢᠯᠴᠢ ᠪᠦᠮᠪᠦᠷᠴᠡᠭ ᠬᠤᠷᠸ᠎ᠠ ᠶ᠋ᠢ ᠦᠨᠦᠰᠤᠨ ᠪᠦᠬᠦᠢ ᠨᠢ ᠲᠤᠳᠤᠬᠠᠨ ᠮᠡᠲᠡᠷᠡᠭᠲᠡᠵᠤ᠂ ᠠᠭᠤᠯᠠᠰ ᠤ᠋ᠨ ᠤᠷᠬᠢᠯ ᠲᠤᠯᠠᠭᠠᠴᠠᠵᠤ᠂ ᠡᠬᠦᠯᠡᠰ ᠤ᠋ᠨ ᠰᠡᠵᠢᠬᠦᠷ  ᠪᠦᠯᠢᠶᠡᠴᠡᠭᠡᠳ᠂ ᠬᠠᠪᠤᠷ ᠬᠡᠮᠡᠬᠦ ᠤᠯᠠᠷᠢᠯ ᠤ᠋ᠨ ᠬᠠᠮᠤᠭ ᠦᠨᠡᠨ ᠢ᠋ ᠲᠡᠯᠭᠡᠨ ᠪᠠᠢᠭ᠎ᠠ ᠨᠢ ᠡᠨᠡ ᠠᠵᠤᠭᠤ᠃ ᠡᠷᠬᠢᠬᠦ ᠬᠤᠷᠸ᠎ᠠ ᠶ᠋ᠢᠨ ᠡᠬᠡᠯᠵᠢᠯᠡᠬᠦ ᠤᠯᠡᠷᠢᠯ ᠤ᠋ᠨ ᠤᠤᠭᠠᠨ ᠨᠠᠬᠢᠶ᠎ᠠ ᠨᠢ ᠬᠠᠪᠤᠷ ᠶᠤᠮ᠃ ᠡᠰᠡᠨᠢᠯ ᠪᠠᠲᠠᠷᠠᠯ ᠤ᠋ᠨ ᠡᠷᠭᠡ ᠬᠤᠩᠭᠤᠷ ᠨᠢ ᠬᠠᠪᠤᠷ ᠶᠤᠮ᠃ ᠡᠷᠡᠮᠡᠯᠵᠡᠯ ᠮᠦᠷᠦᠭᠡᠳᠤᠯ ᠤ᠋ᠨ ᠡᠯᠢᠭᠡ ᠵᠢᠷᠤᠭᠡ ᠨᠢ ᠬᠠᠪᠤᠷ ᠶᠤᠮ᠃ ᠡᠬᠢᠯᠡᠯ ᠡᠬᠦᠰᠤᠯ ᠤ᠋ᠨ ᠰᠦᠪᠡᠭᠴᠢ ᠰᠢᠮᠡᠲᠡᠰᠤ ᠨᠢ ᠬᠠᠪᠤᠷ ᠶᠤᠮ᠃ ᠠᠭᠠᠷ ᠤᠭᠲᠠᠷᠭᠤᠢ ᠪᠠ ᠠᠯᠲᠠᠨ ᠲᠡᠯᠡᠭᠡᠢ ᠶ᠋ᠢ ᠬᠤᠯᠪᠤᠵᠤ ᠴᠢᠲᠠᠭᠰᠠᠨ ᠴᠢᠭ᠍ᠲᠠᠭᠠᠰᠤ ᠶ᠋ᠢ ᠬᠠᠪᠤᠷ ᠬᠡᠮᠡᠨᠡᠮ᠃ ᠬᠠᠪᠤᠷ ᠴᠠᠭ ᠤ᠋ᠨ ᠦᠩᠭᠡ ᠶ᠋ᠢ ᠢᠯᠡᠷᠭᠡᠢᠯᠡᠭᠰᠡᠨ ᠬᠡᠷᠡᠯᠳᠤ ᠨᠢᠭᠡᠨ ᠭᠱᠠᠨ ᠢ᠋ ᠬᠠᠩᠰᠢ ᠬᠡᠮᠡᠨᠡᠮ᠃ ᠨᠠᠷᠠᠨ᠎ᠤ ᠪᠦᠯᠢᠶᠠᠨ ᠢᠯᠴᠢ ᠶ᠋ᠢ ᠬᠤᠷᠮᠤᠢᠯᠠᠭᠰᠠᠭᠠᠷ ᠲᠡᠷᠨ ᠠᠢᠰᠤᠢ ᠃

ᠤᠰᠤᠨ᠎ᠤ ᠵᠦᠭᠡᠯᠡᠨ ᠠᠷ

ᠤᠷᠴᠢᠯᠠᠩ ᠤ᠋ᠨ ᠠᠮᠢ ᠠᠮᠢᠰᠬᠤᠭ᠎ᠠ ᠨᠢ ᠤᠰᠤᠨ ᠰᠢᠮ᠎ᠡ ᠪᠡᠷ ᠲᠡᠳᠬᠦᠭᠡᠰᠤᠲᠠᠢ᠃ ᠤᠭᠲᠠᠷᠭᠤᠢ ᠶ᠋ᠢᠨ ᠮᠠᠨᠲᠠᠯ ᠤ᠋ᠨ ᠤᠶᠠᠨ ᠰᠢᠪᠡᠨᠡᠭᠡ ᠶ᠋ᠢ ᠪᠤᠷᠤᠭᠠᠨ ᠲᠡᠭᠡᠭᠡᠭᠡᠳ ᠭᠠᠵᠠᠷ ᠲᠤ᠌ ᠪᠠᠭᠤᠲᠠᠭ᠃ ᠰᠢᠪᠡᠷᠡᠭᠡ ᠪᠤᠷᠤᠭᠠᠨ ᠨᠢ ᠬᠦᠷᠦᠰᠤᠨ᠎ᠤ ᠦᠩᠭᠡᠨ ᠳ᠋ᠤ᠌ ᠲᠤᠭᠲᠠᠵᠤ᠂ ᠰᠢᠷᠦᠬᠦᠨ ᠪᠤᠷᠤᠭᠠᠨ ᠨᠢ ᠠᠭᠤᠯᠠᠰ ᠤ᠋ᠨ ᠵᠠᠪᠢ ᠳ᠋ᠤ᠌ ᠲᠤᠨᠵᠤ᠂ ᠵᠦᠰᠡᠷ ᠪᠤᠷᠤᠭᠠᠨ ᠨᠢ ᠰᠢᠭᠤᠢ ᠳ᠋ᠤ᠌ ᠱᠤᠤᠬᠢᠶᠠᠨ ᠨᠡᠮᠡᠭᠡᠳ᠂ ᠲᠤᠭ᠍ᠰᠢᠨ ᠪᠤᠷᠤᠭᠠᠨ ᠨᠢ ᠭᠤᠤᠯ ᠳ᠋ᠤ᠌ ᠲᠤᠯᠬᠢᠶᠠᠨ ᠬᠠᠶᠠᠯᠠᠭᠤᠯᠲᠠᠭ᠃ ᠤᠰᠤᠨ᠎ᠤ ᠵᠦᠭᠡᠯᠡᠨ ᠠᠷ᠂ ᠤᠷᠴᠢᠯᠠᠩ ᠤ᠋ᠨ ᠤᠶᠠᠨ ᠠᠮᠢᠰᠬᠤᠭ᠎ᠠ᠂ ᠮᠦᠴᠢᠷ ᠤ᠋ᠨ ᠰᠤᠨᠢᠶᠠᠬᠤ ᠬᠤᠷᠤᠮ᠂ ᠨᠠᠪᠴᠢᠰ ᠤ᠋ᠨ ᠰᠢᠪᠡᠨᠡᠬᠦ ᠬᠤᠷᠤᠮ᠂ ᠴᠡᠴᠡᠭᠡᠰ ᠤ᠋ᠨ ᠪᠠᠳᠮᠠᠯᠠᠬᠤ ᠴᠠᠭ ᠢ᠋ ᠤᠰᠤᠨ᠎ᠤ ᠠᠷ ᠵᠡᠬᠦᠳᠤᠨ ᠳ᠋ᠡᠭᠡᠨ ᠲᠡᠮᠲᠡᠷᠢᠵᠤ ᠰᠡᠷᠢᠲᠡᠭ᠃ ᠤᠷᠴᠢᠯᠠᠩ ᠤ᠋ᠨ ᠨᠤᠮᠢᠨ ᠡᠷᠲᠡᠨᠢᠰ ᠢ᠋ ᠬᠢᠯᠠᠯᠵᠠᠭᠤᠯᠬᠤ ᠬᠡᠮᠡᠨ ᠤᠰᠤᠨ᠎ᠤ ᠤᠶᠠᠬᠠᠨ ᠦᠶᠡᠯᠵᠡᠭᠡ ᠶ᠋ᠢ ᠬᠠᠪᠤᠷ ᠤ᠋ᠨ ᠠᠮᠢᠰᠬᠤᠯ ᠲᠦᠷᠢᠭᠡᠳ ᠠᠢᠰᠤᠢ᠃

 ᠰᠠᠯᠬᠢᠨ ᠤ᠋ ᠬᠦᠩᠭᠡᠨ ᠢᠯᠪᠢᠯᠲᠡ

ᠤᠰᠤ ᠬᠦᠷᠦᠰᠤ ᠶ᠋ᠢ ᠤᠴᠠᠷᠠᠭᠤᠯᠬᠤ ᠬᠡᠮᠡᠨ ᠰᠠᠯᠬᠢᠨ ᠦᠬᠦᠢ ᠶᠠᠭᠠᠷᠠᠨᠠᠮ᠃ ᠪᠤᠷᠤᠭ᠎ᠠ ᠪᠤᠯᠤᠨ ᠬᠤᠪᠢᠷᠠᠬᠤ ᠳ᠋ᠣᠨᠢ ᠪᠤᠲᠠᠨ᠎ᠤ ᠨᠦᠮᠦᠷᠢ ᠳ᠋ᠤ᠌ ᠬᠦᠷᠭᠡᠨ᠎ᠡ᠃ ᠮᠡᠨᠡᠨ ᠪᠤᠯᠤᠨ ᠲᠡᠭᠲᠡᠬᠦ ᠳ᠋ᠤ᠌ ᠰᠢᠭᠤᠢ ᠶ᠋ᠢ ᠪᠦᠷᠬᠦᠬᠦᠯᠦᠨ᠂ ᠬᠦᠲᠡᠩ ᠪᠤᠯᠤᠨ ᠲᠠᠲᠠᠬᠤ ᠳ᠋ᠠᠭᠠᠨ ᠬᠦᠭᠡ ᠠᠭᠤᠯᠠᠰ ᠢ᠋ᠶ᠋ᠡᠨ ᠪᠠᠭᠯᠠᠨᠠᠮ᠃ ᠰᠠᠯᠬᠢᠨ᠎ᠤ ᠵᠦᠭᠡᠯᠡᠨ ᠭᠠᠷ ᠰᠠᠨᠠᠯ ᠬᠠᠢᠷ᠎ᠠ ᠲᠠᠢ ᠲᠡᠷᠨ ᠪᠦᠬᠦᠨ ᠢ᠋ᠶ᠋ᠡᠨ ᠢᠯᠪᠢᠨ᠎ᠡ᠃ ᠽᠠᠮᠪᠦᠯᠢᠩ ᠤ᠋ᠨ ᠰᠠᠢᠨ ᠪᠠ ᠰᠠᠭᠠᠷ ᠢ᠋ ᠢᠯᠭᠠᠯ ᠦᠭᠡᠢ ᠪᠡᠷ ᠡᠩᠬᠦᠷᠡᠢᠯᠡᠨ᠎ᠡ᠃ ᠰᠠᠪᠠ ᠶᠢᠷᠲᠢᠨᠴᠤ ᠶ᠋ᠢᠨ ᠠᠮᠢᠲᠠᠨ ᠭᠤᠤᠯᠲᠡᠨ ᠪᠦᠬᠦᠨ ᠳ᠋ᠤ᠌ ᠠᠮᠢᠰᠬᠤᠭ᠎ᠠ ᠠᠭᠤᠵᠢᠮᠲᠠᠬᠤ ᠶ᠋ᠢᠨ ᠰᠡᠯᠡᠬᠦᠭᠡᠨ ᠮᠡᠲᠡᠷᠡᠮᠵᠢ ᠶ᠋ᠢ ᠬᠠᠢᠷᠠᠯᠠᠨ᠎ᠠ᠃ ᠤᠷᠤᠰᠤᠭᠠᠳ ᠪᠠᠢᠲᠠᠭ ᠠᠭᠠᠷ ᠪᠤᠯ ᠰᠠᠯᠬᠢ ᠶᠤᠮ᠃ ᠤᠨᠳᠤᠷᠤᠭᠠᠳ ᠪᠠᠢᠲᠠᠭ ᠬᠦᠰᠡᠯ ᠪᠤᠯ ᠰᠡᠯᠬᠢ ᠶᠤᠮ᠃ ᠴᠡᠴᠡᠭᠡᠰ ᠪᠠ ᠵᠦᠭᠡᠢ ᠬᠤᠶᠠᠭᠤᠯᠨ ᠰᠠᠯᠬᠢᠨ᠎ᠤ ᠦᠭᠡ ᠶ᠋ᠢ ᠲᠤᠭᠤᠯᠤᠭᠠᠳ ᠪᠡᠯᠳᠤ ᠴᠠᠭ ᠢ᠋ ᠮᠡᠲᠡᠷᠡᠭᠰᠡᠨ ᠶᠤᠮ᠃ ᠰᠢᠪᠠᠭᠤ ᠪᠠ ᠬᠠᠪᠤᠷ ᠬᠤᠶᠠᠭᠤᠯᠨ ᠰᠠᠯᠬᠢᠨ᠎ᠤ ᠡᠷᠴᠢᠨ ᠲᠡᠭᠡᠷ᠎ᠡ ᠵᠢᠬᠦᠷ ᠤ᠋ᠨ ᠬᠦᠴᠤ᠂ ᠵᠢᠷᠤᠭᠡᠨ᠎ᠤ ᠬᠠᠢᠷ᠎ᠠ ᠶ᠋ᠢ ᠮᠡᠲᠡᠷᠡᠭᠰᠡᠨ ᠶᠤᠮ᠃ ᠰᠠᠯᠬᠢᠨ᠎ᠤ ᠬᠦᠩᠭᠡᠭᠡᠨ ᠢᠯᠪᠢᠯᠲᠡ ᠰᠠᠨᠠᠭ᠎ᠠ ᠲᠠᠭᠠᠭᠰᠠᠭᠠᠷ ᠠᠢᠰᠤᠢ᠃

ᠰᠠᠷᠠᠨ᠎ᠤ ᠮᠦᠯᠰᠤᠨ ᠲᠤᠶᠠᠭ᠎ᠠ

ᠰᠡᠷᠡᠨ ᠢ᠋ ᠴᠢᠩᠨᠠᠵᠤ᠂ ᠰᠡᠷᠡᠨ ᠢ᠋ ᠪᠠᠷᠠᠯᠠᠵᠤ᠂ ᠰᠡᠷᠡᠨ ᠢ᠋ ᠬᠦᠰᠡᠨ᠂ ᠰᠡᠷᠡᠨ ᠢ᠋ ᠰᠢᠯᠦᠭᠯᠡᠬᠦᠶ᠎ᠡ᠂ ᠴᠡᠴᠡᠭᠡᠰ ᠤ᠋ᠨ ᠵᠡᠬᠦᠳᠤ ᠶ᠋ᠢ ᠡᠬᠢᠯᠡᠨ ᠮᠠᠨᠠᠬᠤ ᠮᠡᠳᠤ᠂ ᠴᠢᠨᠲᠠᠭᠠᠨ ᠴᠠᠭᠠᠨ ᠴᠠᠰᠤᠨ ᠢ᠋ ᠮᠦᠷᠦᠭᠡᠳᠤᠯ ᠳ᠋ᠡᠭᠡᠨ ᠵᠢᠷᠤᠬᠤ ᠮᠡᠳᠤ᠃ ᠠᠭᠤᠯᠠᠰ ᠤ᠋ᠨ ᠰᠦᠷ ᠲᠦᠰᠢᠵᠤ ᠰᠡᠷᠡᠨ ᠤᠷᠭᠤᠭᠠᠳ᠂ ᠨᠠᠷᠠᠨ᠎ᠤ ᠦᠩᠭᠡ ᠶ᠋ᠢ ᠴᠡᠴᠡᠭ ᠤ᠋ᠨ ᠪᠤᠳᠤᠭ ᠪᠤᠯᠭᠠᠨ ᠬᠤᠪᠢᠷᠠᠭᠠᠬᠤ ᠬᠡᠮᠡᠨ ᠵᠢᠳᠬᠦᠵᠤ ᠪᠤᠢ᠃ ᠤᠰᠤᠨ᠎ᠤ ᠰᠢᠮ᠎ᠡ ᠶ᠋ᠢ ᠤᠤᠭᠤᠵᠤ ᠰᠡᠷᠡᠨ ᠮᠠᠨᠳᠤᠭᠠᠳ᠂ ᠨᠠᠮᠤᠷ ᠤ᠋ᠨ ᠵᠢᠮᠢᠰ ᠤ᠋ᠨ ᠮᠦᠷᠦᠭᠡᠳᠤᠯ ᠢ᠋ ᠬᠠᠪᠤᠷ ᠤ᠋ᠨ ᠡᠪᠤᠷ ᠲᠤ᠌ ᠲᠠᠷᠢᠵᠤ ᠪᠤᠢ᠃ ᠵᠢᠷᠤᠭ᠎ᠠ ᠬᠠᠲᠠᠷᠢᠭ᠎ᠠ ᠨᠡᠷᠡᠨ᠎ᠤ ᠵᠢᠷᠪᠢᠰ ᠵᠢᠷᠪᠢᠰ ᠭᠡᠷᠡᠯ ᠢ᠋ ᠵᠢᠭᠡᠯᠡᠭᠡᠳ᠂ ᠬᠦᠩᠭᠡᠭᠡᠨ ᠨᠡᠬᠦᠬᠦ ᠰᠡᠷᠡᠨ᠎ᠤ ᠮᠦᠯᠰᠤᠨ ᠲᠤᠶᠠᠭ᠎ᠠ ᠪᠤᠯᠭᠠᠨ ᠲᠦᠭᠡᠭᠡᠭᠡᠳ᠂ ᠠᠭᠤᠲᠠᠮ ᠲᠡᠯᠡᠭᠡᠢ ᠶ᠋ᠢ ᠬᠦᠩᠭᠡᠭᠡᠨ ᠨᠤᠢᠷ ᠲᠤ᠌ ᠵᠢᠷᠭᠠᠭᠠᠬᠤ ᠬᠡᠮᠡᠨ ᠬᠠᠪᠤᠷ ᠤ᠋ᠨ ᠰᠦᠨᠢ ᠠᠢᠰᠤᠢ᠃ ᠰᠦᠨᠢ ᠪᠤᠯ ᠰᠡᠷᠡᠨ᠎ᠤ ᠡᠪᠤᠷ ᠡᠴᠨ ᠪᠦᠮᠪᠦᠷᠢᠭᠰᠡᠨ ᠤᠶᠠᠨ ᠰᠢᠪᠡᠨᠡᠭᠡ ᠶᠤᠮ᠃ ᠰᠦᠨᠢ ᠪᠤᠯ ᠰᠡᠷᠬᠤᠳ ᠮᠡᠳᠤ ᠰᠤᠭᠳᠤᠭᠠᠬᠤ ᠬᠦᠨ ᠤᠶᠠᠩᠭ᠎ᠠ ᠶᠤᠮ᠃ ᠰᠦᠨᠢ ᠪᠤᠯ ᠡᠳᠤᠷ ᠲᠠᠢ ᠦᠷᠢᠰᠴᠤ ᠤᠷᠭᠤᠭᠰᠠᠨ ᠢᠭᠡᠷ᠎ᠡ ᠨᠠᠪᠴᠢᠰ ᠶᠤᠮ᠃ ᠰᠦᠨᠢ ᠪᠤᠯ ᠦᠢᠯᠡᠳᠤ ᠤᠷᠴᠢᠯᠠᠩ ᠤ᠋ᠨ ᠭᠡᠭᠡᠨ ᠲᠠᠢ ᠬᠤᠤᠰᠯᠠᠵᠤ ᠲᠦᠷᠦᠭᠰᠡᠨ ᠵᠦᠢᠷᠡᠢ ᠲᠠᠯᠪᠢ ᠶᠤᠮ᠃

ᠰᠡᠳᠬᠢᠯ ᠤ᠋ᠨ ᠤᠶᠠᠨ ᠰᠢᠪᠡᠨᠡᠭᠡ

ᠬᠠᠪᠤᠷ ᠤ᠋ᠨ ᠡᠪᠤᠷ ᠲᠤ᠌ ᠬᠠᠩᠰᠢ ᠬᠡᠮᠡᠬᠦ ᠨᠢᠭᠡᠨ ᠠᠮᠢᠰᠬᠤᠭ᠎ᠠ ᠪᠤᠢ᠃ ᠤᠷᠭᠤᠬᠤ ᠶ᠋ᠢᠨ ᠴᠢᠮᠡᠭᠡ ᠶ᠋ᠢ ᠠᠨᠢᠷᠳᠤᠵᠤ᠂ ᠤᠷᠤᠰᠬᠤ ᠶ᠋ᠢᠨ ᠦᠨᠡᠨ ᠢ᠋ ᠴᠢᠮᠡᠭᠡᠯᠡᠵᠤ᠂ ᠦᠷᠨᠢᠬᠦ ᠶ᠋ᠢᠨ  ᠰᠠᠢᠬᠠᠨ ᠢ᠋ ᠲᠤᠩᠬᠠᠭᠯᠠᠵᠤ᠂ ᠤᠨᠠᠬᠤ ᠶ᠋ᠢᠨ ᠵᠢᠮ᠎ᠡ ᠶ᠋ᠢ ᠨᠢ ᠮᠡᠲᠡᠭᠡᠯᠡᠵᠤ ᠪᠠᠢᠲᠠᠭ᠃ ᠬᠠᠪᠤᠷ ᠪᠤᠯ ᠰᠡᠳᠬᠢᠯ ᠦᠶᠦᠭ ᠬᠦᠮᠦᠰ ᠤ᠋ᠨ ᠤᠶᠠᠨ ᠰᠢᠪᠡᠨᠡᠭᠡ ᠪᠢᠯᠨ᠃ ᠬᠠᠪᠤᠷ ᠪᠤᠯ ᠰᠡᠷᠪᠡᠭᠡᠷ ᠬᠦᠭᠡ ᠎ᠬᠠᠳᠠᠨ᠎ᠤ᠋ ᠰᠡᠷᠢᠬᠦᠨ ᠵᠢᠪᠡᠷ ᠪᠢᠯᠨ᠃  ᠰᠠᠯᠲᠠᠵᠤ ᠪᠤᠯᠲᠠᠬᠤ ᠪᠤᠳᠤᠯ ᠤ᠋ᠨ ᠡᠷᠪᠡᠭᠡᠷ ᠬᠦᠪᠦᠷᠭᠡᠢ ᠪᠢᠯᠨ᠃ ᠰᠡᠯᠡᠬᠦᠨ ᠠᠭᠤᠲᠠᠮ ᠤᠷᠴᠢᠯᠠᠩ ᠤ᠋ᠨ ᠰᠡᠮᠡᠷᠭᠡᠢ ᠵᠡᠬᠦᠳᠤᠨ ᠪᠢᠯᠨ᠃ ᠤᠷᠭᠤᠬᠤ ᠶ᠋ᠢᠨ ᠰᠠᠢᠬᠠᠨ ᠬᠦᠰᠡᠯ ᠢ᠋ ᠬᠠᠪᠤᠷ ᠦᠭᠲᠡᠭ᠃ ᠤᠨᠳᠤᠷᠬᠤ ᠶ᠋ᠢᠨ ᠰᠠᠢᠨ ᠴᠢᠮᠡᠭᠡ ᠶ᠋ᠢ ᠬᠦᠰᠡᠯ ᠦᠭᠲᠡᠭ᠃ ᠵᠢᠮᠢᠰᠯᠡᠬᠦ ᠶ᠋ᠢᠨ ᠲᠡᠷᠨ ᠦᠨᠡᠨ ᠢ᠋ ᠨᠠᠮᠤᠷ ᠵᠦᠭ ᠢᠯᠡᠭᠡᠭᠡᠳ᠂ ᠬᠠᠭᠲᠠᠷᠠᠬᠤ ᠶ᠋ᠢᠨ ᠬᠦᠢᠲᠡᠨ ᠠᠮᠢᠰᠬᠤᠭ᠎ᠠ ᠶ᠋ᠢ ᠡᠪᠤᠯ ᠤ᠋ᠨ ᠴᠢᠮᠡᠭᠡ ᠡᠴᠨ ᠰᠤᠨᠤᠷᠲᠠᠲᠠᠭ᠃ ᠰᠢᠨ᠎ᠡ ᠠᠮᠢ ᠶ᠋ᠢ ᠬᠠᠪᠤᠷ ᠡᠴᠨ ᠤᠬᠠᠵᠤ᠂ ᠰᠡᠳᠬᠢᠯ ᠤ᠋ᠨ ᠦᠨᠡᠨ ᠢ᠋ ᠬᠠᠪᠤᠷ ᠡᠴᠨ ᠲᠠᠨᠢᠲᠠᠭ᠃ ᠤᠶᠠᠨ ᠰᠢᠪᠡᠨᠡᠭᠡ ᠲᠠᠢ ᠬᠠᠪᠤᠷ ᠤ᠋ᠨ ᠡᠪᠤᠷ ᠲᠡᠭᠡᠷ᠎ᠡ ᠤᠷᠴᠢᠯᠠᠩ ᠤ᠋ᠨ ᠤᠨᠠᠵᠤ ᠤᠷᠭᠤᠬᠤ᠂ ᠬᠦᠯᠲᠡᠵᠤ ᠬᠡᠰᠬᠦ᠂ ᠬᠦᠮᠦᠨ ᠵᠠᠶᠠᠭᠠᠨ᠎ᠤ ᠠᠮᠢ ᠠᠮᠢᠰᠬᠤᠭ᠎ᠠ ᠶ᠋ᠢ ᠬᠠᠩᠰᠢ ᠬᠡᠮᠡᠬᠦ ᠭᠠᠭ᠍ᠴᠨ  ᠦᠭᠡᠨ ᠳ᠋ᠤᠷ ᠬᠠᠯᠠᠭᠤᠨ ᠦᠩᠭᠡ ᠬᠦᠢᠲᠡᠨ ᠪᠤᠳᠤᠭ ᠢ᠋ᠶ᠋ᠡᠷ ᠵᠢᠷᠤᠴᠢᠬᠠᠭᠰᠠᠨ ᠪᠠᠢᠲᠠᠭ᠃

ᠭᠠᠵᠠᠷ ᠤ᠋ᠨ ᠤᠶᠠᠨ ᠠᠮᠢᠰᠬᠤᠭ᠎ᠠ

ᠰᠢᠪᠠᠭᠤᠳ ᠤ᠋ᠨ ᠵᠢᠬᠦᠷ ᠰᠢᠩᠬᠤᠨ ᠨᠡᠷᠡᠨ᠎ᠤ ᠭᠡᠷᠡᠯ ᠢ᠋ ᠵᠦᠰᠤᠨ᠂ ᠴᠠᠭ ᠤ᠋ᠨ ᠵᠢᠮ᠎ᠡ ᠶ᠋ᠢ ᠠᠴᠢᠨ ᠨᠢᠰᠤᠨ᠎ᠠ᠃ ᠬᠠᠪᠤᠷ ᠭᠡᠮᠡᠬᠦ ᠰᠢᠪᠠᠭᠤᠨ ᠬᠠᠨ ᠬᠤᠷᠸ᠎ᠠ ᠶ᠋ᠢᠨ ᠴᠠᠭ ᠤ᠋ᠨ ᠡᠬᠢᠯᠡᠯ ᠲᠡᠭᠡᠷ᠎ᠡ ᠡᠴᠨ ᠨᠢᠰᠴᠤ᠂ ᠡᠬᠢᠯᠡᠯᠲᠡ ᠲᠡᠬᠦᠰᠭᠡᠯ ᠤ᠋ᠨ ᠵᠠᠢ ᠶ᠋ᠢ ᠴᠠᠭ ᠤ᠋ᠨ ᠬᠡᠮᠨᠡᠯ ᠢ᠋ᠶ᠋ᠡᠷ ᠬᠡᠮᠵᠢᠵᠤ᠂ ᠲᠨ ᠪᠢᠲᠠᠨ᠎ᠤ ᠬᠠᠯᠠᠭᠤᠨ ᠠᠮᠢᠰᠬᠤᠭ᠎ᠠ ᠶ᠋ᠢᠨ ᠲᠤᠮᠲᠠᠭᠤᠷ᠂ ᠤᠨ ᠵᠢᠯ ᠢ᠋ ᠲᠤᠭᠤᠴᠢᠨ ᠨᠢᠰᠦᠭᠰᠡᠭᠡᠷ ᠪᠠᠢᠬᠤ ᠪᠤᠯᠤᠨ᠎ᠠ᠃ ᠴᠠᠭ ᠤ᠋ᠨ ᠵᠢᠬᠦᠷ  ᠬᠦᠢᠲᠡᠨ ᠬᠠᠯᠠᠭᠤᠨ ᠳ᠋ᠤ᠌ ᠵᠡᠷᠭᠡ ᠲᠠᠪᠲᠠᠭᠲᠠᠨ᠂ ᠴᠠᠬᠢᠯᠤᠨ ᠤᠳᠬᠤ ᠦᠨᠡᠨ᠎ᠤ ᠲᠠᠩᠭᠠᠷᠢᠭ᠋ ᠢ᠋ ᠴᠠᠭ ᠤ᠋ᠨ ᠬᠦᠷᠳᠤᠨ᠎ᠡ ᠲᠠᠮᠠᠭᠠᠯᠠᠭᠰᠠᠭᠠᠷ ᠪᠠᠢᠬᠤ ᠪᠤᠯᠤᠨ᠎ᠠ᠃ ᠭᠠᠵᠠᠷ ᠤ᠋ᠨ ᠤᠶᠠᠨ ᠠᠮᠢᠰᠬᠤᠭ᠎ᠠ ᠶ᠋ᠢ ᠨᠠᠮᠤᠷ ᠤ᠋ᠨ ᠵᠢᠮᠢᠰ ᠪᠤᠯᠭᠠᠨ ᠮᠤᠨᠴᠤᠭᠯᠠᠭᠤᠯᠬᠤ ᠬᠡᠮᠡᠨ ᠬᠠᠪᠤᠷ ᠤ᠋ᠨ ᠵᠡᠬᠦᠳᠤ ᠲᠡᠯᠭᠡᠭᠲᠡᠨ ᠪᠤᠢ᠃ ᠨᠡᠷᠡᠨ ᠰᠡᠷᠡᠨ᠎ᠤ ᠡᠷᠬᠢᠯᠲᠡ᠂ ᠨᠠᠮᠤᠷ ᠡᠪᠤᠯ ᠤ᠋ᠨ ᠰᠤᠯᠢᠭ᠍ᠲᠠᠯ᠂ ᠬᠠᠪᠤᠷ ᠵᠤᠨ᠎ᠤ ᠵᠠᠯᠭᠠᠮᠵᠢ᠂ ᠰᠠᠯᠬᠢᠨ ᠪᠤᠷᠤᠭᠠᠨ᠎ᠤ ᠴᠢᠮᠡᠭᠡ᠂ ᠮᠦᠰᠤ ᠤᠰᠤᠨ᠎ᠤ ᠬᠤᠪᠢᠷᠠᠯ  ᠨᠢ ᠬᠠᠪᠤᠷ  ᠴᠠᠭ ᠤ᠋ᠨ ᠴᠠᠬᠢᠯᠤᠰ ᠴᠠᠭᠠᠨ ᠮᠦᠩᠬᠦᠨ ᠲᠤᠪᠴᠢ ᠪᠡᠷ ᠲᠤᠪᠴᠢᠯᠠᠭᠠᠰᠤᠲᠠᠢ ᠪᠢᠯᠨ᠃ ᠤᠷᠴᠢᠯᠠᠩ ᠢᠩᠬᠢᠵᠤ ᠯᠡ ᠡᠷᠬᠢᠨᠠᠮ᠂ ᠤᠨ ᠵᠢᠯ ᠤ᠋ᠨ ᠦᠩᠭᠡ ᠲᠡᠬᠡᠵᠤ ᠯᠡ ᠲᠤᠯᠠᠢᠨᠠᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号